ᠠᠷᠰᠢᠨᠣᠢ II

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠰᠢᠨᠣᠢ II.

ᠠᠷᠰᠢᠨᠣᠢ II ᠨᠢ (ᠠᠩᠭᠯᠢ ᠬᠡᠯᠡ:Arsinoe II) (ᠮᠠᠨ ᠤ ᠡᠷᠡᠨ ᠦ ᠡᠮᠦᠨ᠎ᠡ 316 ᠲᠥᠷᠦᠵᠢ᠂ ᠮᠠᠨ ᠤ ᠡᠷᠡᠨ ᠦ ᠡᠮᠦᠨ᠎ᠡ 270 ᠣᠨ ᠤ 7 ᠰᠠᠷ᠎ᠠ ᠳᠤ ᠨᠠᠰᠤ ᠪᠠᠷᠠᠭᠰᠠᠨ᠃) ᠹᠷᠠᠺᠢ ᠍ ᠶᠢᠨ (ᠮᠠᠨ ᠤ ᠡᠷᠡᠨ ᠦ ᠡᠮᠦᠨ᠎ᠡ 300 – ᠮᠠᠨ ᠤ ᠡᠷᠡᠨ ᠦ ᠡᠮᠦᠨ᠎ᠡ 281 ᠣᠨ) ᠪᠣᠯᠤᠨ ᠶᠸᠵᠠᠫᠲᠡᠶᠢᠨ (ᠮᠠᠨ ᠤ ᠡᠷᠡᠨ ᠦ ᠡᠮᠦᠨ᠎ᠡ 277 – ᠮᠠᠨ ᠤ ᠡᠷᠡᠨ ᠦ ᠡᠮᠦᠨ᠎ᠡ 270 ᠣᠨ) ᠬᠠᠲᠤᠨ ᠬᠠᠭᠠᠨ ᠶᠤᠮ᠃ ᠫᠲ᠋ᠣᠯᠧᠮᠢ I ᠰᠣᠲ᠋ᠧᠷᠡᠶᠢᠨ ᠥᠬᠢᠨ ᠲᠡᠷᠡ ᠪᠡᠷ ᠹᠷᠠᠺ ᠤᠨ ᠬᠠᠭᠠᠨ ᠲᠠᠢ ᠭᠡᠷᠯᠡᠭᠰᠡᠨ (ᠮᠠᠨ ᠤ ᠡᠷᠡᠨ ᠦ ᠡᠮᠦᠨ᠎ᠡ 300 ᠣᠨ) ᠪᠥᠭᠡᠳ ᠬᠠᠭᠠᠨ ᠤ ᠬᠦᠦ ᠠᠭᠠᠹᠣᠺᠯᠣ ᠠᠴᠠ ᠤᠷᠢᠳᠠᠨ ᠥᠪᠡᠷ ᠦᠨ ᠬᠦᠦᠭᠢ ᠤᠭᠰᠠᠭ᠎ᠠ ᠵᠠᠯᠭᠠᠮᠵᠢᠯᠠᠭᠴᠢ ᠪᠠᠷ ᠵᠠᠷᠯᠠᠵᠠᠢ᠃ ᠠᠭᠠᠹᠣᠺᠯ ᠰᠧᠯᠧᠸᠬᠢᠳ ᠦᠨ ᠤᠯᠤᠰᠠ ᠠᠴᠠ ᠲᠤᠰᠠᠯᠠᠮᠵᠢ ᠠᠪᠴᠤ᠂ ᠳᠠᠶᠢᠨ ᠥᠳᠥᠭᠡᠵᠦ᠂ ᠠᠷᠰᠢᠨᠣᠶᠢᠭ ᠤᠨ ᠨᠥᠬᠥᠷ ᠢ ᠬᠥᠨᠥᠭᠡᠵᠡᠢ᠃ ᠠᠷᠰᠢᠨᠣᠶᠢᠭ ᠤᠨ ᠡᠴᠢᠭᠡ ᠨᠢᠭᠡᠲᠦ ᠠᠬ᠎ᠠ ᠨᠢ ᠹᠷᠠᠺᠢ᠂ ᠮᠠᠺᠧᠳᠠᠨ ᠳᠤ ᠬᠦᠴᠦ ᠶᠢ ᠣᠯᠤᠮᠠᠭᠴᠠ ᠪᠠᠨ ᠲᠡᠭᠦᠨ ᠲᠡᠢ ᠭᠡᠷᠯᠡᠨ᠂ ᠤᠳᠠᠯ ᠦᠭᠡᠢ ᠨᠢᠯᠬ᠎ᠠ ᠬᠣᠶᠠᠷ ᠬᠦᠦᠭᠢ ᠨᠢ ᠬᠥᠨᠥᠭᠡᠵᠡᠢ᠃ ᠠᠷᠰᠢᠨᠣᠢ ᠠᠯᠧᠺᠰᠠᠨᠳᠠᠷᠢᠭ᠎ᠠ ᠳᠤ ᠵᠢᠭᠤᠳᠠᠨ ᠢᠷᠡᠵᠦ᠂ ᠥᠪᠡᠷ ᠦᠨ ᠠᠬ᠎ᠠ ᠫᠲ᠋ᠣᠯᠧᠮᠢ II –ᠡᠶᠢᠨ ᠬᠠᠲᠤᠨ ᠢ ᠬᠥᠭᠡᠭᠡᠨ ᠵᠠᠶᠢᠯᠠᠭᠤᠯᠵᠤ᠂ ᠹᠠᠷᠠᠣᠨᠲᠠᠢ ᠠᠳᠠᠯᠢ ᠪᠠᠷ ᠲᠡᠭᠦᠨ ᠲᠡᠢ ᠭᠡᠷᠯᠡᠭᠰᠡᠨ ᠪᠠᠶᠢᠨ᠎ᠠ (ᠮᠠᠨ ᠤ ᠡᠷᠡᠨ ᠦ ᠡᠮᠦᠨ᠎ᠡ 277 ᠣᠨ). ᠲᠡᠳᠡᠨ ᠦ ᠡᠨᠡ ᠦᠢᠯᠡᠳᠦᠯ ᠢ 《ᠹᠢᠯᠠᠳᠧᠯᠹᠣᠢ》 ᠪᠤᠶᠤ 《ᠠᠬᠠᠨ ᠳᠡᠭᠦᠰ ᠦᠨ ᠬᠠᠶᠢᠷ᠎ᠠ》 ᠬᠡᠮᠡᠨ ᠬᠡᠯᠡᠳᠡᠭ ᠪᠣᠯᠵᠠᠢ᠃ ᠠᠷᠰᠢᠨᠣᠢ ᠫᠲ᠋ᠣᠯᠧᠮ ᠦᠨ ᠠᠯᠳᠠᠷ ᠬᠦᠨᠳᠦ ᠡᠴᠡ ᠬᠤᠪᠢᠶᠠᠯᠴᠠᠨ᠂ ᠶᠡᠬᠡᠬᠡᠨ ᠬᠦᠴᠦᠲᠡᠢ ᠪᠣᠯᠵᠤ᠂ ᠠᠮᠢᠳᠤ ᠰᠡᠷᠡᠭᠦᠨ ᠠᠬᠤᠢ ᠳᠤ ᠪᠠᠨ ᠪᠤᠷᠬᠠᠨ ᠰᠢᠭ ᠰᠢᠲᠤᠭᠳᠡᠬᠦ ᠪᠣᠯᠵᠠᠢ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ