ᠠᠷᠭᠸᠨ᠋ᠲ᠋ᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠠᠷᠭᠸᠨ᠋ᠲ᠋ᠢᠨ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: En unión y libertad (ᠡᠪ ᠨᠢᠭᠡᠳᠦᠯ ᠪᠠ ᠡᠷᠬᠡ ᠴᠢᠯᠦᠭᠡᠨ ᠳᠦ)
ᠲᠥᠷᠥ ᠵᠠᠰᠠᠭ ᠬᠣᠯᠪᠣᠭᠠᠨ ᠤ ᠪᠦᠭᠦᠳᠡ ᠨᠠᠶᠢᠷᠠᠮᠳᠠᠬᠤ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠤᠯᠤᠰ
 -  ᠶᠡᠷᠦᠩᠬᠡᠶᠢᠯᠡᠭᠴᠢ ᠺᠷᠢᠰᠲ᠋ᠢᠨᠠ ᠹᠧᠷᠨᠠᠨᠳᠧᠰ ᠳᠧ ᠺᠢᠷᠰᠨᠧᠷ
 -  ᠶᠡᠷᠦᠩᠬᠡᠢ ᠰᠠᠶᠢᠳ ᠬᠤᠯ ᠢᠶᠠᠨ ᠺᠣᠪᠣᠰ
 -  ᠭᠠᠳᠠᠷᠭᠤ ᠶᠢᠨ ᠤᠰᠤ (%) 1.1
ᠬᠦᠮᠦᠨ ᠠᠮᠠ
 -  ᠲᠣᠭᠠᠴᠠᠭ᠎ᠠ () 40,677,348 
 -  ᠲᠣᠭᠠᠯᠠᠯᠭ᠎ᠠ () 36,260,130 
ᠬᠡᠦᠬᠡᠳ ᠦᠨ ᠬᠥᠭᠵᠢᠯ ᠦᠨ ᠢᠨᠳᠧᠺᠰ  0.869 (38)
ᠮᠥᠩᠭᠥᠨ ᠦ ᠨᠢᠭᠡᠴᠡ ᠫᠧᠰᠣ )
ᠴᠠᠭ ᠤᠨ ᠪᠥᠰᠡ -3
ᠤᠲᠠᠰᠤᠨ ᠤ ᠲᠣᠮᠢᠶ᠎ᠠ 54

ᠠᠷᠭᠸᠨ᠋ᠲ᠋ᠢᠨ, ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠠᠷᠭᠸᠨ᠋ᠲ᠋ᠢᠨ ᠤᠯᠤᠰ (ᠢᠰᠫᠠᠨᠢ ᠪᠠᠷ República Argentina) ᠨᠢ ᠡᠮᠦᠨᠡᠲᠦ ᠠᠮᠧᠷᠢᠺᠠ ᠳᠤ ᠤᠷᠤᠰᠢᠬᠤ᠂ ᠬᠣᠷᠢᠨ ᠭᠤᠷᠪᠠᠨ ᠮᠤᠵᠢ ᠪᠣᠯᠤᠨ ᠨᠢᠭᠡ ᠠᠦ᠋ᠲ᠋ᠣᠨᠣᠮᠢ ᠬᠣᠲᠠ ᠠᠴᠠ ᠪᠥᠷᠢᠳᠬᠦ ᠬᠣᠯᠪᠣᠭᠠᠨ ᠤ ᠤᠯᠤᠰ ᠶᠤᠮ᠃ ᠭᠠᠵᠠᠷ ᠨᠤᠲᠤᠭ ᠢᠶᠠᠷ ᠢᠶᠠᠨ ᠡᠮᠦᠨᠡᠲᠦ ᠠᠮᠧᠷᠢᠺᠠ ᠳᠤ ᠪᠷᠠᠽᠢᠯ ᠦᠨ ᠳᠠᠷᠠᠭ᠎ᠠ ᠬᠣᠶᠠᠷ ᠲᠤ᠂ ᠳᠡᠯᠡᠬᠡᠢ ᠳᠦ ᠨᠠᠶᠢᠮᠠ ᠳᠤ ᠵᠢᠭ᠌ᠰᠠᠨ᠌ ᠠ᠃ ᠪᠠᠷᠠᠭᠤᠨ ᠲᠠᠯ᠎ᠠ ᠪᠠᠷ ᠢᠶᠠᠨ ᠠᠨᠳᠠ ᠶᠢᠨ ᠨᠢᠷᠤᠭᠤ᠂ ᠵᠡᠭᠦᠨ ᠪᠠ ᠡᠮᠦᠨᠡᠲᠦ ᠲᠠᠯ᠎ᠠ ᠪᠠᠷ ᠢᠶᠠᠨ ᠡᠮᠦᠨᠡᠲᠦ ᠠᠲ᠋ᠯᠠᠨᠲ ᠤᠨ ᠳᠠᠯᠠᠢᠭᠠ ᠪᠠᠷ ᠬᠦᠷᠢᠶᠡᠯᠡᠭᠳᠡᠳᠡᠭ᠃ ᠬᠣᠶᠢᠳᠤ ᠲᠠᠯ᠎ᠠ ᠪᠠᠷ ᠢᠶᠠᠨ ᠫᠠᠷᠠᠭᠪᠠᠢᠪᠣᠯᠢᠪᠢ᠂ ᠵᠡᠭᠦᠨ ᠬᠣᠶᠢᠳᠤ ᠲᠠᠯ᠎ᠠ ᠪᠠᠷ ᠢᠶᠠᠨ ᠪᠷᠠᠽᠢᠯᠦᠷᠤᠭᠤᠸᠠᠢ᠂ ᠡᠮᠦᠨᠡᠲᠦ ᠪᠠ ᠪᠠᠷᠠᠭᠤᠨ ᠲᠠᠯ᠎ᠠ ᠪᠠᠷ ᠢᠶᠠᠨ ᠴᠢᠯᠢ ᠤᠯᠤᠰ ᠤᠳ ᠲᠠᠢ ᠬᠢᠯᠢᠯᠡᠨ᠎ᠡ᠃ ᠠᠷᠭᠸᠨ᠋ᠲ᠋ᠢᠨ ᠨᠢ ᠪᠷᠢᠲ᠋ᠠᠨ(ᠠᠩᠭᠯᠢ) ᠍ ᠶᠢᠨ ᠤᠳᠤᠷᠢᠳᠤᠯᠭ᠎ᠠ ᠳᠣᠣᠷ᠎ᠠ ᠪᠠᠶᠢᠳᠠᠭ ᠹᠣᠯᠺᠯᠡᠨᠳᠢ ᠶᠢᠨ ᠠᠷᠠᠯ ᠤᠳᠡᠮᠦᠨᠡᠲᠦ ᠵᠣᠷᠵᠢᠶᠠᠡᠮᠦᠨᠡᠲᠦ ᠰᠧᠨᠳ᠋ᠸᠢᠴᠡᠶᠢᠨ ᠠᠷᠠᠯ ᠤᠳ ᠢ ᠥᠪᠡᠷ ᠦᠨ ᠨᠤᠲᠤᠭ ᠬᠡᠮᠡᠳᠡᠭ᠃ ᠮᠥᠨ ᠠᠷᠭᠧᠨᠲ᠋ᠢᠨ᠎ᠠ ᠶᠢᠨ ᠠᠨᠲ᠋ᠠᠷᠺᠲ᠋ᠢᠳ᠋ ᠬᠡᠮᠡᠬᠦ ᠠᠨᠲ᠋ᠠᠷᠺᠲ᠋ᠢᠳ᠋ᠡᠶᠢᠨ 969,464 ᠺᠦᠸᠠᠳ᠋ ᠺᠢᠯᠣᠮᠧᠲ᠋ᠷ ᠭᠠᠵᠠᠷ ᠢ ᠥᠪᠡᠷ ᠦᠨ ᠨᠤᠲᠤᠭ ᠬᠡᠮᠡᠳᠡᠭ ᠪᠥᠭᠡᠳ ᠡᠨᠡ ᠨᠢ ᠴᠢᠯᠢᠨᠢᠭᠡᠳᠦᠭᠰᠡᠨ ᠸᠠᠩᠲᠤ ᠤᠯᠤᠰ ᠍ ᠤᠨ (ᠪᠷᠢᠲ᠋ᠠᠨ(ᠠᠩᠭᠯᠢ) ᠤᠨ ᠠᠨᠲ᠋ᠠᠷᠺᠲ᠋ᠢᠳ᠋ ᠳᠠᠬᠢ ᠨᠤᠲᠤᠭ ᠳᠡᠪᠢᠰᠬᠡᠷ) ᠨᠡᠬᠡᠮᠵᠢᠯᠡᠯ ᠦᠳ ᠲᠡᠢ ᠳᠠᠪᠬᠤᠴᠠᠵᠤ ᠪᠠᠶᠢᠨ᠎ᠠ᠃

ᠠᠷᠭᠸᠨ᠋ᠲ᠋ᠢᠨ ᠤᠯᠤᠰ ᠨᠢ ᠯᠠᠲ᠋ᠢᠨ ᠠᠮᠧᠷᠢᠺᠠᠡᠶᠢᠨ ᠣᠷᠣᠨ ᠨᠤᠭᠤᠳ ᠳᠣᠲᠣᠷ᠎ᠠ ᠪᠠᠨ ᠬᠦᠮᠦᠨ ᠦ ᠬᠥᠭᠵᠢᠯ ᠦᠨ ᠢᠨᠳᠧᠺᠰ ᠲᠤ ᠨᠢᠭᠡ ᠳᠦ᠂ ᠬᠤᠳᠠᠯᠳᠤᠨ ᠠᠪᠬᠤ ᠴᠢᠳᠠᠪᠤᠷᠢ ᠶᠢᠨ ᠫᠠᠷᠢᠲ᠋ᠧᠲ ᠢᠶᠠᠷ ᠲᠣᠭᠠᠴᠠᠭᠰᠠᠨ ᠨᠢᠭᠡ ᠬᠦᠮᠦᠨ ᠳᠦ ᠣᠨᠣᠭᠳᠠᠬᠣ ᠦᠨᠳᠦᠰᠦᠨ ᠦ ᠨᠡᠶᠢᠲᠡ ᠪᠦᠲᠦᠭᠡᠭᠳᠡᠬᠦᠨ ᠍ ᠦ ᠬᠡᠮᠵᠢᠶ᠎ᠡ ᠪᠡᠷ ᠬᠣᠶᠠᠷ ᠲᠤ ᠣᠷᠣᠨ᠎ᠠ᠃ ᠨᠡᠶᠢᠲᠡ ᠦᠨᠳᠦᠰᠦᠨ ᠦ ᠨᠡᠶᠢᠲᠡ ᠪᠦᠲᠦᠭᠡᠭᠳᠡᠬᠦᠨ ᠨᠢ ᠳᠡᠯᠡᠬᠡᠢ ᠳᠦ 23 ᠍ ᠳᠦ (ᠨᠣᠮᠨᠠᠯ ᠦᠨᠳᠦᠰᠦᠨ ᠦ ᠨᠡᠶᠢᠲᠡ ᠪᠦᠲᠦᠭᠡᠭᠳᠡᠬᠦᠨ ᠳᠦᠭᠡᠷ 31 ᠍ ᠳᠦ) ᠵᠢᠭ᠌ᠰᠠᠳᠠᠭ᠃ ᠳᠡᠯᠡᠬᠡᠢ ᠶᠢᠨ ᠪᠠᠩᠬᠢ ᠨᠢ ᠠᠷᠭᠸᠨ᠋ᠲ᠋ᠢᠨ ᠤᠯᠤᠰ ᠢ ᠳᠡᠭᠡᠳᠦ ᠳᠤᠮᠳᠠ ᠣᠷᠣᠯᠭ᠎ᠠ ᠲᠠᠢ ᠣᠷᠣᠨ ᠪᠤᠶᠤ ᠬᠣᠶᠠᠳᠠᠭᠴᠢ ᠬᠥᠭᠵᠢᠵᠦ ᠪᠤᠢ ᠵᠠᠬ᠎ᠠ ᠵᠡᠭᠡᠯᠢ ᠬᠡᠮᠡᠨ ᠲᠣᠳᠣᠷᠬᠠᠶᠢᠯᠠᠳᠠᠭ ᠪᠠᠶᠢᠨ᠎ᠠ᠃

ᠭᠠᠵᠠᠷ ᠵᠦᠢ᠂ ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠯᠲᠠ

ᠠᠷᠭᠸᠨ᠋ᠲ᠋ᠢᠨ ᠤᠯᠤᠰ ᠤᠨ ᠨᠤᠲᠤᠭ ᠳᠡᠪᠢᠰᠬᠡᠷ ᠨᠢ 2,766,890 ᠬᠠᠪᠲᠠᠭᠠᠢ ᠳᠥᠷᠪᠡᠯᠵᠢᠨ km ᠲᠠᠯᠠᠪᠠᠢ ᠡᠵᠡᠯᠡᠬᠦ ᠪᠥᠭᠡᠳ ᠳᠡᠯᠡᠬᠡᠢ ᠳᠦ 8 ᠍ ᠳᠦ ᠣᠷᠣᠨ᠎ᠠ᠃ ᠡᠮᠦᠨ᠎ᠡ ᠡᠴᠡ ᠬᠣᠶᠢᠳᠤ ᠴᠡᠭ ᠬᠦᠷᠲᠡᠯ᠎ᠡ 3900 ᠺᠢᠯᠣᠮᠧᠲ᠋ᠷ᠂ ᠪᠠᠷᠠᠭᠤᠨ ᠠᠴᠠ ᠵᠡᠭᠦᠨ ᠬᠦᠷᠲᠡᠯᠡᠬᠢ ᠥᠷᠭᠡᠨ ᠨᠢ 1400 ᠺᠢᠯᠣᠮᠧᠲ᠋ᠷ ᠪᠠᠶᠢᠳᠠᠭ᠃ ᠳᠠᠯᠠᠢ ᠲᠠᠢ ᠬᠢᠯᠢᠯᠡᠬᠦ ᠡᠷᠭᠢ ᠶᠢᠨ ᠤᠷᠲᠤ 4665 ᠺᠢᠯᠣᠮᠧᠲ᠋ᠷ ᠶᠤᠮ᠃ ᠬᠠᠮᠤᠭ ᠤᠨ ᠥᠨᠳᠥᠷ ᠴᠡᠭ ᠨᠢ ᠮᠧᠨᠳᠣᠵᠠ ᠮᠤᠵᠢᠢᠳᠡ ᠤᠷᠤᠰᠢᠬᠤ ᠠᠺᠣᠨᠺᠠᠭᠤᠸᠠ ᠠᠭᠤᠯᠠ 6962 m ᠪᠥᠭᠡᠳ ᠡᠨᠡ ᠨᠢ ᠮᠥᠨ ᠳᠡᠯᠡᠬᠡᠢ ᠶᠢᠨ ᠪᠥᠮᠪᠥᠷᠴᠡᠭ ᠦᠨ ᠡᠮᠦᠨᠡᠲᠦ ᠪᠠ ᠪᠠᠷᠠᠭᠤᠨ ᠲᠠᠯ᠎ᠠ ᠬᠠᠭᠠᠰ ᠤᠨ ᠬᠠᠮᠤᠭ ᠤᠨ ᠥᠨᠳᠥᠷ ᠴᠡᠭ ᠲᠦ ᠲᠣᠭᠠᠴᠠᠭᠳᠠᠨ᠎ᠠ᠃ ᠬᠠᠮᠤᠭ ᠤᠨ ᠨᠠᠮ ᠳᠣᠣᠷ᠎ᠠ ᠴᠡᠭ ᠨᠢ ᠳᠠᠯᠠᠢ ᠶᠢᠨ ᠲᠥᠪᠰᠢᠨ ᠡᠴᠡ ᠳᠣᠭᠣᠭᠰᠢ -105 m ᠶᠠᠭᠤᠮ᠎ᠠ᠃ ᠲᠣᠮᠣᠬᠠᠨ ᠭᠣᠣᠯ ᠮᠥᠷᠡᠨ ᠨᠢ ᠫᠠᠷᠤᠨ᠎ᠠ (3998 ᠺᠢᠯᠣᠮᠧᠲ᠋ᠷ), ᠫᠢᠯᠺᠣᠮᠠᠶᠣ᠂ ᠫᠠᠷᠠᠭᠪᠠᠢ (2549 ᠺᠢᠯᠣᠮᠧᠲ᠋ᠷ), ᠪᠧᠷᠮᠧᠵᠣ᠂ ᠺᠣᠯᠣᠷᠣᠳᠠ᠂ ᠰᠠᠯᠳᠠ (1500 ᠺᠢᠯᠣᠮᠧᠲ᠋ᠷ), ᠦᠷᠤᠭᠤᠸᠠᠢ (1500 ᠺᠢᠯᠣᠮᠧᠲ᠋ᠷ) ᠭᠡᠬᠦ ᠮᠡᠲᠦ ᠪᠣᠯᠤᠨ᠎ᠠ᠃ ᠮᠥᠨ ᠬᠡᠳᠦ ᠬᠡᠳᠦᠨ ᠲᠣᠮᠣ ᠨᠠᠭᠤᠷ ᠪᠤᠢ᠃ ᠡᠳᠡᠭᠡᠷ ᠨᠢ ᠠᠷᠭᠧᠨᠲ᠋ᠢᠨ᠎ᠠ (1466 ᠺᠦᠸᠠᠳ᠋ ᠺᠢᠯᠣᠮᠧᠲ᠋ᠷ), ᠸᠢᠢᠳᠮ᠎ᠠ᠂ ᠨᠬᠤᠡᠯ ᠬᠤᠸᠠᠫᠢ ᠵᠡᠷᠭᠡ᠃

ᠭᠠᠵᠠᠷ ᠤᠨ ᠪᠦᠰ ᠡᠴᠡ ᠪᠡᠨ ᠰᠢᠯᠲᠠᠭᠠᠯᠠᠨ ᠬᠠᠯᠠᠭᠤᠨ ᠣᠷᠣᠨ ᠤ᠂ ᠴᠢᠭᠢᠭᠯᠡᠭ᠂ ᠬᠠᠭᠤᠷᠠᠢ᠂ ᠰᠡᠷᠢᠭᠦᠨ ᠭᠡᠰᠡᠨ ᠶᠡᠷᠦᠩᠬᠡᠢ 4 ᠪᠥᠰᠡ ᠳᠦ ᠬᠤᠪᠢᠶᠠᠭᠳᠠᠨ᠎ᠠ᠃ ᠨᠤᠲᠤᠭ ᠤᠨ ᠬᠣᠶᠢᠳᠤ ᠬᠡᠰᠡᠭ ᠨᠢ ᠵᠤᠨ ᠳᠤ ᠪᠠᠨ ᠨᠡᠯᠢᠶᠡᠳ ᠪᠦᠭᠴᠢᠮ ᠬᠠᠯᠠᠭᠤᠨ᠂ ᠡᠪᠦᠯ ᠨᠢ ᠲᠣᠭᠲᠠᠭᠤᠨ ᠬᠠᠭᠤᠷᠠᠢ ᠪᠣᠯ ᠲᠥᠪ ᠦᠨ ᠨᠤᠲᠤᠭ ᠢᠶᠠᠷ ᠠᠭᠠᠳᠠᠷ ᠪᠣᠷᠣᠭ᠎ᠠ ᠱᠠᠭᠢᠭᠰᠠᠨ ᠬᠠᠯᠠᠭᠤᠨ ᠵᠤᠨ᠂ ᠰᠡᠷᠢᠭᠦᠨ ᠡᠪᠦᠯ ᠪᠣᠯᠤᠨ᠎ᠠ᠃ ᠡᠮᠦᠨᠡᠲᠦ ᠬᠡᠰᠡᠭ ᠢᠶᠡᠷ ᠵᠤᠨ ᠨᠢ ᠳᠤᠯᠠᠭᠠᠬᠠᠨ ᠴᠤ , ᠠᠭᠤᠯᠠᠷᠬᠠᠭ ᠬᠡᠰᠡᠭ ᠢᠶᠡᠷ ᠶᠡᠬᠡ ᠬᠡᠮᠵᠢᠶᠡᠨ ᠦ ᠴᠠᠰᠤ ᠲᠠᠢ ᠬᠦᠢᠲᠡᠨ ᠡᠪᠦᠯ ᠪᠣᠯᠳᠠᠭ ᠪᠠᠶᠢᠨ᠎ᠠ᠃ ᠠᠷᠭᠸᠨ᠋ᠲ᠋ᠢᠨ ᠤᠯᠤᠰ ᠲᠤ 1920 ᠣᠨ ᠤ 1 ᠰᠠᠷ᠎ᠠ ᠳᠤ ᠬᠠᠮᠤᠭ ᠤᠨ ᠬᠠᠯᠠᠭᠤᠨ 49.1℃ ᠪᠦᠷᠢᠳᠬᠡᠭᠳᠡᠵᠦ ᠪᠠᠶᠢᠭᠰᠠᠨ ᠪᠠ 1972 ᠣᠨ ᠳᠤ ᠬᠠᠮᠤᠭ ᠤᠨ ᠬᠦᠢᠲᠡᠨ -39℃ ᠪᠣᠯᠵᠤ ᠪᠠᠶᠢᠪᠠ᠃

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠭᠸᠨ᠋ᠲ᠋ᠢᠨ ᠤ ᠬᠦᠮᠦᠨ ᠠᠮᠠ ᠶᠢᠨ 85% ᠨᠢ ᠧᠦ᠋ᠷᠣᠫᠠ ᠭᠠᠷᠤᠯ ᠲᠠᠢ᠂ 15% ᠨᠢ ᠢᠨᠳᠢᠶᠠᠨ ᠪᠤᠶᠤ ᠠᠮᠧᠷᠢᠺᠠ ᠲᠢᠪ ᠦᠨ ᠠᠭᠤᠭᠤᠯ ᠣᠷᠣᠰᠢᠨ ᠰᠠᠭᠤᠭᠴᠢᠳ ᠠᠴᠠ ᠭᠠᠷᠤᠯᠲᠠᠢ ᠠᠵᠢ᠃ ᠧᠦ᠋ᠷᠣᠫᠠ ᠭᠠᠷᠤᠯ ᠲᠠᠢ ᠠᠷᠭᠸᠨ᠋ᠲ᠋ᠢᠨ ᠬᠦᠮᠦᠨ ᠦ ᠡᠵᠡᠯᠡᠬᠦ ᠬᠤᠪᠢ 89.7%-97% ᠭᠡᠭᠳᠡᠨ ᠵᠠᠷᠢᠮ ᠪᠢᠴᠢᠭ ᠪᠠᠷᠢᠮᠲᠠ ᠳᠤ ᠵᠥᠷᠢᠭᠦᠲᠡᠢ ᠪᠠᠶᠢᠳᠠᠭ ᠪᠠᠶᠢᠨ᠎ᠠ᠃ ᠮᠥᠨ ᠣᠶᠢᠷ᠎ᠠ ᠶᠢᠨ ᠵᠢᠯ ᠦᠳ ᠦᠨ ᠰᠤᠳᠤᠯᠭ᠎ᠠ ᠪᠠᠷ᠂ ᠦᠨᠡᠨ ᠳᠦ ᠪᠡᠨ ᠠᠷᠭᠸᠨ᠋ᠲ᠋ᠢᠨ ᠤ ᠬᠦᠮᠦᠨ ᠠᠷᠠᠳ ᠤᠨ 56% ᠨᠢ ᠠᠭᠤᠭᠤᠯ ᠣᠷᠣᠰᠢᠨ ᠰᠠᠭᠤᠭᠴᠢᠳ ᠤᠨ ᠴᠢᠰᠤ ᠲᠠᠢ ᠪᠣᠯᠬᠤ ᠨᠢ ᠲᠣᠭᠲᠠᠭᠠᠭᠳᠠᠭᠠᠳ ᠪᠠᠶᠢᠭ᠎ᠠ᠃ ᠥᠭᠡᠷ᠎ᠡ ᠪᠡᠷ ᠬᠡᠯᠡᠪᠡᠯ ᠥᠪᠡᠷᠰᠡᠳ ᠢ ᠪᠡᠨ ᠴᠠᠭᠠᠨ ᠠᠷᠠᠰᠤᠲᠠᠨ ᠭᠡᠵᠦ ᠪᠣᠳᠣᠵᠤ ᠪᠠᠶᠢᠭᠰᠠᠨ ᠠᠷᠭᠧᠨᠲ᠋ᠢᠨᠴᠢ ᠨᠤᠭᠤᠳ ᠤᠨ ᠲᠠᠯ᠎ᠠ ᠠᠴᠠ ᠢᠯᠡᠭᠦᠦ ᠳᠦ ᠨᠢ ᠢᠨᠳᠢᠶᠠᠨ ᠭᠠᠷᠤᠯ ᠤᠨ ᠴᠢᠰᠤ ᠭᠦᠶᠦᠵᠦ ᠪᠠᠶᠢᠨ᠎ᠠ ᠭᠡᠰᠡᠨ ᠦᠭᠡ ᠶᠤᠮ᠃ ᠧᠦ᠋ᠷᠣᠫᠠ ᠭᠠᠷᠤᠯ ᠲᠠᠢ ᠠᠷᠭᠸᠨ᠋ᠲ᠋ᠢᠨ ᠬᠦᠮᠦᠰ ᠦᠨ ᠳᠣᠲᠣᠷ᠎ᠠ ᠢᠲᠠᠯᠢ᠂ ᠢᠰᠫᠠᠨᠢ ᠠᠴᠠ ᠭᠠᠷᠤᠯ ᠲᠠᠢ ᠢᠷᠭᠡᠳ ᠣᠯᠠᠨ ᠪᠠᠶᠢᠳᠠᠭ᠃


ᠪᠢᠴᠢᠭᠡᠰᠦ