ᠠᠷᠤ ᠬᠤᠷᠴᠢᠨ ᠬᠤᠰᠢᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
20140514104455-1553041425.jpg

ᠠᠷᠤ ᠬᠤᠷᠴᠢᠨ ᠬᠤᠰᠢᠭᠤ ᠨᠢ ᠦᠪᠦᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ  ᠤᠨ ᠵᠡᠬᠦᠨ ᠭᠡᠰᠡᠭ ᠂ ᠤᠯᠠᠭᠠᠨᠬᠠᠳᠠ ᠬᠤᠳᠠ  ᠶᠢᠨ ᠵᠡᠭᠦᠨ ᠬᠤᠢ᠋ᠲᠤ ᠭᠡᠰᠭ  ᠲᠤ ᠪᠠᠢ᠋ᠷᠠᠯᠠᠵᠤ ᠂ ᠵᠡᠭᠦᠨ ᠲᠠᠯ᠎ᠠ  ᠪᠠᠷ  ᠢᠶᠠᠨ ᠲᠦᠩᠯᠢᠶᠤᠤ ᠬᠤᠲᠠ  ᠶᠢᠨ ᠵᠠᠷᠤᠳ ᠬᠤᠰᠢᠭᠤ ᠂ ᠡᠮᠤᠨ᠎ᠠ ᠲᠠᠯ᠎ᠠ  ᠪᠠᠷ  ᠢᠶᠠᠨ ᠲᠦᠩᠯᠢᠶᠤᠤ ᠬᠤᠲᠠ  ᠶᠢᠨ ᠺᠠᠢ᠋ᠯᠤ ᠰᠢᠶᠠᠨ ᠪᠤᠯᠤᠨ ᠤᠯᠠᠭᠠᠨᠬᠠᠳᠠ ᠬᠤᠲᠠ  ᠶᠢᠨ ᠤᠩᠨᠢᠭᠤᠳ ᠬᠤᠰᠢᠭᠤ  ᠲᠠᠢ ᠵᠠᠯᠭᠠᠯᠳᠤᠵᠤ ᠂ ᠪᠠᠷᠠᠭᠤᠨ ᠲᠠᠯ᠎ᠠ  ᠪᠠᠷ  ᠢᠶᠠᠨ ᠤᠯᠠᠭᠠᠨᠬᠠᠳᠠ ᠬᠤᠳᠠ  ᠶᠢᠨ ᠪᠠᠭᠠᠷᠢᠨ ᠪᠠᠷᠠᠭᠤᠨ ᠬᠤᠰᠢᠭᠤ ᠪᠤᠯᠤᠨ ᠪᠠᠭᠠᠷᠢᠨ ᠵᠡᠭᠦᠨ ᠬᠤᠰᠢᠭᠤ  ᠲᠠᠢ ᠬᠦᠷᠰᠢᠯᠡᠵᠤ ᠂ ᠬᠤᠢ᠋ᠲᠤ ᠲᠠᠯ᠎ᠠ  ᠪᠠᠷ  ᠢᠶᠠᠨ ᠰᠢᠯᠢ  ᠶᠢᠨ ᠭᠤᠤᠯ ᠠᠢ᠋ᠮᠠᠭ  ᠤᠨ ᠪᠠᠷᠠᠭᠤᠨ ᠦᠵᠦᠮᠦᠴᠢᠨ ᠬᠤᠰᠢᠭᠤ  ᠲᠠᠢ ᠬᠢᠯᠢ ᠵᠠᠯᠭᠠᠯᠲᠤᠨ ᠂  ᠨᠡᠢ᠋ᠲᠠ  ᠨᠤᠲᠤᠭ ᠳᠠᠪᠢᠰᠬᠡᠷ  ᠤᠨ ᠲᠠᠯᠠᠪᠠᠢ  ᠨᠢ14277 ᠠᠮᠠ ᠳᠦᠷᠪᠡᠯᠵᠢᠨ ᠺᠢᠯᠤᠮᠸᠲᠷ ᠃ ᠭᠠᠵᠠᠷ ᠵᠦᠢ ᠶ᠋ᠢᠨ ᠪᠠᠶᠢᠷᠢᠯᠠᠯ ᠢᠶᠠᠷ ᠢᠶᠡᠨ ᠤᠮᠠᠷᠠᠲᠤ ᠦᠷᠭᠡᠷᠢᠭ ‍ᠤᠨ 43℃21′43″ ᠡᠴᠠ45℃24′20″ ᠂ ᠵᠡᠭᠦᠨ ᠤᠷᠲᠤᠷᠢᠭ ‍ᠤᠨ 119℃02′15″ ᠡᠴᠠ121℃01′ ᠳᠡᠭᠡᠷ᠎ᠡ ᠪᠠᠶᠢᠷᠢᠯᠠᠵᠤ ᠪᠡᠭᠡᠵᠢᠩ ‍ᠤᠨ ᠴᠠᠭ ᠲᠠᠢ ᠬᠠᠮᠤᠭ ᠤᠶᠢᠷ᠎ᠠ ᠪᠠᠶᠢᠳᠠᠭ ᠃

ᠠᠷᠤ ᠬᠤᠷᠴᠢᠨ ᠬᠤᠰᠢᠭᠤ  ᠨᠢ  ᠨᠢᠭᠡᠨ ᠮᠠᠯᠵᠢᠬᠤ  ᠪᠠᠷ ᠭᠤᠤᠯ ᠪᠤᠯᠭᠠᠭᠰᠠᠨ ᠬᠤᠰᠢᠭᠤ ᠪᠤᠯᠬᠤ  ᠶᠤᠮ ᠃2012  ᠤᠨ  ᠤ ᠬᠤᠰᠢᠭᠤᠨ  ᠤ ᠦᠢᠯᠡᠳᠪᠦᠷᠢᠯᠡᠯ  ᠤ  ᠨᠡᠢ᠋ᠲᠡ ᠦᠷᠳᠡᠭ  ᠨᠢ 91.7 ᠳᠤᠩᠰᠢᠭᠤᠷ ᠲᠦᠭᠦᠷᠢᠭ ᠃  ᠨᠡᠢ᠋ᠲᠠ ᠬᠦᠮᠤᠨ ᠠᠮᠠ  ᠨᠢ30 ᠭᠠᠷᠤᠢ ᠲᠦᠮᠡ ᠪᠠᠢ᠋ᠵᠤ ᠂ ᠬᠤᠰᠤᠭᠤᠨ ᠲᠦᠪ  ᠨᠢ ᠴᠢᠪᠠᠭ᠎ᠠ ᠪᠠᠯᠭᠠᠰᠤ ᠪᠤᠯᠤᠨ᠎ᠠ ᠃

ᠰᠤᠶᠤᠯ ᠲᠡᠤᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠤ ᠬᠤᠷᠴᠢᠨ ᠬᠤᠰᠢᠭᠤ  ᠨᠢ ᠦᠨᠢ ᠤᠳᠠᠭᠠᠨ ᠰᠤᠶᠤᠯ ᠲᠡᠤᠬᠡ  ᠶᠢᠨ ᠤᠯᠠᠮᠵᠢᠯᠠᠯ  ᠲᠠᠢ ᠃ ᠠᠯᠢ ᠡᠷᠲᠡ ᠰᠢᠨ᠎ᠡ ᠴᠢᠯᠠᠭᠤᠨ ᠵᠡᠪᠰᠡᠭ  ᠤᠨ ᠦᠶ᠎ᠡ ᠬᠦᠮᠦᠨ ᠲᠦᠷᠦᠯᠬᠢᠲᠡᠨ ᠤᠷᠤᠰᠢᠨ ᠰᠠᠭᠤᠵᠤ ᠪᠠᠢ᠋ᠭᠰᠠᠨ ᠤᠯᠠ ᠮᠦᠷ ᠪᠤᠢ ᠃ ᠡᠨᠳᠡᠬᠢ  ᠨᠢ ᠤᠮᠠᠷᠠᠲᠤ  ᠶᠢᠨ  ᠨᠡᠭᠦᠳᠡᠯᠴᠢᠳ  ᠤᠨ ᠤᠷᠤᠰᠢᠨ ᠰᠠᠭᠤᠵᠤ ᠪᠠᠢ᠋ᠭᠰᠠᠨ ᠴᠢᠬᠤᠯᠠ ᠭᠠᠵᠠᠷ  ᠤᠳ  ᠤᠨ  ᠨᠢᠭᠡ ᠪᠠᠢ᠋ᠵᠤ ᠂ ᠳ᠋ᠦᠩᠬᠤ  ᠠᠴᠠ ᠡᠬᠢᠯᠡᠨ ᠡᠾᠦ᠋ᠩᠨᠤ ( ᠬᠦᠮᠤᠨ ) ᠂ ᠰᠢᠶᠠᠨᠪᠢ ᠂ ᠬᠢᠳᠠᠨᠴᠤᠳ  ᠤᠨ ᠦᠯᠦᠭᠡᠢ ᠪᠤᠯᠬᠤ  ᠶᠤᠮ ᠃1546  ᠤᠨ  ᠳᠤ ᠴᠢᠩᠬᠢᠰ ᠬᠠᠭᠠᠨ  ᠤ ᠳᠡᠭᠦᠤ ᠬᠠᠪᠤᠲᠤ ᠬᠠᠰᠠᠷ  ᠤᠨ ᠠᠷᠪᠠᠨ ᠲᠠᠪᠤᠳᠤᠭᠠᠷ ᠦᠶ᠎ᠡ  ᠶᠢᠨ ᠬᠤᠢ᠋ᠴᠢ ᠪᠤᠯᠬᠤ ᠬᠦᠨᠳᠦᠯᠤᠨ  ᠲᠠᠢ᠋ᠰᠢ ᠡᠨᠳᠡ  ᠨᠡᠭᠦᠳᠡᠯᠡᠨ ᠢᠷᠡᠵᠤ  ᠨᠤᠳᠤᠭᠰᠢᠭᠰᠠᠨ  ᠠᠴᠠ ᠡᠬᠢᠯᠡᠨ ᠠᠷᠤ ᠬᠤᠷᠴᠢᠨ ᠬᠡᠮᠡᠨ  ᠨᠡᠷᠡᠢ᠋ᠳᠡᠭᠳᠡᠬᠦ ᠪᠤᠯᠪᠠ ᠃ ᠶᠤᠸᠠᠨ ᠤᠯᠤᠰ ‍ᠤᠨ ᠰᠡᠭᠦᠯᠴᠢ ᠶ᠋ᠢᠨ ᠬᠠᠭᠠᠨ ᠯᠢᠭᠳᠡᠨ ᠬᠤᠳᠤᠭᠲᠤ ᠬᠠᠭᠠᠨ ‍ᠤ ᠨᠡᠶᠢᠰᠯᠡᠯ ᠪᠤᠯᠬᠤ ᠴᠠᠭᠠᠨᠬᠤᠳᠠ ᠨᠢ ᠠᠷᠤ ᠬᠤᠷᠴᠢᠨ ᠬᠤᠰᠢᠭᠤᠨ ‍ᠤ ᠬᠠᠨᠰᠦ᠋ᠮ᠎ᠡ ᠰᠤᠮᠤ ᠶ᠋ᠢᠨ ᠨᠤᠲᠤᠭ ᠳᠡᠪᠢᠰᠭᠡᠷ ᠲᠦ ᠪᠤᠢ ᠃ ᠮᠦᠨ ᠮᠤᠩᠭᠤᠯ ᠬᠠᠭᠠᠨ ‍ᠤ ᠤᠷᠳᠤᠨ ‍ᠤ ᠬᠦᠭᠵᠢᠮ ‍ᠢ ᠦᠪᠯᠡᠵᠤ ᠦᠯᠡᠳᠡᠭᠰᠡᠨ ᠨᠤᠲᠤᠭ ᠪᠤᠯᠬᠤ ᠶᠤᠮ ᠃ ᠡᠭᠦᠨ ᠡᠴᠠ ᠭᠠᠳᠠᠨ᠎ᠠ 2009 ᠤᠨ  ᠤ ᠪᠦᠷᠢᠳᠭᠡᠯ ᠢᠶᠠᠷ ᠰᠤᠶᠤᠯ ᠲᠡᠤᠭᠡ ᠶ᠋ᠢᠨ ᠳᠤᠷᠠᠰᠬᠠᠯᠳᠤ ᠵᠦᠢᠯ 400 ᠭᠠᠷᠤᠢ ᠪᠠᠶᠢᠵᠤ ᠂ ᠬᠠᠭᠤᠴᠢᠨ ᠰᠦᠮ᠎ᠡ ᠭᠡᠶᠢᠳ ᠤᠯᠨᠲᠠᠢ ᠃ ᠡᠭᠦᠨ ᠳ᠋ᠥ ᠬᠠᠨᠰᠦ᠋ᠮ᠎ᠡ ᠂ ᠭᠸᠮᠫᠢ ᠶ᠋ᠢᠨ ᠰᠦᠮ᠎ᠡ ᠂ ᠪᠠᠯᠴᠢᠷᠤᠳ ᠰᠦᠮ᠎ᠡ ᠂ ᠳᠤᠤᠲᠠᠨ ᠰᠦᠮ᠎ᠡ ᠵᠡᠷᠭᠡ ᠪᠤᠢ ᠃

ᠬᠣᠰᠢᠭᠣᠨ ᠸᠠᠩ ᠂ ᠭᠡᠷᠭᠡᠮ  ᠳᠦ ᠪᠠᠢ᠋ᠭᠰᠠᠨ ᠤᠨ ᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠰᠢᠭᠣᠨ ᠸᠠᠩ ᠦᠶ᠎ᠡ ᠵᠠᠯᠭᠠᠮᠵᠢ ᠭᠡᠷᠭᠡᠮ  ᠳᠦ ᠪᠠᠢ᠋ᠭᠰᠠᠨ ᠤᠨ ᠵᠢᠯ
ᠲᠠᠯᠠᠢ
ᠮᠤᠣᠵᠢᠩ ᠲᠠᠯᠠᠢ ᠴᠦᠩᠬᠦᠷ  ᠨᠣᠶᠠᠨ  ᠦ ᠬᠦᠪᠡᠬᠦᠨ 1633 - 1648
ᠵᠤᠯᠵᠠᠭᠠᠨ ᠵᠢᠶᠦᠨ ᠸᠠᠩ ᠮᠤᠣᠵᠢᠩ  ᠤᠨ ᠬᠦᠪᠡᠭᠦᠨ 1648 - 1678
ᠰᠡᠷᠡᠩ ᠵᠢᠶᠦᠨ ᠸᠠᠩ ᠵᠤᠯᠵᠠᠭᠠᠨ  ᠦ ᠠᠬᠠᠮᠠᠳ ᠬᠦᠪᠡᠬᠦᠨ 1678 - 1688
ᠴᠤᠶᠢ ᠵᠢᠶᠦᠨ ᠸᠠᠩ ᠰᠠᠷᠠᠩ  ᠤᠨ ᠲᠡᠬᠦᠣ 1688 - 1704
ᠮᠤᠨᠢᠩ ᠪᠠᠢ᠋ᠯᠠ ᠴᠤᠶᠢ ᠶ᠋ᠢᠨ ᠬᠦᠪᠡᠬᠦᠨ 1704 - 1707
ᠸᠠᠩᠵᠢᠯ ᠪᠠᠢ᠋ᠯᠠ ᠰᠠᠷᠠᠩ  ᠤᠨ ᠬᠦᠪᠡᠬᠦᠨ 1707 - 1727
ᠲᠠᠭᠳᠠᠨᠸᠠᠩᠴᠤᠭ ᠪᠠᠢ᠋ᠯᠠ ᠸᠠᠩᠵᠢᠯ  ᠤᠨ ᠬᠦᠪᠡᠬᠦᠨ 1727 - 1786
ᠠᠷᠳᠠᠰᠠᠲᠢ ᠪᠠᠢ᠋ᠯᠠ ᠲᠠᠭᠳᠠᠨᠸᠠᠩᠴᠤᠭ  ᠤᠨ ᠬᠦᠪᠡᠬᠦᠨ 1786 - 1800
ᠲᠤᠷᠵᠢᠫᠠᠯᠠᠮᠤ ᠪᠠᠢ᠋ᠯᠠ ᠠᠷᠳᠠᠰᠠᠳᠢ ᠶ᠋ᠢᠨ ᠬᠦᠪᠡᠬᠦᠨ 1800 - 1816
ᠲᠠᠨᠵᠢᠨᠪᠠᠯᠰᠠᠩ ᠪᠠᠢ᠋ᠯᠠ ᠲᠤᠷᠵᠢᠫᠠᠯᠠᠮᠤ ᠶ᠋ᠢᠨ ᠬᠦᠪᠡᠬᠦᠨ 1816 - 1831
ᠵᠠᠮᠢᠶᠠᠨᠸᠠᠩᠴᠤᠭ ᠪᠠᠢ᠋ᠯᠠ ᠲᠠᠨᠵᠢᠨᠪᠠᠯᠰᠠᠩ  ᠤᠨ ᠲᠡᠬᠦᠣ 1831 - 1844
ᠷᠠᠰᠢᠵᠤᠩᠨᠠᠢ ᠪᠠᠢ᠋ᠯᠠ ᠵᠠᠮᠢᠶᠠᠨᠸᠠᠩᠴᠤᠭ  ᠤᠨ ᠬᠦᠪᠡᠬᠦᠨ 1844 - 1866
ᠪᠠᠽᠠᠷᠬᠢᠷᠢᠳᠢ ᠵᠢᠶᠦᠨ ᠸᠠᠩ ᠷᠠᠰᠢᠵᠤᠩᠨᠠᠢ ᠶ᠋ᠢᠨ ᠬᠦᠪᠡᠬᠦᠨ 1866 - 1916
ᠸᠠᠩᠴᠢᠨᠫᠧᠷᠯᠠᠢ ᠬᠦᠩ ᠪᠠᠽᠠᠷᠬᠢᠷᠢᠳᠢ ᠶ᠋ᠢᠨ ᠬᠦᠪᠡᠬᠦᠨ 1916 - 1945

ᠵᠠᠰᠠᠭ ᠵᠠᠬᠢᠷᠭᠠᠨ  ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠤ ᠬᠤᠷᠴᠢᠨ ᠬᠤᠰᠢᠭᠤ  ᠨᠢ ᠬᠠᠭᠤᠴᠢᠨ  ᠢᠶᠠᠷ  ᠢᠶᠠᠨ  ᠨᠡᠢ᠋ᠲᠡ

  • ᠴᠢᠪᠠᠭ᠎ᠠ ᠪᠠᠯᠭᠠᠰᠤ ᠂
  • ᠲᠢᠶᠠᠨ ᠱᠠᠨ ᠺᠸᠥ ᠪᠠᠯᠭᠠᠰᠤ ᠂
  • ᠱᠤᠸᠠᠩ ᠱᠸᠩ ᠪᠠᠯᠭᠠᠰᠤ ᠂
  • ᠪᠠᠶᠠᠨᠬᠤᠸᠠ ᠪᠠᠯᠭᠠᠰᠤ ᠂
  • ᠪᠠᠶᠠᠡᠡᠦ᠋ᠨᠳᠦᠷ ᠰᠤᠮᠤ ᠂
  • ᠬᠤᠨᠳᠤ ᠰᠤᠮᠤ ᠂
  • ᠪᠠᠶᠠᠨᠪᠤᠯᠠᠭ ᠰᠤᠮᠤ ᠂
  • ᠬᠠᠨᠰᠦ᠋ᠮ᠎ᠠ ᠰᠤᠮᠤ ᠂
  • ᠪᠠᠶᠠᠨᠲᠠᠯ᠎ᠠ ( ᠰᠠᠢ᠋ᠬᠠᠨᠲᠠᠯ᠎ᠠ ) ᠰᠤᠮᠤ ᠂
  • ᠵᠢᠭᠠᠰᠤᠲᠠᠢ ᠰᠤᠮᠤ ᠂
  • ᠪᠤᠯᠵᠤᠭ᠎ᠠ ᠰᠤᠮᠤ ᠂
  • ᠳᠤᠤᠲᠠᠨ ᠰᠤᠮᠤ ᠂
  • ᠴᠠᠢ᠋ᠳᠠᠮ ᠰᠤᠮᠤ ᠂
  • ᠱᠤᠤᠬᠢᠨ ᠰᠤᠮᠤ ᠂
  • ᠴᠠᠭᠠᠨᠨᠠᠭᠤᠷ ( ᠪᠠᠶᠠᠨᠨᠠᠭᠤᠷ ) ᠰᠤᠮᠤ ᠂
  • ᠪᠠᠯᠴᠢᠷᠤᠳ ᠰᠤᠮᠤ ᠂
  • ᠬᠦᠬᠡ ᠭᠡᠷ ᠰᠤᠮᠤ ᠂
  • ᠪᠠᠶᠠᠨᠪᠤᠲᠠ ᠰᠢᠶᠠᠩ ᠂
  • ᠵᠡᠬᠦᠨ ᠰᠢᠪᠠᠷᠲᠠᠢ ᠰᠢᠶᠠᠩ ᠂
  • ᠳᠤᠯᠤᠭᠠᠨ ᠪᠠᠢ᠋ᠰᠢᠩ ᠰᠢᠶᠠᠩ ᠂
  • ᠰᠢᠨ ᠮᠢᠨ ᠰᠢᠶᠠᠩ ᠂
  • ᠪᠠᠢ ᠴᠸᠩ ᠰᠢᠶᠠᠩ ᠂
  • ᠫᠢᠩ ᠠᠨ ᠳ᠋ᠢ ᠰᠢᠶᠠᠩ ᠂
  • ᠭᠠᠩ  ᠲᠠᠢ ᠰᠢᠶᠠᠩ ᠂
  • ᠰᠢᠶᠠᠨ ᠹᠸᠩ ᠰᠢᠶᠠᠩ ᠂
  • ᠤᠯᠠᠭᠠᠨᠬᠠᠳᠠ ᠰᠢᠶᠠᠩ ᠂
  • ᠴᠢᠨ᠋ᠸ᠎ᠠ  ᠶᠢᠨ ᠲᠠᠯ᠎ᠠ ᠰᠢᠶᠠᠩ ᠵᠡᠷᠭᠡ ᠰᠤᠮᠤ ᠰᠢᠶᠠᠩ ᠪᠠᠯᠭᠠᠰᠤ  ᠲᠠᠢ ᠃

ᠬᠦᠮᠦᠨ ᠠᠮᠠ ᠶᠢᠨ ᠪᠦᠷᠢᠯᠳᠦᠭᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ‍ᠤ ᠮᠡᠳᠡᠭᠡ ᠪᠠᠷ 2011 ᠤᠨ ‍ᠤᠨ ᠡᠴᠦᠰ ‍ᠤᠨ ᠪᠠᠶᠢᠳᠠᠯ ᠢᠶᠠᠷ ᠨᠡᠶᠢᠲᠡ 12120 ᠡᠷᠦᠬᠡ ᠂ 300315 ᠬᠦᠮᠦᠨ ᠲᠠᠢ ᠃ ᠡᠭᠦᠨ ᠳ᠋ᠤ ᠬᠤᠳᠠ ‍ᠤᠨ ᠬᠦᠮᠦᠨ ᠠᠮᠠ 55277 ᠪᠠᠶᠢᠵᠤ ᠂ ᠨᠡᠶᠢᠲᠡ ᠬᠦᠮᠦᠨ ᠠᠮᠠ ᠶ᠋ᠢᠨ18 ᠬᠤᠪᠢ ᠶ᠋ᠢ ᠡᠵᠡᠯᠡᠳᠡᠭ ᠃ ᠨᠡᠶᠢᠲᠡ ᠬᠦᠮᠦᠨ ᠠᠮᠠ ᠶ᠋ᠢᠨ152671 ᠬᠦᠮᠦᠨ ᠨᠢ ᠡᠷᠡᠭᠲᠡᠢ ᠪᠠᠶᠢᠵᠤ ᠂ 172100 ᠨᠢ ᠡᠮᠡᠭᠲᠡᠢ ᠪᠠᠶᠢᠳᠠᠭ ᠃ ᠬᠢᠳᠠᠳ ᠬᠦᠮᠦᠨ ᠨᠡᠶᠢᠲᠡ ᠬᠦᠮᠦᠨ ᠠᠮᠠ ᠶ᠋ᠢᠨ ᠤᠯᠠᠩᠬᠢ ᠲᠤᠭ᠎ᠠ ᠶ᠋ᠢ ᠡᠵᠡᠯᠡᠵᠤ ᠂172100 ᠬᠦᠮᠦᠨ ᠪᠠᠶᠢᠳᠠᠭ ᠃ ᠠᠯᠪᠠᠨ ᠪᠤᠰᠤ ᠲᠤᠭᠠᠴᠢᠭ᠎ᠠ ᠪᠠᠷ ᠮᠤᠩᠭᠤᠯ ᠦᠨᠳᠦᠰᠦᠲᠡᠨ11.3 ᠲᠦᠮᠡᠨ ᠬᠦᠮᠦᠨ ᠪᠤᠢ ᠃ ᠬᠤᠰᠢᠭᠤᠨ ‍ᠤ ᠬᠦᠮᠦᠨ ᠠᠮᠠ ᠶ᠋ᠢᠨ ᠠᠶᠠᠨᠳᠠᠭᠠᠨ ‍ᠤ ᠦᠰᠦᠯᠲᠠ ᠨᠢ ᠮᠢᠩᠭᠠᠨ ‍ᠤ 3.09 ᠬᠤᠪᠢ ᠲᠠᠢ ᠃ ᠠᠷᠤ ᠬᠤᠷᠴᠢᠨ ᠨᠢ ᠮᠤᠩᠭᠤᠯ ᠂ ᠬᠢᠳᠠᠳ ᠂ ᠮᠠᠨᠵᠤ ᠂ ᠬᠤᠲᠤᠩ ᠃ ᠲᠦᠪᠡᠳ ᠂ ᠰᠤᠯᠤᠩᠭᠤᠰ ᠂ ᠳᠠᠭᠤᠷ ᠂ ᠵᠡᠷᠭᠡ ᠠᠷᠪᠠᠨ ᠨᠢᠭᠡᠨ ᠦᠨᠳᠦᠰᠦᠲᠡᠨ ᠢᠶᠠᠷ ᠪᠦᠷᠢᠯᠳᠦᠭᠰᠡᠨ ᠬᠤᠰᠢᠭᠤ ᠪᠤᠯᠤᠨ᠎ᠠ ᠃

ᠠᠷᠤ ᠬᠣᠷᠴᠢᠨ ᠬᠣᠰᠢᠭᠤᠨ.jpg

ᠬᠤᠯᠪᠤᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]


ᠲᠣᠰ ᠦᠬᠦᠯᠡᠯ ᠦᠨ ᠨᠡᠮᠡᠷᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

Tsende᠂ ᠪᠠᠶᠠᠨᠵᠢᠷᠭᠠᠯ

ᠵᠠᠭᠪᠤᠷ:ᠠᠷᠤ ᠬᠤᠷᠴᠢᠨ ᠬᠣᠰᠢᠭᠣᠨ  ᠤ ᠵᠠᠰᠠᠭ ᠵᠠᠬᠢᠷᠭᠠᠨ ᠤ ᠬᠤᠪᠢᠶᠠᠷᠢ

ᠪᠢᠴᠢᠭᠡᠰᠦ