ᠬᠣᠶᠢᠳᠤ ᠣᠰᠧᠲ-ᠠᠯᠠᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠠᠷᠤ ᠣᠰᠧᠲ – ᠠᠯᠠᠨ ᠣᠷᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠬᠣᠶᠢᠳᠤ ᠣᠰᠧᠲ-ᠠᠯᠤᠩ ᠦᠨ ᠪᠦᠭᠦᠳᠡ ᠨᠠᠶᠢᠷᠠᠮᠳᠠᠬᠤ ᠤᠯᠤᠰ (ᠮᠣᠩᠭᠣᠯ)
ᠷᠧᠰᠫᠦᠪᠯᠢᠺᠠ ᠰᠧᠸᠧᠷᠨᠠᠶ᠎ᠠ ᠣᠰᠧᠲ᠋ᠢᠶ᠎ᠠ-ᠠᠯᠠᠨᠢᠶ᠎ᠠ (ᠣᠷᠣᠰ)
ᠷᠧᠰᠫᠦᠪᠯᠢᠺӕ ᠴӕᠭᠠ ᠳᠤ ᠢᠷ ᠤᠰᠲᠠᠨ — ᠠᠯᠠᠨᠢ (ᠣᠰᠧᠲ)
Map of Russia - Republic of North Ossetia-Alania (2008-03).svg
<tr bgcolor="#E5E4E2">

<th align="center">ᠰᠦᠯᠳᠡ</th> <th align="center">ᠳᠠᠯᠪᠠᠭ᠎ᠠ</th> </tr><tr> <th style="vertical-align:middle; text-align:center;">Coat of Arms of North Ossetia-Alania.png
</th> <th style="vertical-align:middle; text-align:center;">Flag of North Ossetia.svg
</th></tr>

ᠲᠥᠷᠥ ᠶᠢᠨ ᠳᠠᠭᠤᠯᠠᠯ: n/a
ᠨᠡᠶᠢᠰᠯᠡᠯ ᠸᠯᠠᠳᠢᠺᠠᠸᠬᠠᠰ
ᠪᠠᠶᠢᠭᠤᠯᠤᠭᠳᠠᠭᠰᠠᠨ 1924 ᠣᠨ ᠤ 7 ᠰᠠᠷ᠎ᠠ ᠶᠢᠨ 7
ᠠᠩᠬᠢᠯᠠᠯ
ᠬᠣᠯᠪᠣᠭᠠᠨ ᠤ ᠲᠣᠭᠣᠷᠢᠭ
ᠡᠳ᠋ ᠍ ᠦᠨ ᠵᠠᠰᠠᠭ ᠤᠨ ᠪᠥᠰᠡ
ᠪᠦᠭᠦᠳᠡ ᠨᠠᠶᠢᠷᠠᠮᠳᠠᠬᠤ ᠤᠯᠤᠰ
ᠡᠮᠦᠨᠡᠲᠦ
ᠬᠣᠶᠢᠳᠤ ᠺᠠᠸᠬᠠᠰ
ᠺᠣᠳ᠋ 15
ᠭᠠᠵᠠᠷ ᠣᠷᠣᠨ
ᠨᠤᠲᠤᠭ ᠤᠨ ᠬᠡᠮᠵᠢᠶ᠎ᠡ
- ᠣᠷᠣᠰ ᠬᠣᠯᠪᠣᠭᠠᠨ ᠤ ᠤᠯᠤᠰ ᠳᠠᠬᠢ ᠳᠡᠰ
8,000 км²
8000
ᠬᠦᠮᠦᠨ ᠠᠮᠠ ᠵᠦᠢ (2002 ᠣᠨ ᠤ ᠲᠣᠭᠠᠯᠠᠯᠭ᠎ᠠ)
ᠬᠦᠮᠦᠨ ᠠᠮᠠ ᠶᠢᠨ ᠲᠣᠭ᠎ᠠ
- ᠣᠷᠣᠰ ᠬᠣᠯᠪᠣᠭᠠᠨ ᠤ ᠤᠯᠤᠰ ᠳᠠᠬᠢ ᠳᠡᠰ
- ᠨᠢᠭᠲᠠᠷᠠᠯ
- ᠬᠣᠲᠠ ᠶᠢᠨ
- ᠬᠥᠳᠡᠭᠡᠨ ᠦ
710,275 ᠬᠦᠮᠦᠨ
68
88.8 ᠬᠦᠮᠦᠨ / км²
65.5%
34.5%
ᠠᠯᠪᠠᠨ ᠶᠣᠰᠣᠨ ᠤ ᠬᠡᠯᠡᠨ ᠨᠦᠭᠦᠳ ᠣᠷᠣᠰᠣᠰᠧᠲ
ᠵᠠᠰᠠᠭ ᠤᠨ ᠭᠠᠵᠠᠷ
ᠲᠥᠷᠥ ᠶᠢᠨ ᠲᠡᠷᠢᠭᠦᠨ ᠲᠠᠶᠢᠮᠤᠷᠠᠽ ᠮᠠᠮᠰᠤᠷᠠᠪᠠ<tr><td>ᠵᠠᠰᠠᠭ ᠤᠨ ᠭᠠᠵᠠᠷ ᠤᠨ ᠲᠡᠷᠢᠭᠦᠨ</td><td>ᠨᠢᠺᠣᠯᠠᠢ ᠬᠷ ᠤᠨᠴᠣᠪ</td></tr>
ᠬᠠᠤᠯᠢ ᠲᠣᠭᠲᠠᠭᠠᠬᠤ ᠪᠠᠶᠢᠭᠤᠯᠤᠯᠭ᠎ᠠ ᠫᠠᠷᠯᠠᠮᠧᠨᠲ
ᠦᠨᠳᠦᠰᠦᠨ ᠬᠠᠤᠯᠢ ᠬᠣᠶᠢᠳᠤ ᠣᠰᠧᠲ-ᠠᠯᠤᠩ ᠦᠨ ᠪᠦᠭᠦᠳᠡ ᠨᠠᠶᠢᠷᠠᠮᠳᠠᠬᠤ ᠤᠯᠤᠰ ᠤᠨ ᠦᠨᠳᠦᠰᠦᠨ ᠬᠠᠤᠯᠢ
ᠠᠯᠪᠠᠨ ᠶᠣᠰᠣᠨ ᠤ ᠴᠠᠬᠢᠮ ᠰᠦᠯᠵᠢᠶ᠎ᠡ
http://www.rso-a.ru/
Alania 10 12.png
North ossetia alania map.png

ᠬᠣᠶᠢᠳᠤ ᠣᠰᠧᠲ-ᠠᠯᠤᠩ ᠦᠨ ᠪᠦᠭᠦᠳᠡ ᠨᠠᠶᠢᠷᠠᠮᠳᠠᠬᠤ ᠤᠯᠤᠰ (ᠣᠷᠣᠰ ᠶᠢᠡᠷ ᠷᠧᠰᠫᠦᠪᠯᠢᠺᠠ ᠰᠧᠸᠧᠷᠨᠠᠶ᠎ᠠ ᠣᠰᠧᠲ᠋ᠢᠶ᠎ᠠ - ᠠᠯᠠᠨᠢᠶ᠎ᠠ) ᠨᠢ ᠣᠷᠣᠰ ᠤᠨ ᠬᠣᠯᠪᠣᠭᠠᠨ ᠤ ᠤᠯᠤᠰ ᠍ ᠤᠨ ᠡᠮᠦᠨᠡᠲᠦ ᠬᠣᠯᠪᠣᠭᠠᠨ ᠤ ᠲᠣᠭᠣᠷᠢᠭ ᠲᠤ ᠬᠠᠮᠢᠶᠠᠷᠬᠤ ᠪᠦᠭᠦᠳᠡ ᠨᠠᠶᠢᠷᠠᠮᠳᠠᠬᠤ ᠤᠯᠤᠰ ᠶᠤᠮ᠃ ᠨᠡᠶᠢᠰᠯᠡᠯ ᠨᠢ ᠸᠯᠠᠳᠢᠺᠠᠸᠬᠠᠰ.

ᠡᠮᠦᠨ᠎ᠡ ᠲᠠᠯ᠎ᠠ ᠪᠠᠷ ᠢᠶᠠᠨ ᠭᠦᠷᠦᠵᠢᠶ ᠠ ᠤᠯᠤᠰ᠂ ᠪᠠᠷᠠᠭᠤᠨ ᠲᠠᠯ᠎ᠠ ᠪᠠᠷ ᠢᠶᠠᠨ ᠺᠠᠪᠠᠷᠳᠢᠨ᠎ᠠ-ᠪᠠᠯᠺᠠᠷ᠂ ᠵᠡᠭᠦᠨ ᠲᠠᠯ᠎ᠠ ᠪᠠᠷ ᠢᠶᠠᠨ ᠢᠩᠬᠤᠱᠧᠲ᠂ ᠬᠣᠶᠢᠳᠤ ᠲᠠᠯ᠎ᠠ ᠪᠠᠷ ᠢᠶᠠᠨ ᠰᠲ᠋ᠠᠦ᠋ᠷᠣᠫᠣᠯᠣ ᠶᠢᠨ ᠬᠢᠵᠠᠭᠠᠷᠲᠠᠢ ᠬᠢᠯᠢᠯᠡᠨ᠎ᠡ᠃

ᠣᠰᠧᠲ᠋ᠴᠤᠳ ᠨᠢ ᠫᠧᠷᠰ ᠢᠵᠠᠭᠤᠷ ᠤᠨ ᠣᠰᠧᠲ ᠬᠡᠯᠡᠡᠭᠡᠷᠡ ᠶᠠᠷᠢᠯᠴᠠᠬᠤ ᠪᠥᠭᠡᠳ ᠦᠨᠡᠨ ᠠᠯᠳᠠᠷᠲᠠᠨ ᠤ ᠱᠠᠰᠢᠨ ᠰᠢᠲᠦᠯᠭᠡᠲᠡᠨ ᠦ ᠬᠤᠪᠢ ᠶᠡᠬᠡ ᠲᠤᠯᠠ ᠺᠠᠸᠬᠠᠰ ᠤᠨ ᠪᠤᠰᠤᠳ ᠦᠨᠳᠦᠰᠦᠲᠡᠨ ᠨᠦᠭᠦᠳ ᠪᠣᠯᠬᠤ ᠴᠧᠴᠡᠨᠢ ᠵᠡᠷᠭᠡ ᠮᠥᠰᠥᠯᠢᠮ ᠦᠳ ᠣᠯᠠᠨ ᠲᠠᠢ ᠦᠨᠳᠦᠰᠦᠲᠡᠨ ᠨᠦᠭᠦᠳ ᠲᠡᠢ ᠬᠠᠷᠢᠴᠠᠭᠤᠯᠪᠠᠯ ᠣᠷᠣᠰ ᠲᠤ ᠲᠠᠯ᠎ᠠ ᠲᠠᠢ ᠬᠠᠨᠳᠤᠳᠠᠭ᠃ ᠡᠮᠦᠨᠡᠲᠦ ᠣᠰᠧᠲ ᠨᠢ ᠠᠯᠪᠠᠨ ᠶᠣᠰᠣᠭᠠᠷ ᠭᠦᠷᠦᠵᠢᠶ ᠠ ᠤᠯᠤᠰ ᠲᠤ ᠬᠠᠷᠢᠶᠠᠯᠠᠭᠳᠠᠳᠠᠭ ᠴᠤ ᠣᠷᠣᠰ ᠲᠠᠢ᠂ ᠬᠣᠶᠢᠳᠤ ᠣᠰᠧᠲ ᠲᠡᠢ ᠨᠢᠭᠡ ᠳᠦ ᠬᠢ ᠡᠷᠡᠮᠡᠯᠵᠡᠯ ᠲᠡᠢ ᠪᠥᠭᠡᠳ ᠲᠡᠳᠡᠨ ᠦ ᠲᠤᠰᠠᠭᠠᠷ ᠲᠣᠭᠲᠠᠨᠢᠯ ᠢ ᠣᠷᠣᠰ ᠬᠣᠯᠪᠣᠭᠠᠨ ᠤ ᠤᠯᠤᠰ ᠬᠦᠯᠢᠶᠡᠨ ᠵᠥᠪᠰᠢᠶᠡᠷᠡᠭᠡᠳ ᠪᠤᠢ ᠵᠥᠷᠢᠴᠡᠯᠳᠦᠭᠡᠨ ᠲᠡᠢ ᠪᠥᠰᠡ ᠨᠤᠲᠤᠭ ᠪᠣᠯᠤᠨ᠎ᠠ᠃

ᠲᠡᠭᠦᠨ ᠡᠴᠡ ᠭᠠᠳᠠᠨ᠎ᠠ ᠢᠩᠬᠤᠱᠧᠲ ᠲᠡᠢ ᠴᠤ ᠭᠠᠵᠠᠷ ᠨᠤᠲᠤᠭ ᠤᠨ ᠮᠠᠷᠭᠤᠭᠠᠨ ᠲᠠᠢ ᠪᠠᠶᠢᠳᠠᠭ᠃ ᠴᠧᠴᠧᠨ ᠦ ᠳᠠᠶᠢᠨᠢ ᠦᠶ᠎ᠡ ᠪᠡᠷ ᠣᠷᠣᠰ ᠬᠣᠯᠪᠣᠭᠠᠨ ᠤ ᠤᠯᠤᠰ ᠤᠨ ᠠᠷᠮᠢ ᠶᠢᠨ ᠲᠦᠰᠢᠴᠡ ᠭᠠᠵᠠᠷ ᠪᠣᠯᠤᠨ ᠠᠰᠢᠭᠯᠠᠭᠳᠠᠵᠤ ᠪᠠᠶᠢᠪᠠ᠃ 2004 ᠣᠨ ᠤ 9 ᠰᠠᠷ᠎ᠠ ᠳᠤ ᠲᠤᠰ ᠤᠯᠤᠰ ᠤᠨ ᠪᠧᠰᠯᠠᠨ ᠬᠣᠳᠠ ᠳᠤ ᠴᠧᠴᠧᠨ ᠦ ᠰᠠᠯᠠᠩ ᠲᠤᠰᠠᠭᠠᠷᠯᠠᠭᠴᠢ ᠳᠤ ᠳᠤᠮᠳᠠ ᠰᠤᠷᠭᠠᠭᠤᠯᠢ ᠶᠢᠨ ᠪᠠᠶᠢᠷᠢᠨ ᠳᠤ ᠨᠡᠪᠲᠡᠷᠡᠨ ᠣᠷᠣᠵᠤ ᠬᠡᠦᠬᠡᠳ ᠦᠳ ᠢ ᠪᠠᠷᠢᠴᠠᠭᠠᠯᠠᠨ᠂ 350 ᠭᠠᠷᠤᠢ ᠬᠦᠮᠦᠨ ᠨᠠᠰᠤ ᠪᠠᠷᠠᠭᠰᠠᠨ ᠡᠮᠭᠡᠨᠢᠯ ᠳᠦ ᠬᠡᠷᠡᠭ ᠭᠠᠷᠴᠤ ᠪᠠᠶᠢᠴᠠᠢ᠃

ᠨᠡᠷᠡᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠢᠳᠤ ᠣᠰᠧᠲ ᠤᠨ ᠪᠦᠭᠦᠳᠡ ᠨᠠᠶᠢᠷᠠᠮᠳᠠᠬᠤ ᠤᠯᠤᠰ ᠬᠡᠮᠡᠨ ᠨᠡᠷᠡᠯᠡᠭᠳᠡᠳᠡᠭ ᠪᠠᠶᠢᠭᠠᠳ 1996 ᠣᠨ ᠤ 1 ᠰᠠᠷ᠎ᠠ ᠶᠢᠨ 9 ᠍ ᠳᠦ ᠬᠣᠶᠢᠳᠤ ᠣᠰᠧᠲ-ᠠᠯᠤᠩ ᠦᠨ ᠪᠦᠭᠦᠳᠡ ᠨᠠᠶᠢᠷᠠᠮᠳᠠᠬᠤ ᠤᠯᠤᠰ ᠪᠣᠯᠭᠠᠵᠤ ᠨᠡᠷ᠎ᠡ ᠪᠡᠨ ᠥᠭᠡᠷᠡᠴᠢᠯᠡᠵᠡᠢ᠃ ᠮᠣᠩᠭᠣᠯ ᠳᠤ ᠬᠠᠭᠤᠴᠢᠨ ᠨᠡᠷ᠎ᠡ ᠪᠡᠷ ᠨᠢ ᠬᠣᠶᠢᠳᠤ ᠣᠰᠧᠲ ᠭᠡᠵᠦ ᠲᠠᠭᠤᠳᠠᠬᠤ ᠨᠢ ᠲᠦᠭᠡᠮᠡᠯ᠃

ᠠᠯᠠᠨᠢ ᠭᠡᠳᠡᠭ ᠨᠢ ᠣᠰᠧᠲ᠋ᠴᠤᠳ ᠤᠨ ᠤᠭ ᠢᠵᠠᠭᠤᠷ ᠪᠣᠯᠬᠤ ᠠᠯᠠᠩᠴᠢ ᠨᠤᠭᠤᠳ ᠤᠨ ᠨᠡᠷᠡᠨ ᠡᠴᠡ ᠭᠠᠷᠤᠯ ᠲᠠᠢ ᠲᠡᠦᠬᠡᠨ ᠨᠡᠷ᠎ᠡ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠢᠳᠤ ᠣᠰᠧᠲ ᠳᠠᠬᠢ ᠣᠰᠧᠲ᠋ᠴᠤᠳ ᠣᠷᠣᠰ ᠤᠳ ᠺᠠᠸᠬᠠᠰ ᠲᠤ ᠨᠡᠪᠲᠡᠷᠡᠬᠦ ᠡᠴᠡ ᠡᠮᠦᠨ᠎ᠡ ᠲᠡᠳᠡ ᠺᠠᠪᠠᠷᠳ᠋ ᠍ ᠤᠳ ᠤᠨ ᠬᠠᠷᠢᠶᠠᠨ ᠳᠤ ᠪᠠᠶᠢᠭᠰᠠᠨ ᠪᠥᠭᠡᠳ 17-19 ᠍ ᠳᠦᠭᠡᠷ ᠵᠠᠭᠤᠨ ᠳᠤ ᠣᠷᠣᠰ ᠤᠨ ᠡᠷᠬᠡᠰᠢᠶᠡᠯ ᠳᠦ ᠣᠷᠣᠬᠤ ᠳᠤ ᠣᠰᠧᠲ᠋ᠴᠤᠳ ᠴᠤ ᠪᠠᠰᠠ ᠬᠠᠭᠠᠨᠲᠤ ᠣᠷᠣᠰ ᠤᠯᠤᠰ ᠍ ᠤᠨ ᠪᠦᠷᠢᠯᠳᠦᠬᠦᠨ ᠳᠦ ᠪᠠᠭᠲᠠᠵᠠᠢ᠃

ᠣᠺᠲ᠋ᠢᠶᠠᠪᠧᠷ ᠤᠨ ᠬᠤᠪᠢᠰᠬᠠᠯ ᠍ ᠤᠨ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠪᠠᠶᠢᠭᠤᠯᠤᠭᠳᠠᠬᠤ ᠳᠤ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠣᠷᠣᠰ ᠤᠯᠤᠰ ᠤᠨ ᠪᠦᠷᠢᠯᠳᠦᠬᠦᠨ ᠳᠦ ᠣᠷᠣᠭᠰᠠᠨ ᠬᠣᠶᠢᠳᠤ ᠣᠰᠧᠲ ᠨᠢ ᠠᠦ᠋ᠲ᠋ᠣᠨᠣᠮᠢ ᠳᠤ ᠡᠷᠬᠡ ᠲᠡᠢ ᠮᠤᠵᠢ ᠪᠣᠯᠤᠨ 1924 ᠣᠨ ᠤ 7 ᠰᠠᠷ᠎ᠠ ᠶᠢᠨ 7 ᠍ ᠳᠦ ᠵᠣᠬᠢᠶᠠᠨ ᠪᠠᠶᠢᠭᠤᠯᠤᠭᠳᠠᠭᠰᠠᠨ ᠪᠠᠶᠢᠨ᠎ᠠ᠃ ᠣᠰᠧᠲ᠋ᠴᠤᠳ ᠤᠨ ᠠᠭᠤᠭᠤᠯ ᠨᠤᠲᠤᠭ ᠨᠢ ᠸᠯᠠᠳᠢᠺᠠᠸᠬᠠᠰᠠ ᠠᠴᠠ ᠪᠠᠷᠠᠭᠤᠨ ᠲᠡᠰᠢ ᠪᠠᠶᠢᠭᠰᠠᠨ ᠲᠤᠯᠠ ᠠᠩᠬ᠎ᠠ ᠪᠠᠶᠢᠭᠤᠯᠤᠭᠳᠠᠬᠤ ᠳᠤ ᠪᠠᠨ ᠣᠳᠣ ᠶᠢᠨ ᠭᠠᠵᠠᠷ ᠨᠤᠲᠤᠭ ᠤᠨ ᠪᠠᠷᠠᠭᠤᠨ ᠬᠡᠰᠡᠭ ᠢ ᠯᠠ ᠪᠠᠭᠲᠠᠭᠠᠵᠤ ᠪᠠᠶᠢᠴᠠᠢ᠃

ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠪᠡᠷ 1944 ᠣᠨ ᠳᠤ ᠵᠡᠭᠦᠨ ᠲᠠᠯ᠎ᠠ ᠳᠤ ᠤᠷᠤᠰᠢᠬᠤ ᠴᠧᠴᠡᠨᠢ-ᠢᠩᠬᠤᠰᠢ ᠶᠢᠨ ᠠᠦ᠋ᠲ᠋ᠣᠨᠣᠮᠢᠲᠤ ᠪᠦᠭᠦᠳᠡ ᠨᠠᠶᠢᠷᠠᠮᠳᠠᠬᠤ ᠤᠯᠤᠰ ᠤᠨ ᠢᠷᠭᠡᠳ ᠪᠣᠯᠬᠤ ᠴᠧᠴᠡᠨᠢᠢᠩᠬᠤᠰᠢᠭᠤᠳ ᠢᠣᠰᠢᠹ ᠰᠲ᠋ᠠᠯᠢᠨᠢ ᠲᠤᠰᠢᠶᠠᠯ ᠢᠶᠠᠷ ᠳᠤᠮᠳᠠᠳᠤ ᠠᠽᠢᠶ᠎ᠠ ᠷᠤ ᠴᠥᠯᠡᠭᠳᠡᠭᠰᠡᠨ ᠢᠶᠡᠷ ᠬᠥᠷᠰᠢ ᠤᠯᠤᠰ ᠪᠣᠯᠬᠤ ᠬᠣᠶᠢᠳᠤ ᠣᠰᠧᠲ ᠤᠨ ᠭᠠᠵᠠᠷ ᠨᠤᠲᠤᠭ ᠦᠯᠡᠮᠵᠢ ᠨᠡᠮᠡᠭᠳᠡᠭᠰᠡᠨ ᠠᠵᠢ᠃ ᠡᠶᠢᠨᠬᠦᠦ ᠬᠢᠯᠢ ᠶᠢᠨ ᠵᠤᠷᠪᠤᠰ ᠤᠨ ᠰᠠᠭᠤᠷᠢᠨ ᠸᠯᠠᠳᠢᠺᠠᠸᠬᠠᠰ (ᠬᠠᠭᠤᠴᠢᠨ ᠢᠶᠠᠷ ᠣᠷᠣᠵᠢᠨᠢᠺᠢᠽᠧ) ᠨᠢ ᠬᠣᠶᠢᠳᠤ ᠣᠰᠧᠲ ᠤᠨ ᠲᠥᠪ ᠪᠣᠯᠤᠨ ᠴᠡᠴᠡᠭᠯᠡᠵᠦ᠂ ᠨᠡᠶᠢᠰᠯᠡᠯ ᠨᠢ ᠪᠣᠯᠤᠭᠰᠠᠨ ᠪᠠᠶᠢᠨ᠎ᠠ᠃ ᠰᠲ᠋ᠠᠯᠢᠨ ᠢ ᠨᠠᠰᠤ ᠪᠠᠷᠠᠭᠰᠠᠨ ᠤ ᠳᠠᠷᠠᠭ᠎ᠠ ᠴᠧᠴᠡᠨᠢ᠂ ᠢᠩᠬᠤᠰᠢᠭᠤᠳ ᠺᠠᠸᠬᠠᠰ ᠲᠤ ᠪᠠᠨ ᠪᠤᠴᠠᠵᠤ ᠢᠷᠡᠬᠦ ᠨᠢ ᠵᠥᠪᠰᠢᠶᠡᠷᠡᠭᠳᠡᠵᠦ᠂ ᠠᠦ᠋ᠲ᠋ᠣᠨᠣᠮᠢᠲᠤ ᠪᠦᠭᠦᠳᠡ ᠨᠠᠶᠢᠷᠠᠮᠳᠠᠬᠤ ᠤᠯᠤᠰ ᠨᠢ ᠳᠠᠬᠢᠨ ᠪᠠᠶᠢᠭᠤᠯᠤᠭᠳᠠᠭᠰᠠᠨ ᠴᠤ ᠸᠯᠠᠳᠢᠺᠠᠸᠬᠠᠰ ᠣᠷᠴᠢᠮ ᠤᠨ ᠨᠤᠲᠤᠭ ᠬᠣᠶᠢᠳᠤ ᠣᠰᠧᠲ᠋ᠢᠳ᠋ ᠦᠯᠡᠳᠡᠵᠡᠢ᠃ ᠡᠨᠡ ᠨᠢ ᠬᠣᠵᠢᠮ ᠤᠨ ᠦᠨᠳᠦᠰᠦᠲᠡᠨ ᠬᠣᠭᠣᠷᠣᠨᠳᠣ ᠶᠢᠨ ᠵᠥᠷᠢᠴᠡᠯ ᠢ ᠪᠤᠢ ᠪᠣᠯᠭᠠᠭᠰᠠᠨ ᠪᠠᠶᠢᠨ᠎ᠠ᠃

1991 ᠣᠨ ᠳᠤ ᠵᠥᠪᠯᠡᠯᠲᠦ ᠬᠣᠯᠪᠣᠭᠠᠲᠤ ᠤᠯᠤᠰ ᠪᠤᠲᠠᠷᠠᠬᠤ ᠳᠤ ᠣᠷᠣᠰ ᠬᠣᠯᠪᠣᠭᠠᠨ ᠤ ᠤᠯᠤᠰ ᠤᠨ ᠪᠦᠷᠢᠯᠳᠦᠬᠦᠨ ᠦ ᠪᠦᠭᠦᠳᠡ ᠨᠠᠶᠢᠷᠠᠮᠳᠠᠬᠤ ᠤᠯᠤᠰ ᠪᠣᠯᠤᠭᠰᠠᠨ ᠪᠥᠭᠡᠳ 1992 ᠣᠨ ᠳᠤ ᠴᠧᠴᠡᠨᠢ-ᠢᠩᠬᠤᠱ ᠤᠯᠤᠰ 2 ᠬᠤᠪᠢᠶᠠᠭᠳᠠᠵᠤ᠂ ᠢᠩᠬᠤᠱ ᠤᠯᠤᠰ ᠲᠤᠩ ᠪᠠᠭ᠎ᠠ ᠭᠠᠵᠠᠷ ᠨᠤᠲᠤᠭ ᠲᠠᠢ ᠪᠣᠯᠤᠭᠰᠠᠨ ᠴᠤ ᠬᠠᠭᠤᠴᠢᠨ ᠨᠤᠲᠤᠭ ᠪᠣᠯᠬᠤ ᠸᠯᠠᠳᠢᠺᠠᠸᠬᠠᠰ ᠣᠷᠴᠢᠮ ᠤᠨ ᠨᠤᠲᠤᠭ ᠢ ᠥᠪᠡᠷ ᠦᠨ ᠬᠢ ᠪᠣᠯᠭᠠᠨ ᠵᠠᠷᠯᠠᠭᠰᠠᠨ ᠢᠶᠠᠷ ᠵᠡᠪᠰᠡᠭᠲᠦ ᠮᠥᠷᠭᠥᠯᠳᠦᠭᠡᠨ ᠳᠦ ᠬᠦᠷᠴᠦ᠂ ᠣᠷᠣᠰ ᠬᠣᠯᠪᠣᠭᠠᠨ ᠤ ᠤᠯᠤᠰ ᠠᠷᠮᠢ ᠪᠠᠨ ᠣᠷᠣᠭᠤᠯᠤᠨ ᠠᠰᠠᠭᠤᠳᠠᠯ ᠢ ᠰᠢᠢᠳᠴᠦ᠂ ᠬᠢᠯᠢ ᠶᠢᠨ ᠵᠤᠷᠪᠤᠰ ᠬᠠᠭᠤᠴᠢᠨ ᠬᠡᠪ ᠢᠶᠡᠷ ᠬᠠᠳᠠᠭᠠᠯᠠᠭᠳᠠᠭᠰᠠᠨ ᠪᠠᠶᠢᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠶᠢᠨ 53% ᠨᠢ ᠣᠰᠧᠲ᠂ 30% ᠨᠢ ᠣᠷᠣᠰ᠂ 5% ᠨᠢ ᠢᠩᠬᠤᠱ᠂ ᠮᠥᠨ ᠠᠷᠮᠧᠨᠭᠦᠷᠵᠢ ᠨᠦᠭᠦᠳ ᠣᠷᠣᠰᠢᠨ ᠰᠠᠭᠤᠨ᠎ᠠ᠃

ᠪᠢᠴᠢᠭᠡᠰᠦ