ᠠᠷᠤ ᠮᠣᠩᠭᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠤ ᠮᠣᠩᠭᠣᠯ᠂ 1932
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠠᠷᠤ ᠮᠣᠩᠭᠣᠯ ᠭᠡᠳᠡᠭ ᠨᠢ 1691-1911 ᠣᠨ ᠤ ᠬᠣᠭᠣᠷᠣᠨᠳᠣ ᠮᠠᠨᠵᠤ ᠴᠢᠩ ᠭᠦᠷᠦᠨ ᠦ ᠬᠠᠷᠢᠶᠠᠨ ᠳᠤ ᠣᠷᠣᠰᠢᠨ ᠪᠠᠶᠢᠭᠰᠠᠨ ᠡᠳᠦᠭᠡ ᠴᠠᠭ ᠤᠨ ᠮᠣᠩᠭᠣᠯ ᠤᠯᠤᠰ ᠪᠣᠯᠤᠨ ᠲᠤᠸᠠ ᠤᠯᠤᠰ ᠍ ᠢ ᠨᠡᠶᠢᠯᠡᠭᠦᠯᠦᠭᠰᠡᠨ ᠭᠠᠵᠠᠷ ᠨᠤᠲᠤᠭ ᠤᠨ ᠲᠡᠦᠬᠡᠨ ᠨᠡᠷᠡᠰᠢᠯ ᠶᠤᠮ᠃

ᠡᠨᠡ ᠨᠡᠷᠡᠰᠢᠯ ᠨᠢ ᠮᠠᠨᠵᠤ ᠶᠢᠨ ᠬᠠᠷᠢᠶᠠᠨ ᠳᠤ ᠪᠠᠶᠢᠬᠤ ᠦᠶ᠎ᠡ ᠳᠦ ᠮᠠᠨᠵᠤ ᠬᠡᠯᠡᠨ ᠦ ᠳᠣᠷᠭᠢ (ᠳᠣᠲᠣᠭᠠᠳᠤ), ᠲᠦᠯᠡᠷᠭᠢ (ᠭᠠᠳᠠᠭᠠᠳᠤ) ᠭᠡᠰᠡᠨ ᠤᠳᠬ᠎ᠠ ᠲᠠᠢ ᠦᠭᠡᠨ ᠡᠴᠡ ᠤᠯᠪᠠᠭᠠᠯᠠᠭᠰᠠᠨ ᠭᠠᠳᠠᠭᠠᠳᠤ ᠮᠣᠩᠭᠣᠯ ᠬᠡᠮᠡᠭᠳᠡᠳᠡᠭ ᠪᠠᠶᠢᠭᠰᠠᠨ ᠪᠥᠭᠡᠳ 1947 ᠣᠨ ᠳᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠰᠤᠨ ᠠᠴᠠ ᠬᠣᠶᠢᠰᠢ "ᠥᠪᠥᠷ ᠮᠣᠩᠭᠣᠯ" ᠭᠡᠳᠡᠭ ᠨᠡᠷᠡᠨ ᠦ ᠡᠰᠡᠷᠭᠦᠴᠡᠭᠦᠯᠦᠭᠰᠡᠨ ᠤᠳᠬ᠎ᠠ ᠪᠣᠯᠤᠨ "ᠠᠷᠤ ᠮᠣᠩᠭᠣᠯ" ᠬᠡᠮᠡᠭᠳᠡᠳᠡᠭ ᠪᠣᠯᠤᠭᠰᠠᠨ᠃

"ᠠᠷᠤ᠂ ᠥᠪᠥᠷ" ᠭᠡᠳᠡᠭ ᠨᠢ ᠮᠣᠩᠭᠣᠯ ᠬᠡᠯᠡᠡᠨᠳᠡ ᠭᠠᠳᠠᠨ᠎ᠠ᠂ ᠳᠣᠲᠣᠷ᠎ᠠ ᠭᠡᠰᠡᠨ ᠤᠳᠬ᠎ᠠ ᠶᠢ ᠢᠯᠡᠷᠬᠡᠶᠢᠯᠡᠬᠦ ᠦᠭᠡᠢ ᠪᠥᠭᠡᠳ᠂ ᠬᠠᠷᠢᠨ ᠨᠢᠭᠡ ᠴᠤᠯᠤ ᠪᠦᠬᠦᠯᠢ ᠶᠠᠭᠤᠮᠠᠨ ᠤ ᠬᠣᠶᠢᠳᠤ᠂ ᠤᠷᠳᠤ ᠡᠲᠡᠭᠡᠳ (ᠠᠭᠤᠯᠠ ᠶᠢᠨ ᠠᠷᠤ᠂ ᠥᠪᠥᠷ᠂ ᠳᠡᠪᠡᠯ ᠦᠨ ᠠᠷᠤ᠂ ᠥᠪᠥᠷ ᠭᠡᠬᠦ ᠵᠡᠷᠭᠡ ᠪᠡᠷ) ᠭᠡᠰᠡᠨ ᠤᠳᠬ᠎ᠠ ᠶᠢ ᠢᠯᠡᠷᠬᠡᠶᠢᠯᠡᠳᠡᠭ ᠶᠤᠮ᠃ ᠲᠡᠶᠢᠮᠦ ᠡᠴᠡ ᠮᠣᠩᠭᠣᠯᠴᠤᠳ ᠡᠳᠦᠭᠡ "ᠭᠠᠳᠠᠭᠠᠳᠤ ᠮᠣᠩᠭᠣᠯ" ᠭᠡᠬᠦ ᠶᠢᠨ ᠣᠷᠣᠨ ᠳᠤ ᠠᠷᠤ ᠮᠣᠩᠭᠣᠯ ᠭᠡᠬᠦ ᠨᠢ ᠡᠯᠪᠡᠭ ᠶᠤᠮ᠃

ᠪᠢᠴᠢᠭᠡᠰᠦ