ᠠᠷᠤᠬᠠᠩᠭᠧᠯᠰᠺ ᠮᠤᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠤᠬᠠᠩᠭᠧᠯᠰᠺ ᠮᠤᠵᠢ (ᠮᠣᠩᠭᠣᠯ)
ᠠᠷᠤᠬᠠᠩᠭᠧᠯᠰᠺᠠᠶ᠎ᠠ ᠣᠪᠯᠠᠰᠲ (ᠣᠷᠣᠰ)
Map of Russia - Arkhangelsk Oblast (2008-03).svg
ᠣᠷᠣᠰ ᠬᠣᠯᠪᠣᠭᠠᠨ ᠤ ᠤᠯᠤᠰ ᠳᠠᠬᠢ ᠠᠷᠤᠬᠠᠩᠭᠧᠯᠰᠺ ᠮᠤᠵᠢ ᠶᠢᠨ ᠪᠠᠶᠢᠷᠢᠰᠢᠯ<tr bgcolor="#E5E4E2">

<th align="center">ᠰᠦᠯᠳᠡ</th> <th align="center">ᠳᠠᠯᠪᠠᠭ᠎ᠠ</th> </tr><tr> <th style="vertical-align:middle; text-align:center;">Coat of Arms of Arkhangelsk oblast (2003).png
</th> <th style="vertical-align:middle; text-align:center;">Arkhangelsk Oblast Flag.gif
</th></tr>

ᠲᠥᠷᠥ ᠶᠢᠨ ᠳᠠᠭᠤᠯᠠᠯ: n/a
ᠵᠠᠰᠠᠭ ᠵᠠᠬᠢᠷᠭᠠᠨ ᠤ ᠲᠥᠪ ᠠᠷᠤᠬᠠᠩᠭᠧᠯᠰᠺ
ᠪᠠᠶᠢᠭᠤᠯᠤᠭᠳᠠᠭᠰᠠᠨ 1937 ᠣᠨ ᠤ ᠶᠢᠰᠦᠳᠦᠭᠡᠷ ᠰᠠᠷ᠎ᠠ ᠶᠢᠨ 23
ᠠᠩᠬᠢᠯᠠᠯ
ᠬᠣᠯᠪᠣᠭᠠᠨ ᠤ ᠲᠣᠭᠣᠷᠢᠭ
ᠡᠳ᠋ ᠍ ᠦᠨ ᠵᠠᠰᠠᠭ ᠤᠨ ᠪᠥᠰᠡ
ᠮᠤᠵᠢ
ᠪᠠᠷᠠᠭᠤᠨ ᠬᠣᠶᠢᠳᠤ
ᠬᠣᠶᠢᠳᠤ
ᠺᠣᠳ᠋ 29
ᠭᠠᠵᠠᠷ ᠣᠷᠣᠨ
ᠨᠤᠲᠤᠭ ᠤᠨ ᠬᠡᠮᠵᠢᠶ᠎ᠡ
- ᠣᠷᠣᠰ ᠬᠣᠯᠪᠣᠭᠠᠨ ᠤ ᠤᠯᠤᠰ ᠳᠠᠬᠢ ᠳᠡᠰ
587,400 км²
587400
ᠬᠦᠮᠦᠨ ᠠᠮᠠ ᠵᠦᠢ (2002 ᠣᠨ ᠤ ᠲᠣᠭᠠᠯᠠᠯᠭ᠎ᠠ)
ᠬᠦᠮᠦᠨ ᠠᠮᠠ ᠶᠢᠨ ᠲᠣᠭ᠎ᠠ
- ᠣᠷᠣᠰ ᠬᠣᠯᠪᠣᠭᠠᠨ ᠤ ᠤᠯᠤᠰ ᠳᠠᠬᠢ ᠳᠡᠰ
- ᠨᠢᠭᠲᠠᠷᠠᠯ
- ᠬᠣᠲᠠ ᠶᠢᠨ
- ᠬᠥᠳᠡᠭᠡᠨ ᠦ
1,336,539 ᠬᠦᠮᠦᠨ
40
2.3 ᠬᠦᠮᠦᠨ / км²
74.8%
25.2%
ᠠᠯᠪᠠᠨ ᠶᠣᠰᠣᠨ ᠤ ᠬᠡᠯᠡ ᠣᠷᠣᠰ
ᠵᠠᠰᠠᠭ ᠤᠨ ᠭᠠᠵᠠᠷ
ᠵᠠᠬᠢᠷᠭᠠᠨ ᠤ ᠳᠠᠷᠤᠭ᠎ᠠ ᠢᠯᠢᠶ᠎ᠠ ᠮᠬᠤᠯᠴᠤᠤᠶᠢ
ᠬᠠᠤᠯᠢ ᠲᠣᠭᠲᠠᠭᠠᠬᠤ ᠪᠠᠶᠢᠭᠤᠯᠤᠯᠭ᠎ᠠ ᠠᠷᠤᠬᠠᠩᠭᠧᠯᠰᠺ ᠮᠤᠵᠢ ᠶᠢᠨ ᠳ᠋ᠧᠫᠦᠶᠢᠲ᠋ᠠᠲ ᠤᠳ ᠤᠨ ᠬᠤᠷᠠᠯ
ᠳᠦᠷᠢᠮ ᠠᠷᠤᠬᠠᠩᠭᠧᠯᠰᠺ ᠮᠤᠵᠢ ᠶᠢᠨ ᠳᠦᠷᠢᠮ
ᠠᠯᠪᠠᠨ ᠶᠣᠰᠣᠨ ᠤ ᠴᠠᠬᠢᠮ ᠰᠦᠯᠵᠢᠶ᠎ᠡ
http://www.dvinaland.ru/

ᠠᠷᠤᠬᠠᠩᠭᠧᠯᠰᠺ ᠮᠤᠵᠢ (ᠣᠷᠣᠰ ᠶᠢᠡᠷ ᠠᠷᠤᠬᠠᠩᠭᠧᠯᠰᠺᠠᠶ᠎ᠠ ᠣᠪᠯᠠᠰᠲ) ᠨᠢ ᠣᠷᠣᠰ ᠤᠨ ᠬᠣᠯᠪᠣᠭᠠᠨ ᠤ ᠤᠯᠤᠰ ᠍ ᠤᠨ ᠪᠠᠷᠠᠭᠤᠨ ᠬᠣᠶᠢᠳᠤ ᠬᠡᠰᠡᠭ ᠲᠦ ᠤᠷᠤᠰᠢᠬᠤ᠂ ᠪᠠᠷᠠᠭᠤᠨ ᠬᠣᠶᠢᠳᠤ ᠬᠣᠯᠪᠣᠭᠠᠨ ᠤ ᠲᠣᠭᠣᠷᠢᠭ ᠲᠤ ᠬᠠᠷᠢᠶᠠᠯᠠᠭᠳᠠᠬᠤ ᠮᠤᠵᠢ ᠶᠤᠮ᠃ ᠮᠤᠵᠢ ᠶᠢᠨ ᠲᠥᠪ ᠨᠢ ᠠᠷᠤᠬᠠᠩᠭᠧᠯᠰᠺ. ᠨᠧᠨᠧᠼ ᠤᠨ ᠠᠦ᠋ᠲ᠋ᠣᠨᠣᠮᠢᠲᠤ ᠲᠣᠭᠣᠷᠢᠭᠰᠢᠨ᠎ᠡ ᠭᠠᠵᠠᠷᠹᠷᠠᠨᠼᠢ-ᠢᠣᠰᠢᠪ ᠤᠨ ᠭᠠᠵᠠᠷ ᠠᠷᠠᠯ ᠤᠳ ᠲᠤᠰ ᠮᠤᠵᠢ ᠳᠤ ᠬᠠᠮᠢᠶᠠᠷᠤᠨ᠎ᠠ᠃

ᠶᠡᠷᠦᠩᠬᠡᠢ ᠮᠡᠳᠡᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠷᠣᠨᠠᠲᠤ ᠧᠦ᠋ᠷᠣᠫᠠ ᠶᠢᠨ ᠲᠡᠭᠰᠢ ᠥᠨᠳᠥᠷᠯᠢᠭᠡᠶᠢᠨ ᠤᠮᠠᠷᠠᠳᠤ ᠬᠡᠰᠡᠭ ᠲᠦ ᠣᠷᠣᠰᠢᠨ᠎ᠠ᠃ ᠴᠠᠭᠠᠨ ᠲᠡᠩᠭᠢᠰᠪᠠᠷᠧᠨᠼ ᠤᠨ ᠲᠡᠩᠭᠢᠰᠺᠠᠷᠠ ᠶᠢᠨ ᠲᠡᠩᠭᠢᠰᠲᠡᠢ ᠬᠢᠯᠢᠯᠡᠨ᠎ᠡ᠃ ᠵᠡᠭᠦᠨ ᠲᠠᠯ᠎ᠠ ᠪᠠᠷ ᠢᠶᠠᠨ ᠺᠣᠮ ᠤᠨ ᠪᠦᠭᠦᠳᠡ ᠨᠠᠶᠢᠷᠠᠮᠳᠠᠬᠤ ᠤᠯᠤᠰ᠂ ᠪᠠᠷᠠᠭᠤᠨ ᠲᠠᠯ᠎ᠠ ᠪᠠᠷ ᠢᠶᠠᠨ ᠺᠠᠷᠧᠯ ᠦᠨ ᠪᠦᠭᠦᠳᠡ ᠨᠠᠶᠢᠷᠠᠮᠳᠠᠬᠤ ᠤᠯᠤᠰᠲᠠᠢ ᠬᠢᠯᠢᠯᠡᠳᠡᠭ᠃ ᠤᠮᠠᠷᠠᠳᠤ ᠳᠸᠢᠨᠠ ᠭᠣᠣᠯ ᠨᠤᠲᠤᠭ ᠢᠶᠠᠷ ᠨᠢ ᠤᠷᠤᠰᠳᠠᠭ᠃

ᠰᠢᠨ᠎ᠡ ᠭᠠᠵᠠᠷ᠂ ᠹᠷᠠᠨᠼᠢ-ᠢᠣᠰᠢᠪ ᠤᠨ ᠭᠠᠵᠠᠷ ᠢ ᠡᠰᠡ ᠲᠣᠭᠠᠴᠠᠪᠠᠯ ᠲᠤᠰ ᠮᠤᠵᠢ ᠶᠢᠨ ᠭᠠᠵᠠᠷ ᠨᠤᠲᠤᠭ ᠨᠢ ᠲᠠᠶᠢᠭ᠎ᠠᠠᠷᠤ ᠪᠦᠷᠬᠦᠭᠳᠡᠭᠰᠡᠨ ᠪᠠᠶᠢᠳᠠᠭ᠃ ᠭᠠᠴᠤᠤᠷᠬᠤᠱᠢ ᠮᠣᠳᠣ ᠥᠷᠭᠡᠨ ᠲᠠᠷᠬᠠᠭᠰᠠᠨ᠂ ᠵᠡᠭᠦᠨ ᠬᠡᠰᠡᠭ ᠢᠶᠡᠷ ᠨᠢ ᠠᠭᠴᠢ ᠮᠣᠳᠣᠬᠠᠷ᠎ᠠ ᠮᠣᠳᠣ ᠦᠵᠡᠭᠳᠡᠨ᠎ᠡ᠃ ᠡᠬᠡ ᠭᠠᠵᠠᠷ ᠤᠨ ᠠᠭᠤᠷ ᠠᠮᠢᠰᠬᠤᠯ ᠲᠠᠢ᠂ ᠵᠡᠭᠦᠨ ᠬᠣᠶᠢᠳᠤ ᠬᠡᠰᠡᠭ ᠨᠢ ᠠᠷᠺᠲ᠋ᠢᠺ ᠤᠨ ᠪᠥᠰᠡ ᠲᠤ ᠬᠠᠮᠢᠶᠠᠷᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠢᠨ-ᠤᠭᠣᠷ ᠣᠪᠤᠭ ᠤᠨ ᠦᠨᠳᠦᠰᠦᠲᠡᠨ ᠨᠦᠭᠦᠳ ᠡᠷᠲᠡᠨ ᠡᠴᠡ ᠨᠤᠲᠤᠭᠯᠠᠵᠤ ᠢᠷᠡᠭᠰᠡᠨ ᠲᠤᠰ ᠪᠥᠰᠡ ᠨᠤᠲᠤᠭ ᠲᠤ ᠣᠷᠣᠰ ᠦᠳ 11, 12 ᠍ ᠳᠦᠭᠡᠷ ᠵᠠᠭᠤᠨᠢ ᠦᠶᠡᠰ ᠰᠠᠭᠤᠷᠢᠰᠢᠵᠤ ᠡᠬᠢᠯᠡᠭᠰᠡᠨ ᠠᠵᠢ᠃1584 ᠣᠨ ᠳᠤ 《ᠳᠣᠭᠰᠢᠨ ᠢᠸᠠᠩ》 ᠪᠤᠶᠤ IV ᠢᠸᠠᠩ ᠣᠷᠣᠰ ᠤᠨ ᠠᠩᠬᠠᠨ ᠤ ᠳᠠᠯᠠᠢ ᠶᠢᠨ ᠪᠣᠭᠣᠮᠲᠠ ᠬᠣᠲᠠ ᠪᠣᠯᠬᠤ ᠠᠷᠤᠬᠠᠩᠭᠧᠯᠰᠺ ᠢ ᠪᠠᠶᠢᠭᠤᠯᠤᠭᠰᠠᠨ ᠢᠶᠠᠷ ᠬᠥᠭᠵᠢᠯ ᠦᠨ ᠭᠠᠷ ᠢᠶᠠᠨ ᠨᠢ ᠡᠬᠢᠯᠡᠵᠡᠢ᠃

1930 ᠍ ᠊ᠭᠠᠳ ᠣᠨ ᠳᠤ ᠢᠣᠰᠢᠹ ᠰᠲ᠋ᠠᠯᠢᠨᠢ ᠳᠢᠭᠯᠢᠮ ᠢ ᠡᠰᠡᠷᠭᠦᠴᠡᠭᠰᠡᠨ 2 ᠰᠠᠶ᠎ᠠ ᠭᠠᠷᠤᠢ ᠦᠺᠷᠠᠶᠢᠨᠺᠦᠶᠢᠯᠠᠺ ᠦᠳ ᠬᠤᠪᠢᠰᠬᠠᠯ ᠤᠨ ᠡᠰᠡᠷᠭᠦᠦ ᠬᠡᠷᠡᠭ ᠢᠶᠡᠷ ᠠᠯᠪᠠᠨ ᠬᠦᠴᠦ ᠪᠡᠷ ᠨᠡᠭᠦᠵᠦ ᠢᠷᠡᠭᠰᠡᠨ ᠪᠠᠶᠢᠨ᠎ᠠ᠃

ᠳᠡᠯᠡᠬᠡᠢ ᠶᠢᠨ ᠬᠣᠶᠠᠳᠤᠭᠠᠷ ᠳᠠᠶᠢᠨᠢ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠨᠢ ᠵᠠᠬ᠎ᠠ ᠬᠢᠵᠠᠭᠠᠷ ᠦᠭᠡᠢ ᠣᠢ ᠮᠣᠳᠣ ᠪᠦᠬᠦᠢ ᠲᠦᠨᠳ᠋ᠷ ᠍ ᠤᠨ ᠪᠥᠰᠡ ᠶᠢ ᠴᠥᠮ᠎ᠡ ᠶᠢᠨ ᠲᠤᠷᠰᠢᠯᠲᠠ ᠍ ᠤᠨ ᠲᠠᠯᠠᠪᠤᠷ ᠪᠣᠯᠭᠠᠨ ᠠᠰᠢᠭᠯᠠᠵᠤ ᠪᠠᠶᠢᠪᠠ᠃ ᠲᠤᠰ ᠮᠤᠵᠢ ᠶᠢᠨ ᠰᠧᠸᠧᠷᠣᠳ᠋ᠸᠢᠨᠰᠺ ᠪᠣᠭᠣᠮᠲᠠ ᠨᠢ ᠴᠥᠮ᠎ᠡ ᠶᠢᠨ ᠬᠥᠯᠥᠭ ᠣᠩᠭᠣᠴᠠ ᠪᠦᠲᠦᠭᠡᠬᠦ ᠲᠥᠰᠥᠯ ᠦᠨ ᠲᠥᠪ ᠪᠣᠯᠵᠤ ᠪᠠᠶᠢᠯ᠎ᠠ᠃

ᠪᠠᠶᠢᠭᠠᠯᠢ ᠶᠢᠨ ᠪᠠᠶᠠᠯᠢᠭ᠂ ᠠᠵᠤ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠭᠠᠰᠤ ᠠᠩᠨᠠᠭᠤᠷ᠂ ᠣᠢ ᠶᠢᠨ ᠠᠵᠤ ᠠᠬᠤᠢ᠂ ᠮᠣᠳᠣ ᠪᠣᠯᠪᠠᠰᠤᠷᠠᠭᠤᠯᠬᠤ᠂ ᠴᠠᠭᠠᠰᠤ ᠪᠣᠯᠪᠠᠰᠤᠷᠠᠭᠤᠯᠬᠤ ᠦᠢᠯᠡᠳᠪᠦᠷᠢ᠂ ᠠᠦ᠋ᠲ᠋ᠣᠮᠠᠰᠢᠨᠢ ᠦᠢᠯᠡᠳᠪᠦᠷᠢ ᠨᠦᠭᠦᠳ ᠡᠯᠪᠡᠭ᠃ ᠵᠡᠪᠰᠡᠭ ᠦᠨ ᠦᠢᠯᠡᠳᠪᠦᠷᠢ ᠴᠤ ᠪᠤᠢ᠃

ᠴᠢᠯᠠᠭᠣᠨ ᠲᠣᠰᠣᠰᠢᠲᠠᠳᠠᠭ ᠬᠡᠢᠠᠯᠮᠠᠭᠠᠵᠠ ᠣᠯᠪᠤᠷᠢᠯᠠᠳᠠᠭ᠃ ᠡᠮᠦᠨᠡᠲᠦ ᠬᠡᠰᠡᠭ ᠲᠦ ᠨᠢ ᠵᠠᠮᠴᠤ ᠳᠠᠪᠤᠰᠤᠨ ᠤ ᠲᠣᠮᠣ ᠣᠷᠳᠣ ᠪᠤᠢ᠃

ᠮᠤᠵᠢ ᠶᠢᠨ ᠲᠥᠪ ᠠᠷᠤᠬᠠᠩᠭᠧᠯᠰᠺ ᠬᠣᠲᠠ ᠶᠢᠨ ᠡᠮᠦᠨᠡᠲᠦ ᠬᠡᠰᠡᠭ ᠲᠦ ᠫᠯᠧᠰᠧᠼᠺ ᠤᠨ ᠰᠠᠨᠰᠠᠷ ᠤᠨ ᠲᠥᠪ ᠪᠤᠢ᠃

ᠴᠠᠭ ᠤᠨ ᠪᠥᠰᠡ[ᠵᠠᠰᠠᠪᠤᠷᠢᠯᠠᠬᠤ | ᠺᠣᠳ᠋ ᠢᠶᠠᠷ ᠵᠠᠰᠠᠬᠣ]

RTZ2.png

ᠠᠷᠤᠬᠠᠩᠭᠧᠯᠰᠺ ᠮᠤᠵᠢ ᠨᠢ ᠮᠣᠰᠺᠸᠠ ᠶᠢᠨ ᠴᠠᠭ ᠤᠨ ᠪᠥᠰᠡ ᠲᠤ ᠪᠠᠭᠠᠳᠤᠨ᠎ᠠ᠃
ᠥᠭᠡᠷ᠎ᠡ ᠪᠡᠷ ᠬᠡᠯᠡᠪᠡᠯ UTC+3 ᠪᠥᠰᠡ ᠳᠦ ᠪᠠᠭᠠᠳᠬᠤ ᠪᠥᠭᠡᠳ ᠵᠤᠨ ᠤ ᠴᠠᠭᠡᠶᠢᠨ ᠦᠶ᠎ᠡ ᠳᠦ UTC+4 ᠪᠣᠯᠤᠨ᠎ᠠ᠃


Commons
Викимедиа дуу дүрсний сан: Category:Arkhangelsk Oblast

ᠪᠢᠴᠢᠭᠡᠰᠦ