ᠠᠷᠰᠯᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠰᠯᠠᠨ
ᠣᠷᠣᠰᠢᠨ ᠪᠠᠶᠢᠭᠰᠠᠨ ᠬᠤᠭᠤᠴᠠᠭ᠎ᠠ: ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠫᠯᠧᠢᠰᠲ᠋ᠣᠼᠧᠨᠡᠶᠢᠨ ᠦᠶᠡᠰ ᠣᠳᠣ ᠬᠦᠷᠲᠡᠯ᠎ᠡ
ᠠᠷᠰᠯᠠᠨ
ᠠᠷᠰᠯᠠᠨ
ᠡᠷᠡᠰᠯᠡᠨ
ᠡᠷᠡᠰᠯᠡᠨ
ᠬᠣᠪᠣᠷᠳᠠᠯᠲᠠ ᠶᠢᠨ ᠵᠡᠷᠭᠡᠯᠡᠯ
Status iucn3.1 VU.svg
ᠡᠮᠵᠡᠭ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠮᠢᠬ᠎ᠠ ᠢᠳᠡᠰᠢᠲᠡᠨ
ᠣᠪᠤᠭ: ᠮᠣᠣᠷ ᠤᠨ ᠠᠢᠮᠠᠭ (Felidae)
ᠲᠥᠷᠥᠯ: Panthera
ᠵᠦᠢᠯ: ᠠᠷᠰᠯᠠᠨ
ᠯᠠᠲ᠋ᠢᠨ ᠨᠡᠷ᠎ᠡ
P. leo
ᠺᠠᠷᠯ ᠯᠢᠨᠡᠨᠢ᠂ 1758
ᠠᠹᠷᠢᠺᠠ ᠳᠠᠬᠢ ᠠᠷᠰᠯᠠᠨᠠᠭ ᠤᠨ ᠲᠠᠷᠬᠠᠯᠲᠠ ᠶᠢᠨ ᠵᠢᠷᠤᠭ
ᠠᠹᠷᠢᠺᠠ ᠳᠠᠬᠢ ᠠᠷᠰᠯᠠᠨᠠᠭ ᠤᠨ ᠲᠠᠷᠬᠠᠯᠲᠠ ᠶᠢᠨ ᠵᠢᠷᠤᠭ
ᠡᠨᠡᠳᠬᠡᠭ ᠳ᠋ᠡᠬᠢ ᠠᠷᠰᠯᠠᠨᠠᠭ ᠤᠨ ᠲᠠᠷᠬᠠᠯᠲᠠ ᠶᠢᠨ ᠵᠢᠷᠤᠭ
ᠡᠨᠡᠳᠬᠡᠭ ᠳ᠋ᠡᠬᠢ ᠠᠷᠰᠯᠠᠨᠠᠭ ᠤᠨ ᠲᠠᠷᠬᠠᠯᠲᠠ ᠶᠢᠨ ᠵᠢᠷᠤᠭ

ᠠᠷᠰᠯᠠᠨ (Panthera leo) ᠨᠢ ᠮᠢ ᠶᠢᠨ ᠬᠢᠨ ᠣᠪᠤᠭ ᠤᠨ ᠲᠣᠮᠣ ᠪᠡᠶᠡᠲᠦ ᠮᠢᠬᠠᠴᠢᠨ ᠠᠮᠢᠲᠠᠨ ᠶᠤᠮ᠃ ᠣᠳᠣ ᠪᠠᠷ ᠵᠥᠪᠬᠡᠨ ᠠᠹᠷᠢᠺᠠ ᠪᠣᠯᠤᠨ ᠡᠨᠡᠳᠬᠡᠭ ᠦᠨ ᠨᠤᠲᠤᠭ ᠲᠤ ᠲᠠᠷᠬᠠᠬᠤ ᠪᠣᠯᠪᠠᠴᠤ᠂ ᠴᠠᠭ ᠲᠤ ᠪᠠᠨ ᠠᠹᠷᠢᠺᠠ᠂ ᠠᠽᠢᠶ᠎ᠠᠧᠦ᠋ᠷᠣᠫᠠᠡᠶᠢᠨ ᠤᠮᠠᠷᠠᠳᠤ ᠨᠤᠲᠤᠭ ᠭᠡᠰᠡᠨ ᠥᠷᠭᠡᠨ ᠠᠭᠤᠳᠠᠮ ᠨᠤᠲᠤᠭ ᠢᠶᠠᠷ ᠲᠠᠷᠬᠠᠨ ᠠᠮᠢᠳᠤᠷᠠᠳᠠᠭ ᠪᠠᠶᠢᠭᠰᠠᠨ᠃ ᠠᠷᠢᠶᠠᠲᠠᠨ ᠤ ᠬᠠᠭᠠᠨ ᠠᠷᠰᠯᠠᠨ ᠴᠤ ᠭᠡᠭᠳᠡᠳᠡᠭ᠃

ᠰᠦᠷᠦᠭᠯᠡᠵᠦ ᠠᠮᠢᠳᠤᠷᠠᠳᠠᠭ ᠠᠮᠢᠲᠠᠨ ᠪᠠ ᠨᠢᠭᠡ ᠰᠦᠷᠦᠭ ᠲᠦ ᠨᠢᠭᠡ ᠡᠴᠡ ᠬᠣᠶᠠᠷ ᠡᠷᠡᠭᠴᠢᠨ᠂ ᠭᠤᠷᠪᠠ ᠠᠴᠠ ᠵᠢᠷᠭᠤᠭᠠᠨ ᠡᠮᠡᠭᠴᠢᠨ᠂ ᠪᠠᠰᠠ ᠵᠤᠯᠵᠠᠭᠠᠨ ᠨᠤᠭᠤᠳ ᠪᠠᠶᠢᠨ᠎ᠠ᠃ ᠭᠡᠬᠦ ᠳᠦ ᠪᠡᠨ ᠰᠦᠷᠦᠭ ᠲᠡᠢ ᠪᠣᠯᠲᠠᠯ᠎ᠠ ᠪᠠᠨ ᠡᠷᠡᠭᠴᠢᠨ ᠨᠢ ᠭᠠᠭᠴᠠᠭᠠᠷ ᠢᠶᠠᠨ ᠠᠮᠢᠳᠤᠷᠠᠨ᠎ᠠ᠃ ᠡᠷᠢᠶᠡᠨ ᠲᠠᠬᠢᠨᠡᠭᠦᠠᠨᠠᠰᠢᠣᠳᠣᠰ ᠵᠡᠷᠭᠡ ᠶᠢ ᠪᠠᠷᠢᠵᠤ ᠢᠳᠡᠳᠡᠭ᠃ ᠬᠦᠨᠳᠦ ᠬᠠᠯᠠ ᠦᠭᠡᠢ ᠭᠡᠭᠳᠡᠳᠡᠭ ᠴᠤ᠂ ᠬᠦᠮᠦᠨ ᠦ ᠠᠮᠢᠨ ᠳᠤ ᠬᠦᠷᠴᠦ ᠪᠠᠶᠢᠭᠰᠠᠨ ᠤᠳᠠᠭ᠎ᠠ ᠲᠠᠢ᠃

ᠡᠷᠡᠭᠴᠢᠨ ᠨᠢ 2 ᠣᠶᠢᠲᠠᠢ ᠳᠤ ᠪᠠᠨ ᠬᠥᠵᠦᠭᠦᠦ ᠣᠷᠴᠢᠮ ᠳᠤ ᠨᠢ ᠦᠰᠦ ᠤᠷᠭᠤᠵᠤ ᠰᠦᠷᠦᠭ ᠡᠴᠡ ᠪᠡᠨ ᠬᠥᠭᠡᠭᠡᠭᠳᠡᠨ᠎ᠡ᠃ ᠲᠡᠭᠦᠨ ᠡᠴᠡ ᠬᠣᠶᠢᠰᠢ ᠥᠭᠡᠷ᠎ᠡ ᠰᠦᠷᠦᠭ ᠢ ᠥᠪᠡᠷ ᠦᠨ ᠪᠣᠯᠭᠠᠵᠤ ᠠᠪᠲᠠᠯ᠎ᠠ ᠪᠡᠶ᠎ᠡ ᠳᠠᠩ ᠥᠩᠭᠡᠷᠡᠭᠡᠬᠦ ᠬᠡᠷᠡᠭᠲᠡᠢ ᠪᠣᠯᠤᠨ᠎ᠠ᠃

ᠠᠮᠢᠲᠠᠨ ᠤ ᠬᠦᠷᠢᠶᠡᠯᠡᠩ ᠳᠤ ᠴᠤ ᠭᠡᠰᠡᠨ ᠥᠰᠴᠢ ᠲᠥᠯᠥᠵᠢᠬᠦ ᠤᠴᠢᠷ ᠤᠰᠠᠳᠴᠤ ᠦᠭᠡᠢ ᠪᠣᠯᠬᠤ ᠠᠶᠤᠯ ᠪᠠᠭ᠎ᠠ ᠴᠤ᠂ ᠲᠥᠷᠥᠯ ᠪᠣᠯᠤᠨ ᠲᠣᠭ᠎ᠠ ᠨᠢ ᠪᠠᠭᠠᠰᠠᠭᠰᠠᠭᠠᠷ ᠪᠠᠶᠢᠭ᠎ᠠ ᠪᠣᠯᠤᠨ᠎ᠠ᠃ ᠬᠣᠪᠣᠷᠳᠠᠵᠤ ᠪᠠᠶᠢᠭ᠎ᠠ ᠠᠮᠢᠲᠠᠳ ᠤᠨ IUCN ᠠᠩᠬᠢᠯᠠᠯ ᠳᠤ ᠣᠷᠣᠳᠠᠭ᠃ ᠮᠥᠨ ᠵᠠᠷᠢᠮ ᠤᠯᠤᠰ ᠤᠨ ᠠᠮᠢᠲᠠᠨ ᠤ ᠬᠦᠷᠢᠶᠡᠯᠡᠩ ᠳᠦ ᠪᠠᠷᠰᠲᠠᠢ ᠡᠪᠴᠡᠯᠳᠦᠭᠦᠯᠦᠨ ᠡᠷᠯᠢᠵᠡᠵᠢᠭᠦᠯᠦᠨ ᠪᠠᠷᠰᠯᠠᠨ ᠬᠡᠮᠡᠬᠦ ᠠᠮᠢᠲᠠᠨ ᠢ ᠭᠠᠷᠭᠠᠵᠤ ᠠᠪᠤᠭᠰᠠᠨ ᠪᠥᠭᠡᠳ ᠪᠡᠶ᠎ᠡ ᠶᠢᠨ ᠬᠡᠮᠵᠢᠶ᠎ᠡ ᠪᠡᠷ ᠡᠴᠢᠭᠡ ᠡᠬᠡ ᠡᠴᠡ ᠪᠡᠨ ᠬᠠᠪᠢ ᠦᠭᠡᠢ ᠲᠣᠮᠣ᠂ ᠪᠡᠶ᠎ᠡ ᠭᠦᠢᠴᠡᠭᠰᠡᠨ ᠱᠠᠷ ᠦᠬᠡᠷ ᠦᠨ ᠴᠢᠨᠡᠭᠡ ᠪᠣᠯᠳᠠᠭ ᠠᠵᠢ᠃ The illuminati knows what you did! We do not forgive, we do not forget. Expect us!

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠰᠯᠠᠨ ᠬᠠᠭᠤᠷᠠᠢ ᠭᠠᠵᠠᠷ ᠳᠡᠭᠡᠷᠡᠬᠢ ᠲᠣᠮᠣ ᠪᠡᠶ᠎ᠡ ᠲᠡᠢ ᠠᠶᠤᠯᠲᠠᠢ ᠠᠷᠢᠶᠠᠲᠠᠨ ᠨᠤᠭᠤᠳ ᠤᠨ ᠨᠢᠭᠡ᠃ ᠬᠤᠷᠳᠤ ᠬᠦᠴᠦ ᠭᠡᠳ ᠵᠢᠩᠬᠢᠨᠢ ᠠᠶᠤᠯ ᠲᠠᠢ ᠮᠠᠩᠭᠤᠰ ᠭᠡᠰᠡᠨ ᠦᠭᠡ᠂ ᠪᠠᠷᠰ ᠢ ᠬᠡᠳᠦᠢ ᠠᠷᠰᠯᠠᠨ ᠠᠴᠠ ᠲᠣᠮᠣ ᠪᠡᠶ᠎ᠡ ᠲᠡᠢ ᠭᠡᠳᠡᠭ ᠪᠣᠯᠪᠠᠴᠤ ᠡᠨᠡ ᠦᠵᠡᠭᠦᠯᠦᠯᠲᠡ ᠨᠢ ᠬᠡᠳᠦᠬᠡᠨ ᠲᠣᠭᠠᠨ ᠤ ᠠᠷᠰᠯᠠᠨ ᠪᠠᠷᠰ ᠤᠨ ᠬᠠᠷᠢᠴᠠᠭᠤᠯᠤᠯᠲᠠ ᠶᠤᠮ᠃ ᠳᠡᠶᠢᠯᠦᠩᠬᠢ ᠦᠵᠡᠭᠦᠯᠦᠯᠲᠡ ᠪᠡᠷ ᠪᠡᠶ᠎ᠡ ᠶᠢᠨ ᠬᠡᠮᠵᠢᠶ᠎ᠡ ᠪᠠᠷᠤᠭ ᠣᠶᠢᠷᠠᠯᠴᠠᠭ᠎ᠠ ᠪᠠᠶᠢᠳᠠᠭ ᠪᠠ ᠪᠡᠶ᠎ᠡ ᠶᠢᠨ ᠵᠢᠩ ᠨᠢ ᠬᠤᠷᠳᠤ ᠬᠦᠴᠦᠲᠡᠢ ᠰᠢᠭᠤᠳ ᠬᠠᠮᠢᠶᠠᠷᠤᠯ ᠲᠠᠢ ᠪᠠᠶᠢᠨ᠎ᠠ᠃ ᠥᠭᠡᠷ᠎ᠡ ᠪᠡᠷ ᠬᠡᠯᠡᠪᠡᠯ ᠢᠯᠡᠭᠦᠳᠡᠯ ᠵᠢᠩᠲᠡᠢ ᠪᠠᠶᠢᠨ᠎ᠠ ᠭᠡᠳᠡᠭ ᠪᠣᠯ ᠲᠡᠶᠢᠮᠦ ᠴᠤ ᠰᠠᠶᠢᠨ ᠵᠦᠢᠯ ᠪᠢᠰᠢ᠃ ᠬᠤᠷᠳᠤ ᠲᠠᠢ ᠬᠦᠴᠦᠲᠡᠢ ᠪᠢᠷ᠎ᠠ ᠲᠡᠩᠬᠡᠭᠡ ᠨᠢ ᠲᠡᠭᠰᠢᠷᠡᠭᠰᠡᠨ ᠡᠷᠡᠭᠴᠢᠨ ᠠᠷᠰᠯᠠᠨ 250-280 ᠺᠢᠯᠣᠭ᠍ᠷᠠᠮ ᠵᠢᠩᠲᠡᠢ ᠥᠨᠳᠥᠷ ᠨᠢ 120-140 ᠰᠠᠨᠲ᠋ᠢᠮᠧᠲ᠋ᠷ ᠤᠷᠲᠤ ᠨᠢ 3.2-3.5 ᠮ , 8-10 ᠰᠠᠨᠲ᠋ᠢᠮᠧᠲ᠋ᠷ ᠤᠷᠲᠤ ᠬᠢᠮᠤᠰᠤ ᠪᠣᠯᠤᠨ ᠰᠣᠶᠣᠭ᠎ᠠ ᠲᠠᠢ ᠪᠠᠶᠢᠨ᠎ᠠ ᠬᠠᠷᠢᠨ ᠪᠠᠷᠰ 250-300 ᠺᠢᠯᠣᠭ᠍ᠷᠠᠮ ᠵᠢᠩᠲᠡᠢ 100-120 ᠰᠠᠨᠲ᠋ᠢᠮᠧᠲ᠋ᠷ ᠥᠨᠳᠥᠷ 3.3-3.8 ᠮ ᠤᠷᠲᠤ 8-10 ᠰᠠᠨᠲ᠋ᠢᠮᠧᠲ᠋ᠷ ᠤᠷᠲᠤ ᠬᠢᠮᠤᠰᠤ ᠪᠣᠯᠤᠨ ᠰᠣᠶᠣᠭ᠎ᠠ ᠲᠠᠢ ᠪᠠᠶᠢᠳᠠᠭ᠃ ᠡᠭᠦᠨ ᠡᠴᠡ ᠦᠵᠡᠬᠦ ᠳᠦ ᠠᠷᠰᠯᠠᠨ ᠪᠠᠷᠠᠨ ᠠᠴᠠ ᠪᠣᠭᠣᠨᠢᠬᠠᠨ ᠪᠡᠶ᠎ᠡ ᠲᠡᠢ ᠬᠠᠷᠢᠨ ᠪᠠᠷᠠᠨ ᠠᠴᠠ ᠲᠡᠳᠦᠢ ᠴᠢᠨᠡᠭᠡᠨ ᠥᠨᠳᠥᠷ ᠪᠠᠶᠢᠨ᠎ᠠ᠃ ᠪᠠᠰᠠ ᠠᠷᠰᠯᠠᠨᠠᠭ ᠤᠨ ᠨᠢᠷᠤᠭᠤ ᠬᠣᠲᠣᠭᠣᠷ ᠬᠡᠯᠪᠡᠷᠢ ᠲᠡᠢ ᠬᠠᠷᠢᠨ ᠪᠠᠷᠠᠨ ᠤ ᠬᠢ ᠪᠥᠭᠲᠥᠷ ᠬᠡᠯᠪᠡᠷᠢ ᠲᠡᠢ ᠪᠠᠶᠢᠳᠠᠭ ᠪᠡᠶ᠎ᠡ ᠶᠢᠨ ᠠᠷᠤᠭ ᠶᠠᠰᠤ ᠮᠤᠤᠷ ᠤᠨ ᠲᠥᠷᠥᠯ ᠦᠨ ᠠᠮᠢᠲᠠᠳ ᠪᠦᠭᠦᠳᠡ ᠢᠵᠢᠯ ᠲᠥᠰᠲᠡᠢ ᠪᠠᠶᠢᠳᠠᠭ᠃ ᠬᠡᠳᠦᠢ ᠡᠳᠡᠭᠡᠷ ᠠᠮᠢᠲᠠᠳ ᠮᠠᠰᠢ ᠠᠶᠤᠯ ᠲᠠᠢ ᠴᠤ ᠡᠨᠡ ᠲᠥᠷᠥᠯ ᠵᠦᠢᠯ ᠨᠢ ᠤᠰᠠᠳᠴᠤ ᠦᠭᠡᠢ ᠪᠣᠯᠵᠤ ᠲᠣᠭ᠎ᠠ ᠲᠣᠯᠣᠭᠠᠢ ᠡᠳᠦᠷ ᠢᠷᠡᠬᠦ ᠲᠤᠰᠤᠮ ᠴᠥᠭᠡᠷᠡᠭᠰᠡᠭᠡᠷ ᠯᠠ ᠪᠠᠶᠢᠨ᠎ᠠ᠃ ᠡᠨᠡ ᠪᠣᠯ ᠬᠦᠮᠦᠨ ᠪᠢᠳᠡᠨ ᠦ ᠪᠠᠶᠢᠭᠠᠯ ᠡᠬᠡ ᠲᠡᠢ ᠪᠡᠨ ᠪᠤᠷᠤᠭᠤ ᠬᠠᠷᠢᠴᠠᠵᠤ ᠪᠠᠶᠢᠭ᠎ᠠ ᠲᠠᠢ ᠰᠢᠭᠤᠳ ᠬᠣᠯᠪᠣᠭ᠎ᠠ ᠲᠠᠢ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠠᠷᠰᠯᠠᠨ
http://wiki.uhaan.com/index.php?title=ᠠᠷᠰᠯᠠᠨ&oldid=425713》 ᠍  ᠡᠴᠡ ᠠᠪᠤᠭᠰᠠᠨ

ᠪᠢᠴᠢᠭᠡᠰᠦ