ᠠᠷᠠᠳᠴᠢᠯᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠯᠦᠭᠡᠲᠦ ᠰᠣᠩᠭᠣᠭᠤᠯᠢ ᠤᠯᠤᠰ ᠲᠥᠷᠥ ᠶᠢᠨ ᠠᠷᠠᠳᠴᠢᠯᠠᠯ ᠤᠨ ᠰᠢᠨᠵᠢ
ᠬᠠᠳᠠᠮᠠᠯ
ᠮᠣᠩᠭᠣᠯ ᠦᠰᠦᠭ ᠢᠶᠡᠷ Aradcilal.PNG
ᠮᠣᠩᠭᠣᠯ ᠺᠢᠷᠢᠯ ᠢᠶᠡᠷ ᠠᠷᠠᠳᠴᠢᠯᠠᠯ

ᠠᠷᠠᠳᠴᠢᠯᠠᠯ

  1. ᠰᠢᠭᠤᠳ ᠡᠰᠡᠪᠡᠯ ᠲᠥᠯᠥᠭᠡᠯᠡᠯ ᠢᠶᠡᠷ ᠠᠷᠠᠳ ᠣᠯᠠᠨ ᠲᠥᠷᠥᠡᠶᠢᠨ ᠤᠴᠢᠷ ᠲᠤ ᠤᠷᠤᠯᠴᠠᠬᠤ ᠪᠠ ᠲᠡᠭᠦᠨ ᠦ ᠲᠤᠯᠠᠳᠠ ᠰᠠᠨᠠᠯ ᠡᠷᠮᠡᠯᠵᠡᠯᠡᠯ ᠢᠶᠡᠨ ᠴᠢᠯᠦᠭᠡᠲᠡᠢ ᠢᠯᠡᠷᠬᠡᠶᠢᠯᠡᠬᠦ ᠡᠷᠬᠡ ᠪᠦᠬᠦᠢ ᠲᠥᠷᠥ ᠶᠢᠨ ᠬᠡᠯᠪᠡᠷᠢ.[1][2]
  2. ᠥᠷᠭᠡᠨ ᠣᠯᠠᠨ ᠤ ᠡᠷᠬᠡ ᠠᠰᠢᠭ ᠢ ᠬᠠᠩᠭᠠᠬᠤ ᠠᠯᠢᠪᠠ ᠬᠠᠮᠲᠤ ᠣᠯᠠᠨ ᠪᠤᠶᠤ ᠪᠠᠶᠢᠭᠤᠯᠤᠯᠭ᠎ᠠ ᠶᠢᠨ ᠠᠷᠭ᠎ᠠ ᠪᠠᠷᠢᠯ[3]
  3. ᠠᠯᠢᠪᠠ ᠣᠷᠣᠨ ᠨᠤᠲᠤᠭ ᠲᠤ ᠥᠪᠡᠷᠰᠡᠳ ᠦᠨ ᠠᠮᠢᠳᠤᠷᠠᠯ ᠳᠤ ᠨᠦᠯᠦᠭᠡᠯᠡᠬᠦ ᠦᠢᠯᠡ ᠶᠢ ᠢᠷᠭᠡᠳᠠᠷᠠᠳ ᠲᠦᠮᠡᠨ ᠨᠢ ᠲᠡᠭᠰᠢ ᠡᠷᠬᠡ ᠲᠡᠢ ᠪᠡᠷ ᠰᠢᠢᠳᠪᠦᠷᠢᠯᠡᠬᠦ ᠵᠠᠰᠠᠭᠯᠠᠯ ᠶᠤᠮ᠃ ᠥᠭᠡᠷ᠎ᠡ ᠪᠡᠷ ᠬᠡᠯᠡᠪᠡᠯ᠂ ᠨᠡᠶᠢᠭᠡᠮ ᠳᠦ ᠨᠦᠯᠦᠭᠡᠯᠡᠬᠦ ᠤᠯᠤᠰ ᠲᠥᠷᠥᠡᠳ᠋ ᠍ ᠦᠨ ᠵᠠᠰᠠᠭᠰᠤᠶᠤᠯ ᠍ ᠤᠨ ᠪᠣᠯᠤᠨ ᠪᠤᠰᠤᠳ ᠠᠮᠢᠳᠤᠷᠠᠯ ᠤᠨ ᠤᠷᠴᠢᠨ ᠳᠤ ᠬᠡᠮ ᠬᠡᠮᠵᠢᠶ᠎ᠡ᠂ ᠵᠦᠢ ᠲᠣᠭᠲᠠᠯ᠂ ᠬᠠᠤᠯᠢ᠂ ᠳᠦᠷᠢᠮ᠂ ᠵᠢᠷᠤᠮ ᠢ ᠡᠭᠦᠰᠭᠡᠬᠦ᠂ ᠰᠠᠶᠢᠵᠢᠷᠭᠠᠭᠤᠯᠬᠤ᠂ ᠬᠡᠪᠰᠢᠭᠦᠯᠬᠦ ᠳᠦ ᠬᠦᠮᠦᠰ ᠴᠢᠯᠦᠭᠡᠲᠡᠢ ᠪᠡᠷ᠂ ᠲᠡᠭᠰᠢ ᠣᠷᠣᠯᠴᠠᠨ᠎ᠠ (ᠮᠥᠨ ᠶᠡᠬᠡ᠂ ᠪᠠᠭ᠎ᠠ ᠤᠷᠤᠯᠴᠠᠬᠤ ᠡᠷᠬᠡ ᠲᠡᠢ) ᠭᠡᠰᠡᠨ ᠦᠭᠡ ᠶᠤᠮ᠃

ᠤᠯᠤᠰ ᠲᠥᠷᠥ ᠶᠢᠨ ᠣᠨᠣᠯ ᠍ ᠤᠨ ᠬᠤᠪᠢ ᠳᠤ ᠥᠪᠡᠷ ᠬᠣᠭᠣᠷᠣᠨᠳᠣ ᠪᠠᠨ ᠬᠣᠯᠪᠣᠭ᠎ᠠ ᠬᠠᠮᠢᠶᠠᠷᠤᠯ ᠲᠠᠢ ᠵᠠᠰᠠᠭᠯᠠᠯ ᠤᠨ ᠬᠡᠯᠪᠡᠷᠢ᠂ ᠤᠯᠤᠰ ᠲᠥᠷᠥ ᠶᠢᠨ ᠭᠦᠨ ᠤᠬᠠᠭᠠᠨ ᠦᠳ ᠤᠨ ᠴᠣᠭᠴᠠ ᠶᠤᠮ᠃ ᠠᠷᠠᠳᠴᠢᠯᠠᠯ ᠤᠨ ᠨᠢᠭᠡ ᠦᠨᠳᠦᠰᠦᠨ ᠰᠢᠨᠵᠢ ᠨᠢ ᠴᠢᠯᠦᠭᠡᠲᠦ ᠰᠣᠩᠭᠣᠭᠤᠯᠢ ᠶᠠᠪᠤᠭᠳᠠᠳᠠᠭ ᠶᠠᠪᠤᠳᠠᠯ᠃ ᠴᠢᠯᠦᠭᠡᠲᠦ ᠰᠣᠩᠭᠣᠭᠤᠯᠢ ᠶᠠᠪᠤᠭᠳᠠᠬᠤ ᠶᠢᠨ ᠲᠤᠯᠠᠳᠠ ᠦᠵᠡᠯ ᠪᠣᠳᠣᠯ ᠢᠶᠠᠨ ᠴᠢᠯᠦᠭᠡᠲᠡᠢ ᠢᠯᠡᠷᠬᠡᠶᠢᠯᠡᠬᠦ᠂ ᠬᠡᠪᠯᠡᠯ ᠮᠡᠳᠡᠭᠡᠯᠡᠯ ᠦᠨ ᠴᠢᠯᠦᠭᠡᠲᠡᠢ ᠪᠠᠶᠢᠳᠠᠯ᠂ ᠬᠠᠤᠯᠢ ᠶᠣᠰᠣᠨ ᠤ ᠳᠠᠭᠠᠤ ᠤᠳᠤᠷᠢᠳᠬᠤ ᠵᠡᠷᠭᠡ ᠴᠢᠳᠠᠮᠵᠢ ᠨᠤᠭᠤᠳ ᠬᠡᠷᠡᠭᠲᠡᠢ ᠪᠠᠶᠢᠳᠠᠭ᠃ ᠡᠶᠢᠮᠦ ᠳᠦ ᠡᠳᠡᠭᠡᠷ ᠨᠢ ᠴᠤ ᠠᠷᠠᠳᠴᠢᠯᠠᠯ ᠤᠨ ᠭᠣᠣᠯ ᠲᠤᠯᠭᠠᠭᠤᠷᠢ ᠰᠢᠨᠵᠢ ᠨᠦᠭᠦᠳ ᠪᠣᠯᠤᠨ᠎ᠠ᠃ ᠳᠠᠷᠤᠩᠭᠤᠶᠢᠯᠠᠯ᠂ ᠤᠯᠤᠰ ᠲᠥᠷᠥ ᠶᠢᠨ ᠠᠰᠠᠭᠤᠳᠠᠯ ᠳᠤ ᠬᠥᠨᠳᠡᠯᠡᠨ ᠡᠴᠡ ᠤᠷᠤᠯᠴᠠᠬᠤ ᠶᠠᠪᠤᠳᠠᠯ ᠢ ᠴᠡᠭᠡᠷᠯᠡᠬᠦ ᠶᠢᠨ ᠲᠤᠯᠠᠳᠠ ᠴᠡᠷᠢᠭ ᠦᠨ ᠬᠦᠴᠦᠨ ᠢ ᠠᠷᠠᠳ ᠲᠦᠮᠡᠨ ᠵᠠᠬᠢᠷᠴᠢ ᠵᠣᠬᠢᠭᠤᠯᠬᠤ ᠶᠠᠪᠤᠳᠠᠯ ᠢ ᠮᠥᠨ ᠴᠢᠬᠤᠯᠠᠴᠢᠯᠠᠳᠠᠭ᠃ ᠵᠠᠷᠢᠮ ᠣᠷᠣᠨ ᠨᠤᠭᠤᠳ ᠲᠤ ᠠᠷᠠᠳᠴᠢᠯᠠᠯ ᠨᠢ ᠲᠡᠩᠴᠡᠭᠦᠦ ᠡᠷᠬᠡ ᠭᠡᠰᠡᠨ ᠵᠠᠷᠴᠢᠮ ᠳᠡᠭᠡᠷ᠎ᠡ ᠲᠤᠯᠭᠠᠭᠤᠷᠢᠯᠠᠳᠠᠭ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳᠴᠢᠯᠠᠯ ᠤᠨ ᠭᠠᠳᠠᠭᠠᠳᠤ ᠨᠡᠷ᠎ᠡ ᠨᠢ ᠳᠧᠮᠣᠺᠷᠠᠲ ᠭᠡᠬᠦ ᠪᠠ ᠡᠨᠡ ᠨᠢ ᠡᠷᠲᠡᠨ ᠦ ᠭᠷᠧᠺ ᠬᠡᠯᠡᠨᠢᠭᠢ 《ᠠᠷᠠᠳ ᠲᠦᠮᠡᠨ》 (ᠳᠧᠮᠣᠰ᠂ δημος), 《ᠵᠠᠰᠠᠭᠯᠠᠯ》 (ᠺᠷᠠᠲ᠋ᠣᠰ᠂ κρατος) ᠭᠡᠰᠡᠨ ᠬᠣᠶᠠᠷ ᠬᠡᠯᠡᠯᠭᠡ ᠡᠴᠡ ᠭᠠᠷᠤᠯᠲᠠᠢ ᠦᠭᠡ ᠪᠥᠭᠡᠳ ᠨᠡᠶᠢᠯᠡᠭᠡᠳ 《ᠠᠷᠠᠳ ᠲᠦᠮᠡᠨ ᠦ ᠵᠠᠰᠠᠭᠯᠠᠯ》 ᠭᠡᠰᠡᠨ ᠤᠳᠬ᠎ᠠ ᠲᠠᠢ ᠪᠣᠯᠤᠨ᠎ᠠ᠃

ᠠᠷᠠᠳᠴᠢᠯᠠᠯ ᠢ ᠣᠯᠠᠨ ᠶᠠᠩᠵᠤ ᠪᠠᠷ ᠲᠣᠳᠣᠷᠬᠠᠶᠢᠯᠠᠳᠠᠭ᠃ ᠲᠤᠬᠠᠶᠢᠯᠠᠪᠠᠯ ᠠᠷᠠᠳ ᠲᠦᠮᠡᠨ ᠡᠴᠡ ᠣᠯᠭᠤᠭᠰᠠᠨ ᠡᠷᠬᠡ ᠮᠡᠳᠡᠯ ᠦᠨ ᠬᠦᠷᠢᠶᠡᠨ ᠳᠦ ᠠᠵᠢᠯᠯᠠᠬᠤ ᠲєᠷ ᠤᠨ ᠬᠡᠯᠪᠡᠷᠢ᠂ ᠳᠡᠭᠡᠳᠦ ᠡᠷᠬᠡ ᠮᠡᠳᠡᠯ ᠢ ᠠᠷᠠᠳ ᠲᠦᠮᠡᠨ ᠲᠡᠢ ᠬᠠᠮᠲᠤᠷᠠᠨ ᠡᠳᠯᠡᠬᠦ ᠲєᠷ ᠤᠨ ᠲᠣᠭᠲᠠᠯᠴᠠᠭ᠎ᠠ ᠭᠡᠬᠦ ᠮᠡᠲᠦ ᠪᠡᠷ ᠲᠣᠳᠣᠷᠬᠠᠶᠢᠯᠠᠳᠠᠭ᠃ ᠮєᠨ ᠠᠷᠠᠳ ᠲᠦᠮᠡᠨ ᠦ ᠤᠳᠤᠷᠢᠳᠤᠯᠭ᠎ᠠ ᠭᠡᠰᠡᠨ ᠨᠡᠯᠢᠶᠡᠳ ᠨᠡᠶᠢᠲᠡᠯᠢᠭ ᠲᠣᠳᠣᠷᠬᠠᠶᠢᠯᠠᠯᠲᠠ ᠪᠠᠶᠢᠳᠠᠭ ᠶᠤᠮ᠃

ᠠᠷᠠᠳᠴᠢᠯᠠᠯ ᠤᠨ ᠬᠡᠯᠪᠡᠷᠢ ᠨᠦᠭᠦᠳ
ᠲᠥᠯᠥᠭᠡᠯᠡᠯ ᠦᠨ ᠠᠷᠠᠳᠴᠢᠯᠠᠯ 

ᠢᠷᠭᠡᠳ ᠵᠣᠬᠢᠬᠤ ᠬᠥᠲᠥᠯᠪᠦᠷᠢ ᠶᠢ ᠪᠡᠶᠡᠯᠡᠭᠦᠯᠬᠦ ᠡᠭᠦᠷᠭᠡ ᠪᠦᠬᠦᠢ ᠠᠯᠪᠠᠨ ᠲᠤᠰᠢᠶᠠᠯᠲᠠᠨ ᠢ ᠰᠣᠩᠭᠣᠵᠤ ᠲᠡᠭᠦᠪᠡᠷ ᠳᠠᠮᠵᠢᠭᠤᠯᠠᠨ ᠵᠠᠰᠠᠭᠯᠠᠯ ᠢ ᠬᠡᠷᠡᠭᠵᠢᠭᠦᠯᠬᠦ ᠬᠡᠯᠪᠡᠷᠢ᠃ ᠠᠩᠬᠢᠯᠠᠯ:

  • ᠫᠠᠷᠯᠠᠮᠧᠨᠲ ᠤᠨ
  • ᠯᠢᠪᠧᠷᠠᠯ
ᠰᠢᠭᠤᠳ ᠠᠷᠠᠳᠴᠢᠯᠠᠯ

ᠢᠷᠭᠡᠳ ᠰᠣᠩᠭᠣᠭᠳᠠᠭᠰᠠᠨ ᠪᠤᠶᠤ ᠲᠣᠮᠢᠯᠠᠭᠳᠠᠭᠰᠠᠨ ᠠᠯᠪᠠᠨ ᠲᠤᠰᠢᠶᠠᠯᠲᠠᠨ ᠢᠶᠠᠷ ᠳᠠᠮᠵᠢᠭᠤᠯᠤᠯ ᠦᠭᠡᠢ ᠨᠡᠶᠢᠭᠡᠮ ᠤᠨ ᠠᠯᠢᠪᠠ ᠠᠰᠠᠭᠤᠳᠠᠯ ᠢ ᠰᠢᠢᠳᠪᠦᠷᠢᠯᠡᠬᠦ ᠳᠦ ᠥᠪᠡᠷᠰᠡᠳ ᠢᠶᠡᠨ ᠪᠡᠶ᠎ᠡ ᠪᠡᠷ ᠣᠷᠣᠯᠴᠠᠳᠠᠭ᠃

ᠰᠣᠴᠢᠶᠠᠯᠢᠰᠲᠤ ᠠᠷᠠᠳᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠭᠦᠨ ᠦ ᠵᠢᠱᠢᠶ᠎ᠡ ᠨᠦᠭᠦᠳ ᠨᠢ:

  • ᠰᠣᠴᠢᠶᠠᠯ ᠠᠷᠠᠳᠴᠢᠯᠠᠯ - ᠺᠠᠫᠢᠲ᠋ᠠᠯᠢᠰᠮᠠ ᠠᠴᠠ ᠪᠠᠭ᠎ᠠ ᠪᠠᠭ᠎ᠠ ᠪᠠᠷ᠂ ᠡᠩᠬᠡ ᠲᠠᠶᠢᠪᠤᠩ ᠤᠨ ᠵᠠᠮ ᠢᠶᠠᠷ ᠰᠣᠴᠢᠶᠠᠯᠢᠮ ᠷᠤ ᠰᠢᠯᠵᠢᠬᠦ ᠪᠣᠳᠣᠯᠭ᠎ᠠ ᠲᠠᠢ ᠤᠯᠤᠰ ᠲᠥᠷᠥ ᠶᠢᠨ ᠦᠵᠡᠯ ᠰᠤᠷᠲᠠᠯ
  • ᠠᠷᠠᠳᠴᠢᠯᠠᠭᠰᠠᠨ ᠰᠣᠴᠢᠶᠠᠯᠢᠮ - ᠡᠳ᠋ ᠍ ᠦᠨ ᠵᠠᠰᠠᠭ ᠢ ᠰᠣᠴᠢᠶᠠᠯᠢᠮ ᠢᠶᠠᠷ᠂ ᠤᠳᠤᠷᠢᠳᠤᠯᠭ᠎ᠠ ᠪᠠᠨ ᠠᠷᠠᠳᠴᠢᠯᠠᠯ ᠢᠶᠠᠷ ᠬᠡᠷᠡᠭᠵᠢᠭᠦᠯᠳᠡᠭ
  • ᠫᠷᠣᠯᠧᠲ᠋ᠠᠷᠢᠶᠠᠲ ᠤᠨ ᠳ᠋ᠢᠺᠲ᠋ᠠᠲ᠋ᠦᠶᠢᠷᠴᠢᠯᠠᠯ - ᠺᠠᠫᠲ᠋ᠠᠯᠢᠰᠲ ᠨᠡᠶᠢᠭᠡᠮ ᠺᠣᠮᠮᠤᠶᠢᠨᠢᠰᠮ ᠷᠦᠦ ᠰᠢᠯᠵᠢᠬᠦ ᠶᠠᠪᠤᠴᠠᠨ ᠤ ᠲᠦᠷ ᠵᠠᠭᠤᠷ᠎ᠠ ᠶᠢᠨ ᠪᠠᠶᠢᠳᠠᠯ᠃ ᠡᠨᠡ ᠦᠶ᠎ᠡ ᠳᠦ ᠫᠷᠣᠯᠧᠲ᠋ᠠᠷᠢᠶᠠᠲ ᠪᠤᠶᠤ ᠠᠵᠢᠯᠴᠢᠨ ᠠᠩᠭᠢ ᠵᠠᠰᠠᠭ ᠤᠨ ᠡᠷᠬᠡ ᠶᠢ ᠲᠦᠷᠢ ᠪᠠᠷᠢᠵᠤ ᠲᠤᠬᠠᠢ ᠶᠢᠨ ᠦᠶ᠎ᠡ ᠶᠢᠨ ᠬᠢ ᠨᠢ ᠤᠯᠤᠰ ᠲᠥᠷᠥ ᠶᠢᠨ ᠰᠢᠰᠲ᠋ᠧᠮ ᠢ ᠣᠷᠣᠯᠠᠵᠤ ᠦᠭᠡᠢ ᠪᠣᠯᠭᠠᠨ᠎ᠠ᠃
ᠠᠨᠠᠷᠬᠢᠰᠲ ᠠᠷᠠᠳᠴᠢᠯᠠᠯ

ᠠᠨᠠᠷᠬᠢᠽᠮ ᠭᠡᠳᠡᠭ ᠨᠢ ᠶᠡᠷᠦᠳᠡ ᠶᠢᠨ ᠵᠠᠰᠠᠭᠯᠠᠯ ᠢ ᠡᠰᠡᠷᠭᠦᠴᠡᠳᠡᠭ ᠤᠯᠤᠰ ᠲᠥᠷᠥ ᠶᠢᠨ ᠹᠢᠯᠣᠰᠣᠹᠢ᠃ ᠠᠨᠠᠷᠬᠢᠰᠲ ᠦᠵᠡᠯ ᠢ ᠳᠡᠮᠵᠢᠭᠴᠢᠳ ᠨᠢ ᠭᠣᠣᠯᠳᠠᠭᠤ ᠰᠢᠭᠤᠳ ᠠᠷᠠᠳᠴᠢᠯᠠᠯ ᠢ ᠳᠡᠮᠵᠢᠳᠡᠭ ᠪᠥᠭᠡᠳ ᠤᠯᠠᠮ ᠢᠶᠠᠷ ᠠᠨᠠᠷᠬᠢᠰᠲ ᠠᠷᠠᠳᠴᠢᠯᠠᠯ ᠨᠢ ᠡᠭᠦᠨ ᠦ ᠬᠡᠯᠪᠡᠷᠢ ᠪᠣᠯᠳᠠᠭ᠃

ᠢᠷᠣᠺᠧᠽ ᠠᠷᠠᠳᠴᠢᠯᠠᠯ 

ᠠᠮᠧᠷᠢᠺᠠ ᠶᠢᠨ ᠢᠨᠳᠢᠶᠠᠨ ᠨᠤᠭᠤᠳ ᠤᠨ ᠪᠦᠯᠦᠭ ᠦᠳ ᠦᠨ ᠨᠢᠭᠡ ᠪᠣᠯᠬᠤ ᠢᠷᠣᠺᠧᠽ ᠨᠡᠶᠢᠭᠡᠮ ᠤᠨ ᠬᠡᠷᠡᠭᠯᠡᠵᠦ ᠪᠠᠶᠢᠭᠰᠠᠨ ᠠᠷᠠᠳᠴᠢᠯᠠᠯ ᠤᠨ ᠬᠡᠯᠪᠡᠷᠢ᠃ ᠠᠮᠧᠷᠢᠺᠠ ᠶᠢᠨ ᠲᠥᠯᠥᠭᠡᠯᠡᠯ ᠦᠨ ᠠᠷᠠᠳᠴᠢᠯᠠᠯ ᠳᠤ ᠨᠥᠯᠥᠭᠡ ᠪᠣᠯᠤᠭᠰᠠᠨ ᠭᠡᠳᠡᠭ ᠰᠣᠩᠭᠣᠭᠤᠯᠢᠭᠦᠢ ᠠᠷᠠᠳᠴᠢᠯᠠᠯ ᠰᠣᠩᠭᠣᠭᠤᠯᠢ ᠶᠠᠪᠤᠭᠤᠯᠬᠤ ᠦᠭᠡᠢ ᠪᠡᠷ ᠣᠯᠠᠨ ᠬᠦᠮᠦᠰ ᠦᠨ ᠳᠤᠮᠳᠠ ᠠᠴᠠ ᠬᠡᠨ ᠨᠢᠭᠡᠨ ᠢ ᠰᠠᠨᠠᠭᠠᠨᠳᠠ ᠦᠭᠡᠢ ᠪᠡᠷ ᠰᠤᠩᠭᠤᠬᠤ᠃ ᠰᠣᠩᠭᠣᠭᠳᠠᠭᠰᠠᠨ ᠬᠦᠮᠦᠨ ᠡᠴᠡ ᠢᠯᠡᠭᠦᠦ ᠨᠡᠶᠢᠲᠡ ᠶᠢᠨ ᠡᠷᠬᠡ ᠠᠰᠢᠭ ᠢ ᠪᠣᠳᠣᠭᠰᠠᠨ ᠪᠠᠶᠢᠨ᠎ᠠ ᠬᠡᠮᠡᠬᠦ ᠦᠵᠡᠯ ᠡᠴᠡ ᠬᠠᠮᠢᠶᠠᠷᠤᠯ ᠲᠠᠢ

ᠵᠥᠪᠰᠢᠶᠡᠷᠡᠯ ᠦᠨ ᠠᠷᠠᠳᠴᠢᠯᠠᠯ 

ᠵᠥᠪᠬᠡᠨ ᠰᠣᠩᠭᠣᠭᠤᠯᠢ ᠳᠤ ᠢᠯᠠᠭᠰᠠᠨ ᠢᠶᠠᠷ ᠪᠤᠰᠤ ᠶᠡᠬᠡᠩᠬᠢ ᠬᠦᠮᠦᠰ ᠡᠭᠦᠨ ᠳᠦ ᠵᠥᠪᠰᠢᠶᠡᠷᠡᠭᠰᠡᠨ ᠦ ᠳᠠᠷᠠᠭ᠎ᠠ ᠯᠠ ᠬᠦᠴᠦᠨᠲᠡᠢ ᠪᠣᠯᠳᠠᠭ

ᠠᠷᠠᠳᠴᠢᠯᠠᠯ ᠤᠨ ᠲᠤᠬᠠᠢ ᠬᠡᠯᠡᠭᠰᠡᠨ ᠦᠭᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠷᠠᠳᠴᠢᠯᠠᠯ ᠪᠣᠯ …ᠬᠡᠯᠡᠯᠴᠡᠭᠡᠷ ᠢᠶᠡᠷ ᠶᠠᠪᠤᠭᠳᠠᠳᠠᠭ ᠵᠠᠰᠠᠭᠯᠠᠯ ᠶᠤᠮ᠃
Democracy...is government by discussion.
ᠵᠣᠩ ᠰᠲ᠋ᠤᠸᠠᠷᠲ ᠮᠢᠯ᠂ On Liberty
  • ᠠᠷᠠᠳᠴᠢᠯᠠᠯ ᠪᠣᠯ ᠬᠦᠮᠦᠰ ᠢ ᠵᠣᠬᠢᠬᠤ ᠬᠡᠮᠵᠢᠶᠡᠨ ᠡᠴᠡ ᠨᠢ ᠢᠯᠡᠭᠦᠦ ᠭᠦᠢ ᠪᠠᠶᠢᠳᠠᠯ ᠢᠶᠠᠷ ᠵᠠᠬᠢᠷᠬᠤ ᠶᠠᠪᠤᠳᠠᠯ ᠢ ᠪᠠᠲᠤᠯᠠᠭᠠᠵᠢᠭᠤᠯᠳᠠᠭ ᠰᠢᠰᠲ᠋ᠧᠮ ᠶᠤᠮ᠃
Democracy is a system ensuring that the people are governed no better than they deserve.
ᠵᠣᠷᠵᠢ ᠪᠧᠷᠨᠠᠷ ᠲᠤ ᠱᠣᠤ
  • ᠠᠷᠠᠳᠴᠢᠯᠠᠯ ᠪᠣᠯ ᠬᠦᠮᠦᠰ ᠦᠨ᠂ ᠬᠦᠮᠦᠰ ᠦᠨ ᠪᠦᠲᠦᠭᠡᠭᠰᠡᠨ᠂ ᠬᠦᠮᠦᠰ ᠦᠨ ᠲᠥᠯᠦᠭᠡᠬᠢ ᠵᠠᠰᠠᠭᠯᠠᠯ ᠮᠥᠨ᠃
Democracy is the government of the people, by the people and for the people.
ᠠᠪᠷ ᠢᠶᠠᠮ ᠯᠢᠨᠺᠣᠯᠢᠨ
  • ᠠᠷᠠᠳᠴᠢᠯᠠᠯ ᠤᠨ ᠡᠰᠡᠷᠬᠦ ᠬᠠᠮᠤᠭ ᠤᠨ ᠪᠠᠲᠤ ᠠᠰᠠᠭᠤᠳᠠᠯ ᠪᠣᠯ ᠵᠢᠷ ᠦᠨ ᠰᠣᠩᠭᠣᠭᠴᠢ ᠲᠠᠢ ᠬᠢᠭᠰᠡᠨ ᠲᠠᠪᠤᠨ ᠮᠢᠨᠦ᠋ᠲ ᠤᠨ ᠶᠠᠷᠢᠶ᠎ᠠ ᠶᠤᠮ᠃
The strongest argument against democracy is a five minute discussion with the average voter.
ᠤᠢᠨᠰᠲ᠋ᠣᠨ ᠴᠧᠷᠴᠢᠯᠯ
  • ᠪᠤᠰᠤᠳ ᠲᠤᠷᠰᠢᠭᠳᠠᠵᠤ ᠪᠠᠶᠢᠭᠰᠠᠨ ᠵᠠᠰᠠᠭᠯᠠᠯ ᠤᠳ ᠢ ᠡᠰᠡ ᠲᠣᠭᠠᠴᠠᠪᠠᠯ ᠠᠷᠠᠳᠴᠢᠯᠠᠯ ᠪᠣᠯ ᠬᠠᠮᠤᠭ ᠤᠨ ᠮᠠᠭᠤ ᠲᠥᠷᠥᠯ ᠦᠨ ᠵᠠᠰᠠᠭᠯᠠᠯ ᠶᠤᠮ᠃
Democracy is the worst form of government, except all the others that have been tried.
ᠤᠢᠨᠰᠲ᠋ᠣᠨ ᠴᠧᠷᠴᠢᠯᠯ
  • ᠠᠷᠠᠳᠴᠢᠯᠠᠯ ᠪᠣᠯ ᠥᠰᠢᠶ᠎ᠡ ᠪᠡᠨ ᠠᠪᠬᠤ ᠬᠠᠮᠤᠭ ᠤᠨ ᠳᠥᠲᠡ ᠠᠷᠭ᠎ᠠ
Democracy is the best revenge.
ᠪᠧᠨ᠋ᠠᠽᠢᠷ ᠪᠬᠤᠳᠲᠠ

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ