ᠠᠷᠢᠶᠧᠨ ᠷᠣᠪᠪᠧᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠢᠶᠧᠨ ᠷᠣᠪᠪᠧᠨ
Arjen Robben.jpg
ᠷᠣᠪᠪᠧᠨ ᠪᠠᠪᠠᠷᠢ ᠮᠠᠨ ᠢᠶᠸᠨ ᠳᠤ (2012)
ᠬᠤᠪᠢ ᠶᠢᠨ ᠮᠡᠳᠡᠭᠡᠯᠡᠯ
ᠪᠦᠲᠦᠨ ᠨᠡᠷ᠎ᠡᠠᠷᠢᠶᠧᠨ ᠷᠣᠪᠪᠧᠨ[1]
ᠲᠦᠷᠦᠭᠰᠡᠨ ᠣᠩᠨᠠᠭ᠎ᠠ1984 ᠣᠨ ᠤ 1 ᠰᠠᠷ᠎ᠠ ᠶᠢᠨ 23 (1984-01-23) (35 ᠨᠠᠰᠣᠳᠠᠢ)
ᠲᠦᠷᠦᠭᠰᠡᠨ ᠭᠠᠵᠠᠷᠨᠢᠳᠧᠷᠯᠠᠨᠲᠪᠧᠳᠢᠶᠦ᠋ᠮ
ᠥᠨᠳᠥᠷ1.80 [2]
ᠪᠠᠶᠢᠷᠢᠯᠠᠯᠵᠢᠭᠦᠷ ᠦᠨ ᠳᠣᠪᠲᠣᠯᠤᠭᠴᠢ
ᠪᠠᠭ ᠤᠨ ᠮᠡᠳᠡᠭᠡᠯᠡᠯ
ᠣᠳᠣ ᠶᠢᠨ ᠪᠠᠭᠪᠠᠪᠠᠷᠢ ᠮᠠᠨ ᠢᠶᠸᠨ
ᠳ᠋ᠤᠭᠠᠷ10
ᠥᠰᠪᠦᠷᠢ ᠶᠢᠨ ᠪᠠᠭ
1989–1996ᠪᠧᠳᠢᠶᠦ᠋ᠮ
1996–2000ᠭᠷᠣᠨᠢᠩᠭᠧᠨ
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
2000–2002ᠭᠷᠣᠨᠢᠩᠭᠧᠨ50(8)
2002–2004ПСВ56(17)
2004–2007ᠴᠧᠯᠰᠢ67(15)
2007–2009ᠷᠧᠠᠯ ᠮᠠᠳᠷᠢᠳ50(11)
2009–ᠪᠠᠪᠠᠷᠢ ᠮᠠᠨ ᠢᠶᠸᠨ106(56)
ᠰᠢᠭᠰᠢᠭᠡ ᠪᠠᠭ
1999ᠨᠢᠳᠧᠷᠯᠠᠨᠲ (15-)1(0)
1999–2000ᠨᠢᠳᠧᠷᠯᠠᠨᠲ (16-)11(4)
2000ᠨᠢᠳᠧᠷᠯᠠᠨᠲ (17-)3(1)
2001–2002ᠨᠢᠳᠧᠷᠯᠠᠨᠲ (19-)8(2)
2001–2003ᠨᠢᠳᠧᠷᠯᠠᠨᠲ (21-)8(1)
2003–ᠨᠢᠳᠧᠷᠯᠠᠨᠲ83(26)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃ ᠰᠡᠭᠦᠯ ᠳᠦ ᠰᠢᠨᠡᠴᠢᠯᠡᠭᠰᠡᠨ: 2014 ᠣᠨ ᠤ 5 ᠰᠠᠷ᠎ᠠ ᠶᠢᠨ 10.

† ᠭᠠᠷ ᠢᠶᠠᠨ (ᠭᠣᠣᠯ).

‡ ᠰᠢᠭᠰᠢᠭᠡ ᠪᠠᠭ ᠤᠨ ᠭᠠᠷ ᠢᠶᠠᠨ ᠪᠣᠯᠤᠨ ᠭᠣᠣᠯ ᠢ ᠰᠡᠭᠦᠯ ᠳᠦ ᠰᠢᠨᠡᠴᠢᠯᠡᠭᠰᠡᠨ: 2014 ᠣᠨ ᠤ 7 ᠰᠠᠷ᠎ᠠ ᠶᠢᠨ 12

ᠠᠷᠢᠶᠧᠨ ᠷᠣᠪᠪᠧᠨ (ᠬᠣᠯᠠᠨᠳ᠋ ᠢᠶᠡᠷ Arjen Robben, 1984 ᠣᠨ ᠤ ᠨᠢᠭᠡᠳᠦᠭᠡᠷ ᠰᠠᠷ᠎ᠠ ᠶᠢᠨ 23 ᠍ ᠳᠦ ᠪᠧᠳᠢᠶᠦ᠋ᠮ ᠬᠣᠲᠠᠣᠳᠣ ᠲᠦᠷᠦᠭᠰᠡᠨ) — ᠨᠢᠳᠧᠷᠯᠠᠨᠲ ᠍ ᠤᠨ ᠬᠥᠯ ᠪᠥᠮᠪᠥᠭᠡᠴᠢᠨ ᠪᠥᠭᠡᠳ ᠪᠠᠪᠠᠷᠢ ᠮᠠᠨ ᠢᠶᠸᠨ ᠪᠣᠯᠤᠨ ᠨᠢᠳᠧᠷᠯᠠᠨ᠋ᠳ᠋ ᠍ ᠤᠨ ᠰᠢᠭᠰᠢᠭᠡ ᠳᠦ ᠲᠣᠭᠯᠠᠳᠠᠭ᠃

ᠲᠡᠷᠡ ᠪᠡᠷ ᠳᠣᠪᠲᠣᠯᠤᠭᠴᠢ ᠶᠢᠨ ᠠᠷᠠᠳ ᠪᠤᠶᠤ ᠵᠢᠭᠦᠷ ᠦᠨ ᠸᠢᠩ ᠢᠶᠧᠷ ᠢᠶᠡᠷ ᠲᠣᠭᠯᠠᠳᠠᠭ ᠪᠥᠭᠡᠳ ᠪᠥᠮᠪᠥᠭᠡ ᠲᠡᠢ ᠬᠠᠭᠤᠷᠤᠯᠲᠠ ᠪᠠᠷ ᠢᠶᠠᠨ ᠵᠠᠷ ᠲᠠᠢ᠃ ᠰᠢᠭᠰᠢᠭᠡ ᠳᠦ 2004, 2008, 2012 ᠣᠨ ᠤ ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠤᠨ 2006, 2010 ᠪᠣᠯᠤᠨ 2014 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠮᠵᠢᠯᠲᠠᠲᠠᠢ ᠣᠷᠣᠯᠴᠠᠭᠰᠠᠨ᠃

ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠷᠣᠨᠢᠩᠭᠧᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠷᠣᠨᠢᠩᠭᠧᠨ 1999–2000 ᠤᠯᠠᠷᠢᠯ ᠳᠤ ᠷᠣᠪᠪᠧᠨ ᠬᠥᠯ ᠪᠥᠮᠪᠥᠭᠡ ᠲᠣᠭᠯᠠᠭᠰᠠᠨ ᠠᠩᠬᠠᠨ ᠤ ᠪᠠᠭ ᠪᠠᠶᠢᠯ᠎ᠠ᠃ ᠲᠡᠷᠡ ᠪᠡᠷ ᠯᠢᠭ ᠦᠨ ᠢᠶᠡᠨ ᠲᠣᠭᠯᠠᠯᠲᠠᠨ ᠳᠤ 2 ᠭᠣᠣᠯ ᠣᠷᠣᠭᠤᠯᠤᠭᠰᠠᠨ ᠪᠠᠶᠢᠨ᠎ᠠ᠃ 2000 ᠣᠨ ᠤ ᠡᠪᠦᠯ ᠭᠡᠬᠦ ᠳᠦ ᠷᠣᠪᠪᠧᠨ ᠭᠠᠷᠤ ᠤ 11 ᠍ ᠳᠦ ᠪᠠᠭᠳᠠᠵᠣ ᠣᠷᠣᠭᠰᠠᠨ ᠪᠠᠶᠢᠯ᠎ᠠ᠃ ᠭᠷᠣᠨᠢᠩᠭᠧᠨ ᠳᠦ 2000–01 ᠤᠯᠠᠷᠢᠯ ᠳᠤ 18 ᠤᠳᠠᠭ᠎ᠠ ᠭᠠᠷᠠᠭᠠᠨ ᠳᠤ ᠲᠣᠭᠯᠠᠬᠤ ᠳᠤ ᠪᠠᠨ 2 ᠭᠣᠣᠯ ᠣᠷᠣᠭᠤᠯᠤᠭᠰᠠᠨ ᠪᠠᠶᠢᠨ᠎ᠠ᠃ ᠷᠣᠪᠪᠧᠨ ᠣᠴᠢᠭᠰᠠᠨ ᠡᠬᠢᠨ ᠦ ᠵᠢᠯ ᠳᠤ ᠪᠡᠨ ᠺᠯᠥ᠋ᠪ ᠤᠨ ᠢᠶᠡᠨ ᠵᠢᠯ ᠦᠨ ᠰᠢᠯᠢᠳᠡᠭ ᠲᠣᠭᠯᠠᠭᠴᠢᠳ ᠨᠡᠷ᠎ᠡ ᠳᠡᠪᠰᠢᠭᠰᠡᠨ ᠶᠤᠮ᠃ 2001–02 ᠣᠨ ᠳᠤ ᠷᠣᠪᠪᠧᠨ ᠭᠠᠶᠢᠬᠠᠯᠲᠠᠢ ᠪᠠᠶᠢᠵᠤ 28 ᠲᠣᠭᠯᠠᠯᠲᠠᠨ ᠳᠤ ᠵᠢᠷᠭᠤᠭᠠᠨ ᠭᠣᠣᠯ ᠣᠷᠣᠭᠤᠯᠵᠠᠢ᠃ ᠷᠣᠪᠪᠧᠨ 2002–03 ᠤᠯᠠᠷᠢᠯ ᠳᠤ €3.9 ᠰᠠᠶ᠎ᠠ ᠧᠦ᠋ᠷᠣ ᠪᠠᠷ ПСВ ᠷᠦᠦ ᠵᠠᠷᠤᠭᠳᠠᠵᠠᠢ᠃

ПСВ[ᠵᠠᠰᠠᠪᠤᠷᠢᠯᠠᠬᠤ | ᠺᠣᠳ᠋ ᠢᠶᠠᠷ ᠵᠠᠰᠠᠬᠣ]

ПСВ ᠍ ᠦᠨ ᠡᠬᠢᠨ ᠦ 2002–03 ᠤᠯᠠᠷᠢᠯ᠂ ᠷᠣᠪᠪᠧᠨ 33 ᠲᠣᠭᠯᠠᠯᠲᠠᠨ ᠳᠤ ᠣᠷᠣᠯᠴᠠᠵᠤ 12 ᠭᠣᠣᠯ ᠣᠷᠣᠭᠤᠯᠵᠠᠢ᠃

ᠴᠧᠯᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠣᠪᠪᠧᠨ 2004-05 ᠣᠨ ᠤ ᠫᠷᠧᠮᠢᠶᠧᠷ ᠯᠢᠭ ᠲᠤ ᠲᠦᠷᠢᠭᠦᠯᠦᠭᠰᠡᠨ ᠢᠶᠡᠨ ᠲᠡᠮᠳᠡᠭᠯᠡᠵᠦ ᠪᠠᠶᠢᠭ᠎ᠠ ᠨᠢ

ᠷᠣᠪᠪᠧᠨ ᠥᠪᠡᠷ ᠢ ᠪᠡᠨ ᠴᠢᠬᠤᠯᠠ ᠲᠣᠭᠯᠠᠭᠴᠢ ᠭᠡᠳᠡᠭ ᠢᠶᠡᠨ 2004-2005 ᠤᠯᠠᠷᠢᠯ ᠤᠨ ᠲᠣᠭᠯᠠᠯᠲᠠ ᠶᠢᠨ ᠦᠶ᠎ᠡ ᠪᠡᠷ ᠬᠠᠷᠠᠭᠤᠯᠤᠭᠰᠠᠨ᠃ ᠲᠡᠷᠡ ᠪᠡᠷ 2004-2005 ᠣᠨ ᠤ Premier League ᠍ ᠦᠨ "ᠰᠠᠷ᠎ᠠ ᠶᠢᠨ ᠰᠢᠯᠢᠳᠡᠭ ᠲᠣᠭᠯᠠᠭᠴᠢ ᠪᠠᠷ ᠰᠢᠯᠭᠠᠷᠠᠭᠰᠠᠨ ᠶᠤᠮ᠃


ᠷᠧᠠᠯ ᠮᠠᠳᠷᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠣᠪᠪᠧᠨ ᠥᠪᠡᠷ ᠢ ᠪᠡᠨ ᠷᠧᠠᠯ ᠮᠠᠳ᠋ᠷᠢᠳ ᠠᠴᠠ ᠬᠥᠭᠡᠭᠡᠭᠳᠡᠭᠰᠡᠨ ᠭᠡᠵᠦ ᠣᠨᠴᠠᠯᠠᠭᠰᠠᠨ ᠪᠠᠶᠢᠳᠠᠭ᠃ ᠲᠡᠷᠡ ᠪᠡᠷ ᠬᠡᠯᠡᠬᠦ ᠳᠦ ᠪᠡᠨ ᠪᠢ ᠺᠯᠤᠶᠢᠪᠡᠰᠡ ᠶᠠᠪᠤᠬᠤ ᠶᠢ ᠬᠦᠰᠡᠭᠡ ᠦᠭᠡᠢ᠂ ᠬᠠᠷᠢᠨ ᠷᠧᠠᠯ ᠮᠠᠳᠷᠢᠳ ᠨᠠᠮᠠᠢ ᠵᠠᠷᠤᠬᠤ ᠶᠢ ᠬᠦᠰᠡᠭᠰᠡᠨ ᠭᠡᠵᠡᠢ᠃

ᠪᠠᠢᠧᠷᠨ ᠮᠠᠨ ᠢᠶᠸᠨ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠣᠨ ᠤ 5 ᠰᠠᠷ᠎ᠠ ᠶᠢᠨ 25 ᠍ ᠳᠦ ᠷᠣᠪᠪᠧᠨ 2010 ᠭᠧᠷᠮᠠᠨ ᠤ ᠰᠢᠯᠢᠳᠡᠭ ᠬᠥᠯᠪᠥᠮᠪᠦᠭᠡᠴᠢᠨ ᠢᠶᠡᠷ ᠰᠢᠯᠭᠠᠷᠠᠭᠰᠠᠨ ᠪᠠᠶᠢᠨ᠎ᠠ᠃ ᠲᠡᠷᠡ ᠪᠡᠷ ᠰᠠᠨᠠᠯ ᠠᠰᠠᠭᠤᠯᠭ᠎ᠠ ᠳᠤ 72.1 ᠬᠤᠪᠢ ᠤᠨ ᠰᠠᠨᠠᠯ ᠠᠪᠴᠤ ᠥᠷᠢᠰᠦᠯᠳᠦᠭᠴᠢᠳ ᠡᠴᠡ ᠪᠡᠨ ᠲᠠᠰᠤᠷᠬᠠᠢ ᠲᠡᠷᠢᠭᠦᠯᠡᠭᠰᠡᠨ ᠪᠥᠭᠡᠳ ᠡᠨᠡ ᠱᠠᠩᠨᠠᠯ ᠢ ᠠᠪᠤᠭᠰᠠᠨ ᠠᠩᠬᠠᠨ ᠤ ᠬᠣᠯᠠᠨᠳ᠋ ᠬᠥᠯᠪᠥᠮᠪᠦᠭᠡᠴᠢᠨ ᠪᠣᠯᠵᠠᠢ᠃

ᠣᠯᠠᠨ ᠤᠯᠤᠰ ᠤᠨ ᠬᠥᠯᠪᠥᠮᠪᠥᠭᠡ ᠶᠢᠨ ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠧᠦ᠋ᠷᠣ 2004[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠣᠪᠪᠧᠨ ᠨᠢᠳᠧᠷᠯᠠᠨ᠋ᠳ᠋ ᠍ ᠤᠨ ᠲᠥᠯᠥᠭᠡ ᠨᠡᠶᠢᠲᠡ 51 ᠲᠣᠭᠯᠠᠯᠲᠠᠨ ᠳᠤ ᠣᠷᠣᠯᠴᠠᠵᠤ᠂ 16 ᠭᠣᠣᠯᠠᠰ ᠬᠢᠭᠰᠡᠨ ᠪᠠᠶᠢᠳᠠᠭ᠃ ᠬᠠᠮᠤᠭ ᠤᠨ ᠠᠩᠬᠠᠨ ᠤ ᠣᠯᠠᠨ ᠤᠯᠤᠰ ᠤᠨ ᠲᠡᠮᠡᠴᠡᠭᠡᠨ ᠳᠦ ᠷᠣᠪᠪᠧᠨ 2004 ᠣᠨ ᠳᠤ ᠳ᠋ᠢᠰᠺ ᠠᠳ᠋ᠸᠣᠺᠠᠲ ᠸᠡᠰᠯ ᠱᠮᠠᠶᠢᠳᠧᠷ᠂ ᠵᠣᠩ ᠬᠧᠲ᠋ᠢᠩ ᠢᠶᠠ ᠵᠡᠷᠭᠡ ᠵᠠᠯᠠᠭᠤ ᠲᠣᠭᠯᠠᠭᠴᠢᠳ ᠢ ᠲᠠᠭᠤᠳᠠᠬᠤ ᠦᠶ᠎ᠡ ᠳᠦ ᠬᠠᠮᠲᠤ ᠳᠠᠭᠤᠳᠠᠭᠳᠠᠵᠤ ᠬᠢᠭᠰᠡᠨ ᠪᠠᠶᠢᠳᠠᠭ᠃ ᠳᠠᠰᠬᠠᠯᠵᠢᠭᠤᠯᠤᠭᠴᠢ ᠠᠳ᠋ᠸᠣᠺᠠᠲ ᠧᠦ᠋ᠷᠣ 2004 ᠬᠡᠰᠡᠭ ᠦᠨ ᠲᠣᠭᠯᠠᠯᠲᠠᠨ ᠳᠤ ᠴᠧᠬᠡ ᠶᠢᠨ ᠰᠢᠭᠰᠢᠭᠡ ᠶᠢ 2-1 ᠡᠭᠡᠷᠡ ᠬᠣᠵᠢᠵᠤ ᠶᠠᠪᠤᠬᠤ ᠳᠤ ᠷᠣᠪᠪᠸᠨ ᠢ ᠰᠡᠯᠭᠦᠭᠡᠨ ᠳᠦ ᠰᠠᠭᠤᠯᠭᠠᠭᠰᠠᠨ ᠪᠠᠶᠢᠳᠠᠭ᠃ ᠭᠡᠪᠡᠴᠦ ᠬᠣᠯᠠᠨᠳ᠋ ᠍ ᠤᠳ ᠡᠨᠡ ᠲᠣᠭᠯᠠᠯᠲᠠᠨ ᠳᠤ 3-2 ᠣᠣᠷ ᠬᠣᠵᠢᠭᠳᠠᠭᠰᠠᠨ ᠪᠥᠭᠡᠳ ᠠᠳ᠋ᠸᠣᠺᠠᠲ ᠢ ᠰᠡᠯᠭᠦᠭᠡ ᠬᠢᠭᠰᠡᠨ ᠶᠠᠪᠤᠳᠠᠯ ᠮᠠᠰᠢ ᠶᠡᠬᠡ ᠰᠢᠭᠦᠮᠵᠢᠯᠡᠯ ᠳᠦ ᠥᠷᠲᠥᠵᠦ ᠪᠠᠶᠢᠴᠠᠢ᠃ [3]

ᠷᠣᠪᠪᠧᠨ (ᠵᠡᠭᠦᠨ ᠭᠠᠷ ᠲᠠᠯ᠎ᠠ ᠳᠤ) ᠷᠣᠪᠢᠨ ᠸᠠᠩ ᠫᠧᠷᠰᠢᠲᠡᠢ ᠬᠠᠮᠲᠤ᠃

ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ 2006[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠣᠪᠪᠧᠨ ᠠᠩᠬᠠᠨ ᠤ ᠪᠠᠨ ᠳᠡᠯᠡᠬᠡᠢ ᠶᠢᠨ ᠠᠪᠤᠷᠭᠤ ᠶᠢᠨ ᠲᠣᠭᠯᠠᠯᠲᠠ ᠪᠠᠨ 2006 ᠣᠨ ᠳᠤ ᠬᠡᠶᠢᠵᠢᠭᠡ᠃ ᠬᠣᠯᠠᠨᠳ᠋ ᠍ ᠤᠨ ᠲᠥᠯᠥᠭᠡ ᠲᠣᠭᠯᠠᠭᠰᠠᠨ 6 ᠲᠣᠭᠯᠠᠯᠲᠠᠨ ᠳᠤ ᠪᠠᠨ 2 ᠭᠣᠣᠯ ᠣᠷᠣᠭᠤᠯᠤᠭᠰᠠᠨ ᠶᠤᠮ᠃ ᠨᠢᠳᠧᠷᠯᠠᠨ᠋ᠳ᠋ ᠍ ᠤᠨ ᠦᠨᠳᠦᠰᠦᠨ ᠦ ᠰᠢᠭᠰᠢᠭᠡ ᠪᠠᠭ 2006 ᠣᠨ ᠳᠤ ᠬᠢᠭᠰᠡᠨ ᠠᠩᠬᠠᠨ ᠤ ᠲᠣᠭᠯᠠᠯᠲᠠ ᠰᠧᠷᠪᠢ-ᠮᠣᠨᠲ᠋ᠧᠨᠧᠭᠷᠢ ᠳᠡᠭᠡᠷ᠎ᠡ ᠷᠣᠪᠪᠧᠨ 18 ᠳᠠᠬᠢ ᠮᠢᠨᠦ᠋ᠲᠤᠨ ᠳᠤ ᠬᠣᠵᠢᠯ ᠤᠨᠨ ᠭᠠᠭᠴᠠ ᠭᠣᠣᠯ ᠢ ᠣᠷᠣᠭᠤᠯᠵᠤ "ᠲᠣᠭᠯᠠᠯᠲᠠ ᠶᠢᠨ ᠰᠢᠯᠢᠳᠡᠭ ᠲᠣᠭᠯᠠᠭᠴᠢ" ᠍ ᠪᠠᠷ ᠰᠢᠯᠭᠠᠷᠴᠢ ᠪᠠᠶᠢᠪᠠ᠃ ᠳᠠᠷᠠᠭᠠᠴᠢ ᠶᠢᠨ ᠵᠠᠭᠠᠨ ᠤ ᠶᠠᠰᠤᠨ ᠡᠷᠭᠢ ᠶᠢᠨ ᠪᠠᠭ ᠲᠠᠢ ᠬᠢᠭᠰᠡᠨ ᠲᠣᠭᠯᠠᠯᠲᠠᠨ ᠳᠤ ᠷᠣᠪᠪᠧᠨ ᠮᠥᠨ "ᠲᠣᠭᠯᠠᠯᠲᠠ ᠶᠢᠨ ᠰᠢᠯᠢᠳᠡᠭ ᠲᠣᠭᠯᠠᠭᠴᠢ" ᠍ ᠪᠠᠷ ᠰᠢᠯᠭᠠᠷᠴᠢ ᠲᠤᠬᠠᠢ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠨᠡᠬᠦ ᠱᠠᠩᠨᠠᠯ ᠢ 2 ᠍ ᠠᠴᠠ ᠳᠡᠭᠡᠭᠰᠢ ᠤᠳᠠᠭ᠎ᠠ ᠠᠪᠤᠭᠰᠠᠨ 8 ᠲᠣᠭᠯᠠᠭᠴᠢ ᠶᠢᠨ ᠨᠢᠭᠡ ᠪᠣᠯᠵᠤ ᠪᠠᠶᠢᠪᠠ᠃


ᠠᠷᠢᠢᠶᠡᠩ ᠷᠣᠪᠪᠧᠨ (ᠵᠡᠭᠦᠨ) ᠪᠠᠭ ᠤᠨ ᠠᠨᠳᠠ ᠤᠡᠰᠯ ᠱᠮᠠᠶᠢᠳᠧᠷᠡᠶᠢᠨ ᠬᠠᠮᠲᠤ ᠪᠡᠯᠡᠳᠬᠡᠯ ᠳᠡᠭᠡᠷ᠎ᠡ

ᠧᠦ᠋ᠷᠣ 2008[ᠵᠠᠰᠠᠪᠤᠷᠢᠯᠠᠬᠤ | ᠺᠣᠳ᠋ ᠢᠶᠠᠷ ᠵᠠᠰᠠᠬᠣ]

ᠧᠦ᠋ᠷᠣ 2008 ᠲᠡᠮᠡᠴᠡᠭᠡᠨ ᠳᠦ ᠳᠠᠰᠬᠠᠯᠵᠢᠭᠤᠯᠤᠭᠴᠢ ᠮᠠᠷᠺᠣ ᠸᠠᠩ ᠪᠠᠰᠲ᠋ᠸᠨ ᠪᠠᠭ ᠤᠨ ᠪᠦᠲᠦᠴᠡ ᠶᠢ 4–2–3–1 ᠷᠦᠦ ᠥᠭᠡᠷᠡᠴᠢᠯᠡᠵᠦ᠂ ᠸᠠᠩ ᠳᠧᠷ ᠸᠠᠭᠠᠷ ᠲᠤ᠂ ᠸᠡᠰᠯ ᠱᠮᠠᠶᠢᠳᠧᠷ᠂ ᠳ᠋ᠢᠷᠺ ᠺᠶᠤ ᠳᠤ ᠭᠡᠰᠡᠨ 3 ᠬᠠᠭᠠᠰ ᠬᠠᠮᠠᠭᠠᠯᠠᠭᠴᠢ ᠲᠠᠢ ᠪᠣᠯᠬᠣᠷ ᠵᠡᠬᠢᠵᠦ ᠪᠠᠶᠢᠪᠠ᠃ ᠬᠠᠷᠢᠨ ᠷᠣᠪᠪᠧᠨ ᠵᠡᠭᠦᠨ ᠵᠢᠭᠦᠷ ᠲᠦ ᠷᠣᠪᠢᠨ ᠸᠠᠩ ᠫᠧᠷᠰᠢ ᠲᠡᠢ ᠭᠠᠷᠠᠭᠠᠨ ᠤ ᠡᠷᠬᠡ ᠶᠢ ᠪᠤᠯᠢᠶᠠᠯᠴᠠᠯᠳᠤᠵᠤ ᠪᠠᠶᠢᠪᠠ᠃ ᠬᠡᠰᠡᠭ ᠦᠨ ᠹᠷᠠᠨᠼᠢ ᠲᠠᠢ ᠬᠢᠭᠰᠡᠨᠲᠣᠭᠯᠠᠯᠲᠠᠳ ( ᠬᠣᠯᠠᠨᠳ᠋ 4-1 ᠡᠭᠡᠷᠡ ᠬᠣᠵᠢᠭ᠌ᠰᠠᠨ). ᠷᠣᠪᠪᠧᠨ ᠰᠡᠭᠦᠯ ᠦᠨ ᠬᠠᠭᠠᠰ ᠲᠤ ᠰᠡᠯᠭᠦᠭᠡ ᠪᠡᠷ ᠣᠷᠣᠵᠤ ᠢᠷᠡᠭᠰᠡᠨ ᠶᠤᠮ᠃ ᠲᠡᠷᠡᠪᠡᠷ ᠪᠠᠷᠤᠭ ᠲᠠᠯᠠᠪᠠᠢ ᠶᠢᠨ ᠭᠣᠣᠯ ᠠᠴᠠ ᠪᠥᠮᠪᠥᠭᠡ ᠶᠢ ᠠᠪᠴᠤ ᠲᠠᠭᠤᠭᠠᠳ᠂ ᠡᠮᠦᠨ᠎ᠡ ᠪᠡᠨ ᠪᠠᠶᠢᠭᠰᠠᠨ 3 ᠨᠢ ᠴᠤ ᠬᠠᠮᠠᠭᠠᠯᠠᠭᠴᠢ ᠶᠢᠨ ᠭᠦᠢᠴᠡᠵᠦ ᠲᠦᠷᠦᠭᠦᠯᠡᠭᠡᠳ ᠸᠠᠩ ᠫᠧᠷᠰᠢ ᠳᠦ ᠳᠠᠮᠵᠢᠭᠤᠯᠬᠤ ᠳᠤ᠂ ᠸᠠᠩ ᠫᠧᠷᠰᠢ ᠰᠢᠭᠤᠳ ᠬᠠᠭᠠᠯᠭ᠎ᠠ ᠷᠤ ᠴᠣᠬᠢᠵᠤ ᠭᠣᠣᠯ ᠣᠷᠣᠭᠰᠠᠨ᠃ ᠣᠨᠣᠭᠣᠨ ᠤ ᠬᠠᠷᠢᠴᠠᠭ᠎ᠠ 2-0 ᠪᠣᠯᠣᠰᠣᠨ ᠤ ᠳᠠᠷᠠᠭ᠎ᠠ ᠠᠨᠠᠷᠢ ᠭᠣᠣᠯ ᠬᠢᠵᠦ 2-1 ᠪᠣᠯᠤᠭᠰᠠᠨ᠃ ᠠᠨᠠᠷᠠᠭᠢ ᠶᠢᠨ ᠭᠣᠣᠯ ᠤᠨ ᠪᠠᠷᠤᠭ ᠰᠢᠭᠤᠳ ᠳᠠᠷᠠᠭ᠎ᠠ ᠨᠢ ᠱᠮᠠᠶᠢᠳᠧᠷ ᠦᠨ ᠥᠭᠭᠦᠭᠰᠡᠨ ᠳᠠᠮᠵᠢᠭᠤᠯᠤᠯᠲᠠ ᠪᠠᠷ ᠷᠣᠪᠪᠧᠨ ᠨᠠᠷᠢᠨ ᠥᠨᠴᠥᠭ ᠢᠶᠡᠷ 90 ᠍ ᠶᠢᠨ ᠪᠤᠯᠤᠨ ᠳᠤ ᠴᠣᠬᠢᠵᠤ ᠹᠷᠠᠨᠼᠢ ᠶᠢᠨ ᠬᠠᠭᠠᠯᠭᠠᠴᠢ ᠺᠠᠫᠲ᠋ ᠍ ᠤᠨ ᠬᠠᠭᠠᠯᠭ᠎ᠠ ᠶᠢ ᠮᠢᠯᠢᠶᠠᠭᠰᠠᠨ ᠶᠤᠮ᠃

ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠣᠪᠪᠧᠨ ᠫᠧᠲ᠋ᠷ ᠴᠧᠺᠲᠡᠢ ᠬᠠᠮᠲᠤ<center/>
ПСВ
ᠴᠧᠯᠰᠢ
ᠷᠧᠠᠯ ᠮᠠᠳᠷᠢᠳ
ᠪᠠᠪᠠᠷᠢ
ᠨᠢᠳᠧᠷᠯᠠᠨᠲ
ᠬᠤᠪᠢ ᠶᠢᠨ
  • ᠨᠢᠳᠧᠷᠯᠠᠨ᠋ᠳ᠋ ᠍ ᠤᠨ ᠠᠪᠢᠶᠠᠰᠯᠢᠭ ᠲᠣᠭᠯᠠᠭᠴᠢ: 2003
  • ᠨᠢᠳᠧᠷᠯᠠᠨ᠋ᠳ᠋ ᠍ ᠤᠨ ᠰᠢᠯᠢᠳᠡᠭ ᠬᠥᠯᠪᠥᠮᠪᠦᠭᠡᠴᠢᠨ (ᠢᠣᠬᠣᠨ ᠺᠷᠣᠢᠹ): 2003
  • ᠪᠡᠯᠭᠡᠳᠡᠯ ᠦᠨ ᠪᠠᠭ (ᠮᠡᠷᠭᠡᠵᠢᠯ ᠦᠨ ᠬᠥᠯᠪᠥᠮᠪᠦᠭᠡᠴᠢᠳ ᠦᠨ ᠬᠣᠯᠪᠣᠭ᠎ᠠ): 2005
  • ᠪᠷᠠᠪᠠ ᠴᠣᠮᠣ ᠍ ᠤᠨ ᠡᠵᠡᠨ: 2005
  • ᠭᠧᠷᠮᠠᠨ ᠤ ᠰᠢᠯᠢᠳᠡᠭ ᠬᠥᠯᠪᠥᠮᠪᠦᠭᠡᠴᠢᠨ: 2010
  • ᠠᠪᠣᠷᠭᠣᠴᠣᠳ ᠤᠨ ᠯᠢᠭ ᠦᠨ ᠰᠢᠪᠲᠤᠷᠭ᠎ᠠ ᠶᠢᠨ ᠰᠢᠯᠢᠳᠡᠭ ᠲᠣᠭᠯᠠᠭᠴᠢ: 2013

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "FIFA Club World Cup Morocco 2013: List of Players" (PDF), FIFA, 7 December 2013, p. 5. 7 December 2013 ᠍ ᠳᠦ ᠠᠪᠤᠭᠰᠠᠨ᠃ 
  2. Player Profile. Bayern Munich. 24 April 2014 ᠍ ᠳᠦ ᠬᠠᠨᠳᠤᠭᠰᠠᠨ᠃
  3. "Holland 2–3 Czech Rep", BBC Sport, 19 June 2004. 3 August 2008 ᠍ ᠳᠦ ᠠᠪᠤᠭᠰᠠᠨ᠃ 

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


ᠪᠢᠴᠢᠭᠡᠰᠦ