ᠠᠷᠠᠳ ᠲᠦᠮᠡᠨ ᠦ ᠶᠡᠬᠡ ᠰᠤᠷᠭᠠᠭᠤᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠱᠠᠢ ᠷᠡᠰᠢᠹ (Shai Reshef)[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠠᠢ ᠷᠡᠰᠢᠹ (Shai Reshef)
ᠲᠥᠷᠦᠭᠰᠡᠨ ᠡᠳᠦᠷ ᠵᠠᠭᠪᠤᠷ:Birth-date and age
ᠰᠤ᠃ ᠨᠤᠲᠤᠭ Pasadena, California, U.S.
ᠲᠡ᠃ ᠰᠤᠷᠭ᠃ University of Michigan (MA)
Tel Aviv University (BA)
ᠠᠵᠢᠯ Entrepreneur
ᠠᠯᠳᠠᠷᠰᠢᠭᠰᠠᠨ Founder & President, University of the People


ᠱᠠᠢ ᠷᠡᠰᠢᠹ (Shai Reshef) ᠪᠣᠯ 1955 ᠣᠨ ᠤ 9 ᠍ ᠳᠦᠭᠡᠷ ᠰᠠᠷ᠎ᠠ ᠶᠢᠨ 11- ᠨᠳ ᠲᠦᠷᠦᠭᠰᠡᠨ ᠪᠥᠭᠡᠳ ᠢᠰᠷᠢᠶᠡᠯᠢ ᠶᠢᠨ ᠪᠢᠽᠢᠨ᠋ᠧᠰᠮᠧᠨ ᠪᠣᠯᠪᠠᠰᠤᠷᠠᠯ ᠤᠨ ᠰᠠᠯᠪᠤᠷᠢ ᠳᠤ ᠬᠥᠷᠥᠩᠭᠡ ᠣᠷᠣᠭᠤᠯᠤᠭᠴᠢ ᠶᠤᠮ᠃ 2009 ᠣᠨ ᠤ 9 ᠍ ᠳᠦᠭᠡᠷ ᠰᠠᠷ᠎ᠠ ᠳᠤ ᠲᠡᠷᠡ ᠳᠡᠯᠡᠬᠡᠢ ᠶᠢᠨ ᠠᠩᠬᠠᠨ ᠤ ᠰᠤᠷᠭᠠᠯᠲᠠ ᠶᠢᠨ ᠲᠥᠯᠥᠪᠦᠷᠢ ᠦᠭᠡᠢ᠂ ᠠᠰᠢᠭ ᠤᠨ ᠪᠤᠰᠤ᠂ ᠠᠷᠠᠳ ᠲᠦᠮᠡᠨ ᠦ ᠭᠡᠵᠦ ᠠᠯᠳᠠᠷᠰᠢᠭᠰᠠᠨ ᠶᠡᠬᠡ ᠰᠤᠷᠭᠠᠭᠤᠯᠢ ᠶᠢ ᠦᠨᠳᠦᠰᠦᠯᠡᠨ ᠪᠠᠶᠢᠭᠤᠯᠵᠤ᠂ ᠣᠳᠣ ᠲᠤᠰ ᠰᠤᠷᠭᠠᠭᠤᠯᠢ ᠶᠢᠨ ᠶᠡᠷᠦᠩᠬᠡᠶᠢᠯᠡᠭᠴᠢ ᠪᠡᠷ ᠠᠵᠢᠯᠯᠠᠵᠤ ᠪᠠᠶᠢᠨ᠎ᠠ᠃

ᠱᠠᠢ ᠷᠡᠰᠢᠹ ᠢᠰᠷᠢᠶᠡᠯᠢ ᠶᠢᠨ ᠲᠧᠯ ᠠᠪᠢᠪ ᠬᠣᠲᠠ ᠶᠢᠨ ᠶᠡᠬᠡ ᠰᠤᠷᠭᠠᠭᠤᠯᠢ ᠠᠴᠠ ᠪᠠᠺᠯᠠᠪᠠᠷ ᠵᠡᠷᠭᠡ ᠶᠢ᠂ ᠬᠢᠲᠠᠳ ᠤᠨ ᠤᠯᠤᠰ ᠲᠥᠷᠥ ᠶᠢᠨ ᠪᠣᠳᠣᠯᠭ᠎ᠠ ᠰᠡᠳᠦᠪ ᠢᠶᠡᠷ ᠮᠠᠰᠲ᠋ᠸᠷ ᠵᠡᠷᠭᠡ ᠶᠢ ᠮᠡᠴᠢᠭᠠᠨ ᠤ ᠶᠡᠬᠡ ᠰᠤᠷᠭᠠᠭᠤᠯᠢ ᠠᠴᠠ ᠬᠦᠷᠲᠡᠭᠰᠡᠨ ᠶᠤᠮ᠃ ᠲᠡᠷᠡ ᠳᠥᠷᠪᠡᠨ ᠬᠡᠦᠬᠡᠳ ᠦᠨ ᠡᠴᠢᠭᠡ ᠪᠥᠭᠡᠳ ᠣᠳᠣ ᠪᠠᠷ ᠺᠠᠯᠢᠹᠣᠷᠨ ᠮᠤᠵᠢ ᠶᠢᠨ ᠫᠠᠰᠠᠳᠢᠨ ᠬᠣᠳᠠ ᠳᠤ ᠠᠮᠢᠳᠤᠷᠠᠵᠤ ᠪᠠᠶᠢᠨ᠎ᠠ᠃



ᠠᠷᠠᠳ ᠲᠦᠮᠡᠨ ᠦ ᠶᠡᠬᠡ ᠰᠤᠷᠭᠠᠭᠤᠯᠢ (University of People)[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠲᠦᠮᠡᠨ ᠦ ᠶᠡᠬᠡ ᠰᠤᠷᠭᠠᠭᠤᠯᠢ (UoPeople) ᠪᠣᠯ ᠳᠡᠯᠡᠬᠡᠢ ᠶᠢᠨ ᠠᠩᠬᠠᠨ ᠤ ᠠᠰᠢᠭ ᠤᠨ ᠪᠤᠰᠤ᠂ ᠪᠠᠲᠤᠯᠠᠨ ᠢᠲᠡᠭᠡᠮᠵᠢᠯᠡᠭᠳᠡᠭᠰᠡᠨ᠂ ᠰᠤᠷᠭᠠᠯᠲᠠ ᠶᠢᠨ ᠲᠥᠯᠥᠪᠦᠷᠢ ᠦᠭᠡᠢ᠂ ᠵᠠᠢ ᠶᠢᠨ ᠰᠤᠷᠭᠠᠯᠲᠠ ᠶᠠᠪᠤᠭᠤᠯᠳᠠᠭ ᠶᠡᠬᠡ ᠰᠤᠷᠭᠠᠭᠤᠯᠢ ᠶᠤᠮ᠃ ᠠᠷᠠᠳ ᠲᠦᠮᠡᠨ ᠦ ᠶᠡᠬᠡ ᠰᠤᠷᠭᠠᠭᠤᠯᠢ ᠪᠣᠯ ᠰᠠᠩᠬᠦᠦ ᠶᠢᠨ ᠪᠣᠯᠤᠮᠵᠢ ᠲᠠᠢ ᠡᠰᠡᠬᠦ ᠡᠴᠡ᠂ ᠬᠠᠮᠢᠭ᠎ᠠ ᠪᠣᠯᠤᠭᠠᠳ ᠶᠠᠮᠠᠷ ᠨᠡᠶᠢᠭᠡᠮ ᠳᠦ ᠠᠮᠢᠳᠤᠷᠠᠵᠤ ᠪᠠᠶᠢᠭ᠎ᠠ ᠡᠰᠡᠬᠦ ᠡᠴᠡ ᠲᠡᠷᠡᠴᠢᠯᠡᠨ ᠬᠥᠭᠵᠢᠯ ᠦᠨ ᠪᠡᠷᠬᠡᠰᠢᠶᠡᠯ ᠲᠡᠢ ᠡᠰᠡᠬᠦ ᠡᠴᠡ ᠦᠯᠦ ᠬᠠᠮᠢᠶᠠᠷᠤᠨ ᠣᠷᠣᠨ ᠪᠦᠷᠢ ᠶᠢᠨ ᠬᠦᠮᠦᠰ ᠲᠦ ᠳᠡᠯᠡᠬᠡᠢ ᠶᠢᠨ ᠳᠥᠪᠰᠢᠨ ᠦ ᠴᠢᠨᠠᠷᠲᠠᠢ ᠳᠡᠭᠡᠳᠦ ᠪᠣᠯᠪᠠᠰᠤᠷᠠᠯ ᠢ ᠣᠯᠵᠤ ᠠᠪᠬᠤ ᠵᠠᠮ ᠢ ᠨᠡᠭᠡᠭᠡᠵᠦ ᠥᠭᠳᠡᠭ᠃ ᠠᠷᠠᠳ ᠲᠦᠮᠡᠨ ᠦ ᠶᠡᠬᠡ ᠰᠤᠷᠭᠠᠭᠤᠯᠢ ᠪᠣᠯ ᠮᠡᠳᠡᠭᠡᠯᠡᠯ ᠦᠨ ᠲᠧᠭᠨᠣᠯᠣᠭ᠂ ᠪᠢᠽᠢᠨ᠋ᠧᠰ ᠦᠨ ᠤᠳᠤᠷᠢᠳᠤᠯᠭ᠎ᠠ ᠵᠡᠷᠭᠡ ᠪᠡᠷ ᠳᠥᠷᠪᠡᠨ ᠵᠢᠯ ᠦᠨ ᠪᠠᠺᠯᠠᠪᠠᠷ ᠤᠨ ᠵᠠᠢ ᠶᠢᠨ ᠰᠤᠷᠭᠠᠯᠲᠠ ᠶᠢ ᠦᠨ᠎ᠡ ᠲᠥᠯᠥᠪᠦᠷᠢ ᠦᠭᠡᠢ ᠶᠠᠪᠤᠭᠤᠯᠵᠤ᠂ ᠲᠡᠭᠦᠰᠦᠭᠰᠡᠨ ᠣᠶᠤᠲᠠᠨ ᠨᠤᠭᠤᠳ ᠲᠠᠭᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠲᠤᠯᠠᠨ ᠢᠲᠡᠭᠡᠮᠵᠢᠯᠡᠭᠳᠡᠭᠰᠡᠨ ᠪᠠᠺᠯᠠᠪᠠᠷ ᠤᠨ ᠦᠨᠡᠮᠯᠡᠬᠦ ᠶᠢ ᠭᠠᠷᠳᠠᠭᠤᠯᠳᠠᠭ᠃ ᠲᠤᠰ ᠰᠤᠷᠭᠠᠭᠤᠯᠢ ᠨᠢ ᠳᠡᠯᠡᠬᠡᠢ ᠶᠢᠨ ᠬᠠᠮᠤᠭ ᠤᠨ ᠰᠢᠯᠢᠳᠡᠭ ᠶᠡᠬᠡ ᠰᠤᠷᠭᠠᠭᠤᠯᠢ ᠨᠤᠭᠤᠳ ᠤᠨ ᠳᠡᠮᠵᠢᠯᠭᠡ ᠲᠡᠢ ᠪᠡᠷ ᠰᠤᠷᠭᠠᠯᠲᠠ ᠶᠢ ᠶᠠᠪᠤᠭᠤᠯᠳᠠᠭ ᠪᠥᠭᠡᠳ ᠣᠳᠣ ᠶᠢᠨ ᠪᠠᠶᠢᠳᠠᠯ ᠢᠶᠠᠷ 150 ᠭᠠᠷᠤᠢ ᠣᠷᠣᠨ ᠤ 2000 ᠭᠠᠷᠤᠢ ᠣᠶᠤᠲᠠᠨ ᠨᠤᠭᠤᠳ ᠲᠤᠰ ᠰᠤᠷᠭᠠᠭᠤᠯᠢ ᠠᠴᠠ ᠶᠠᠪᠤᠭᠤᠯᠳᠠᠭ ᠵᠠᠢ ᠶᠢᠨ ᠰᠤᠷᠭᠠᠯᠲᠠᠨ ᠳᠤ ᠬᠠᠮᠤᠷᠤᠭᠳᠠᠨ ᠰᠤᠷᠤᠯᠴᠠᠵᠤ ᠪᠠᠶᠢᠨ᠎ᠠ᠃ ᠰᠠᠶᠢᠲᠤ ᠠᠴᠠ ᠦᠵᠡᠬᠦ http://uopeople.edu/ ᠠᠷᠠᠳ ᠲᠦᠮᠡᠨ ᠦ ᠶᠡᠬᠡ ᠰᠤᠷᠭᠠᠭᠤᠯᠢ ᠶᠢᠨ ᠬᠠᠮᠲᠤ ᠶᠢᠨ ᠠᠵᠢᠯᠠᠭ᠎ᠠ ᠶᠠᠯ ᠬᠠᠤᠯᠢ ᠶᠢᠨ ᠰᠤᠷᠭᠠᠭᠤᠯᠢ (Yale Law School), ᠨᠶᠤ ᠢᠣᠷᠺ ᠶᠡᠬᠡ ᠰᠤᠷᠭᠠᠭᠤᠯᠢ (New York University), ᠮᠢᠺᠷᠣᠰᠣᠹᠲ 4 ᠠᠹᠷᠢᠺᠠ ᠲᠡᠳᠡᠭᠡᠯᠢᠭ ᠲᠦ ᠬᠥᠲᠥᠯᠪᠦᠷᠢ ᠫᠷᠣᠭᠷᠠᠮ (Microsoft4Afrika scholarship program), ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ᠂ ᠺᠯᠢᠨᠲ᠋ᠣᠨ ᠤ ᠳᠠᠶᠠᠭᠠᠷᠴᠢᠯᠠᠯ ᠤᠨ ᠰᠠᠨᠠᠭᠠᠴᠢᠯᠭ᠎ᠠ (Clinton Global Initiative), ᠲᠧᠭᠨᠣᠯᠣᠭᠢ ᠶᠢᠨ ᠺᠣᠮᠫᠠᠨ Hewlett Packard (HP) ᠵᠡᠷᠭᠡ ᠣᠯᠠᠨ ᠤᠯᠤᠰ ᠤᠨ ᠪᠣᠯᠤᠭᠠᠳ ᠪᠣᠯᠪᠠᠰᠤᠷᠠᠯ ᠤᠨ ᠪᠠᠶᠢᠭᠤᠯᠤᠯᠭ᠎ᠠ ᠨᠤᠭᠤᠳ ᠲᠠᠢ ᠲᠡᠷᠡᠴᠢᠯᠡᠨ ᠳᠡᠯᠡᠬᠡᠢ ᠶᠢᠨ ᠬᠡᠮᠵᠢᠶᠡᠨ ᠳᠦ ᠦᠢᠯᠡ ᠠᠵᠢᠯᠠᠭ᠎ᠠ ᠶᠢ ᠪᠠᠨ ᠶᠠᠪᠤᠭᠤᠯᠳᠠᠭ ᠲᠣᠮᠣᠬᠠᠨ ᠺᠣᠮᠫᠠᠨ ᠨᠤᠭᠤᠳ ᠲᠠᠢ ᠨᠢᠭᠲᠠᠴᠠ ᠬᠠᠮᠲᠤᠷᠠᠨ ᠠᠵᠢᠯᠳᠠᠭ᠃

Hewlett Packard (HP) ᠺᠣᠮᠫᠠᠨ ᠲᠠᠢ ᠬᠠᠮᠲᠤᠷᠠᠭᠰᠠᠨ ᠦᠢᠯᠡ ᠠᠵᠢᠯᠠᠭ᠎ᠠ ᠳᠡᠯᠡᠬᠡᠢ ᠶᠢᠨ ᠬᠠᠮᠤᠭ ᠤᠨ ᠲᠣᠮᠣ ᠲᠧᠭᠨᠣᠯᠣᠭᠢ ᠶᠢᠨ ᠺᠣᠮᠫᠠᠨᠢ Hewlett Packard (HP) ᠠᠷᠠᠳ ᠲᠦᠮᠡᠨ ᠦ ᠶᠡᠬᠡ ᠰᠤᠷᠭᠠᠭᠤᠯᠢ ᠶᠢᠨ ᠣᠶᠤᠲᠠᠨ ᠨᠤᠭᠤᠳ ᠲᠤ ᠡᠷᠳᠡᠮ ᠰᠢᠨᠵᠢᠯᠡᠭᠡᠨ ᠦ ᠠᠵᠢᠯ ᠤᠨᠨ ᠳᠠᠳᠤᠯᠭ᠎ᠠ ᠶᠢ ᠥᠪᠡᠷ ᠦᠨ ᠺᠣᠮᠫᠠᠨ ᠳᠡᠭᠡᠷ᠎ᠡ ᠬᠢᠬᠦ ᠪᠣᠯᠤᠮᠵᠢ ᠶᠢ ᠣᠯᠭᠤᠯ᠎ᠠ! Hewlett Packard (HP) ᠺᠣᠮᠫᠠᠨ ᠠᠷᠠᠳ ᠲᠦᠮᠡᠨ ᠦ ᠶᠡᠬᠡ ᠰᠤᠷᠭᠠᠭᠤᠯᠢ ᠶᠢᠨ ᠣᠶᠤᠲᠠᠨ ᠨᠤᠭᠤᠳ ᠲᠠᠢ ᠬᠠᠮᠲᠤᠷᠠᠨ ᠪᠣᠯᠪᠠᠰᠤᠷᠠᠯ᠂ ᠲᠧᠭᠨᠣᠯᠣᠭ ᠪᠠ ᠡᠷᠡᠭᠦᠯ ᠮᠡᠨᠳᠦ ᠶᠢᠨ ᠴᠢᠭᠯᠡᠯᠯᠡᠷ᠎ᠡ ᠰᠤᠳᠤᠯᠭ᠎ᠠ ᠶᠠᠪᠤᠭᠤᠯᠬᠤ ᠭᠡᠷ᠎ᠡ ᠪᠠᠶᠢᠭᠤᠯᠵᠠᠢ᠃ ᠠᠷᠠᠳ ᠲᠦᠮᠡᠨ ᠦ ᠶᠡᠬᠡ ᠰᠤᠷᠭᠠᠭᠤᠯᠢ ᠥᠪᠡᠷ ᠦᠨ ᠣᠶᠤᠲᠠᠨ ᠨᠤᠭᠤᠳ ᠤᠨ ᠰᠤᠷᠤᠯᠴᠠᠬᠤ ᠦᠢᠯᠡ ᠠᠵᠢᠯᠭᠠᠨ ᠳᠤ ᠠᠩᠬᠠᠷᠬᠤᠭᠠᠳ ᠵᠣᠭᠰᠣᠬᠤ ᠦᠭᠡᠢ ᠲᠡᠳᠡᠨ ᠳᠦ ᠴᠢᠨᠠᠭᠰᠢᠳᠠ ᠡᠵᠡᠮᠰᠢᠭᠰᠡᠨ ᠮᠡᠷᠡᠭᠵᠢᠯ ᠢᠶᠡᠷ ᠢᠶᠡᠨ ᠠᠵᠢᠯ ᠣᠯᠵᠤ ᠬᠢᠬᠦ ᠳᠦ ᠲᠤᠰᠠᠯᠠᠳᠠᠭ᠃

ᠬᠦᠯᠢᠶᠡᠨ ᠵᠥᠪᠰᠢᠶᠡᠷᠡᠭᠳᠡᠭᠰᠡᠨ ᠪᠠᠶᠢᠳᠠᠯ ᠪᠠ ᠱᠠᠩᠨᠠᠯ ᠤᠷᠮᠠᠰᠢᠭᠤᠯᠤᠯ ᠤᠳ 2013 ᠣᠨ ᠳᠤ ᠣᠯᠠᠨ ᠤᠯᠤᠰ ᠤᠨ ᠣᠶᠤᠲᠠᠨ ᠤ ᠭᠡᠷᠡᠴᠢ ᠦᠨᠡᠮᠯᠡᠬᠦ ᠶᠢᠨ ᠬᠣᠯᠪᠣᠭ᠎ᠠ (International Student Identity Card (ISIC) Association) ᠪᠠ ᠳᠡᠯᠡᠬᠡᠢ ᠶᠢᠨ ᠮᠠᠰᠲ᠋ᠸᠷ ᠺᠠᠷᠲ (MasterCard Worldwide) ᠵᠡᠷᠭᠡ ᠪᠠᠶᠢᠭᠤᠯᠤᠯᠭ᠎ᠠ ᠠᠴᠠ ᠲᠤᠰᠬᠠᠢ ᠱᠠᠩᠨᠠᠯ ᠬᠦᠯᠢᠶᠡᠨ ᠠᠪᠤᠭᠰᠠᠨ᠃ 2014 ᠣᠨ ᠤ 2 ᠍ ᠳᠤᠭᠠᠷ ᠰᠠᠷ᠎ᠠ ᠳᠤ ᠠᠷᠠᠳ ᠲᠦᠮᠡᠨ ᠦ ᠶᠡᠬᠡ ᠰᠤᠷᠭᠠᠭᠤᠯᠢ ᠠᠮᠧᠷᠢᠺᠠ ᠶᠢᠨ ᠨᠢᠭᠡᠳᠦᠭᠰᠡᠨ ᠤᠯᠤᠰ ᠤᠨ ᠵᠠᠢ ᠶᠢᠨ ᠰᠤᠷᠭᠠᠯᠲᠠ ᠶᠢ ᠪᠠᠲᠤᠯᠠᠨ ᠢᠲᠡᠭᠡᠮᠵᠢᠯᠡᠬᠦ ᠬᠣᠷᠢᠶᠠᠨ ᠠᠴᠠ ( Distance Education Accrediting Commission /DEAC/ ) ᠬᠦᠯᠢᠶᠡᠨ ᠵᠥᠪᠰᠢᠶᠡᠷᠡᠭᠳᠡᠭᠰᠡᠨ᠃

ᠠᠷᠠᠳ ᠲᠦᠮᠡᠨ ᠦ ᠶᠡᠬᠡ ᠰᠤᠷᠭᠠᠭᠤᠯᠢ ᠶᠢ ᠲᠡᠭᠦᠰᠦᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

   ᠵᠠᠢ ᠶᠢᠨ ᠸ ᠠᠺᠹᠧᠢᠯ ᠳᠤ (BBC, JaneWakefield Technology reporter) ᠍ ᠦᠨ ᠰᠤᠷᠪᠤᠯᠵᠢᠯᠠᠭ᠎ᠠ ᠠᠴᠠ

34 ᠨᠠᠰᠤᠲᠠᠢ ᠵᠣᠷᠳᠢᠶᠠᠨ ᠤᠯᠤᠰ ᠤᠨ ᠢᠷᠭᠡᠨ ᠠᠯᠢ ᠫᠠᠲᠷᠢᠺ ᠶᠡᠳ ᠪᠣᠯ ᠠᠷᠠᠳ ᠲᠦᠮᠡᠨ ᠦ ᠶᠡᠬᠡ ᠰᠤᠷᠭᠠᠭᠤᠯᠢ ᠶᠢ ᠪᠢᠽᠢᠨ᠋ᠧᠰ ᠦᠨ ᠤᠳᠤᠳᠤᠯᠭ᠎ᠠ ᠪᠠᠷ ᠲᠡᠭᠦᠰᠴᠦ ᠪᠠᠭᠠᠯᠪᠠᠷ ᠤᠨ ᠦᠨᠡᠮᠯᠡᠬᠦ ᠪᠡᠨ ᠬᠡᠳᠦᠬᠡᠨ ᠳᠣᠯᠣᠭ᠎ᠠ ᠬᠣᠨᠣᠭ ᠤᠨ ᠡᠮᠦᠨ᠎ᠡ ᠰᠢᠤᠳᠠᠨ ᠢᠶᠠᠷ ᠬᠦᠯᠢᠶᠡᠨ ᠠᠪᠴᠠᠢ᠃ ᠬᠥᠭᠵᠢᠵᠦ ᠪᠠᠶᠢᠭ᠎ᠠ ᠣᠷᠣᠨ ᠨᠤᠭᠤᠳ ᠤᠨ ᠬᠦᠮᠦᠰ ᠲᠦ ᠳᠡᠯᠡᠬᠡᠢ ᠶᠢᠨ ᠳᠥᠪᠰᠢᠨ ᠦ ᠴᠢᠨᠠᠷᠲᠠᠢ ᠪᠣᠯᠪᠠᠰᠤᠷᠠᠯ ᠣᠯᠭᠤᠵᠤ ᠪᠠᠶᠢᠭᠠᠳ ᠠᠷᠠᠳ ᠲᠦᠮᠡᠨ ᠦ ᠶᠡᠬᠡ ᠰᠤᠷᠭᠠᠭᠤᠯᠢ ᠳᠤ ᠮᠠᠰᠢ ᠶᠡᠬᠡ ᠲᠠᠯᠠᠷᠬᠠᠵᠤ ᠶᠠᠪᠤᠳᠠᠭ ᠪᠠᠶᠢᠨ᠎ᠠ᠃

  ᠎ᠠ᠃ᠢ᠃ᠺ᠃ ᠴᠠᠭᠢᠶ᠎ᠠ (A.I.C. Thigio) ᠺᠧᠨᠢᠶ ᠠ ᠤᠯᠤᠰ ᠤᠨ ᠢᠷᠭᠡᠨ

ᠠᠷᠠᠳ ᠲᠦᠮᠡᠨ ᠦ ᠶᠡᠬᠡ ᠰᠤᠷᠭᠠᠭᠤᠯᠢ ᠥᠪᠡᠷ ᠦᠨ ᠪᠦᠬᠦ ᠣᠶᠤᠲᠠᠨ ᠨᠤᠭᠤᠳ ᠠᠴᠠ ᠰᠤᠷᠤᠯᠴᠠᠬᠤ ᠪᠣᠯᠤᠭᠠᠳ ᠤᠩᠰᠢᠬᠤ ᠮᠠᠲ᠋ᠧᠷᠢᠠᠯ ᠤᠳ ᠢᠶᠠᠷ ᠪᠦᠷᠢᠨ ᠬᠠᠩᠭᠠᠳᠠᠭ ᠪᠥᠭᠡᠳ ᠲᠡᠭᠦᠨ ᠦ ᠲᠥᠯᠥᠭᠡ ᠲᠥᠯᠥᠪᠦᠷᠢ ᠠᠪᠳᠠᠭ ᠦᠭᠡᠢ ᠪᠡᠷ ᠪᠠᠷᠠᠬᠤ ᠦᠭᠡᠢ ᠵᠢᠯ ᠪᠦᠷᠢ ᠶᠢᠨ ᠪᠦᠷᠢᠳᠬᠡᠯ ᠦᠨ ᠲᠥᠯᠥᠪᠦᠷᠢ ᠴᠤ ᠠᠪᠳᠠᠭ ᠦᠭᠡᠢ᠃ ᠮᠢᠨᠦ ᠬᠠᠮᠲᠤ ᠰᠤᠷᠠᠳᠠᠭ ᠨᠢᠭᠡ ᠠᠩᠭᠢ ᠶᠢᠨ ᠬᠢᠨ ᠮᠠᠨᠢ ᠳᠡᠯᠡᠬᠡᠢ ᠶᠢᠨ ᠥᠨᠴᠥᠭ ᠪᠣᠯᠭᠠᠨ ᠳᠤ ᠪᠠᠶᠢᠳᠠᠭ᠂ ᠮᠠᠨ ᠤ ᠪᠠᠭᠰᠢ ᠨᠠᠷ ᠪᠣᠯ ᠳᠡᠯᠡᠬᠡᠢ ᠶᠢᠨ ᠰᠢᠯᠢᠳᠡᠭ ᠶᠡᠬᠡ ᠰᠤᠷᠭᠠᠭᠤᠯᠢ ᠨᠤᠭᠤᠳ ᠤᠨ ᠥᠨᠳᠥᠷ ᠮᠡᠳᠡᠯᠭᠡ ᠲᠤᠷᠰᠢᠯ ᠲᠠᠢ ᠰᠢᠨᠵᠢᠯᠡᠬᠦ ᠤᠬᠠᠭᠠᠨ ᠤ ᠳ᠋ᠣᠺᠲ᠋ᠣᠷ᠂ ᠫᠷᠣᠹᠧᠰᠰᠣᠷ ᠤᠳ ᠪᠠᠶᠢᠳᠠᠭ ᠪᠥᠭᠡᠳ ᠨᠠᠮᠠᠢ ᠲᠡᠳᠡᠨ ᠲᠡᠢ ᠢᠨᠲ᠋ᠧᠷᠨᠡᠲ ᠢᠶᠡᠷ ᠪᠠᠶᠢᠩᠭᠤ ᠶᠢᠨ ᠬᠣᠯᠪᠣᠭ᠎ᠠ ᠲᠠᠢ ᠪᠠᠶᠢᠬᠤ ᠨᠥᠬᠥᠴᠡᠯ ᠢ ᠮᠠᠨ ᠤ ᠰᠤᠷᠭᠠᠭᠤᠯᠢ ᠠᠴᠠ ᠪᠦᠷᠢᠨ ᠬᠠᠩᠭᠠᠭᠰᠠᠨ ᠪᠠᠶᠢᠳᠠᠭ᠃ ᠲᠡᠷᠡᠴᠢᠯᠡᠨ ᠮᠠᠨ ᠤ ᠰᠤᠷᠭᠠᠭᠤᠯᠢ ᠳᠤ ᠡᠬᠢᠨ ᠦ ᠵᠢᠯ ᠳᠤ ᠪᠡᠨ ᠬᠠᠮᠤᠭ ᠤᠨ ᠠᠮᠵᠢᠯᠲᠠᠲᠠᠢ ᠰᠤᠷᠤᠯᠴᠠᠭᠰᠠᠨ ᠨᠢᠭᠡ ᠣᠶᠤᠲᠠᠨ ᠢ ᠨᠶᠤ ᠢᠣᠷᠺ ᠶᠡᠬᠡ ᠰᠤᠷᠭᠠᠭᠤᠯᠢ ᠶᠢᠨ ᠺᠠᠮᠫ ᠳᠠᠬᠢ ᠰᠤᠷᠭᠠᠯᠲᠠᠨ ᠳᠤ ᠦᠨ᠎ᠡ ᠲᠥᠯᠥᠪᠦᠷᠢ ᠦᠭᠡᠢ ᠦᠷᠭᠦᠯᠵᠢᠯᠡᠭᠦᠯᠦᠨ ᠰᠤᠷᠤᠯᠴᠠᠵᠤ ᠲᠡᠭᠦᠰᠬᠦ ᠪᠣᠯᠤᠮᠵᠢ ᠶᠢ ᠥᠭᠳᠡᠭ᠃ ᠠᠷᠠᠳ ᠲᠦᠮᠡᠨ ᠦ ᠶᠡᠬᠡ ᠰᠤᠷᠭᠠᠭᠤᠯᠢ ᠣᠶᠤᠲᠠᠨ ᠨᠤᠭᠤᠳ ᠢᠶᠠᠨ ᠲᠥᠷᠥᠯ ᠪᠦᠷᠢ ᠶᠢᠨ ᠲᠡᠳᠬᠦᠯᠭᠡ ᠳᠦ ᠬᠥᠲᠥᠯᠪᠦᠷᠢ ᠳᠦ ᠬᠠᠮᠤᠷᠤᠭᠳᠠᠬᠤ ᠪᠣᠯᠤᠮᠵᠢ ᠪᠠᠷ ᠪᠦᠷᠢᠨ ᠬᠠᠩᠭᠠᠵᠤ ᠪᠠᠶᠢᠳᠠᠭ᠃


ᠠᠷᠠᠳ ᠲᠦᠮᠡᠨ ᠦ ᠶᠡᠬᠡ ᠰᠤᠷᠭᠠᠭᠤᠯᠢ ᠶᠢ ᠲᠡᠭᠦᠰᠦᠭᠴᠢ ᠰᠢᠶᠠᠨ (Shian,China) ᠪᠢ ᠠᠵᠢᠯ ᠬᠢᠬᠦ ᠬᠤᠭᠤᠴᠠᠭᠠᠨ ᠳᠤ ᠪᠠᠨ ᠠᠷᠠᠳ ᠲᠦᠮᠡᠨ ᠦ ᠶᠡᠬᠡ ᠰᠤᠷᠭᠠᠭᠤᠯᠢ ᠳᠤ ᠰᠤᠷᠤᠯᠴᠠᠵᠤ ᠡᠬᠢᠯᠡᠭᠰᠡᠨ᠃ ᠲᠡᠷᠡ ᠦᠶ᠎ᠡ ᠳᠦ ᠪᠢ ᠪᠠᠰᠠ ᠬᠥᠳᠡᠭᠡ ᠶᠢᠨ ᠰᠤᠷᠭᠠᠭᠤᠯᠢ ᠳᠡᠭᠡᠷ᠎ᠡ ᠰᠠᠶᠢᠨ ᠳᠤᠷ᠎ᠠ ᠶᠢᠨ ᠠᠵᠢᠯ ᠳᠤ ᠣᠷᠣᠯᠴᠳᠠᠭ ᠪᠠᠶᠢᠭᠰᠠᠨ᠃ ᠠᠵᠢᠯ ᠤᠨᠨ ᠳᠠᠷᠠᠭ᠎ᠠ ᠣᠷᠣᠢ ᠶᠢᠨ ᠴᠠᠭ ᠢᠶᠠᠷ ᠥᠪᠡᠷ ᠦᠨ laptop ᠳᠡᠭᠡᠷ᠎ᠡ ᠰᠠᠭᠤᠵᠤ 2G phone ᠬᠣᠯᠪᠣᠭ᠎ᠠ ᠪᠠᠷ ᠡᠬᠢᠨ ᠦ ᠬᠢᠴᠢᠶᠡᠯ ᠦᠳ ᠢᠶᠡᠨ ᠰᠣᠨᠣᠰᠤᠨ ᠰᠤᠳᠤᠯᠴᠠᠵᠤ ᠡᠬᠢᠯᠡᠭᠰᠡᠨ᠃

ᠡᠬᠢᠨ ᠦ ᠬᠢᠴᠢᠶᠡᠯ ᠦᠳ ᠢᠶᠡᠨ ᠰᠤᠳᠤᠯᠵᠤ ᠦᠵᠡᠭᠰᠡᠨ ᠦ ᠳᠠᠷᠠᠭ᠎ᠠ ᠪᠠᠷ᠂ ᠪᠡᠶᠢᠵᠢᠨ ᠬᠣᠳᠠ ᠳᠤ ᠢᠷᠭᠡᠨ ᠢᠷᠡᠵᠦ᠂ ᠨᠶᠤ ᠢᠣᠷᠺ ᠤᠨ ᠬᠥᠷᠦᠩᠭᠡ ᠶᠢᠨ ᠪᠢᠷᠵᠢ ᠳᠦ ᠪᠦᠷᠢᠳᠬᠡᠭᠦᠯᠬᠦ ᠭᠡᠵᠦ ᠪᠠᠶᠢᠭᠰᠠᠨ ᠨᠢᠭᠡᠨ ᠺᠣᠮᠫᠠᠨᠳ ᠠᠵᠢᠯᠯᠠᠵᠤ ᠡᠬᠢᠯᠡᠭᠰᠡᠨ᠃ ᠪᠢ ᠶᠡᠬᠡ ᠵᠠᠪ ᠦᠭᠡᠢ ᠪᠣᠯᠤᠭᠰᠠᠨ ᠪᠣᠯᠪᠠᠴᠤ᠂ ᠠᠷᠠᠳ ᠲᠦᠮᠡᠨ ᠦ ᠶᠡᠬᠡ ᠰᠤᠷᠭᠠᠭᠤᠯᠢ ᠳᠤ ᠰᠤᠷᠤᠯᠴᠠᠭᠰᠠᠭᠠᠷ ᠯᠠ ᠪᠠᠶᠢᠭᠰᠠᠨ᠃ ᠨᠢᠭᠡ ᠵᠢᠯ ᠦᠨ ᠳᠠᠷᠠᠭ᠎ᠠ᠂ ᠠᠵᠢᠯ ᠢᠶᠠᠨ ᠰᠣᠯᠢᠭᠰᠠᠨ ᠪᠠᠰᠠ ᠮᠢᠨᠤ ᠬᠤᠪᠢ ᠤᠨ ᠪᠤᠰᠤᠳ ᠠᠵᠢᠯ ᠤᠨᠳ ᠮᠠᠨᠢ ᠪᠦᠲᠦᠯᠭᠦᠶᠢᠲᠦᠭᠰᠡᠨ ᠦ ᠤᠴᠢᠷ ᠠᠷᠠᠳ ᠲᠦᠮᠡᠨ ᠦ ᠶᠡᠬᠡ ᠰᠤᠷᠭᠠᠭᠤᠯᠢ ᠶᠢᠨ ᠢᠶᠠᠨ ᠬᠢᠴᠢᠶᠡᠯ ᠢᠶᠡᠨ ᠨᠢᠭᠡ ᠵᠢᠯ ᠢᠶᠡᠷ ᠲᠠᠰᠤᠯᠳᠠᠭᠤᠯᠪᠠ᠃

ᠬᠡᠷᠪᠡ ᠪᠡᠨ ᠠᠷᠠᠳ ᠲᠦᠮᠡᠨ ᠦ ᠶᠡᠬᠡ ᠰᠤᠷᠭᠠᠭᠤᠯᠢ ᠬᠢᠴᠢᠶᠡᠯ ᠢᠶᠡᠨ ᠵᠠᠢ ᠶᠢᠨ ᠰᠤᠷᠭᠠᠯᠲᠠ ᠪᠠᠷ ᠶᠠᠪᠤᠭᠤᠯᠳᠠᠭ ᠦᠭᠡᠢ ᠪᠠᠶᠢᠭᠰᠠᠨ ᠪᠣᠯ᠂ ᠮᠢᠨᠤ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠬᠡ ᠰᠤᠷᠭᠠᠭᠤᠯᠢ ᠶᠢᠨ ᠪᠠᠺᠯᠠᠸᠷ ᠴᠣᠯᠠ ᠣᠯᠵᠤ ᠠᠪᠬᠤ ᠶᠠᠪᠤᠳᠠᠯ ᠮᠠᠨᠢ ᠲᠠᠯ᠎ᠠ ᠪᠠᠷ ᠪᠣᠯᠬᠤ ᠪᠠᠶᠢᠭᠰᠠᠨ᠃ ᠣᠶᠤᠲᠠᠨ ᠤ ᠬᠡᠷᠡᠭ ᠢ ᠬᠠᠷᠢᠭᠤᠴᠠᠭᠰᠠᠨ ᠠᠯᠪᠠᠨ ᠤ ᠤᠳᠤᠷᠢᠳᠤᠯᠭ᠎ᠠ ᠮᠢᠨᠤ ᠰᠤᠷᠤᠯᠴᠠᠬᠤ ᠶᠠᠪᠤᠴᠠ ᠶᠢ ᠰᠤᠳᠤᠯᠬᠤ ᠪᠠᠷ ᠬᠠᠨᠳᠤᠬᠤ ᠦᠶ᠎ᠡ ᠳᠦ᠂ ᠪᠢ ᠥᠪᠡᠷ ᠦᠨ ᠪᠠᠶᠢᠳᠠᠯ ᠢᠶᠠᠨ ᠲᠠᠶᠢᠯᠪᠤᠷᠢᠯᠠᠬᠤ ᠶᠢᠨ ᠵᠡᠷᠭᠡᠴᠡᠭᠡ ᠪᠦᠷᠢ ᠰᠤᠷᠭᠠᠭᠤᠯᠢ ᠠᠴᠠ ᠭᠠᠷᠬᠤ ᠲᠤᠬᠠᠢ ᠴᠤ ᠠᠰᠠᠭᠤᠵᠤ ᠦᠵᠡᠪᠡ᠃ ᠮᠠᠰᠢ ᠣᠯᠠᠨ ᠶᠡ ᠮᠠᠶᠢᠯᠢ ᠪᠡᠷ ᠬᠠᠷᠢᠯᠴᠠᠭᠰᠠᠨ ᠤ ᠡᠴᠦᠰ ᠲᠦ᠂ ᠲᠡᠷᠡ ᠨᠠᠳᠠ ᠳᠤ ᠡᠬᠢᠨ ᠦ ᠬᠣᠶᠠᠷ ᠵᠢᠯ ᠰᠤᠷᠤᠯᠴᠠᠭᠰᠠᠨ ᠪᠣᠯ associate degree ᠭᠡᠳᠡᠭ ᠴᠣᠯᠠ ᠶᠢ ᠠᠯᠪᠠᠨ ᠶᠣᠰᠣᠭᠠᠷ ᠠᠪᠤᠭᠠᠳ ᠬᠦᠰᠡᠪᠡᠯ ᠡᠨᠡ ᠰᠤᠷᠭᠠᠭᠤᠯᠢᠳᠠᠭ᠎ᠠ ᠪᠤᠶᠤ ᠥᠭᠡᠷ᠎ᠡ ᠠᠯᠢ ᠨᠢᠭᠡ ᠰᠤᠷᠭᠠᠭᠤᠯᠢ ᠳᠤ ᠰᠢᠯᠵᠢᠨ ᠰᠤᠷᠤᠯᠴᠠᠬᠤ ᠪᠣᠯᠤᠮᠵᠢ ᠲᠠᠢ ᠶᠢ ᠲᠠᠶᠢᠯᠪᠤᠷᠢᠯᠠᠨ ᠬᠡᠯᠡᠵᠦ ᠦᠭᠪᠡ᠃ ᠬᠣᠵᠢᠮ ᠨᠢ 2013 ᠣᠨ ᠤ ᠰᠡᠭᠦᠯᠡᠷ ᠮᠡᠳᠡᠭᠡᠯᠡᠯ ᠦᠨ ᠲᠧᠭᠨᠣᠯᠣᠭᠢ ᠪᠠᠷ ᠣᠶᠣᠳᠠᠨ ᠵᠡᠷᠭᠡᠭᠡᠨ ᠬᠦᠯᠢᠶᠡᠨ ᠠᠪᠤᠭᠰᠠᠨ᠃

ᠣᠳᠣ ᠪᠢ ᠪᠡᠶᠢᠵᠢᠨ ᠡᠴᠡ ᠬᠣᠯᠠ ᠦᠭᠡᠢ ᠪᠠᠶᠢᠳᠠᠭ ᠴᠢᠩᠲᠠᠣ ᠬᠣᠳᠠ ᠳᠤ ᠲᠣᠭᠣᠮᠠᠯ ᠠᠵᠢᠯ ᠲᠠᠢ ᠪᠣᠯᠤᠭᠰᠠᠨ᠃ ᠠᠷᠠᠳ ᠲᠦᠮᠡᠨ ᠦ ᠶᠡᠬᠡ ᠰᠤᠷᠭᠠᠭᠤᠯᠢ ᠶᠢᠨ ᠤᠳᠤᠷᠢᠳᠤᠯᠭ᠎ᠠ ᠨᠤᠭᠤᠳ ᠤᠨ ᠬᠢᠴᠢᠶᠡᠯ ᠵᠢᠳᠬᠦᠯ ᠦᠨ ᠠᠴᠢ ᠪᠠᠷ ᠥᠪᠡᠷ ᠲᠦ ᠲᠤᠯᠭᠠᠷᠠᠭᠰᠠᠨ ᠪᠡᠷᠬᠡᠰᠢᠶᠡᠯ ᠢ ᠳᠠᠪᠠᠨ ᠲᠤᠭᠤᠯᠵᠤ ᠵᠣᠷᠢᠭᠰᠠᠨ ᠳᠤ ᠪᠠᠨ ᠬᠦᠷᠦᠭᠰᠡᠨ᠃ ᠪᠢ ᠠᠷᠠᠳ ᠲᠦᠮᠡᠨ ᠦ ᠶᠡᠬᠡ ᠰᠤᠷᠭᠠᠭᠤᠯᠢ ᠳᠤ ᠮᠠᠰᠢ ᠶᠡᠬᠡ ᠲᠠᠯᠠᠷᠬᠠᠵᠤ ᠪᠠᠶᠢᠨ᠎ᠠ᠃ ᠬᠡᠷᠪᠡ ᠠᠷᠠᠳ ᠲᠦᠮᠡᠨ ᠦ ᠶᠡᠬᠡ ᠰᠤᠷᠭᠠᠭᠤᠯᠢ ᠪᠠᠶᠢᠭ᠎ᠠ ᠦᠭᠡᠢ ᠪᠠᠶᠢᠭᠰᠠᠨ ᠪᠣᠯ ᠮᠢᠨᠤ ᠳᠡᠯᠡᠬᠡᠢ ᠳᠦ ᠬᠦᠯᠢᠶᠡᠨ ᠵᠥᠪᠰᠢᠶᠡᠷᠡᠭᠳᠡᠭᠰᠡᠨ ᠮᠡᠷᠡᠭᠵᠢᠯᠲᠡᠨ ᠪᠣᠯᠬᠤ ᠵᠠᠮ ᠮᠠᠨᠢ ᠨᠡᠭᠡᠭᠡᠭᠳᠡᠬᠦ ᠦᠭᠡᠢ ᠪᠠᠶᠢᠭᠰᠠᠨ᠃

ᠠᠷᠠᠳ ᠲᠦᠮᠡᠨ ᠦ ᠶᠡᠬᠡ ᠰᠤᠷᠭᠠᠭᠤᠯᠢ ᠶᠢᠨ ᠨᠣᠮ ᠤᠨ ᠰᠠᠩ ᠤᠨ ᠦᠢᠯᠡᠴᠢᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠲᠦᠮᠡᠨ ᠦ ᠶᠡᠬᠡ ᠰᠤᠷᠭᠠᠭᠤᠯᠢ ᠶᠢᠨ ᠨᠣᠮ ᠤᠨ ᠰᠠᠩ ᠪᠠ ᠰᠤᠳᠤᠯᠭᠠᠨ ᠤ ᠲᠥᠪ (University of the People Library and Resource Center /ULRC/) ᠣᠶᠤᠲᠠᠨ ᠨᠤᠭᠤᠳ ᠢ ᠲᠥᠷᠦᠯ ᠪᠦᠷᠢ ᠶᠢᠨ ᠱᠠᠭᠠᠷᠳᠠᠭᠳᠠᠭᠰᠠᠨ ᠰᠤᠷᠤᠯᠴᠠᠬᠤ ᠮᠠᠲ᠋ᠧᠷᠢᠶᠠᠯᠠᠯ ᠢᠶᠠᠷ ᠬᠠᠩᠭᠠᠵᠤ ᠬᠢᠴᠢᠶᠡᠯ ᠦᠨ ᠫᠷᠣᠭᠷᠠᠮ ᠢ ᠳᠡᠮᠵᠢᠳᠡᠭ ᠪᠦᠬᠦ ᠦᠢᠯᠡ ᠠᠵᠢᠯᠠᠭ᠎ᠠ ᠶᠢ ᠶᠠᠪᠤᠭᠤᠯᠤᠨ᠎ᠠ᠃ ᠠᠷᠠᠳ ᠲᠦᠮᠡᠨ ᠦ ᠶᠡᠬᠡ ᠰᠤᠷᠭᠠᠭᠤᠯᠢ ᠶᠢᠨ 60 ᠰᠠᠶ᠎ᠠ ᠰᠤᠷᠬᠤ ᠮᠠᠲ᠋ᠧᠷᠢᠶᠠᠯᠠᠯ ᠤᠨ ᠨᠥᠭᠡᠴᠡ ᠲᠡᠢ ᠨᠣᠮ ᠤᠨ ᠰᠠᠩ ᠪᠠ ᠮᠡᠳᠡᠭᠡᠯᠡᠯ ᠦᠨ ᠰᠦᠯᠵᠢᠶ᠎ᠡ (Library and Information Resources Network /LIRN/) ᠍ ᠢᠶᠡᠷ ᠳᠠᠮᠵᠢᠭᠤᠯᠠᠨ ᠰᠤᠷᠬᠤ ᠪᠢᠴᠢᠭ ᠦᠳ ᠢᠶᠡᠨ ᠵᠠᠬᠢᠶᠠᠯᠠᠨ ᠠᠪᠬᠤ ᠡᠷᠬᠡ ᠪᠦᠬᠦ ᠣᠶᠤᠲᠠᠨ ᠨᠤᠭᠤᠳ ᠲᠤ ᠪᠠᠶᠢᠭ᠎ᠠ᠃ ᠳᠡᠭᠡᠷ᠎ᠡ ᠨᠢ ᠨᠡᠮᠡᠭᠡᠳ᠂ ᠪᠣᠯᠪᠠᠰᠤᠷᠠᠯ ᠣᠯᠵᠤ ᠠᠪᠬᠤ ᠨᠡᠭᠡᠭᠡᠯᠲᠡᠢ ᠡᠬᠡ ᠰᠤᠷᠪᠤᠯᠵᠢ ᠨᠤᠭᠤᠳ᠂ ᠴᠢᠯᠦᠭᠡᠲᠡᠢ ᠬᠡᠷᠡᠭᠯᠡᠬᠦ ᠰᠤᠷᠬᠤ ᠪᠢᠴᠢᠭ ᠦᠳ᠂ ᠡᠯᠧᠺᠲ᠋ᠷᠣᠨ ᠰᠡᠳᠬᠦᠯ ᠦᠳ ᠢ ᠠᠰᠢᠭᠯᠠᠬᠤ ᠪᠣᠯᠤᠮᠵᠢ ᠲᠠᠢ᠃ ᠠᠷᠠᠳ ᠲᠦᠮᠡᠨ ᠦ ᠶᠡᠬᠡ ᠰᠤᠷᠭᠠᠭᠤᠯᠢ ᠶᠢᠨ ᠨᠣᠮ ᠤᠨ ᠰᠠᠩ ᠤᠨ ᠤᠳᠤᠷᠢᠳᠬᠤ ᠠᠵᠢᠯᠲᠠᠨ ᠨᠤᠭᠤᠳ

  ᠨᠣᠮ ᠤᠨ ᠰᠠᠩ ᠤᠨ ᠵᠠᠬᠢᠷᠤᠯ ᠢᠯᠢᠨ ᠹᠷᠠᠨᠺ
ᠪᠠᠷᠠᠭᠤᠨ ᠵᠣᠷᠵᠢ ᠶᠢᠨ ᠶᠡᠬᠡ ᠰᠤᠷᠭᠠᠭᠤᠯᠢ ᠺᠣᠷᠠᠯ ᠭ ᠦᠳᠠᠭᠰᠠᠨ
ᠺᠣᠯᠤᠮᠪᠢᠶ ᠠ ᠶᠡᠬᠡ ᠰᠤᠷᠭᠠᠭᠤᠯᠢ ᠵᠠᠮᠰ᠃ ᠭ᠃ ᠨᠢᠯ
ᠶᠠᠯ ᠬᠠᠤᠯᠢ ᠶᠢᠨ ᠰᠤᠷᠭᠠᠭᠤᠯᠢ ᠰ᠃ᠪᠯᠠᠶᠢᠷ ᠺᠣᠹᠮᠠᠨ

http://uopeople.edu/

See also[ᠵᠠᠰᠠᠪᠤᠷᠢᠯᠠᠬᠤ | ᠺᠣᠳ᠋ ᠢᠶᠠᠷ ᠵᠠᠰᠠᠬᠣ]

References[ᠵᠠᠰᠠᠪᠤᠷᠢᠯᠠᠬᠤ | ᠺᠣᠳ᠋ ᠢᠶᠠᠷ ᠵᠠᠰᠠᠬᠣ]

External links[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:Coord missing[[Category:https://en.wikipedia.org/wiki/University_of_the_People]

ᠪᠢᠴᠢᠭᠡᠰᠦ