ᠠᠷᠭᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠭᠤᠨ (Ar)
ᠠᠲ᠋ᠣᠮ ᠤᠨ ᠳ᠋ᠤᠭᠠᠷ 18
ᠠᠲ᠋ᠣᠮ ᠮᠠᠰ {{{ᠠᠲ᠋ᠣᠮ ᠮᠠᠰ}}} /ᠮᠣᠯᠢ
ᠥᠩᠭᠡ ᠥᠩᠭᠡ ᠦᠭᠡᠢ
ᠡᠯᠧᠺᠲ᠋ᠷᠣᠨ ᠪᠠᠶᠢᠭᠤᠯᠤᠯᠲᠠ {{{ᠡᠯᠧᠺᠲ᠋ᠷᠣᠨ ᠪᠠᠶᠢᠭᠤᠯᠤᠯᠲᠠ}}}
ᠪᠦᠷᠬᠦᠭᠦᠯ ᠳ᠋ᠡᠬᠢ
ᠡᠯᠧᠺᠲ᠋ᠷᠣᠨ ᠤ ᠲᠣᠭ᠎ᠠ
2, 8, 8
ᠹᠢᠽᠢᠺ ᠰᠢᠨᠵᠢ ᠴᠢᠨᠠᠷ
ᠪᠣᠳᠠᠰ ᠤᠨ ᠲᠥᠯᠥᠪ ᠬᠡᠢ
ᠨᠢᠭᠲᠠᠴᠠ (0 °C, 101.325 ᠺᠫa) 1.784 /ᠰᠮ³
ᠬᠠᠶᠢᠯᠠᠬᠤ ᠲᠣᠯᠠᠭᠠᠨ ᠤ ᠬᠡᠮᠵᠢᠶ᠎ᠡ (−189.35) 83.80 K
ᠪᠤᠴᠠᠯᠬᠤ ᠲᠣᠯᠠᠭᠠᠨ ᠤ ᠬᠡᠮᠵᠢᠶ᠎ᠡ (−185.85 °C) 87.30 K
ᠬᠠᠶᠢᠯᠤᠯᠲᠠ ᠶᠢᠨ ᠬᠤᠪᠢ ᠤᠨ ᠳᠤᠯᠠᠭᠠᠨ 1.18 ᠺᠵ/ᠮᠣᠯᠢ
ᠠᠭᠤᠷᠰᠢᠯᠲᠠ ᠶᠢᠨ ᠬᠤᠪᠢ ᠤᠨ ᠳᠤᠯᠠᠭᠠᠨ 6.43 ᠺᠵ/ᠮᠣᠯᠢ
ᠳᠤᠯᠠᠭᠠᠨ ᠪᠠᠭᠲᠠᠭᠠᠮᠵᠢ (25 °C) 20.786 ᠺᠵ/(ᠮᠣᠯᠢ·K)
ᠠᠲ᠋ᠣᠮ ᠤᠨ ᠰᠢᠨᠵᠢ ᠴᠢᠨᠠᠷ
ᠣᠷᠣᠨ ᠳᠤ ᠲᠣᠷᠤᠨ ᠤ ᠪᠦᠲᠦᠴᠡ
(ᠰᠢᠩ ᠢᠶᠣᠨᠢ)
ᠲᠠᠯ᠎ᠠ ᠳᠤ ᠪᠠᠨ ᠲᠥᠪ ᠲᠡᠢ ᠺᠦᠪ
ᠢᠰᠦᠯᠳᠦᠯᠲᠡ ᠶᠢᠨ ᠵᠡᠷᠭᠡ 0
ᠢᠣᠨᠵᠢᠬᠤ ᠡᠨᠧᠷᠭᠢ
(ᠡᠬᠢᠨ ᠦ ᠡᠯᠧᠺᠲ᠋ᠷᠣᠨ ᠢᠶᠠᠷ)
{{{ᠢᠣᠨᠵᠢᠬᠤ ᠡᠨᠧᠷᠭᠢ}}} ᠺᠵ/ᠮᠣᠯᠢ
ᠠᠲ᠋ᠣᠮ ᠤᠨ ᠷᠠᠳᠢᠦ᠋ᠰ 71 ᠫᠮ
ᠺᠣᠸᠠᠯᠧᠨᠲ ᠤᠨ ᠷᠠᠳᠢᠦ᠋ᠰ 97 ᠫᠮ

ᠠᠷᠭᠤᠨ (ᠬᠢᠲᠠᠳ ᠶᠢᠡᠷ᠂ 氩᠂ ᠠᠩᠭᠯᠢ ᠪᠠᠷ Argon) ᠨᠢ ᠬᠢᠮᠢ ᠶᠢᠨ ᠡᠯᠧᠮᠧᠨᠲᠠᠲ᠋ᠣᠮ ᠤᠨ ᠳ᠋ᠤᠭᠠᠷ ᠨᠢ 18 ᠂ ᠬᠢᠮᠢ ᠶᠢᠨ ᠲᠡᠮᠳᠡᠭᠯᠡᠭᠡ ᠨᠢ Ar᠂ ᠬᠣᠪᠤᠷ ᠬᠡᠢ ᠪᠡᠶᠡᠲᠦ ᠳ᠋ᠤ ᠬᠠᠷᠢᠶᠠᠯᠠᠭᠳᠠᠨ᠎ᠠ ᠃ ᠠᠷᠭᠤᠨ ᠨᠢ ᠦᠶᠡᠯᠡᠬᠦ ᠰᠢᠰᠲ᠋ᠧᠮ ᠶᠢᠨ 18 ᠳ᠋ᠤᠭᠠᠷ ᠪᠦᠯᠦᠭ ᠪᠤᠶᠤ ᠬᠣᠪᠤᠷ ᠬᠡᠢ ᠪᠡᠶᠡᠲᠦ ᠶᠢᠨ ᠪᠦᠯᠦᠭ ᠦᠨ ᠭᠤᠷᠪᠠᠳᠠᠬᠢ ᠡᠯᠧᠮᠧᠨᠲ ᠪᠥᠭᠡᠳ ᠳᠡᠯᠡᠬᠡᠢ ᠢᠢᠨ ᠠᠭᠠᠷ ᠮᠠᠨᠳᠠᠯ ᠤᠨ 0.93% ᠍ ᠶᠢ ᠡᠵᠡᠯᠡᠨ᠎ᠡ᠃ ᠳᠡᠯᠡᠬᠡᠢ ᠳᠡᠭᠡᠷ᠎ᠡ ᠬᠠᠮᠤᠭ ᠤᠨ ᠥᠷᠭᠡᠨ ᠲᠠᠷᠬᠠᠯᠲᠠ ᠲᠠᠢ ᠬᠣᠪᠤᠷ ᠬᠡᠢ ᠪᠡᠶᠡᠲᠦ ᠶᠤᠮ᠃ ᠠᠷᠭᠤᠨ ᠤ ᠠᠲ᠋ᠣᠮ ᠤᠨ ᠪᠦᠲᠦᠴᠡ ᠢᠢᠨ ᠬᠠᠮᠤᠭ ᠤᠨ ᠭᠠᠳᠠᠨᠠᠬᠢ ᠡᠯᠧᠺᠲ᠋ᠷᠣᠨ ᠤ ᠲᠣᠭ᠎ᠠ ᠨᠢ 8᠂ ᠪᠦᠷᠢᠨ ᠳᠦᠭᠦᠷᠭᠡᠭᠳᠡᠭᠰᠡᠨ ᠪᠠᠶᠢᠳᠠᠭ ᠲᠤᠯᠠ ᠬᠠᠮᠤᠭ ᠤᠨ ᠲᠣᠭᠲᠠᠪᠤᠷᠢᠲᠠᠢ᠂ ᠥᠭᠡᠷ᠎ᠡ ᠡᠯᠧᠮᠧᠨᠲ ᠦᠳ ᠲᠡᠢ ᠬᠢᠮᠢ ᠶᠢᠨ ᠤᠷᠪᠠᠯ ᠡᠭᠦᠰᠬᠡᠳᠡᠭ ᠦᠭᠡᠢ ᠪᠣᠯᠤᠨ᠎ᠠ᠃

ᠬᠢᠮᠢ ᠶᠢᠨ ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠭᠤᠨ ᠨᠢ ᠬᠦᠴᠢᠯᠲᠥᠷᠦᠭᠴᠢ ᠬᠡᠢ ᠲᠡᠢ ᠣᠶᠢᠷᠠᠯᠴᠠᠭ᠎ᠠ ᠬᠡᠮᠵᠢᠶ᠎ᠡ ᠲᠡᠢ᠂ ᠬᠠᠷᠢᠨ ᠠᠽᠣᠲ ᠠᠴᠠ 2.5 ᠳᠠᠬᠢᠨ ᠶᠡᠬᠡ ᠪᠡᠷ ᠤᠰᠤᠨ ᠳᠤ ᠠᠭᠤᠰᠤᠨ᠎ᠠ᠃ ᠠᠷᠭᠤᠨ ᠨᠢ ᠥᠩᠭᠡ᠂ ᠦᠨᠦᠷ᠂ ᠠᠮᠲᠠ ᠦᠭᠡᠢ᠃ ᠬᠡᠢ ᠪᠣᠯᠤᠨ ᠰᠢᠩᠭᠡᠨ ᠲᠥᠯᠥᠪ ᠲᠤ ᠬᠣᠣᠷ ᠦᠭᠡᠢ ᠡᠯᠧᠮᠧᠨᠲ᠃ ᠠᠷᠭᠤᠨ ᠨᠢ ᠶᠠᠮᠠᠷᠴᠤ ᠨᠥᠬᠥᠴᠡᠯ ᠳᠦ ᠢᠳᠡᠪᠬᠢ ᠦᠭᠡᠢ ᠰᠢᠨᠵᠢ ᠲᠡᠢ᠂ ᠥᠷᠥᠭᠡᠨ ᠦ ᠲᠣᠯᠠᠭᠠᠨ ᠤ ᠬᠡᠮᠵᠢᠶ᠎ᠡ ᠲᠦ ᠲᠣᠭᠲᠠᠪᠤᠷᠢᠲᠠᠢ ᠨᠢᠭᠡᠳᠦᠯ ᠡᠭᠦᠰᠬᠡᠬᠦ ᠦᠭᠡᠢ᠃

ᠠᠷᠭᠤᠨ ᠨᠢ ᠬᠡᠳᠦᠢᠪᠡᠷ ᠬᠣᠪᠤᠷ ᠬᠡᠢ ᠪᠡᠶᠡᠲᠦ ᠪᠣᠯᠪᠠᠴᠤ᠂ ᠬᠧᠯᠰᠢᠨ᠋ᠺ ᠤᠨ ᠶᠡᠬᠡ ᠰᠤᠷᠭᠠᠭᠤᠯᠢ ᠶᠢᠨ ᠯᠠᠪᠤᠷᠠᠲ᠋ᠣᠷᠢ ᠳᠤ ᠠᠷᠭᠤᠨ ᠢ ᠹᠲ᠋ᠣᠷ ᠪᠠ ᠤᠰᠤᠲᠥᠶᠢᠷᠦᠭᠴᠢ ᠲᠡᠢ ᠨᠢᠭᠡᠳᠦᠭᠦᠯᠦᠨ ᠠᠷᠭᠤᠨ ᠭᠢᠳ᠋ᠷᠣᠹᠯᠦᠤᠷᠢ ᠳᠤ (HArF) ᠮᠧᠲ᠋ᠠᠰᠲᠡᠪᠯ ᠨᠢᠭᠡᠳᠦᠯ ᠢ ᠭᠠᠷᠭᠠᠨ ᠠᠪᠤᠭᠰᠠᠨ ᠪᠠᠶᠢᠨ᠎ᠠ[1]᠃ ᠡᠩ ᠦᠨ ᠨᠥᠬᠥᠴᠡᠯ ᠳᠦ ᠠᠷᠭᠤᠨ ᠨᠢ HArF ᠨᠢᠭᠡᠳᠦᠯ ᠡᠭᠦᠰᠬᠡᠬᠦ ᠦᠭᠡᠢ ᠪᠣᠯᠪᠠᠴᠤ᠂ ᠠᠷᠭᠤᠨ ᠨᠢ ᠮᠥᠨ ᠤᠰᠤᠨ ᠤ ᠮᠣᠯᠧᠬᠦᠯ ᠦᠨ ᠯᠠᠲ᠋ᠢᠰ ᠲᠤ (lattice) ᠤᠷᠠᠬᠠᠯᠠᠭᠳᠠᠨ ᠺᠯᠠᠲᠠᠷ ᠲᠤ ᠡᠭᠦᠰᠬᠡᠵᠦ ᠪᠣᠯᠤᠨ᠎ᠠ[2]᠃ ᠠᠷᠭᠤᠨ ᠠᠭᠤᠯᠠᠭᠰᠠᠨ ᠢᠶᠤᠨ ᠦᠳ ᠪᠣᠯᠤᠨ ᠡᠳᠦᠭᠡᠭᠳᠡᠭᠰᠡᠨ ᠲᠥᠪᠰᠢᠨ ᠦ ᠺᠣᠮᠫᠯᠧᠺᠰ ᠤᠳ᠂ ᠵᠢᠱᠢᠶᠡᠯᠡᠪᠡᠯ ArH+, ArF ᠪᠠᠶᠢᠳᠠᠭ ᠢ ᠲᠣᠭᠲᠠᠭᠠᠭᠰᠠᠨ ᠪᠠᠶᠢᠨ᠎ᠠ᠃ ᠣᠨᠣᠯ ᠤᠨ ᠲᠣᠭᠠᠴᠠᠭᠠᠯᠠᠯ ᠢᠶᠠᠷ ᠬᠡᠳᠦ ᠬᠡᠳᠦᠨ ᠲᠥᠷᠥᠯ ᠦᠨ ᠠᠷᠭᠤᠨ ᠠᠭᠤᠯᠠᠭᠰᠠᠨ ᠲᠣᠭᠲᠠᠪᠤᠷᠢᠲᠠᠢ ᠨᠢᠭᠡᠳᠦᠯ ᠦᠳ ᠪᠠᠶᠢᠵᠤ ᠪᠣᠯᠬᠤ ᠪᠣᠯᠪᠠᠴᠤ᠂ ᠣᠳᠣ ᠪᠠᠷ ᠡᠳᠡᠭᠡᠷ ᠨᠢᠭᠡᠳᠦᠯ ᠦᠳ ᠢ ᠭᠠᠷᠭᠠᠨ ᠠᠪᠴᠤ ᠴᠢᠳᠠᠭ᠎ᠠ ᠦᠭᠡᠢ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠭᠤᠨ ᠢ (ᠭᠷᠧᠺ ᠭᠠᠷᠤᠯ ᠲᠠᠢ᠂ "ᠢᠳᠡᠪᠬᠢ ᠦᠭᠡᠢ" ᠭᠡᠳᠡᠭ ᠤᠳᠬ᠎ᠠ ᠲᠠᠢ ᠦᠭᠡᠨ ᠡᠴᠡ ᠭᠠᠷᠤᠯᠲᠠᠢ ᠪᠠ ᠬᠢᠮᠢ ᠶᠢᠨ ᠬᠤᠪᠢ ᠳᠤ ᠢᠳᠡᠪᠬᠢ ᠦᠭᠡᠢ ᠭᠡᠳᠡᠭ ᠤᠳᠬ᠎ᠠ ᠵᠢ ᠠᠭᠤᠯᠠᠨ᠎ᠠ)[3][4][5] ᠠᠩᠬ᠎ᠠ 1785 ᠤᠨ ᠳᠤ ᠬᠧᠨ᠋ᠷᠢ ᠺᠠᠸᠧᠨᠳᠢᠰᠢ ᠠᠭᠠᠷ ᠲᠤ ᠠᠭᠤᠯᠤᠭᠳᠠᠵᠤ ᠮᠠᠭᠠᠳ ᠦᠭᠡᠢ ᠶᠢ ᠲᠠᠭᠠᠮᠠᠭᠯᠠᠵᠤ ᠪᠠᠶᠢᠭᠰᠠᠨ ᠪᠣᠯᠪᠠᠴᠤ 1894 ᠤᠨ ᠳᠤ ᠯᠣᠷ ᠲᠤ ᠷᠧᠯᠧᠢ᠂ ᠸᠢᠯᠢᠶᠮ ᠷᠠᠮᠵᠠᠢ ᠨᠠᠷ ᠠᠭᠠᠷ ᠤᠨ ᠳᠡᠭᠡᠵᠢ ᠡᠴᠡ ᠬᠦᠴᠢᠯᠲᠥᠷᠦᠭᠴᠢᠠᠽᠣᠲ ᠍ ᠢ ᠵᠠᠶᠢᠯᠠᠭᠤᠯᠬᠤ ᠲᠤᠷᠰᠢᠯᠲᠠ ᠪᠠᠷ ᠢᠶᠠᠨ ᠨᠡᠭᠡᠭᠡᠭᠰᠡᠨ ᠪᠠᠶᠢᠨ᠎ᠠ[6][7]᠃ ᠲᠡᠳᠡ ᠠᠭᠠᠷ ᠳᠠᠬᠢ ᠠᠽᠣᠲ ᠨᠢ᠂ ᠠᠽᠣᠲ ᠠᠭᠤᠯᠠᠭᠰᠠᠨ ᠬᠢᠮᠢ ᠶᠢᠨ ᠨᠢᠭᠡᠳᠦᠯ ᠡᠴᠡ ᠢᠯᠭᠠᠨ ᠠᠪᠤᠭᠰᠠᠨ ᠠᠽᠣᠲ ᠠᠴᠠ 50% ᠬᠦᠨᠳᠦ ᠪᠣᠯᠬᠤ ᠶᠢ ᠲᠣᠭᠲᠠᠭᠠᠵᠤ᠂ ᠬᠡᠳᠦᠨ ᠰᠠᠷ᠎ᠠ ᠶᠢᠨ ᠳᠠᠷᠠᠭ᠎ᠠ ᠠᠭᠠᠷ ᠲᠤ᠂ ᠠᠽᠣᠲ ᠲᠠᠢ ᠬᠠᠮᠲᠤ ᠥᠭᠡᠷ᠎ᠡ ᠬᠡᠢ ᠪᠠᠶᠢᠨ᠎ᠠ ᠭᠡᠰᠡᠨ ᠳ᠋ᠦᠩᠨᠡᠯᠲᠡᠨ ᠳᠦ ᠬᠦᠷᠦᠭᠰᠡᠨ ᠪᠠᠶᠢᠨ᠎ᠠ[8]᠃ 1882 ᠤᠨ ᠳᠤ ᠬ᠃ᠹ᠃ᠨᠸᠠᠯ᠂ ᠸ᠃ᠨ᠃ᠬᠠᠷᠲ᠋ᠯᠧᠢ ᠨᠠᠷ ᠪᠡᠶᠡᠨ ᠡᠴᠡ ᠪᠡᠨ ᠦᠯᠦ ᠬᠠᠮᠢᠶᠠᠷᠤᠨ ᠬᠢᠭᠰᠡᠨ ᠲᠤᠷᠰᠢᠯᠲᠠ ᠪᠠᠷ ᠢᠶᠠᠨ ᠠᠭᠠᠷ ᠤᠨ ᠥᠩᠭᠡᠨ ᠦ ᠰᠫᠧᠺᠲ᠋ᠷᠡ ᠡᠴᠡ ᠨᠢᠭᠡ ᠰᠢᠨ᠎ᠡ ᠱᠤᠭᠤᠮ ᠲᠣᠳᠣᠷᠬᠠᠶᠢᠯᠠᠭᠰᠠᠨ ᠪᠣᠯᠪᠠᠴᠤ ᠡᠨᠡᠬᠦ ᠱᠤᠭᠤᠮ ᠳᠤ ᠲᠣᠬᠢᠷᠠᠬᠤ ᠡᠯᠧᠮᠧᠨᠲ ᠢ ᠲᠣᠳᠣᠷᠬᠠᠶᠢᠯᠠᠵᠤ ᠴᠢᠳᠠᠭ᠎ᠠ ᠦᠭᠡᠢ ᠪᠠᠶᠢᠨ᠎ᠠ᠃ ᠠᠷᠭᠤᠨ ᠨᠢ ᠬᠣᠪᠤᠷ ᠬᠡᠢ ᠪᠡᠶᠡᠲᠦ ᠡᠴᠡ ᠬᠠᠮᠤᠭ ᠤᠨ ᠲᠦᠷᠦᠭᠦᠨ ᠳᠦ ᠨᠡᠭᠡᠭᠡᠭᠳᠡᠭᠰᠡᠨ ᠪᠣᠯᠤᠨ᠎ᠠ᠃ ᠠᠷᠭᠤᠨ ᠤ ᠣᠳᠣ ᠶᠢᠨ ᠬᠢᠮᠢ ᠶᠢᠨ ᠲᠡᠮᠳᠡᠭᠯᠡᠭᠡ ᠪᠣᠯᠬᠤ Ar ᠍ ᠢ 1957 ᠤᠨ ᠳᠤ ᠲᠣᠭᠲᠠᠭᠰᠠᠨ ᠪᠠ ᠡᠭᠦᠨ ᠡᠴᠡ ᠡᠮᠦᠨ᠎ᠡ A ᠭᠡᠵᠦ ᠲᠡᠮᠳᠡᠭᠯᠡᠵᠦ ᠪᠠᠶᠢᠵᠠᠢ[9]

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠭᠤᠨ ᠪᠠ ᠮᠥᠩᠭᠥᠨᠦᠰᠨ ᠤ ᠠᠭᠤᠷ ᠪᠦᠬᠦᠢ ᠬᠣᠭᠣᠯᠠᠢ

ᠠᠷᠭᠤᠨ ᠨᠢ ᠳᠡᠯᠡᠬᠡᠢ ᠶᠢᠨ ᠠᠭᠠᠷ ᠮᠠᠨᠳᠤᠯ ᠤᠨ ᠡᠵᠡᠯᠡᠬᠦᠨ ᠦ 0.934%᠂ ᠮᠠᠰ ᠤᠨ 1.29% ᠡᠵᠡᠯᠡᠬᠦ ᠲᠤᠯᠠ ᠠᠭᠠᠷ ᠨᠢ ᠠᠷᠭᠤᠨ ᠢ ᠢᠯᠭᠠᠨ ᠠᠪᠬᠤ ᠭᠣᠣᠯ ᠲᠦᠭᠦᠬᠡᠢ ᠡᠳ᠋ ᠪᠣᠯᠤᠨ᠎ᠠ᠃ ᠴᠡᠪᠡᠷ ᠠᠷᠭᠤᠨ ᠢ᠂ ᠠᠽᠣᠲᠬᠦᠴᠢᠯᠲᠥᠷᠦᠭᠴᠢᠨᠧᠣᠨᠺᠷᠢᠫᠲ᠋ᠣᠨᠺᠰᠧᠨᠠᠨᠲᠣᠢ ᠠᠳᠠᠯᠢ᠂ ᠮᠠᠰᠢ ᠪᠠᠭ᠎ᠠ ᠲᠣᠯᠠᠭᠠᠨ ᠤ ᠬᠡᠮᠵᠢᠶ᠎ᠡ ᠲᠦ ᠹᠷᠠᠺᠼᠢ ᠶᠢᠨ ᠨᠡᠷᠡᠯᠡᠭ ᠬᠢᠬᠦ ᠠᠷᠭ᠎ᠠ ᠪᠠᠷ ᠢᠯᠭᠠᠨ ᠠᠪᠳᠠᠭ ᠪᠠᠶᠢᠨ᠎ᠠ[10]

ᠠᠩᠭᠠᠷᠠᠭ ᠭᠠᠷᠠᠭ ᠤᠨ ᠠᠭᠠᠷ ᠮᠠᠨᠳᠠᠯ 40Ar ᠍ ᠶᠢ 1.6%᠂ 36Ar ᠍ ᠶᠢ 5 ᠫᠫᠮ (ppm) ᠬᠡᠮᠵᠢᠶ᠎ᠡ ᠲᠡᠢ ᠠᠭᠤᠯᠠᠨ᠎ᠠ᠃ ᠪᠤᠳᠤ ᠭᠠᠷᠠᠭ ᠤᠨ ᠨᠢᠮᠭᠡᠨ ᠠᠭᠠᠷ ᠮᠠᠨᠳᠠᠯ ᠨᠢ 70% ᠠᠷᠭᠤᠨ ᠠᠴᠠ ᠲᠣᠭᠲᠠᠳᠠᠭ ᠪᠠᠶᠢᠨ᠎ᠠ᠃ 2005 ᠤᠨ ᠳᠤ ᠰᠠᠨᠢᠴᠠᠷ ᠭᠠᠷᠠᠭ ᠤᠨ ᠬᠠᠮᠤᠭ ᠤᠨ ᠲᠣᠮᠣ ᠰᠠᠷᠠ ᠪᠣᠯᠬᠤ ᠲᠢᠲ᠋ᠠᠨ ᠳᠡᠭᠡᠷ᠎ᠡ ᠠᠷᠭᠤᠨ ᠪᠠᠶᠢᠭ᠎ᠠ ᠶᠢ ᠨᠡᠭᠡᠭᠡᠵᠡᠢ[11]

ᠢᠽᠣᠲ᠋ᠣᠫᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠳᠡᠭᠡᠷᠡᠬᠢ ᠬᠠᠮᠤᠭ ᠤᠨ ᠥᠷᠭᠡᠨ ᠲᠠᠷᠬᠠᠯᠲᠠ ᠲᠠᠢ ᠢᠽᠣᠲ᠋ᠣᠫᠢᠤᠳᠤ ᠨᠢ 40Ar (99.6%), 36Ar (0.34%) ᠪᠠ 38Ar (0.06%) ᠶᠤᠮ᠃ ᠪᠠᠶᠢᠭᠠᠯᠢ ᠳᠡᠭᠡᠷ᠎ᠡ ᠲᠠᠭᠠᠷᠠᠯᠳᠤᠬᠤ 40K (ᠬᠠᠭᠠᠰ ᠵᠠᠳᠠᠷᠠᠯ ᠤᠨ ᠬᠤᠭᠤᠴᠠᠭ᠎ᠠ ᠨᠢ 1.25X109 ᠵᠢᠯ) ᠨᠢ 40Ar (11.2%) ᠪᠠ 40Ca (88.8%) ᠪᠣᠯᠤᠨ ᠬᠤᠪᠢᠷᠠᠨ᠎ᠠ᠃ ᠤᠭ ᠡᠯᠧᠮᠧᠨᠲ ᠦᠳ ᠦᠨ ᠬᠠᠷᠢᠴᠠᠭᠠᠨ ᠳᠡᠭᠡᠷ᠎ᠡ ᠲᠤᠯᠭᠠᠭᠤᠷᠢᠯᠠᠨ ᠴᠢᠯᠠᠭᠤᠯᠢᠭ ᠤᠨ ᠦᠨᠡᠮᠯᠡᠬᠦᠢ ᠨᠠᠰᠤ ᠍ ᠢ ᠲᠣᠭᠲᠠᠭᠠᠨ᠎ᠠ[12]

ᠳᠡᠯᠡᠬᠡᠢ ᠶᠢᠨ ᠠᠭᠠᠷ ᠮᠠᠨᠳᠠᠯ ᠳᠤ Ar39 ᠨᠢ ᠰᠠᠨᠰᠠᠷ ᠤᠨ ᠲᠤᠶᠠᠭᠠᠨ ᠤ ᠨᠥᠯᠥᠭᠡ ᠪᠡᠷ᠂ ᠳᠡᠯᠡᠬᠡᠢ ᠶᠢᠨ ᠭᠠᠵᠠᠷ ᠤᠨ ᠭᠠᠳᠠᠷᠭᠤ ᠣᠷᠴᠢᠮ ᠳᠤ (ᠭᠠᠵᠠᠷ ᠤᠨ ᠭᠦᠨᠳᠦ) K39 ᠍ ᠦᠨ ᠵᠠᠳᠠᠷᠠᠯ ᠢᠶᠠᠷ ᠡᠭᠦᠰᠦᠨ᠎ᠡ᠃ Ar37 ᠨᠢ Ca40 ᠵᠠᠳᠠᠷᠠᠯ ᠢᠶᠠᠷ ᠴᠥᠮ᠎ᠡ ᠶᠢᠨ ᠪᠥᠮᠪᠥᠭᠡ ᠶᠢᠨ ᠲᠤᠷᠰᠢᠯᠲᠠ ᠶᠢᠨ ᠦᠶ᠎ᠡ ᠳᠦ ᠡᠭᠦᠰᠳᠡᠭ ᠪᠠᠶᠢᠨ᠎ᠠ᠃ Ar37 ᠍ ᠤ ᠬᠠᠭᠠᠰ ᠵᠠᠳᠠᠷᠠᠯ ᠤᠨ ᠬᠤᠭᠤᠴᠠᠭ᠎ᠠ ᠨᠢ 35 ᠡᠳᠦᠷ ᠪᠠᠶᠢᠨ᠎ᠠ[12]

 ᠨᠠᠶᠢᠷᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠭᠤᠨ ᠤ ᠡᠯᠧᠺᠲ᠋ᠷᠣᠨ ᠤ "s" ᠪᠠ "p" ᠣᠷᠪᠢᠲ ᠨᠢ ᠡᠯᠧᠺᠲ᠋ᠷᠣᠨ ᠢᠶᠠᠷ ᠳᠦᠭᠦᠷᠭᠡᠭᠳᠡᠭᠰᠡᠨ ᠪᠠᠶᠢᠳᠠᠭ ᠠᠴᠠ ᠪᠣᠯᠵᠤ ᠠᠷᠭᠤᠨ ᠨᠢ ᠮᠠᠰᠢ ᠲᠣᠭᠲᠠᠪᠤᠷᠢᠲᠠᠢ᠂ ᠪᠤᠰᠤᠳ ᠡᠯᠧᠮᠧᠨᠲ ᠦᠳ ᠲᠡᠢ ᠬᠢᠮᠢ ᠶᠢᠨ ᠤᠷᠪᠠᠯ ᠡᠭᠦᠰᠬᠡᠳᠡᠭ ᠦᠭᠡᠢ ᠪᠠᠶᠢᠨ᠎ᠠ᠃ 2000 ᠤᠨ ᠳᠤ ᠬᠧᠯᠰᠢᠨ᠋ᠺ ᠤᠨ ᠶᠡᠬᠡ ᠰᠤᠷᠭᠠᠭᠤᠯᠢ ᠶᠢᠨ ᠡᠷᠳᠡᠮᠲᠡᠳ ᠠᠩᠬᠠᠨ ᠤ ᠠᠷᠭᠤᠨ ᠥᠭᠡᠷ᠎ᠡ ᠡᠯᠧᠮᠧᠨᠲ ᠲᠡᠢ ᠨᠢᠭᠡᠳᠦᠭᠰᠡᠨ ᠨᠢᠭᠡᠳᠦᠯ ᠢ (ᠠᠷᠭᠤᠨ ᠭᠢᠳ᠋ᠷᠣᠹᠯᠦᠤᠷᠢ ᠳᠤ ᠪᠤᠶᠤ HArF) ᠭᠠᠷᠭᠠᠨ ᠠᠪᠤᠭᠰᠠᠨ ᠪᠠᠶᠢᠨ᠎ᠠ᠃ ᠤᠭ ᠨᠢᠭᠡᠳᠦᠯ ᠢ ᠮᠠᠰᠢ ᠪᠠᠭ᠎ᠠ ᠬᠡᠮᠵᠢᠶᠡᠨ ᠦ ᠤᠰᠤᠲᠥᠶᠢᠷᠦᠭᠴᠢ ᠪᠠ ᠹᠲ᠋ᠣᠷ ᠠᠭᠤᠯᠠᠭᠰᠠᠨ ᠬᠥᠯᠳᠡᠭᠦᠦ ᠠᠷᠭᠤᠨ ᠢ ᠬᠦᠷᠡᠨ ᠤ ᠭᠠᠳᠠᠨᠠᠬᠢ ᠲᠤᠶᠠᠭ᠎ᠠ ᠪᠠᠷ ᠰᠢᠷᠠᠬᠤ ᠠᠷᠭ᠎ᠠ ᠪᠡᠷ ᠰᠢᠨᠲ᠋ᠧᠽᠢᠯᠡᠭᠰᠡᠨ ᠪᠠᠶᠢᠨ᠎ᠠ[13] ᠤᠭ ᠨᠢᠭᠡᠳᠦᠯ ᠨᠢ 40 ᠺ ᠪᠤᠶᠤ −233 °C ᠬᠦᠷᠲᠡᠯᠡᠬᠢ ᠲᠣᠯᠠᠭᠠᠨ ᠤ ᠬᠡᠮᠵᠢᠶ᠎ᠡ ᠲᠦ ᠲᠣᠭᠲᠠᠪᠤᠷᠢᠲᠠᠢ ᠪᠠᠶᠢᠨ᠎ᠠ᠃

2003 ᠤᠨ ᠳᠤ ᠠᠷᠭᠤᠨ ᠳ᠋ᠢᠹᠯᠦᠤᠷᠢᠳ ᠢ (ArF2) ᠨᠡᠭᠡᠭᠡᠭᠰᠡᠨ ᠢ ᠵᠠᠷᠯᠠᠭᠰᠠᠨ ᠪᠣᠯᠪᠠᠴᠤ ᠪᠠᠲᠤᠯᠠᠭᠳᠠᠭ᠎ᠠ ᠦᠭᠡᠢ ᠪᠠᠶᠢᠨ᠎ᠠ᠃

ᠠᠷᠭᠤᠨ ᠮᠥᠰᠥ ᠬᠠᠶᠢᠯᠠᠵᠤ ᠪᠠᠶᠢᠭ᠎ᠠ ᠨᠢ

ᠠᠷᠭᠤᠨ ᠭᠠᠷᠭᠠᠨ ᠠᠪᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠽᠣᠲ ᠤᠨ ᠪᠤᠴᠠᠯᠬᠤ ᠲᠣᠯᠠᠭᠠᠨ ᠤ ᠬᠡᠮᠵᠢᠶ᠎ᠡ 77.3K᠂ ᠠᠷᠭᠣᠨ ᠤ ᠬᠢ 87.3 K᠂ ᠬᠦᠴᠢᠯᠲᠥᠷᠦᠭᠴᠢ ᠶᠢᠨ ᠬᠢ 90.2 K ᠪᠠᠶᠢᠳᠠᠭ ᠲᠤᠯᠠ ᠡᠨᠡ ᠴᠢᠨᠠᠷ ᠢ ᠨᠢ ᠠᠰᠢᠭᠯᠠᠨ ᠦᠢᠯᠡᠳᠪᠦᠷᠢ ᠶᠢᠨ ᠨᠥᠬᠥᠴᠡᠯ ᠳᠦ ᠰᠢᠩᠭᠡᠷᠡᠭᠦᠯᠦᠭᠰᠡᠨ ᠠᠭᠠᠷ ᠢ ᠨᠡᠷᠡᠬᠦ ᠠᠷᠭ᠎ᠠ ᠪᠡᠷ ᠡᠳᠡᠭᠡᠷ ᠡᠯᠧᠮᠧᠨᠲ ᠦᠳ ᠢ ᠭᠠᠷᠭᠠᠨ ᠠᠪᠤᠨ᠎ᠠ᠃ ᠵᠢᠯ ᠳᠤ ᠳᠡᠯᠡᠬᠡᠢ ᠶᠢᠨ ᠬᠡᠮᠵᠢᠶᠡᠨ ᠳᠦ 700 000 ᠲᠣᠨ ᠠᠷᠭᠤᠨ ᠢ ᠦᠢᠯᠡᠳᠪᠦᠷᠢᠯᠡᠳᠡᠭ ᠪᠠᠶᠢᠨ᠎ᠠ[14]

ᠰᠠᠴᠤᠷᠠᠭ ᠢᠳᠡᠪᠬᠢ ᠳᠦ ᠵᠠᠳᠠᠷᠠᠯ ᠢᠶᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

40Ar ᠨᠢ ᠬᠠᠮᠤᠭ ᠤᠨ ᠥᠷᠭᠡᠨ ᠲᠠᠷᠬᠠᠯᠲᠠ ᠲᠠᠢ ᠢᠽᠣᠲ᠋ᠣᠫᠢ ᠪᠥᠭᠡᠳ 40ᠺᠠᠯᠢ ᠵᠠᠳᠠᠷᠠᠯ ᠢᠶᠠᠷ (ᠬᠠᠭᠠᠰ ᠵᠠᠳᠠᠷᠠᠯ ᠤᠨ ᠬᠤᠭᠤᠴᠠᠭ᠎ᠠ ᠨᠢ 1.25X109 ᠵᠢᠯ) ᠡᠭᠦᠰᠦᠨ᠎ᠡ᠃

ᠺᠠᠯᠢ-ᠠᠷᠭᠤᠨ ᠢᠶᠠᠷ ᠦᠨᠡᠮᠯᠡᠬᠦᠢ ᠨᠠᠰᠤ ᠲᠣᠭᠲᠠᠭᠠᠬᠤ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠯ ᠤᠨᠲᠠᠷᠠᠭᠠᠬᠤ ᠳᠤ ᠵᠣᠷᠢᠭᠤᠯᠤᠭᠰᠠᠨ ᠠᠷᠭᠤᠨ ᠬᠡᠢ ᠪᠦᠬᠦᠢ ᠪᠠᠯᠯᠠᠨ᠃ ᠠᠷᠭᠤᠨ ᠨᠢ ᠴᠠᠬᠢᠯᠭᠠᠨ ᠬᠡᠷᠡᠭᠰᠡᠯ ᠢ ᠭᠡᠮᠲᠦᠭᠡᠬᠦ ᠦᠭᠡᠢ

ᠠᠷᠭᠤᠨ ᠤ ᠬᠡᠳᠦ ᠬᠡᠳᠦᠨ ᠴᠢᠬᠤᠯᠠ ᠰᠢᠨᠵᠢ ᠨᠢ ᠲᠡᠭᠦᠨ ᠦ ᠬᠡᠷᠡᠭᠯᠡᠭᠡ ᠶᠢ ᠲᠣᠳᠣᠷᠬᠠᠶᠢᠯᠠᠨ᠎ᠠ:

 • ᠬᠣᠪᠤᠷ ᠬᠡᠢ ᠪᠡᠶᠡᠲᠦ᠃ ᠶᠡᠬᠡᠩᠬᠢ ᠳᠦ ᠪᠡᠨ ᠠᠽᠣᠲ ᠤᠨ ᠬᠦᠶᠢᠨ᠎ᠡ ᠡᠴᠡ ᠢᠯᠡᠭᠦᠦ ᠢᠳᠡᠪᠬᠢ ᠦᠭᠡᠢ ᠰᠢᠨᠵᠢ ᠪᠦᠬᠦᠢ ᠬᠡᠢ ᠱᠠᠭᠠᠷᠳᠠᠯᠭ᠎ᠠ ᠲᠠᠢ ᠦᠶ᠎ᠡ ᠳᠦ
 • ᠪᠠᠭ᠎ᠠ ᠳᠤᠯᠠᠭᠠᠨ ᠳᠠᠮᠵᠢᠭᠤᠯᠤᠯᠲᠠ ᠱᠠᠭᠠᠷᠳᠠᠯᠭ᠎ᠠ ᠲᠠᠢ ᠦᠶ᠎ᠡ ᠳᠦ
 • ᠡᠯᠧᠺᠲ᠋ᠷᠣᠨ ᠰᠢᠨᠵᠢ ᠴᠢᠨᠠᠷ (ᠢᠣᠨᠵᠢᠯᠲᠠ ᠪᠠ ᠰᠢᠩᠭᠡᠭᠡᠯᠲᠡ ᠶᠢᠨ ᠰᠫᠧᠺᠲ᠋ᠷ) ᠱᠠᠭᠠᠷᠳᠠᠯᠭ᠎ᠠ ᠲᠠᠢ ᠦᠶ᠎ᠡ ᠳᠦ ᠠᠷᠭᠤᠨ ᠢ ᠬᠡᠷᠡᠭᠯᠡᠨ᠎ᠡ᠃

ᠪᠤᠰᠤᠳ ᠬᠣᠪᠤᠷ ᠬᠡᠢ ᠪᠡᠶᠡᠲᠦ ᠨᠦᠭᠦᠳ ᠢ ᠠᠰᠢᠭᠯᠠᠵᠤ ᠪᠣᠯᠬᠤ ᠪᠣᠯᠪᠠᠴᠤ ᠠᠷᠭᠤᠨ ᠨᠢ ᠬᠠᠮᠤᠭ ᠤᠨ ᠡᠯᠪᠡᠭ᠂ ᠬᠠᠮᠤᠭ ᠤᠨ ᠬᠢᠮᠳᠠ ᠬᠣᠪᠤᠷ ᠬᠡᠢ ᠪᠡᠶᠡᠲᠦ ᠶᠤᠮ᠃ ᠠᠷᠭᠤᠨ ᠨᠢ ᠬᠠᠷᠢᠴᠠᠩᠭᠤᠢ ᠬᠢᠮᠳᠠ ᠥᠷᠲᠡᠭ ᠲᠡᠢ᠃ ᠤᠴᠢᠷ ᠨᠢ ᠶᠡᠬᠡ ᠬᠡᠮᠵᠢᠶ᠎ᠡ ᠪᠡᠷ ᠬᠡᠷᠡᠭᠯᠡᠭᠳᠡᠳᠡᠭ ᠬᠦᠴᠢᠯᠲᠥᠷᠦᠭᠴᠢ᠂ ᠠᠽᠣᠲ ᠢ ᠦᠢᠯᠡᠳᠪᠦᠷᠢᠯᠡᠬᠦ ᠦᠶ᠎ᠡ ᠳᠦ ᠳᠠᠭᠠᠯᠳᠤᠬᠤ ᠪᠦᠲᠦᠭᠡᠭᠳᠡᠬᠦᠨ ᠪᠣᠯᠵᠤ ᠭᠠᠷᠳᠠᠭ᠃ ᠬᠡᠳᠦᠢᠪᠡᠷ ᠪᠤᠰᠤᠳ ᠬᠣᠪᠤᠷ ᠬᠡᠢ ᠪᠡᠶᠡᠲᠦ ᠳᠡᠢ ᠮᠥᠨ ᠳᠠᠭᠠᠯᠳᠤᠬᠤ ᠪᠦᠲᠦᠭᠡᠭᠳᠡᠬᠦᠨ ᠪᠣᠯᠵᠤ ᠭᠠᠷᠬᠤ ᠪᠣᠯᠪᠠᠴᠤ ᠠᠷᠭᠤᠨ ᠨᠢ ᠠᠭᠠᠷ ᠲᠤ ᠬᠠᠮᠤᠭ ᠤᠨ ᠶᠡᠬᠡ ᠬᠡᠮᠵᠢᠶ᠎ᠡ ᠪᠡᠷ ᠠᠭᠤᠯᠤᠭᠳᠠᠳᠠᠭ ᠪᠠᠶᠢᠨ᠎ᠠ᠃

ᠠᠷᠭᠤᠨ ᠢ ᠳᠣᠣᠷᠠᠬᠢ ᠵᠣᠷᠢᠯᠭ᠎ᠠ ᠪᠠᠷ ᠬᠡᠷᠡᠭᠯᠡᠨ᠎ᠡ᠃ ᠡᠭᠦᠨ ᠳᠦ:

 • ᠭᠡᠷᠡᠯ ᠪᠠ ᠭᠡᠷᠯᠡᠨ ᠴᠢᠮᠡᠭᠯᠡᠯ ᠳᠦ
 • ᠭᠠᠩᠨᠠᠭᠤᠷ ᠲᠤ CO2 ᠍ ᠲᠠᠢ ᠴᠤᠭ
 • ᠭᠠᠯ ᠤᠨᠲᠠᠷᠠᠭᠠᠬᠤ ᠵᠣᠷᠢᠯᠭ᠎ᠠ ᠪᠠᠷ (ᠵᠢᠷᠤᠭ)
 • ᠫᠯᠠᠽᠮ ᠤᠨ ᠬᠡᠢ ᠪᠣᠯᠭᠠᠨ ICP ᠰᠫᠧᠺᠲ᠋ᠷᠣᠰᠺᠣᠫᠢᠤᠳᠠ ᠳᠤ .
 • ᠲᠢᠲ᠋ᠠᠨ ᠵᠡᠷᠭᠡ ᠢᠳᠡᠪᠬᠢ ᠲᠡᠢ ᠮᠧᠲ᠋ᠠᠯ ᠦᠨ ᠪᠣᠯᠪᠠᠰᠤᠷᠠᠭᠤᠯᠤᠯᠲᠠ ᠶᠢᠨ ᠦᠶ᠎ᠡ ᠳᠦ ᠢᠳᠡᠪᠬᠢ ᠭᠦᠢ ᠪᠦᠷᠬᠦᠭᠦᠯ ᠪᠣᠯᠭᠠᠨ
 • ᠴᠠᠬᠢᠭᠤᠷ ᠪᠠ ᠭᠧᠷᠮᠠᠨᠢᠢ ᠲᠠᠯᠠᠰᠲᠤ ᠶᠢ ᠤᠷᠭᠤᠭᠤᠯᠬᠤ ᠦᠭᠡᠢ ᠶᠢᠨ ᠲᠤᠯᠠᠳᠠ ᠠᠭᠠᠷ ᠤᠨ ᠣᠷᠣᠨ ᠳᠤ
 • ᠮᠦᠽᠧᠢ ᠪᠠ ᠠᠷᠬᠢᠸ ᠤᠨ ᠡᠷᠲᠡᠨ ᠦ ᠪᠢᠴᠢᠭ ᠪᠠᠷᠢᠮᠲᠠ ᠶᠢ ᠠᠭᠠᠷ ᠤᠨ ᠬᠦᠴᠢᠯᠲᠥᠷᠦᠭᠴᠢ ᠲᠡᠢ ᠤᠷᠪᠠᠯ ᠳᠤ ᠣᠷᠣᠬᠤ ᠠᠴᠠ ᠬᠠᠮᠠᠭᠠᠯᠠᠨ[15]
 • ᠣᠩᠭᠣᠶᠢᠯᠭᠠᠭᠰᠠᠨ ᠸᠢᠨᠣ᠋ ᠶᠢ ᠢᠰᠦᠯᠳᠦᠬᠦ ᠡᠴᠡ ᠬᠠᠮᠠᠭᠠᠯᠠᠬᠤ
 • ᠸᠢᠨᠣ᠋ ᠢᠰᠬᠡᠵᠦ ᠪᠤᠢ ᠲᠣᠷᠬᠠᠨ ᠤ ᠳᠡᠭᠡᠳᠦ ᠬᠡᠰᠡᠭ ᠳ᠋ᠡᠬᠢ ᠠᠭᠠᠷ ᠢ ᠵᠠᠶᠢᠯᠠᠭᠤᠯᠬᠤ ᠳᠤ
 • ᠡᠮ ᠦᠨ ᠦᠢᠯᠡᠳᠪᠦᠷᠢ ᠳᠦ ᠡᠮ ᠪᠡᠯᠡᠳᠴᠦ ᠪᠤᠢ ᠯᠣᠩᠬᠣᠨ ᠳᠤ ᠠᠷᠭ᠎ᠠ ᠪᠠᠷ ᠤᠨ ᠬᠦᠴᠢᠯᠲᠥᠷᠦᠭᠴᠢ ᠣᠷᠣᠬᠤ ᠠᠴᠠ ᠬᠠᠮᠠᠭᠠᠯᠠᠨ
 • ᠫᠤᠤᠵᠢᠩ ᠤᠨ ᠬᠣᠰᠢᠭᠤ ᠬᠡᠰᠡᠭ ᠢ ᠬᠥᠷᠥᠭᠡᠬᠦ ᠳᠦ [16]
 • ᠪᠠᠯ ᠴᠢᠯᠠᠭᠤᠨ ᠰᠢᠲᠠᠭᠠᠭᠴᠢ ᠵᠤᠤᠬᠠᠨ ᠤ ᠪᠠᠯ ᠴᠢᠯᠠᠭᠤ ᠶᠢ ᠬᠦᠴᠢᠯᠲᠥᠷᠦᠭᠴᠢ ᠲᠡᠢ ᠤᠷᠪᠠᠯ ᠳᠤ ᠣᠷᠣᠬᠤ ᠠᠴᠠ ᠬᠠᠮᠠᠭᠠᠯᠠᠬᠤ ᠵᠡᠷᠭᠡ ᠳᠦ ᠠᠰᠢᠭᠯᠠᠨ᠎ᠠ᠃

ᠳᠠᠷᠤᠭ᠎ᠠ ᠶᠢᠨ ᠨᠢᠭᠡ ᠴᠢᠬᠤᠯᠠ ᠬᠡᠷᠡᠭᠯᠡᠭᠡ ᠨᠢ ᠠᠷᠭᠤᠨ ᠤ ᠳᠤᠯᠠᠭᠠᠨ ᠳᠠᠮᠵᠢᠭᠤᠯᠤᠯᠲᠠ ᠪᠠᠭ᠎ᠠ ᠪᠠᠶᠢᠳᠠᠭ ᠳᠡᠭᠡᠷ᠎ᠡ ᠦᠨᠳᠦᠰᠦᠯᠡᠨ᠎ᠡ᠃ ᠴᠣᠩᠬᠣᠨ ᠳᠤ ᠳᠤᠯᠠᠭᠠᠨ ᠤ ᠠᠯᠳᠠᠭᠠᠯ ᠢ ᠪᠠᠭᠠᠰᠬᠠᠬᠤ ᠵᠣᠷᠢᠯᠭ᠎ᠠ ᠪᠠᠷ ᠠᠰᠢᠭᠯᠠᠨ᠎ᠠ[17]᠃ ᠤᠰᠤᠨ ᠳᠤ ᠱᠤᠩᠪᠠᠭᠴᠢᠳ ᠤᠨ ᠬᠤᠪᠴᠠᠰᠤ ᠶᠢ ᠠᠷᠭᠤᠨ ᠢᠶᠠᠷ ᠳᠦᠭᠦᠷᠭᠡᠨ᠎ᠡ᠃ ᠤᠴᠢᠷ ᠨᠢ ᠠᠷᠭᠤᠨ ᠬᠣᠪᠤᠷ ᠬᠡᠢ ᠪᠡᠶᠡᠲᠦ ᠪᠠᠰᠠ ᠳᠤᠯᠠᠭᠠᠨ ᠪᠠᠭ᠎ᠠ ᠳᠠᠮᠵᠢᠭᠤᠯᠠᠨ᠎ᠠ᠃

ᠠᠷᠭᠤᠨ ᠤ ᠢᠣᠨᠵᠢᠬᠤ ᠪᠠ ᠭᠡᠷᠡᠯᠲᠦᠬᠦ ᠴᠢᠨᠠᠷ ᠢ ᠠᠰᠢᠭᠯᠠᠨ᠎ᠠ᠃ ᠹᠢᠽᠢᠺᠡᠶᠢᠨ ᠲᠤᠷᠰᠢᠯᠲᠠ ᠨᠤᠭᠤᠳ ᠲᠤ ᠺᠠᠯᠣᠷᠢᠮᠧᠲ᠋ᠷ᠂ ᠫᠯᠠᠽᠮ ᠯᠠᠮᠫᠠ ᠪᠣᠯᠭᠠᠨ ᠬᠡᠷᠡᠭᠯᠡᠨ᠎ᠡ᠃ ᠬᠥᠬᠡ ᠠᠷᠭᠤᠨ ᠯᠠᠽᠧᠷᠡᠶᠢᠭ ᠨᠢᠳᠦᠠᠷᠲ᠋ᠧᠷᠢ ᠶᠢᠨ ᠰᠤᠳᠠᠰᠤ ᠵᠡᠷᠭᠡ ᠶᠢᠨ ᠬᠠᠭᠠᠯᠭᠠᠨ ᠳᠤ ᠬᠡᠷᠡᠭᠯᠡᠨ᠎ᠡ[18]

ᠡᠳᠡᠭᠡᠷ ᠡᠴᠡ ᠭᠠᠳᠠᠨ᠎ᠠ ᠠᠷᠭᠤᠨ-39 (ᠬᠠᠭᠠᠰ ᠵᠠᠳᠠᠷᠠᠯ ᠤᠨ ᠬᠤᠭᠤᠴᠠᠭ᠎ᠠ 269 ᠵᠢᠯ) ᠭᠠᠵᠠᠷ ᠤᠨ ᠳᠣᠣᠷᠠᠬᠢ ᠤᠰᠤ ᠪᠠ ᠮᠥᠰᠦᠨ ᠦ ᠦᠨᠡᠮᠯᠡᠬᠦᠢ ᠨᠠᠰᠤ᠂ ᠺᠠᠯᠢ ᠠᠷᠭᠤᠨ ᠤ ᠠᠷᠭ᠎ᠠ ᠨᠢ ᠮᠠᠭᠮᠠ ᠶᠢᠨ ᠴᠢᠯᠠᠭᠤᠯᠢᠭ ᠤᠨ ᠦᠨᠡᠮᠯᠡᠬᠦᠢ ᠨᠠᠰᠤ ᠲᠣᠭᠲᠠᠭᠠᠬᠤ ᠳᠤ ᠬᠡᠷᠡᠭᠯᠡᠭᠳᠡᠨ᠎ᠡ᠃

ᠰᠥᠷᠭᠦ ᠨᠥᠯᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠭᠤᠨ ᠨᠢ ᠬᠡᠳᠦᠢ ᠪᠡᠷ ᠬᠣᠣᠷ ᠦᠭᠡᠢ ᠪᠣᠯᠪᠠᠴᠤ ᠠᠭᠠᠷ ᠲᠤ ᠶᠡᠬᠡ ᠬᠡᠮᠵᠢᠶ᠎ᠡ ᠪᠡᠷ ᠠᠭᠤᠯᠤᠭᠳᠠᠬᠤ ᠦᠶ᠎ᠡ ᠳᠦ ᠬᠦᠮᠦᠨ ᠥᠪᠡᠷ ᠲᠦ ᠱᠠᠭᠠᠷᠳᠠᠯᠭ᠎ᠠ ᠲᠠᠢ ᠬᠦᠴᠢᠯᠲᠥᠷᠦᠭᠴᠢ ᠶᠢ ᠠᠪᠴᠤ ᠴᠢᠳᠠᠬᠤ ᠦᠭᠡᠢ ᠳᠦ ᠬᠦᠷᠴᠦ ᠪᠣᠯᠤᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠹᠯᠣᠷᠢᠳᠠ ᠳᠤ ᠠᠷᠭᠤᠨ ᠬᠠᠳᠠᠭᠠᠯᠠᠳᠠᠭ ᠲᠠᠩᠺᠠᠨ ᠠᠴᠠ ᠠᠷᠭᠤᠨ ᠠᠯᠳᠠᠭᠳᠠᠨ ᠬᠡᠳᠦ ᠬᠡᠳᠦᠨ ᠬᠦᠮᠦᠨ ᠠᠮᠢ ᠨᠠᠰᠤ ᠪᠠᠨ ᠠᠯᠠᠳᠠᠭᠰᠠᠨ ᠪᠠᠶᠢᠨ᠎ᠠ[19]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. "Periodic Table of the Elements: Argon." Lenntech. 2008. Retrieved on September 3, 2007.
 2. Belosludov, V. R.; O. S. Subbotin, D. S. Krupskii, O. V. Prokuda, and Y. Kawazoe (2006). Microscopic model of clathrate compounds (English) 1. Institute of Physics (has blown up once in a while) Publishing. 2007-03-08 ᠍ ᠳᠦ ᠬᠠᠨᠳᠤᠭᠰᠠᠨ᠃
 3. Hiebert, E. N. Historical Remarks on the Discovery of Argon: The First Noble Gas. In Noble-Gas Compounds; Hyman, H. H., Ed.; University of Chicago Press: Chicago, IL, 1963; pp 3–20.
 4. Travers, M. W. The Discovery of the Rare Gases; Edward Arnold & Co.: London, 1928; pp 1–7.
 5. Rayleigh, Lord; Ramsay, W. Argon: A New Constituent of the Atmosphere. Chem. News 1895 (February 1), 71, 51–58.
 6. Lord Rayleigh;William Ramsay (1894 - 1895). "Argon, a New Constituent of the Atmosphere.". Proceedings of the Royal Society of London 57 (1): 265–287. DOI:10.1098/rspl.1894.0149.
 7. William Ramsay. Nobel Lecture in Chemistry, 1904.
 8. ABOUT ARGON, THE INERT; The New Element Supposedly Found in the Atmosphere. The New York Times, 3 March 1895
 9. Holden, Norman E. (12). History of the Origin of the Chemical Elements and Their Discoverers (English). National Nuclear Data Center (NNDC).
 10. Argon, Ar. 2007-03-08 ᠍ ᠳᠦ ᠬᠠᠨᠳᠤᠭᠰᠠᠨ᠃
 11. Seeing, touching and smelling the extraordinarily Earth-like world of Titan (English). European Space Agency (21).
 12. 12.0 12.1 40Ar/39Ar dating and errors. 2007-03-07 ᠍ ᠳᠦ ᠬᠠᠨᠳᠤᠭᠰᠠᠨ᠃
 13. Bartlett, Neil. The Noble Gases (English). Chemical & Engineering News.
 14. Periodic Table of Elements: Argon – Ar (EnvironmentalChemistry.com)
 15. USA National Archives description of how the Declaration of Independence is stored and displayed. More detail can be found in this more technical explanation, especially Page 4, which talks about the argon keeping the oxygen out.
 16. Description of Aim-9 Operation
 17. Energy-Efficient Windows. Bc Hydro. 2007-03-08 ᠍ ᠳᠦ ᠬᠠᠨᠳᠤᠭᠰᠠᠨ᠃
 18. Fujimoto, James; Rox Anderson, R. (2006). Tissue Optics, Laser-Tissue Interaction, and Tissue Engineering (English) 77-88. Biomedical Optics. 2007-03-08 ᠍ ᠳᠦ ᠬᠠᠨᠳᠤᠭᠰᠠᠨ᠃
 19. Middaugh, John; Bledsoe, Gary. "Welder's Helper Asphyxiated in Argon-Inerted Pipe (FACE AK-94-012)." State of Alaska Department of Public Health. June 23, 1994. Retrieved on September 3, 2007.


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Argon
http://wiki.uhaan.com/index.php?title=ᠠᠷᠭᠤᠨ&oldid=478606》 ᠍  ᠡᠴᠡ ᠠᠪᠤᠭᠰᠠᠨ

ᠪᠢᠴᠢᠭᠡᠰᠦ