ᠠᠷᠨᠤᠯ ᠳᠤ ᠱᠤᠪᠤᠷᠼᠧᠨᠧ ᠦᠭᠧᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠨᠤᠯ ᠳᠤ ᠱᠤᠪᠤᠷᠼᠧᠨᠧ ᠦᠭᠧᠷ (2010)

ᠠᠷᠨᠤᠯ ᠳᠤ ᠠᠯᠣᠶᠢᠰ ᠱᠤᠪᠤᠷᠼᠧᠨᠧ ᠦᠭᠧᠷ (ᠭᠧᠷᠮᠠᠨ ᠢᠶᠠᠷ Arnold Alois Schwarzenegger, 1947 ᠣᠨ ᠤ 7 ᠰᠠᠷ᠎ᠠ ᠶᠢᠨ 30 ᠍ ᠳᠦ ᠲᠦᠷᠦᠭᠰᠡᠨ) ᠨᠢ ᠠᠦᠢᠰᠲᠷᠶ᠎ᠠ-ᠠᠮᠧᠷᠢᠺᠠᠡᠶᠢᠨ ᠪᠣᠳᠢᠪᠢᠯᠳᠦᠩ ᠢᠴ᠂ ᠵᠦᠵᠦᠭᠡᠴᠢᠨ᠂ ᠪᠢᠽᠢᠨ᠋ᠧᠰᠮᠡᠨ᠂ ᠤᠯᠤᠰ ᠲᠥᠷᠦᠴᠢ ᠶᠤᠮ᠃ ᠠᠷᠨᠠᠯ ᠳᠤ ᠺᠠᠯᠢᠹᠣᠷᠨᠢ ᠮᠤᠵᠢ ᠤᠯᠤᠰ ᠤᠨ 38 ᠳᠠᠬᠢ ᠠᠮᠪᠠᠨ ᠵᠠᠬᠢᠷᠤᠭᠴᠢ ᠪᠠᠷ ᠰᠣᠩᠭᠣᠭᠳᠠᠨ ᠠᠵᠢᠯᠯᠠᠵᠤ ᠪᠠᠶᠢᠭᠰᠠᠨ᠃

ᠲᠡᠷᠡ ᠪᠡᠷ 15 ᠨᠠᠰᠤᠲᠠᠢ ᠠᠴᠠ ᠪᠠᠨ ᠬᠦᠴᠦᠨ ᠦ ᠪᠡᠯᠡᠳᠬᠡᠯ ᠬᠢᠵᠦ ᠡᠬᠢᠯᠡᠵᠡᠢ᠃ 22 ᠍ ᠲᠠᠢ ᠳᠠᠭᠠᠨ ᠳᠡᠯᠡᠬᠡᠢ ᠶᠢᠨ ᠮᠢᠰᠲ᠋ᠧᠷ ᠴᠣᠯᠠ ᠲᠠᠢ ᠪᠣᠯᠵᠤ᠂ ᠮᠢᠰᠲ᠋ᠧᠷ ᠣᠯᠢᠮᠫᠢᠺ ᠲᠡᠮᠡᠴᠡᠭᠡᠨ ᠳᠦ ᠲᠡᠷᠢᠭᠦᠯᠡᠭᠰᠡᠨ ᠪᠥᠭᠡᠳ ᠲᠤᠰ ᠲᠡᠮᠡᠴᠡᠭᠡᠨ ᠳᠦ ᠨᠡᠶᠢᠲᠡ 7 ᠤᠳᠠᠭ᠎ᠠ ᠠᠪᠤᠷᠭᠤᠯᠠᠵᠠᠢ᠃ ᠱᠤᠪᠤᠷᠼᠧᠨᠧ ᠦᠭᠧᠷ ᠪᠣᠳᠢᠪᠢᠯᠳᠦᠩ ᠦᠨ ᠰᠫᠣᠷᠲ ᠠᠴᠠ ᠵᠣᠳᠣᠭ ᠲᠠᠶᠢᠯᠤᠭᠰᠠᠨ ᠠᠴᠠ ᠪᠠᠨ ᠬᠣᠶᠢᠰᠢ ᠴᠤ ᠣᠯᠠᠨ ᠵᠢᠯ ᠦᠨ ᠲᠤᠷᠰᠢ ᠲᠤᠰ ᠰᠫᠣᠷᠲ ᠤᠨ ᠭᠣᠣᠯ ᠨᠢᠭᠤᠷ ᠴᠢᠷᠠᠢ ᠪᠣᠯᠵᠤ ᠢᠷᠡᠭᠰᠡᠨ ᠪᠥᠭᠡᠳ ᠣᠯᠠᠨ ᠨᠣᠮ᠂ ᠰᠤᠷᠬᠤ ᠪᠢᠴᠢᠭ ᠪᠢᠴᠢᠵᠦ ᠬᠡᠪᠯᠡᠭᠦᠯᠦᠭᠰᠡᠨ ᠪᠠᠶᠢᠨ᠎ᠠ᠃

ᠳᠠᠷᠠᠭ᠎ᠠ ᠨᠢ ᠬᠣᠯᠠᠯᠢᠪ ᠤᠳᠠᠳᠠ ᠵᠦᠵᠦᠭᠡᠴᠢᠨ ᠪᠣᠯᠵᠤ᠂ ᠺᠣᠨᠠᠨ-ᠸᠠᠷᠪᠤᠷᠲᠧᠷᠮᠢᠨᠠᠲ᠋ᠣᠷ ᠵᠡᠷᠭᠡ ᠺᠢᠨᠣᠨ ᠨᠤᠭᠤᠳ ᠢᠶᠠᠷ ᠢᠶᠠᠨ ᠠᠯᠳᠠᠷᠰᠢᠭᠰᠠᠨ᠃

2003 ᠣᠨ ᠳᠤ᠂ ᠠᠯᠪᠠᠨ ᠲᠤᠰᠢᠶᠠᠯ ᠠᠴᠠ ᠪᠠᠨ ᠡᠭᠡᠭᠦᠯᠦᠨ ᠲᠠᠲᠠᠭᠳᠠᠭᠰᠠᠨ ᠺᠠᠯᠢᠹᠣᠷᠨᠢ ᠮᠤᠵᠢ ᠤᠯᠤᠰ ᠤᠨ ᠵᠠᠬᠢᠷᠤᠭᠴᠢ ᠭᠷᠡᠢ ᠳᠡᠪᠢᠰᠡᠶᠢᠨ ᠣᠷᠣ ᠶᠢ ᠵᠠᠯᠭᠠᠬᠤ ᠬᠦᠮᠦᠨ ᠢ ᠲᠣᠳᠣᠷᠠᠭᠤᠯᠬᠤ ᠰᠣᠩᠭᠣᠭᠤᠯᠢ ᠳᠤ ᠪᠦᠭᠦᠳᠡ ᠨᠠᠶᠢᠷᠠᠮᠳᠠᠬᠤ ᠨᠠᠮ ᠠᠴᠠ ᠨᠡᠷ᠎ᠡ ᠳᠡᠪᠰᠢᠨ ᠢᠯᠠᠯᠲᠠ ᠪᠠᠶᠢᠭᠤᠯᠤᠨ᠂ ᠺᠠᠯᠢᠹᠣᠷᠨᠢ ᠮᠤᠵᠢ ᠤᠯᠤᠰ ᠤᠨ 38 ᠳᠠᠬᠢ ᠵᠠᠬᠢᠷᠤᠭᠴᠢ ᠪᠣᠯᠤᠭᠰᠠᠨ ᠪᠠᠶᠢᠨ᠎ᠠ᠃ 2006 ᠣᠨ ᠳᠤ ᠳᠠᠬᠢᠨ ᠰᠣᠩᠭᠣᠭᠳᠠᠵᠤ ᠪᠠᠶᠢᠴᠠᠢ᠃

ᠲᠡᠷᠡ ᠪᠡᠷ 1986 ᠣᠨ ᠳᠤ ᠮᠠᠷᠢᠶ᠎ᠠ ᠱᠷ ᠠᠤᠧᠷᠲᠡᠢ ᠭᠡᠷᠯᠡᠵᠦ᠂ 4 ᠬᠡᠦᠬᠡᠳ ᠲᠡᠢ ᠪᠣᠯᠤᠭᠰᠠᠨ᠃

ᠪᠢᠴᠢᠭᠡᠰᠦ