ᠠᠷᠠᠳ ᠤᠨ ᠬᠤᠪᠢᠰᠬᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

1921 ᠣᠨ ᠤ ᠠᠷᠠᠳ ᠤᠨ ᠬᠤᠪᠢᠰᠬᠠᠯ ᠨᠢ ᠮᠣᠩᠭᠣᠯ ᠠᠷᠠᠳ ᠤᠨ ᠨᠠᠮ ᠍ ᠤᠨ ᠤᠳᠤᠷᠢᠳᠤᠯᠭᠠᠨ ᠳᠣᠣᠷ᠎ᠠ ᠶᠠᠪᠤᠭᠳᠠᠵᠤ ᠬᠠᠷᠢ ᠶᠢᠨ ᠲᠦᠷᠢᠮᠡᠭᠡᠶᠢᠯᠡᠯ ᠢ ᠡᠰᠡᠷᠭᠦᠴᠡᠭᠰᠡᠨ ᠠᠷᠠᠳ ᠤᠨ ᠪᠦᠷᠢᠨ ᠡᠷᠬᠡᠲᠦ ᠤᠯᠤᠰ ᠤᠨ ᠲᠥᠯᠦᠭᠡᠬᠢ ᠬᠤᠪᠢᠰᠬᠠᠯ ᠪᠠᠶᠢᠴᠠᠢ᠃ ᠠᠷᠠᠳ ᠤᠨ ᠬᠤᠪᠢᠰᠬᠠᠯ ᠤᠨ ᠢᠯᠠᠯᠲᠠ ᠶᠢᠨ ᠦᠷ᠎ᠡ ᠳ᠋ᠦᠩ ᠳᠦ ᠬᠠᠷᠢ ᠶᠢᠨ ᠲᠦᠷᠢᠮᠡᠭᠡᠶᠢᠯᠡᠭᠴᠢᠳ ᠢ ᠬᠥᠭᠡᠭᠡᠨ ᠭᠠᠷᠭᠠᠵᠤ᠂ ᠹᠧᠣᠳᠠᠯ ᠤᠨ ᠪᠠᠶᠢᠭᠤᠯᠤᠯ ᠢ ᠬᠠᠯᠠᠵᠤ᠂ ᠠᠷᠠᠳ ᠤᠨ ᠡᠷᠬᠡᠲᠦ ᠬᠡᠮᠵᠢᠶᠡᠲᠦ ᠴᠠᠭᠠᠵᠠᠲᠤ ᠮᠣᠩᠭᠣᠯ ᠤᠯᠤᠰ ᠍ ᠢ ᠲᠤᠩᠬᠠᠭᠯᠠᠵᠠᠢ᠃ 1921 ᠣᠨ ᠤ ᠬᠤᠪᠢᠰᠬᠠᠯ ᠨᠢ ᠡᠪ ᠬᠠᠮᠳᠣ ᠪᠢᠰᠢ ᠬᠠᠷᠢᠨ ᠦᠨᠳᠦᠰᠦᠨ ᠦ ᠠᠷᠠᠳᠴᠢᠯᠠᠭᠰᠠᠨ ᠬᠤᠪᠢᠰᠬᠠᠯ ᠶᠤᠮ᠃ 1911 ᠣᠨ ᠤ ᠬᠤᠪᠢᠰᠬᠠᠯ ᠢ ᠯᠠᠮᠠ ᠨᠣᠶᠠᠳ ᠬᠠᠷᠢᠨ 1921 ᠣᠨ ᠤ ᠬᠤᠪᠢᠰᠬᠠᠯ ᠢ ᠡᠩ ᠦᠨ ᠠᠷᠠᠳ᠂ ᠳ᠋ᠣᠣ ᠳᠤ᠂ ᠳᠤᠮᠳᠠ ᠲᠤᠰᠢᠶᠠᠯ ᠤᠨ ᠲᠦᠰᠢᠮᠡᠳ᠂ ᠴᠡᠷᠢᠭ ᠦᠨ ᠳᠠᠷᠤᠭ᠎ᠠ᠂ ᠵᠢᠵᠢᠭ ᠬᠥᠷᠥᠩᠭᠡᠲᠡᠨ ᠨᠦᠭᠦᠳ ᠡᠬᠢᠯᠡᠭᠦᠯᠵᠡᠢ᠃ ᠤᠭ ᠬᠤᠪᠢᠰᠬᠠᠯ ᠢ ᠵᠢᠷ ᠦᠨ ᠠᠷᠠᠳ ᠢᠷᠭᠡᠳ ᠲᠡᠷᠢᠭᠦᠯᠡᠨ ᠡᠬᠢᠯᠡᠭᠦᠯᠦᠭᠰᠡᠨ ᠲᠤᠯᠠ ᠵᠠᠷᠢᠮ ᠳᠤ ᠪᠠᠨ 1921 ᠣᠨ ᠤ ᠦᠨᠳᠦᠰᠦᠨ ᠦ ᠠᠷᠠᠳᠴᠢᠯᠠᠭᠰᠠᠨ ᠬᠤᠪᠢᠰᠬᠠᠯ ᠭᠡᠵᠦ ᠨᠡᠷᠡᠯᠡᠳᠡᠭ᠃

ᠨᠢᠭᠤᠴᠠ ᠪᠦᠯᠦᠭ ᠦᠳ ᠪᠠᠶᠢᠭᠤᠯᠤᠭᠳᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1919 ᠣᠨ ᠳᠤ ᠣᠷᠣᠰ ᠤᠨ ᠺᠣᠨᠰᠤᠶᠢᠯ ᠤᠨ ᠰᠤᠷᠭᠠᠭᠤᠯᠢ ᠶᠢᠨ ᠪᠠᠭᠰᠢ ᠳᠣᠭᠰᠣᠮ ᠤᠨ ᠪᠣᠳᠣ ᠺᠣᠨᠰᠤᠶᠢᠯ ᠤᠨ ᠳᠡᠨᠵᠢ ᠶᠢᠨ ᠨᠢᠭᠤᠴᠠ ᠪᠦᠯᠬᠦᠮ ᠢ᠂ ᠭᠠᠶᠢᠯᠢ ᠶᠢᠨ ᠬᠣᠷᠢᠶᠠᠨ ᠤ ᠲᠦᠰᠢᠮᠡᠯ ᠰᠣᠯᠢᠢᠨ ᠳᠠᠨᠽᠠᠨ ᠵᠡᠭᠦᠨ ᠬᠦᠷᠢᠶᠡᠨ ᠦ ᠨᠢᠭᠤᠴᠠ ᠪᠦᠯᠬᠦᠮ ᠢ ᠡᠭᠦᠰᠬᠡᠨ ᠪᠠᠶᠢᠭᠤᠯᠵᠠᠢ᠃ ᠺᠣᠨᠰᠤᠶᠢᠯ ᠤᠨ ᠪᠦᠯᠬᠦᠮ ᠳᠦ ᠬᠣᠷᠯᠤ᠎ᠠ ᠶᠢᠨ ᠴᠣᠶᠢᠪᠠᠯᠰᠠᠩ᠂ ᠳᠠᠮᠪᠠ ᠶᠢᠨ ᠴᠠᠭᠳᠠᠷᠵᠠᠪ᠂ ᠰᠠᠩ ᠤᠨ ᠶᠠᠮᠤᠨ ᠤ ᠲᠦᠰᠢᠮᠡᠯ ᠵᠠᠮᠢᠶᠠᠨ᠂ ᠯᠠᠮᠠ ᠳ᠃ᠯᠣᠰᠣᠯ᠂ ᠵᠢᠭᠮᠢᠳᠳᠣᠷᠵᠢ ᠵᠡᠷᠭᠡ ᠬᠦᠮᠦᠰ ᠪᠠᠶᠢᠭᠰᠠᠨ ᠪᠣᠯ ᠵᠡᠭᠦᠨ ᠬᠦᠷᠢᠶᠡᠨ ᠦ ᠨᠢᠭᠤᠴᠠ ᠪᠦᠯᠬᠦᠮ ᠳᠦ ᠴᠡᠷᠢᠭ ᠦᠨ ᠶᠠᠮᠤᠨ ᠤ ᠲᠦᠰᠢᠮᠡᠯ ᠳᠠᠩᠰᠠᠷᠠᠨᠪᠢᠯᠢᠭ ᠤᠨ ᠳᠣᠭᠰᠣᠮ᠂ ᠮᠠᠭᠰᠤᠷᠵᠠᠪ ᠬᠤᠷᠴᠠ ᠶᠢᠨ ᠳᠤᠭᠠᠷᠵᠠᠪ᠂ ᠳᠠᠮᠳᠢᠨ ᠤ ᠰᠦᠬᠡᠪᠠᠭᠠᠲᠤᠷ᠂ ᠭᠠᠯᠰᠠᠩ᠂ ᠲᠣᠭᠲᠠᠬᠤ᠂ ᠳᠠᠰᠢ᠂ ᠪᠤᠷᠢᠶᠠᠳ ᠪᠠᠯᠰᠠᠨᠨᠣᠸ ᠵᠡᠷᠭᠡ ᠬᠦᠮᠦᠰ ᠪᠠᠶᠢᠴᠠᠢ᠃ 1920 ᠣᠨ ᠤ ᠡᠬᠢ ᠪᠡᠷ ᠤᠭ ᠬᠣᠶᠠᠷ ᠪᠦᠯᠬᠦᠮ ᠨᠢᠭᠡᠳᠴᠦ ᠬᠢᠲᠠᠳ ᠤᠨ ᠳᠠᠷᠤᠩᠭᠤᠶᠢᠯᠠᠯ ᠢ ᠪᠤᠷᠤᠭᠤᠰᠢᠶᠠᠭᠰᠠᠨ ᠤᠬᠠᠭᠤᠯᠬᠤ ᠬᠠᠭᠤᠳᠠᠰᠤ ᠨᠤᠭᠤᠳ ᠲᠠᠷᠠᠭᠠᠬᠤ᠂ ᠶᠡᠬᠡ ᠬᠦᠷᠢᠶᠡᠨ ᠳ᠋ᠡᠬᠢ ᠭᠠᠮᠢᠨ ᠴᠡᠷᠢᠭ ᠢ ᠬᠦᠴᠦ᠂ ᠪᠠᠶᠢᠷᠢᠯᠠᠯ ᠢ ᠰᠤᠳᠤᠯᠬᠤ᠂ ᠪᠣᠭᠳᠠ ᠬᠠᠭᠠᠨ ᠪᠣᠯᠤᠨ ᠪᠤᠰᠤᠳ ᠲᠣᠮᠣᠬᠠᠨ ᠨᠣᠶᠠᠳ ᠢᠵᠠᠭᠤᠷᠲᠠᠨ ᠨᠤᠭᠤᠳ ᠤᠨ ᠦᠵᠡᠯ ᠪᠣᠳᠣᠯ ᠢ ᠲᠠᠩᠳᠠᠬᠤ ᠵᠡᠷᠭᠡ ᠠᠵᠢᠯ ᠤᠨᠳ ᠢ ᠬᠢᠵᠦ ᠪᠠᠶᠢᠴᠠᠢ᠃ ᠪᠣᠳᠣ ᠶᠢᠨ ᠬᠣᠯᠪᠣᠭ᠎ᠠ ᠲᠣᠭᠲᠠᠭᠠᠭᠰᠠᠨ ᠪᠣᠯᠱᠧᠸᠢᠭ ᠣᠷᠣᠰ ᠤᠳ ᠢᠶᠠᠷ ᠳᠠᠮᠵᠢᠭᠤᠯᠬᠤ ᠪᠠᠨ ᠪᠣᠯᠢᠵᠠᠢ᠃

ᠵᠥᠪᠯᠡᠯᠲᠦ ᠣᠷᠣᠰ ᠤᠯᠤᠰ ᠠᠴᠠ ᠲᠤᠰᠠᠯᠠᠮᠵᠢ ᠬᠦᠰᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1920 ᠣᠨ ᠤ 7 ᠍ ᠳᠦᠭᠡᠷ ᠰᠠᠷ᠎ᠠ ᠶᠢᠨ ᠡᠬᠢ ᠪᠡᠷ ᠳᠠᠨᠽᠠᠨ᠂ ᠴᠣᠶᠢᠪᠠᠯᠰᠠᠩ ᠨᠠᠷ ᠣᠷᠣᠰ ᠤᠨ ᠵᠦᠭ ᠬᠥᠳᠡᠯᠦᠭᠰᠡᠨ ᠪᠠ ᠤᠭ ᠰᠠᠷ᠎ᠠ ᠶᠢᠨ ᠳᠤᠮᠳᠠᠭᠤᠷ ᠪᠣᠳᠣ᠂ ᠴᠠᠭᠳᠠᠷᠵᠠᠪ ᠨᠠᠷ ᠠᠷᠤ ᠠᠴᠠ ᠨᠢ ᠬᠥᠳᠡᠯᠵᠡᠢ᠃ ᠪᠦᠯᠬᠦᠮ ᠦᠨ ᠦᠯᠡᠳᠡᠭᠰᠡᠨ ᠭᠡᠰᠢᠭᠦᠳ ᠬᠢᠲᠠᠳ ᠤᠨ ᠲᠦᠷᠢᠮᠡᠭᠡᠶᠢᠯᠡᠯ ᠦᠨ ᠡᠰᠡᠷᠬᠦ ᠵᠥᠪᠯᠡᠯᠲᠦ ᠣᠷᠣᠰ ᠤᠯᠤᠰ ᠠᠴᠠ ᠲᠤᠰᠠᠯᠠᠮᠵᠢ ᠬᠦᠰᠡᠭᠰᠡᠨ ᠪᠣᠭᠳᠠ ᠬᠠᠭᠠᠨ ᠤ ᠲᠠᠮᠠᠭ᠎ᠠ ᠲᠠᠢ ᠪᠢᠴᠢᠭ ᠢ ᠳᠠ ᠯᠠᠮᠠ ᠫᠦᠨᠴᠤᠭᠳᠣᠷᠵᠢᠡᠶᠢᠨ ᠲᠤᠰᠠᠯᠠᠮᠵᠢ ᠲᠠᠢ ᠪᠠᠷ ᠣᠯᠵᠤ ᠠᠪᠤᠨ ᠰᠦᠬᠡᠪᠠᠭᠠᠲᠤᠷ᠂ ᠯᠣᠰᠣᠯ᠂ ᠳᠣᠭᠰᠣᠮ ᠨᠠᠷ 7 ᠍ ᠳᠦᠭᠡᠷ ᠰᠠᠷ᠎ᠠ ᠶᠢᠨ ᠡᠴᠦᠰ ᠢᠶᠡᠷ ᠣᠷᠣᠰ ᠷᠤ ᠶᠠᠪᠤᠵᠠᠢ᠃ 1920 ᠣᠨ ᠤ 8 ᠰᠠᠷ᠎ᠠ ᠳᠤ ᠠᠷᠠᠳ ᠤᠨ ᠨᠠᠮ ᠤᠨ ᠲᠥᠯᠥᠭᠡᠯᠡᠭᠴᠢᠳ ᠪᠦᠭᠦᠳᠡ ᠡᠷᠡᠬᠦᠦ ᠬᠣᠳᠠ ᠳᠤ ᠣᠴᠢᠵᠤ ᠵᠥᠪᠯᠡᠯᠲᠦ ᠵᠠᠰᠠᠭ ᠤᠨ ᠲᠥᠯᠥᠭᠡᠯᠡᠭᠴᠢ ᠨᠠᠷ ᠲᠠᠢ ᠠᠭᠤᠯᠵᠠᠭᠰᠠᠨ ᠪᠠᠶᠢᠨ᠎ᠠ᠃ 9 ᠍ ᠳᠦᠭᠡᠷ ᠰᠠᠷ᠎ᠠ ᠶᠢᠨ ᠡᠬᠢ ᠪᠡᠷ ᠳᠠᠨᠽᠠᠨ᠂ ᠯᠣᠰᠣᠯ᠂ ᠴᠠᠭᠳᠠᠷᠵᠠᠪ ᠨᠠᠷ ᠮᠣᠰᠺᠸᠠ ᠷᠤ ᠶᠠᠪᠤᠵᠤ᠂ ᠰᠦᠬᠡᠪᠠᠭᠠᠲᠤᠷ᠂ ᠴᠣᠶᠢᠪᠠᠯᠰᠠᠩ ᠨᠠᠷ ᠡᠷᠡᠬᠦᠦ ᠳᠤ ᠦᠯᠡᠳᠡᠨ᠂ ᠬᠠᠷᠢᠨ ᠪᠣᠳᠣ᠂ ᠳᠣᠭᠰᠣᠮ ᠨᠠᠷ ᠶᠡᠬᠡ ᠬᠦᠷᠢᠶ᠎ᠡ ᠯᠤᠤ ᠪᠤᠴᠠᠭᠠᠳ ᠢᠷᠡᠵᠡᠢ᠃

ᠪᠠᠷᠠᠨ ᠤᠩᠭᠧᠷᠨ ᠮᠣᠩᠭᠣᠯ ᠳᠤ ᠴᠥᠮᠦᠷᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1920 ᠣᠨ ᠤ ᠡᠴᠦᠰ ᠢᠶᠡᠷ ᠪᠠᠶᠢᠭᠠᠯᠢ ᠨᠠᠭᠤᠷ ᠤᠨ ᠴᠢᠨᠠᠳᠤ ᠶᠢᠨ ᠴᠠᠭᠠᠳᠤᠨ ᠤ ᠤᠳᠤᠷᠢᠳᠤᠭᠴᠢ ᠠᠲ᠋ᠠᠮᠠᠨ ᠰᠧᠮᠶᠣᠨᠣᠸ ᠤᠨ ᠬᠠᠷᠢᠶᠠᠨ ᠤ ᠳᠡᠰᠯᠡᠭᠴᠢ ᠭᠧᠨᠧᠷᠠᠯ ᠪᠠᠷᠠᠨ ᠤᠩᠭᠧᠷᠨ ᠹᠣᠨ ᠱᠲ᠋ᠧᠷᠨᠪᠧᠺᠭᠡᠶᠢᠨ ᠤᠳᠤᠷᠢᠳᠤᠭᠰᠠᠨ ᠣᠷᠣᠰ ᠤᠨ ᠴᠠᠭᠠᠨ ᠠᠷᠮᠢ ᠶᠢᠨ ᠠᠽᠢᠶ᠎ᠠ ᠶᠢᠨ ᠮᠣᠷᠢᠨ ᠳ᠋ᠢᠸᠢᠽ ᠮᠣᠩᠭᠣᠯ ᠳᠤ ᠣᠷᠣᠵᠤ ᠢᠷᠡᠨ 10 ᠰᠠᠷ᠎ᠠ ᠠᠴᠠ ᠡᠬᠢᠯᠡᠨ ᠨᠡᠶᠢᠰᠯᠡᠯ ᠬᠦᠷᠢᠶ᠎ᠡ ᠶᠢ ᠬᠡᠳᠦ ᠬᠡᠳᠦᠨ ᠤᠳᠠᠭ᠎ᠠ ᠳᠣᠪᠲᠣᠯᠵᠤ 2 ᠍ ᠳᠦᠭᠡᠷ ᠰᠠᠷ᠎ᠠ ᠶᠢᠨ 3 ᠨᠳ ᠬᠣᠲᠠ ᠶᠢ ᠡᠵᠡᠯᠡᠨ ᠠᠪᠴᠠᠢ᠃

ᠠᠷᠠᠳ ᠤᠨ ᠨᠠᠮ ᠪᠠᠶᠢᠭᠤᠯᠤᠭᠳᠠᠭᠰᠠᠨ᠂ ᠬᠢᠶᠠᠭᠲᠤ ᠶᠢ ᠡᠵᠡᠯᠡᠭᠰᠡᠨ᠂ ᠪᠠᠷᠠᠨ ᠤᠩᠭᠧᠷᠨᠢ ᠶᠢ ᠪᠤᠲᠠ ᠴᠣᠬᠢᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1921 ᠣᠨ ᠤ 3 ᠍ ᠳᠦᠭᠡᠷ ᠰᠠᠷ᠎ᠠ ᠶᠢᠨ 1 ᠍ ᠳᠦ ᠳᠡᠭᠡᠳᠦ ᠰᠢᠪᠡᠭᠡ ᠳᠦ ᠡᠬᠢᠯᠡᠭᠰᠡᠨ ᠬᠤᠷᠠᠯᠳᠤᠭᠠᠨ ᠢᠶᠠᠷ ᠮᠣᠩᠭᠣᠯ ᠠᠷᠠᠳ ᠤᠨ ᠨᠠᠮ ᠢ ᠠᠯᠪᠠᠨ ᠶᠣᠰᠣᠭᠠᠷ ᠪᠠᠶᠢᠭᠤᠯᠵᠤ᠂ ᠲᠦᠷᠢ ᠵᠠᠰᠠᠭ ᠤᠨ ᠭᠠᠵᠠᠷ ᠢ ᠪᠠᠶᠢᠭᠤᠯᠤᠨ ᠨᠠᠮ ᠤᠨ ᠳᠠᠷᠤᠭ᠎ᠠ ᠪᠠᠷ ᠳᠠᠨᠽᠠᠨ᠂ ᠲᠦᠷᠢ ᠵᠠᠰᠠᠭ ᠤᠨ ᠭᠠᠵᠠᠷ ᠤᠨ ᠶᠡᠷᠦᠩᠬᠡᠢ ᠰᠠᠶᠢᠳ ᠢᠶᠠᠷ ᠴᠠᠭᠳᠠᠷᠵᠠᠪ᠂ ᠭᠠᠳᠠᠭᠠᠳᠤ ᠬᠡᠷᠡᠭ ᠦᠨ ᠰᠠᠶᠢᠳ ᠢᠶᠠᠷ ᠪᠣᠳᠣ᠂ ᠪᠦᠬᠦ ᠴᠡᠷᠢᠭ ᠦᠨ ᠵᠠᠩᠵᠤᠨ ᠢᠶᠠᠷ ᠰᠦᠬᠡᠪᠠᠭᠠᠲᠤᠷ ᠲᠣᠮᠢᠯᠠᠭᠳᠠᠭᠰᠠᠨ ᠪᠠᠶᠢᠨ᠎ᠠ᠃

1921 ᠣᠨ ᠤ 3 ᠍ ᠳᠦᠭᠡᠷ ᠰᠠᠷ᠎ᠠ ᠶᠢᠨ 18 ᠍ ᠳᠦ ᠰᠦᠬᠡᠪᠠᠭᠠᠲᠤᠷ ᠢᠶᠠᠷ ᠤᠳᠤᠷᠢᠳᠤᠭᠤᠯᠤᠭᠰᠠᠨ ᠠᠷᠠᠳ ᠤᠨ ᠴᠡᠷᠢᠭ ᠬᠦᠴᠦ ᠪᠡᠷ ᠬᠡᠳᠦ ᠳᠠᠬᠢᠨ ᠳᠠᠪᠠᠭᠤ ᠬᠢᠲᠠᠳ ᠤᠨ ᠭᠠᠮᠢᠨ ᠴᠡᠷᠢᠭ ᠦᠨ ᠬᠦᠴᠦ ᠶᠢ ᠪᠤᠲᠠ ᠴᠣᠬᠢᠨ ᠬᠢᠶᠠᠭᠲᠤ ᠶᠢ ᠴᠢᠯᠦᠭᠡᠯᠡᠬᠦ ᠲᠤᠯᠤᠯᠳᠤᠭᠠᠨ ᠍ ᠢ ᠬᠡᠢ ᠶᠢᠨ ᠤᠭ ᠬᠣᠲᠠ ᠶᠢ ᠡᠵᠡᠯᠡᠨ ᠠᠪᠴᠠᠢ᠃

5 ᠍ ᠳᠦᠭᠡᠷ ᠰᠠᠷ᠎ᠠ ᠶᠢᠨ ᠡᠴᠦᠰ ᠢᠶᠡᠷ ᠪᠠᠷᠠᠨ ᠤᠩᠭᠧᠷᠨ ᠶᠡᠬᠡ ᠬᠦᠷᠢᠶᠡᠨ ᠡᠴᠡ ᠬᠣᠶᠢᠳᠤ ᠵᠦᠭ ᠬᠥᠳᠡᠯᠦᠭᠰᠡᠨ ᠪᠠ ᠭᠣᠣᠯ ᠬᠦᠴᠦ ᠨᠢ ᠤᠯᠠᠭᠠᠨ ᠠᠷᠮᠢ ᠪᠣᠯᠤᠨ᠂ ᠠᠷᠠᠳ ᠤᠨ ᠴᠡᠷᠢᠭ ᠲᠦ ᠪᠤᠲᠠ ᠴᠣᠬᠢᠭᠳᠠᠨ ᠵᠥᠪᠯᠡᠯᠲᠦ ᠣᠷᠣᠰ ᠤᠯᠤᠰ ᠷᠤ ᠭᠠᠷᠴᠠᠢ᠃

1921 ᠣᠨ ᠤ 7 ᠍ ᠳᠦᠭᠡᠷ ᠰᠠᠷ᠎ᠠ ᠶᠢᠨ 6 ᠍ ᠳᠦ ᠠᠷᠠᠳ ᠤᠨ ᠴᠡᠷᠢᠭ ᠶᠡᠬᠡ ᠬᠦᠷᠢᠶᠡᠨ ᠳᠦ ᠣᠷᠣᠵᠤ ᠢᠷᠡᠭᠰᠡᠨ ᠪᠠ 11 ᠍ ᠳᠦ ᠠᠷᠠᠳ ᠤᠨ ᠡᠷᠬᠡᠲᠦ ᠬᠡᠮᠵᠢᠶᠡᠲᠦ ᠴᠠᠭᠠᠵᠠᠲᠤ ᠮᠣᠩᠭᠣᠯ ᠤᠯᠤᠰ ᠪᠠ ᠠᠷᠠᠳ ᠤᠨ ᠬᠤᠪᠢᠰᠬᠠᠯ ᠤᠨ ᠢᠯᠠᠯᠲᠠ ᠶᠢ ᠵᠠᠷᠯᠠᠨ ᠲᠤᠩᠬᠠᠭᠯᠠᠭᠰᠠᠨ ᠪᠠᠶᠢᠨ᠎ᠠ᠃

ᠠᠴᠢ ᠬᠣᠯᠪᠣᠭᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠤᠨ ᠬᠤᠪᠢᠰᠬᠠᠯ ᠤᠨ ᠭᠣᠣᠯ ᠵᠣᠷᠢᠯᠭ᠎ᠠ ᠨᠢ ᠲᠤᠰᠠᠭᠠᠷ ᠲᠣᠭᠲᠠᠨᠢᠯ ᠢᠶᠠᠨ ᠤᠯᠬᠤ ᠶᠠᠪᠤᠳᠠᠯ ᠪᠠᠶᠢᠭᠰᠠᠨ ᠪᠣᠯᠪᠠᠴᠤ ᠤᠭ ᠬᠤᠪᠢᠰᠬᠠᠯ ᠤᠨ ᠦᠷ᠎ᠡ ᠳ᠋ᠦᠩ ᠨᠢ ᠨᠡᠶᠢᠭᠡᠮ ᠤᠨ ᠡᠷᠡᠰ ᠥᠭᠡᠷᠡᠴᠢᠯᠡᠯᠲᠡ ᠠᠪᠴᠢᠷᠠᠵᠤ ᠴᠢᠳᠠᠭᠰᠠᠨ ᠪᠠᠶᠢᠨ᠎ᠠ᠃ 1911 ᠣᠨ ᠤ ᠬᠤᠪᠢᠰᠠᠬᠠᠯ ᠶᠢᠡᠷ ᠪᠣᠭᠳᠠ ᠬᠠᠭᠠᠨ ᠢ ᠰᠢᠷᠡᠭᠡᠨ ᠳᠦ ᠨᠢ ᠵᠠᠯᠠᠵᠤ ᠱᠠᠰᠢᠨ ᠲᠥᠷᠥ ᠶᠢ ᠬᠣᠣᠰᠯᠠᠭᠤᠯᠤᠨ ᠪᠠᠷᠢᠭᠤᠯᠤᠭᠰᠠᠨ ᠪᠣᠯ 1921 ᠣᠨ ᠤ ᠬᠤᠪᠢᠰᠠᠬᠠᠯ ᠶᠢᠡᠷ ᠴᠤ ᠮᠥᠨ ᠪᠣᠭᠳᠠ ᠬᠠᠭᠠᠨ ᠢ ᠰᠢᠷᠡᠭᠡᠨ ᠳᠦ ᠨᠢ ᠵᠠᠯᠠᠭᠰᠠᠨ ᠬᠡᠳᠦᠢ ᠴᠤ ᠡᠷᠬᠡ ᠮᠡᠳᠡᠯ ᠢ ᠬᠢᠵᠠᠭᠠᠷᠯᠠᠨ ᠵᠥᠪᠬᠡᠨ ᠪᠢᠯᠢᠭ ᠲᠡᠮᠳᠡᠭ ᠦᠨ ᠲᠡᠳᠦᠢ ᠪᠤᠶᠤ ᠱᠠᠰᠢᠨ ᠤ ᠬᠡᠷᠡᠭ ᠢ ᠬᠠᠮᠢᠶᠠᠷᠤᠭᠤᠯᠤᠭᠰᠠᠨ ᠨᠢ ᠱᠠᠰᠢᠨ ᠲᠥᠷᠥ ᠶᠢᠨ ᠬᠡᠷᠡᠭ ᠢ ᠲᠤᠰᠠᠭᠠᠷᠯᠠᠭᠰᠠᠨ᠂ ᠢᠯᠡᠭᠦᠦ ᠠᠷᠠᠳᠴᠢᠯᠠᠭᠰᠠᠨ ᠵᠠᠰᠠᠭᠯᠠᠯ ᠲᠣᠭᠲᠠᠭᠠᠭᠰᠠᠨ ᠠᠴᠢ ᠬᠣᠯᠪᠣᠭᠳᠠᠯ ᠲᠠᠢ ᠪᠣᠯᠵᠠᠢ᠃ ᠮᠥᠨ ᠤᠭ ᠬᠤᠪᠢᠰᠠᠬᠠᠯ ᠶᠢᠡᠷ ᠨᠡᠶᠢᠭᠡᠮ ᠤᠨ ᠬᠥᠭᠵᠢᠯᠳᠦ ᠰᠠᠭᠠᠳ ᠲᠣᠳᠬᠠᠷ ᠪᠣᠯᠵᠤ ᠪᠠᠶᠢᠭᠰᠠᠨ ᠹᠧᠣᠳᠠᠯᠢᠰᠮ᠂ ᠬᠠᠮᠵᠢᠯᠭᠠᠲᠤ ᠶᠣᠰᠣ ᠶᠢ ᠬᠠᠯᠤᠰᠤᠨ ᠪᠠᠶᠢᠨ᠎ᠠ᠃

1924 ᠍ ᠡᠴᠡ 1989 ᠬᠦᠷᠲᠡᠯᠡᠬᠢ ᠰᠣᠴᠢᠶᠠᠯᠢᠰᠲᠤ ᠵᠠᠰᠠᠭᠯᠠᠯ ᠤᠨ ᠣᠨ ᠵᠢᠯ ᠤᠨᠳ ᠲᠤ ᠠᠷᠠᠳ ᠤᠨ ᠬᠤᠪᠢᠰᠬᠠᠯ ᠢ ᠰᠣᠴᠢᠶᠠᠯᠢᠰᠲᠤ ᠬᠤᠪᠢᠰᠬᠠᠯ ᠬᠡᠮᠡᠨ ᠭᠤᠪᠢᠭᠤᠯᠤᠨ ᠲᠤᠩᠬᠠᠭᠯᠠᠵᠤ ᠪᠠᠶᠢᠴᠠᠢ᠃ 1921 ᠣᠨ ᠠᠴᠠ ᠬᠣᠶᠢᠰᠢ ᠵᠥᠪᠯᠡᠯᠲᠦ ᠶᠢᠨ ᠨᠥᠯᠥᠭᠡ ᠤᠯᠠᠮ ᠶᠡᠬᠡᠰᠬᠦ ᠶᠢᠨ ᠬᠢᠷᠢ ᠪᠡᠷ ᠺᠣᠮᠢᠨᠲ᠋ᠧᠷᠠᠨᠢ ᠣᠷᠣᠯᠴᠠᠭ᠎ᠠ ᠴᠤ ᠨᠡᠮᠡᠭᠳᠡᠵᠦ ᠪᠣᠳᠣ᠂ ᠳᠠᠨᠽᠠᠨ᠂ ᠴᠠᠭᠳᠠᠷᠵᠠᠪ ᠵᠡᠷᠭᠡ ᠠᠷᠠᠳ ᠤᠨ ᠬᠤᠪᠢᠰᠬᠠᠯ ᠤᠨ ᠤᠳᠤᠷᠢᠳᠤᠭᠴᠢᠳ ᠢ ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠦᠯᠦᠨ ᠴᠠᠭᠠᠵᠠ ᠪᠠᠷ ᠠᠪᠤᠨ ᠵᠠᠶᠢᠯᠠᠭᠤᠯᠤᠭᠰᠠᠨ ᠢᠶᠠᠷ ᠮᠣᠩᠭᠣᠯ ᠤᠯᠤᠰ ᠤᠨ ᠨᠡᠶᠢᠭᠡᠮ ᠤᠨ ᠬᠥᠭᠵᠢᠯ ᠦᠨ ᠴᠢᠭ ᠬᠠᠨᠳᠤᠯᠭ᠎ᠠ ᠳᠤ ᠰᠣᠴᠢᠶᠠᠯᠢᠮ ᠢ ᠪᠠᠷᠢᠮᠲᠠᠯᠠᠬᠤ ᠪᠣᠯᠵᠠᠢ᠃ ᠲᠡᠳᠡ ᠮᠣᠩᠭᠣᠯᠴᠤᠳ ᠤᠨ ᠳᠣᠲᠣᠷ᠎ᠠ ᠠᠴᠠ ᠤᠯᠤᠰ ᠲᠥᠷᠥ ᠶᠢᠨ ᠲᠣᠭᠲᠠᠭᠰᠠᠨ ᠪᠠᠶᠢᠷᠢ ᠰᠠᠭᠤᠷᠢ ᠦᠭᠡᠢ᠂ ᠲᠤᠷᠰᠢᠯᠭ᠎ᠠ ᠮᠠᠭᠤ ᠲᠠᠢ᠂ ᠪᠣᠯᠪᠠᠰᠤᠷᠠᠯ ᠨᠢᠮᠭᠡᠨ᠂ ᠡᠳ᠋ ᠮᠥᠩᠭᠥ᠂ ᠡᠷᠬᠡ ᠲᠤᠰᠢᠶᠠᠯ᠂ ᠬᠤᠪᠢ ᠤᠨ ᠡᠷᠬᠡ ᠠᠰᠢᠭ ᠤᠨ ᠲᠥᠯᠥᠭᠡ ᠶᠠᠬᠤ ᠠᠴᠠ ᠴᠤ ᠪᠤᠴᠠᠬᠤ ᠦᠭᠡᠢ ᠣᠶᠢᠪᠣᠷᠭᠠᠨ ᠬᠦᠮᠦᠰ ᠢ ᠥᠪᠡᠷ ᠦᠨ ᠲᠠᠯ᠎ᠠ ᠳᠤ ᠣᠷᠣᠭᠤᠯᠵᠤ ᠲᠡᠳᠡᠨ ᠢ ᠮᠣᠩᠭᠣᠯᠴᠤᠳ ᠤᠨ ᠡᠰᠡᠷᠬᠦ ᠴᠢᠭᠯᠡᠭᠦᠯᠦᠨ ᠮᠣᠩᠭᠣᠯ ᠳᠤ ᠬᠢᠨᠠᠯᠲᠠ ᠪᠠᠨ ᠲᠣᠭᠲᠠᠭᠠᠬᠤ ᠳᠤ ᠠᠰᠢᠭᠯᠠᠵᠠᠢ᠃

  • ᠰᠦᠬᠡᠪᠠᠭᠠᠲᠤᠷ, ᠥᠷᠯᠥᠭᠡ, ᠲᠡᠮᠡᠴᠡᠯ, 《ᠳᠣᠯᠣᠭᠠᠨ ᠪᠤᠷᠬᠠᠨ ᠬᠠᠷᠪᠤᠳᠠᠭ ᠦᠭᠡᠢ》 ᠵᠡᠷᠭᠡ ᠺᠢᠨᠣᠨ ᠨᠤᠭᠤᠳ ᠲᠤ ᠠᠷᠠᠳ ᠤᠨ ᠬᠤᠪᠢᠰᠬᠠᠯ ᠤᠨ ᠦᠶ᠎ᠡ ᠶᠢᠨ ᠦᠢᠯᠡ ᠶᠠᠪᠤᠳᠠᠯ ᠢ ᠬᠠᠷᠠᠭᠤᠯᠤᠭᠰᠠᠨ᠃ ᠡᠳᠡᠭᠡᠷ ᠺᠢᠨᠣᠨ ᠨᠤᠭᠤᠳ ᠠᠴᠠ 《ᠳᠣᠯᠣᠭᠠᠨ ᠪᠤᠷᠬᠠᠨ ᠬᠠᠷᠪᠤᠳᠠᠭ ᠦᠭᠡᠢ》 ᠍ ᠡᠴᠡ ᠪᠤᠰᠤᠳ ᠨᠢ ᠰᠣᠴᠢᠶᠠᠯᠢᠮ ᠤᠨ ᠦᠵᠡᠯ ᠰᠤᠷᠲᠠᠯ ᠤᠨ ᠨᠥᠯᠥᠭᠡ ᠪᠡᠷ ᠲᠡᠦᠬᠡ ᠶᠢ ᠶᠡᠬᠡ ᠬᠡᠮᠵᠢᠶ᠎ᠡ ᠪᠡᠷ ᠭᠤᠪᠢᠭᠤᠯᠤᠨ ᠬᠠᠷᠠᠭᠤᠯᠤᠭᠰᠠᠨ ᠪᠠᠶᠢᠳᠠᠭ᠃
  • ᠲᠡᠭᠦᠰᠬᠡᠯ ᠺᠢᠨᠣᠨ ᠳᠤ ᠠᠷᠠᠳ ᠤᠨ ᠬᠤᠪᠢᠰᠬᠠᠯ ᠤᠨ ᠦᠶ᠎ᠡ ᠶᠢᠨ ᠪᠠᠷᠠᠨ ᠤᠩᠭᠧᠷᠠᠨ ᠢ ᠢᠯᠡᠭᠦᠦ ᠲᠣᠳᠣ ᠳᠦᠷᠰᠦᠯᠡᠵᠡᠢ᠃

ᠳᠤᠷᠠᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1922 ᠣᠨ ᠠᠴᠠ ᠬᠣᠶᠢᠰᠢ ᠵᠢᠯ ᠪᠦᠷᠢ ᠶᠢᠨ 7 ᠍ ᠳᠦᠭᠡᠷ ᠰᠠᠷ᠎ᠠ ᠶᠢᠨ 11 ᠍ ᠳᠦ ᠠᠷᠠᠳ ᠤᠨ ᠬᠤᠪᠢᠰᠬᠠᠯ ᠤᠨ ᠢᠯᠠᠯᠲᠠ ᠶᠢᠨ ᠪᠠᠶᠠᠷ ᠢ ᠡᠷ᠎ᠡ ᠶᠢᠨ ᠭᠤᠷᠪᠠᠨ ᠨᠠᠭᠠᠳᠤᠮ ᠬᠡᠢ ᠶᠢᠨ ᠶᠣᠰᠣᠯᠠᠨ ᠲᠡᠮᠳᠡᠭᠯᠡᠵᠦ ᠢᠷᠡᠵᠡᠢ᠃

ᠲᠡᠭᠦᠨᠴᠢᠯᠡᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ