ᠠᠷᠠᠯ ᠲᠡᠩᠭᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
"ᠠᠷᠠᠯ ᠲᠡᠩᠭᠢᠰ" ᠨᠢ ᠡᠨᠡ ᠬᠠᠭᠤᠳᠠᠰᠤᠨ ᠳᠤ ᠰᠢᠭᠤᠳ ᠬᠣᠯᠪᠣᠭᠳᠠᠵᠠᠢ᠃ ᠥᠭᠡᠷ᠎ᠡ ᠤᠳᠬ᠎ᠠ ᠶᠢ ᠦᠵᠡᠬᠦ ᠶᠢ ᠬᠦᠰᠡᠪᠡᠯ᠂ ᠠᠷᠠᠯ (ᠰᠠᠯᠠᠭ᠎ᠠ ᠤᠳᠬ᠎ᠠ) ᠍ ᠢ ᠦᠵᠡᠨ᠎ᠡ ᠦᠦ᠃
ᠠᠷᠠᠯ ᠲᠡᠩᠭᠢᠰ᠃ 1960 ᠣᠨ
ᠠᠷᠠᠯ ᠲᠡᠩᠭᠢᠰ᠂ 2003 ᠣᠨ᠃ 50 ᠵᠢᠯ ᠦᠨ ᠡᠮᠦᠨᠡᠬᠢ ᠲᠡᠢ ᠬᠠᠷᠢᠴᠠᠭᠤᠯᠬᠤ ᠳᠤ ᠲᠡᠩᠭᠢᠰ ᠦᠨ ᠲᠠᠯ᠎ᠠ ᠨᠢ ᠰᠢᠷᠭᠢᠭᠰᠡᠨ ᠪᠠᠶᠢᠨ᠎ᠠ

ᠠᠷᠠᠯ ᠲᠡᠩᠭᠢᠰ (ᠬᠠᠰᠠᠭ ᠶᠢᠡᠷ ᠠᠷᠠᠯ ᠲᠧңіᠽі, ᠣᠷᠣᠰ ᠶᠢᠡᠷ ᠠᠷᠠᠯᠰᠺοᠶᠡ ᠮοᠷᠧ, ᠦᠽᠪᠸᠺ ᠶᠢᠡᠷ Orol dengizi (ᠣᠷᠣᠯ ᠳᠧᠨᠭᠢᠽᠢ)) ᠨᠢ ᠲᠥᠪ ᠠᠽᠢᠶ᠎ᠠ ᠳᠤ᠂ ᠬᠠᠰᠠᠭᠦᠽᠡᠪᠸᠺᠢᠰᠲᠠᠨ ᠬᠣᠶᠠᠷ ᠤᠯᠤᠰ ᠤᠨ ᠬᠣᠭᠣᠷᠣᠨᠳᠣ ᠤᠷᠤᠰᠢᠬᠤ᠂ ᠡᠬᠡ ᠭᠠᠵᠠᠷ ᠤᠨ ᠳᠤᠮᠳᠠᠳᠤ ᠲᠡᠩᠭᠢᠰ ᠶᠤᠮ᠃ ᠤᠭ ᠲᠡᠩᠭᠢᠰ ᠨᠢ ᠨᠢᠭᠡ ᠭᠠ ᠲᠠᠯᠠᠪᠠᠢ ᠳᠤ 1000 ᠪᠠ ᠲᠡᠭᠦᠨ ᠡᠴᠡ ᠣᠯᠠᠨ ᠠᠷᠠᠯᠲᠠᠢ ᠤᠴᠢᠷ ᠠᠴᠠ ᠤᠭ ᠨᠡᠷ᠎ᠡ ᠶᠢ ᠠᠪᠴᠠᠢ᠃ ᠺᠠᠶᠢᠨᠣᠵᠣᠶᠢᠨ ᠭᠠᠯᠪᠠ ᠍ ᠤᠨ ᠦᠶ᠎ᠡ ᠳᠦ (21 ᠰᠠᠶ᠎ᠠ ᠵᠢᠯ ᠦᠨ ᠡᠮᠦᠨ᠎ᠡ) ᠵᠡᠷᠭᠡᠯᠡᠯᠳᠦᠭᠡ ᠬᠢ ᠺᠠᠰᠫᠢ ᠲᠡᠩᠭᠢᠰ᠂ ᠲᠡᠷᠡ ᠳᠤᠮᠳᠠ ᠪᠠᠨ ᠭᠠᠳᠠᠭᠠᠳᠤ ᠶᠡᠬᠡ ᠳᠠᠯᠠᠢ ᠲᠠᠢ ᠬᠣᠯᠪᠣᠭ᠎ᠠ ᠲᠠᠢ ᠪᠠᠶᠢᠴᠠᠢ᠃

1960 ᠍ ᠊ᠭᠠᠳ ᠣᠨ ᠠᠴᠠ ᠡᠬᠢᠯᠡᠨ ᠠᠷᠠᠯ ᠲᠡᠩᠭᠢᠰ ᠨᠢ ᠮᠠᠰᠢ ᠬᠤᠷᠳᠤᠨ ᠰᠢᠷᠭᠢᠵᠦ ᠡᠬᠢᠯᠡᠭᠰᠡᠨ ᠨᠢ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠍ ᠶᠢᠨ ᠦᠶ᠎ᠡ ᠳᠦ᠂ ᠠᠷᠠᠯ ᠲᠡᠩᠭᠢᠰ ᠲᠦ ᠴᠢᠳᠬᠤᠳᠠᠭ ᠠᠮᠤᠳᠠᠷᠢᠶ᠎ᠠᠰᠢᠷᠲᠠᠷᠢᠶ᠎ᠠ ᠮᠥᠷᠡᠨ ᠦ ᠭᠣᠣᠯᠢᠵᠢᠷᠠᠯ ᠢ ᠥᠭᠡᠷᠡᠴᠢᠯᠡᠨ ᠤᠷᠤᠰᠬᠠᠭᠰᠠᠨ ᠲᠠᠢ ᠬᠣᠯᠪᠣᠭ᠎ᠠ ᠲᠠᠢ ᠶᠤᠮ᠃

1960 ᠣᠨ ᠳᠤ 68,000 ᠺᠦᠸᠠᠳ᠋ ᠺᠢᠯᠣᠮᠧᠲ᠋ᠷ ᠲᠠᠯᠠᠪᠠᠢ ᠲᠠᠢ᠂ 1100 ᠺᠮ³ ᠤᠰᠤᠨ ᠤ ᠨᠥᠭᠡᠴᠡ ᠲᠡᠢ ᠪᠠᠶᠢᠭᠰᠠᠨ ᠤᠭ ᠲᠡᠩᠭᠢᠰᠡᠶᠢᠨ ᠤᠰᠤᠨ ᠤ ᠨᠡᠶᠢᠲᠡ ᠡᠵᠡᠯᠡᠬᠦᠨ ᠦ 80% ᠨᠢ ᠰᠢᠷᠭᠢᠵᠦ᠂ ᠤᠰᠤ ᠪᠠᠷ ᠪᠦᠷᠬᠦᠭᠳᠡᠳᠡᠭ ᠪᠠᠶᠢᠭᠰᠠᠨ ᠭᠠᠳᠠᠷᠭᠤ ᠶᠢᠨ 60% ᠨᠢ ᠬᠠᠭᠤᠷᠠᠢ ᠪᠣᠯᠤᠭᠰᠠᠨ ᠪᠠᠶᠢᠨ᠎ᠠ᠃ 1998 ᠣᠨ ᠤ ᠪᠠᠶᠢᠳᠠᠯ ᠢᠶᠠᠷ ᠲᠡᠩᠭᠢᠰ ᠦᠨ ᠭᠠᠳᠠᠷᠭᠤ ᠶᠢᠨ ᠲᠠᠯᠠᠪᠠᠢ 28,687 ᠺᠦᠸᠠᠳ᠋ ᠺᠢᠯᠣᠮᠧᠲ᠋ᠷ᠂ 2004 ᠣᠨ ᠳᠤ 17,160 ᠺᠦᠸᠠᠳ᠋ ᠺᠢᠯᠣᠮᠧᠲ᠋ᠷ ᠪᠣᠯᠵᠤ ᠪᠠᠭᠠᠰcᠠᠨ ᠪᠠ 1960 ᠍ ᠊ᠭᠠᠳ ᠣᠨ ᠳᠤ 10 ᠭᠷᠦᠶᠢᠫᠫᠫ/ᠯᠠ ᠪᠠᠶᠢᠭᠰᠠᠨ ᠤᠰᠤᠨ ᠤ ᠳᠠᠪᠤᠰᠤᠵᠢᠯᠲᠠ᠂ ᠮᠥᠨ ᠦᠶ᠎ᠡ ᠳᠦ 45 ᠭᠷᠦᠶᠢᠫᠫᠫ/ᠯᠠ ᠪᠣᠯᠵᠤ ᠨᠡᠮᠡᠭᠳᠡᠵᠡᠢ᠃ ᠣᠷᠣᠰ᠂ ᠬᠠᠰᠠᠭ᠂ ᠦᠽᠡᠪᠸᠺᠢᠰᠲᠠᠨ ᠤᠯᠤᠰ ᠪᠣᠯᠤᠨ ОУХН ᠍ ᠤᠨ ᠬᠣᠯᠪᠣᠭᠳᠠᠬᠤ ᠪᠠᠶᠢᠭᠤᠯᠤᠯᠭ᠎ᠠ ᠶᠢᠨ ᠣᠷᠣᠯᠴᠠᠭ᠎ᠠ ᠲᠠᠢ ᠪᠠᠷ ᠠᠷᠠᠯ ᠲᠡᠩᠭᠢᠰ᠂ ᠲᠡᠭᠦᠨ ᠦ ᠰᠠᠪᠠ ᠭᠠᠵᠠᠷ ᠢ ᠬᠠᠮᠠᠭᠠᠯᠠᠬᠤ᠂ ᠨᠥᠬᠥᠨ ᠰᠡᠷᠭᠦᠭᠡᠬᠦ ᠠᠷᠭ᠎ᠠ ᠬᠡᠮᠵᠢᠶ᠎ᠡ ᠶᠢ 2010-2015 ᠬᠣᠭᠣᠷᠣᠨᠳᠣ ᠡᠬᠢᠨ ᠦ ᠱᠠᠲᠤᠨ ᠳᠤ ᠬᠡᠷᠡᠭᠵᠢᠭᠦᠯᠬᠦ ᠪᠡᠷ ᠪᠣᠯᠵᠠᠢ᠃ ᠰᠢᠨᠵᠢᠭᠡᠴᠢᠳ ᠦᠨ ᠦᠵᠡᠵᠦ ᠪᠠᠶᠢᠭ᠎ᠠ ᠪᠠᠷ ᠠᠮᠤᠳᠠᠷᠢᠶ᠎ᠠᠰ ᠤᠷᠲᠠᠷᠢᠶ᠎ᠠ ᠮᠥᠷᠡᠨ ᠦ ᠭᠣᠣᠯᠢᠵᠢᠷᠠᠯ ᠢ ᠰᠡᠷᠭᠦᠭᠡᠨ ᠤᠷᠤᠰᠬᠠᠭᠰᠠᠨ ᠴᠤ ᠤᠰᠤᠨ ᠤ ᠲᠥᠪᠰᠢᠨ ᠨᠢ ᠨᠠᠭᠠᠨᠠᠳᠠᠵᠤ 200 ᠵᠢᠯ ᠦᠨ ᠳᠠᠷᠠᠭ᠎ᠠ ᠬᠠᠭᠤᠴᠢᠨ ᠬᠡᠪᠡᠨ ᠳᠦ ᠪᠡᠨ ᠣᠷᠣᠨ᠎ᠠ᠂ ᠲᠡᠭᠦᠨ ᠦ ᠠᠢ ᠰᠠᠪᠠ ᠭᠠᠵᠠᠷ ᠤᠨ ᠡᠺᠣᠯᠣᠭᠢ ᠨᠥᠬᠥᠨ ᠰᠡᠷᠭᠦᠬᠦ ᠦᠭᠡᠢ᠂ ᠬᠡᠲᠦᠷᠬᠡᠢ ᠣᠷᠣᠶᠢᠳᠤᠭᠰᠠᠨ ᠠᠷᠭ᠎ᠠ ᠬᠡᠮᠵᠢᠶ᠎ᠡ ᠬᠡᠮᠡᠨ ᠦᠵᠡᠵᠦ ᠪᠠᠶᠢᠨ᠎ᠠ᠃ ᠠᠷᠠᠯ ᠲᠡᠩᠭᠢᠰ ᠢ ᠠᠪᠤᠷᠠᠬᠤ ᠨᠠᠶᠢᠳᠠᠯᠭ᠎ᠠ ᠲᠠᠰᠤᠷᠠᠭᠰᠠᠨ ᠴᠤ ᠰᠢᠷᠭᠢᠯᠲᠡ ᠶᠢ ᠨᠢ ᠪᠠᠭᠤᠷᠠᠭᠤᠯᠵᠤ᠂ ᠪᠥᠰᠡ ᠶᠢᠨ ᠬᠦᠮᠦᠰ ᠦᠨ ᠠᠮᠢᠳᠤᠷᠠᠯ ᠤᠨ ᠨᠥᠬᠥᠴᠡᠯ ᠢ ᠳᠡᠭᠡᠭᠰᠢᠯᠡᠭᠦᠯᠵᠦ ᠪᠣᠯᠤᠨ᠎ᠠ᠃ ᠪᠥᠰᠡ ᠶᠢᠨ ᠣᠷᠣᠨ ᠨᠤᠭᠤᠳ ᠤᠨ ᠭᠠᠭᠴᠠ ᠨᠢᠭᠡ ᠨᠢ ᠠᠮᠵᠢᠯᠲᠠ ᠣᠯᠤᠭᠰᠠᠨ ᠪᠣᠯᠪᠠᠴᠤ 20 ᠭᠠᠷᠤᠶᠢᠬᠠᠨ ᠵᠢᠯ ᠦᠨ ᠲᠡᠦᠬᠡ ᠲᠡᠢ ᠲᠥᠪ ᠠᠽᠢᠶ᠎ᠠ ᠶᠢᠨ ᠰᠢᠨ᠎ᠡ ᠲᠤᠰᠠᠭᠠᠷ ᠣᠷᠣᠨ ᠨᠤᠭᠤᠳ ᠤᠨ ᠬᠠᠮᠲᠤ ᠶᠢᠨ ᠠᠵᠢᠯᠯᠠᠭ᠎ᠠ ᠨᠢ ᠠᠮᠵᠢᠯᠲᠠ ᠣᠯᠤᠭ᠎ᠠ ᠦᠭᠡᠢ ᠬᠡᠪ ᠢᠶᠡᠷ ᠪᠠᠶᠢᠨ᠎ᠠ᠃ ᠠᠷᠠᠯ ᠲᠡᠩᠭᠢᠰ ᠢ ᠠᠪᠤᠷᠠᠬᠤ ᠣᠯᠠᠨ ᠤᠯᠤᠰ ᠤᠨ ᠰᠠᠩ ᠤᠨ (АТАОУС) ᠹᠣᠯᠺᠧᠷ ᠹᠷᠣᠪᠤᠷ ᠲᠤ (Volker Frobarth) ᠵᠧᠨᠨᠢᠹᠧᠷ ᠽᠧᠷᠢᠨ ᠢ (Jenniver Sehring) ᠨᠠᠷ "ᠠᠷᠠᠯ ᠲᠡᠩᠭᠢᠰ ᠦᠨ ᠮᠥᠬᠥᠯ ᠪᠤᠶᠤ ᠪᠦᠬᠦᠨ ᠢ ᠡᠬᠢᠨ ᠡᠴᠡ ᠨᠢ ᠡᠬᠢᠯᠡᠬᠦ ᠣᠷᠣᠯᠳᠤᠯᠭ᠎ᠠ ᠶᠢᠨ ᠬᠣᠭᠣᠷᠣᠨᠳᠣ》 ᠭᠡᠰᠡᠨ ᠥᠭᠦᠯᠡᠯ ᠳᠦ ᠪᠡᠨ ᠡᠶᠢᠮᠦ ᠳ᠋ᠦᠩᠨᠡᠯᠲᠡ ᠬᠡᠶᠢᠵᠢᠭᠡ᠃ ᠤᠭ ᠥᠭᠦᠯᠡᠯ ᠠᠷᠠᠯ ᠲᠡᠩᠭᠢᠰ ᠦᠨ ᠠᠰᠠᠭᠤᠳᠠᠯ ᠳᠤ ᠵᠣᠷᠢᠭᠤᠯᠤᠭᠰᠠᠨ ᠭᠧᠷᠮᠠᠨ ᠤ Zentralasienanalysen ᠲᠣᠬᠢᠮᠠᠯ ᠤᠨ ᠵᠤᠨ ᠤ ᠲᠤᠰᠬᠠᠢ ᠳ᠋ᠤᠭᠠᠷᠲᠤ ᠨᠡᠶᠢᠲᠡᠯᠡᠭᠳᠡᠵᠡᠢ᠃


ᠠᠷᠠᠯᠺᠦ᠋ᠮ ᠬᠦᠷᠬᠦ ᠵᠠᠮ ᠪᠤᠶᠤ ᠬᠠᠭᠠᠰ ᠵᠠᠭᠤᠨ ᠤ ᠳᠣᠲᠣᠷ᠎ᠠ ᠮᠥᠬᠦᠭᠰᠡᠨ ᠲᠡᠩᠭᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠥᠩᠭᠡᠵᠢ ᠬᠠᠭᠠᠰ ᠵᠠᠭᠤᠨ ᠤ ᠳᠣᠲᠣᠷ᠎ᠠ ᠳᠡᠯᠡᠬᠡᠢ ᠳᠦ ᠬᠡᠮᠵᠢᠶ᠎ᠡ ᠪᠡᠷ ᠢᠶᠡᠨ ᠳᠥᠷᠪᠡ ᠳᠦ ᠤᠷᠤᠬᠤ ᠨᠠᠭᠤᠷ ᠠᠷᠠᠯ ᠲᠡᠩᠭᠢᠰ "ᠠᠷᠠᠯᠺᠦ᠋ᠮ" ᠭᠡᠬᠦ "ᠠᠷᠠᠯ ᠤᠨ ᠴᠥᠯ" ᠪᠣᠯᠤᠨ ᠬᠤᠪᠢᠷᠠᠪᠠ᠃ ᠬᠠᠷᠢᠴᠠᠩᠭᠤᠢ ᠰᠠᠶ᠋ᠢᠬᠠᠨ ᠬᠦᠷᠲᠡᠯ᠎ᠡ ᠠᠷᠠᠯ ᠲᠡᠩᠭᠢᠰ 68 ᠮᠢᠩᠭᠠᠨ ᠺᠦᠸᠠᠳ᠋.km ᠲᠠᠯᠠᠪᠠᠢ ᠲᠠᠢ ᠪᠠᠶᠢᠭᠰᠠᠨ ᠪᠣᠯ ᠥᠨᠥᠳᠥᠷ ᠲᠡᠷᠡ 10 ᠮᠢᠩᠭ᠎ᠠ ᠪᠣᠯᠵᠤ ᠤᠰᠤᠨ ᠤ ᠬᠢ ᠨᠢ 90 ᠬᠤᠪᠢ ᠰᠢᠷᠭᠢᠭᠡᠳ ᠪᠠᠶᠢᠨ᠎ᠠ᠃ ᠡᠳᠦᠭᠡ ᠡᠨᠳᠡ 《ᠲᠡᠩᠭᠢᠰ》 ᠭᠡᠬᠦ ᠪᠡᠷ ᠵᠦᠢᠯ ᠪᠠᠶᠢᠬᠤ ᠦᠭᠡᠢ᠂ ᠬᠡᠳᠦ ᠬᠡᠳᠦᠨ ᠲᠤᠰ ᠲᠤ ᠪᠠᠨ ᠨᠠᠭᠤᠷ ᠪᠣᠯᠤᠭᠠᠳ ᠪᠠᠶᠢᠭ᠎ᠠ᠃ ᠬᠠᠰᠠᠭᠰᠲ᠋ᠠᠨ ᠤ ᠨᠤᠲᠤᠭ ᠤᠨ ᠬᠣᠶᠢᠳᠤ ᠬᠡᠰᠡᠭ ᠰ ᠤᠷᠲᠠᠷᠢᠶ᠎ᠠ᠂ ᠡᠮᠦᠨᠡᠲᠦ ᠬᠡᠰᠡᠭ ᠠᠮᠤᠳᠠᠷᠢᠶ᠎ᠠ ᠮᠥᠷᠡᠨ ᠦ ᠤᠰᠤ ᠪᠠᠷ ᠤᠮᠳᠠᠭᠠᠯᠠᠳᠠᠭ᠃ ᠪᠠᠶᠢᠩᠭᠤ ᠰᠢᠷᠭᠢᠵᠦ ᠢᠷᠡᠭᠰᠡᠨ ᠡᠴᠡ ᠨᠠᠭᠤᠷ ᠤᠨ ᠳᠠᠪᠤᠰᠤᠵᠢᠯᠲᠠ ᠨᠢ ᠳᠠᠯᠠᠢ ᠲᠥᠪᠰᠢᠨ ᠦ ᠬᠢ ᠡᠴᠡ ᠶᠡᠬᠡ ᠪᠣᠯᠵᠤ ᠬᠠᠪᠴᠢᠢᠨ ᠠᠶᠢᠮᠠᠭ ᠤᠨ ᠬᠣᠪᠣᠷᠬᠠᠨ ᠲᠥᠷᠥᠯ ᠡᠴᠡ ᠪᠤᠰᠤᠳ ᠪᠦᠬᠦ ᠠᠮᠢᠲᠠᠳ᠂ ᠤᠷᠭᠤᠮᠠᠯ ᠦᠭᠡᠢ ᠪᠣᠯᠪᠠ᠃ ᠤᠷᠭᠤᠮᠠᠯ᠂ ᠠᠮᠢᠲᠠᠨ ᠤ ᠠᠶᠢᠮᠠᠭ ᠨᠢ ᠮᠥᠬᠦᠭᠰᠡᠨ ᠡᠴᠡ ᠪᠥᠰᠡ ᠶᠢᠨ ᠬᠦᠮᠦᠨ ᠠᠮᠠ ᠶᠢᠨ ᠳᠤᠮᠳᠠ ᠠᠮᠢᠰᠬᠤᠯ ᠤᠨ ᠵᠠᠮ ᠤᠨ ᠪᠣᠯᠤᠨ ᠬᠢᠵᠢᠭ᠂ ᠰᠠ᠂ ᠰᠢᠷ᠎ᠠ ᠵᠡᠷᠭᠡ ᠪᠤᠰᠤᠳ ᠡᠪᠡᠳᠴᠢᠨ ᠨᠦᠭᠦᠳ ᠭᠠᠵᠠᠷ ᠠᠪᠤᠭᠰᠠᠨ ᠪᠠᠶᠢᠨ᠎ᠠ᠃ ᠠᠷᠠᠯ ᠨᠠᠭᠤᠷ ᠤᠨ ᠰᠢᠷᠭᠢᠯᠲᠡ ᠶᠢᠨ ᠭᠣᠣᠯ ᠰᠢᠯᠲᠠᠭᠠᠨ ᠨᠢ ᠲᠥᠪ ᠠᠽᠢᠶ᠎ᠠ ᠶᠢᠨ ᠣᠷᠣᠨ ᠨᠤᠭᠤᠳ ᠤᠨ ᠡᠷᠴᠢᠮᠲᠡᠢ ᠥᠰᠴᠢ ᠪᠠᠶᠢᠭ᠎ᠠ ᠬᠦᠮᠦᠨ ᠠᠮᠠ ᠶᠢ ᠠᠵᠢᠯ᠂ ᠴᠠᠯᠢᠩ ᠢᠶᠠᠷ ᠬᠠᠩᠭᠠᠬᠤ ᠭᠡᠰᠡᠨ ᠵᠥᠪᠯᠡᠯᠲᠦ ᠶᠢᠨ ᠡᠷᠬᠡ ᠪᠠᠷᠢᠭᠴᠢᠳ ᠤᠨ ᠰᠢᠢᠳᠪᠦᠷᠢ ᠪᠡᠷ ᠨᠠᠭᠤᠷ ᠢ ᠤᠰᠤ ᠪᠠᠷ ᠬᠠᠩᠭᠠᠳᠠᠭ ᠬᠣᠶᠠᠷ ᠮᠥᠷᠡᠨ ᠦ ᠬᠢ ᠨᠢ ᠳᠠᠭᠠᠤ ᠤᠰᠤᠯᠠᠯᠲᠠ ᠶᠢᠨ ᠰᠢᠰᠲ᠋ᠧᠮᠪᠠᠶᠢᠭᠤᠯᠤᠭᠰᠠᠨ ᠨᠢ ᠶᠠᠭᠤᠮ᠎ᠠ᠃ ᠪᠥᠰᠡ ᠨᠤᠲᠤᠭ ᠤᠨ ᠬᠦᠮᠦᠨ ᠠᠮᠠ 19 ᠵᠠᠭᠤᠨ ᠤ ᠰᠡᠭᠦᠯᠴᠢ ᠪᠡᠷ 10 ᠰᠠᠶ᠎ᠠ ᠪᠠᠶᠢᠭᠰᠠᠨ ᠠᠴᠠ ᠡᠳᠦᠭᠡ ᠵᠢᠷᠭᠤᠭ᠎ᠠ ᠳᠠᠬᠢᠨ ᠥᠰᠴᠠᠢ᠃ ᠠᠷᠠᠯ ᠪᠠ ᠠᠷᠠᠯ ᠤᠨ ᠣᠷᠴᠢᠮ ᠤᠨ ᠰᠦᠢᠷᠡᠯ ᠢ ᠵᠥᠪᠯᠡᠯᠲᠦᠳᠡ 1980 ᠍ ᠊ᠭᠠᠳ ᠣᠨ ᠳᠤ ᠬᠦᠯᠢᠶᠡᠨ ᠵᠥᠪᠰᠢᠶᠡᠷᠡᠭᠰᠡᠨ ᠴᠤ ᠥᠭᠡᠷᠡᠴᠢᠯᠡᠵᠦ ᠴᠢᠳᠠᠭ᠎ᠠ ᠦᠭᠡᠢ ᠶᠤᠮ᠃ 20 ᠵᠢᠯ ᠦᠨ ᠲᠤᠰᠠᠭᠠᠷ ᠲᠣᠭᠲᠠᠨᠢᠯ:

=ᠨᠡᠶᠢᠲᠡ ᠶᠢᠨ ᠰᠢᠢᠳᠦᠯ ᠦᠨ ᠭᠠᠷᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠤᠴᠢᠨ ᠵᠥᠪᠯᠡᠯᠲᠦ ᠶᠢᠨ ᠲᠥᠪ ᠠᠽᠢᠶ᠎ᠠ ᠶᠢᠨ ᠣᠷᠣᠨ ᠨᠤᠭᠤᠳ 1992 ᠣᠨ ᠭᠡᠬᠦ ᠳᠦ ᠠᠷᠠᠯ ᠢ ᠠᠪᠤᠷᠠᠬᠤ ᠣᠯᠠᠨ ᠤᠯᠤᠰ ᠤᠨ ᠰᠠᠩ ᠤᠨ (АТАОУС) ᠪᠠᠶᠢᠭᠤᠯᠤᠨ ᠬᠦᠴᠦᠨ ᠴᠢᠷᠮᠠᠶᠢᠯᠲᠠ ᠪᠠᠨ ᠨᠢᠭᠡᠳᠬᠡᠬᠦ ᠪᠡᠷ ᠵᠠᠷᠯᠠᠭᠰᠠᠨ ᠶᠤᠮ᠃ ᠰᠠᠨ ᠨᠢ ᠣᠳᠣ ᠲᠥᠪ ᠠᠽᠢᠶ᠎ᠠ ᠶᠢᠨ ᠲᠠᠪᠤᠨ ᠣᠷᠣᠨ ᠢ ᠨᠢᠭᠡᠳᠬᠡᠭᠰᠡᠨ ᠭᠠᠭᠴᠠ ᠪᠠᠶᠢᠭᠤᠯᠤᠯᠭ᠎ᠠ ᠪᠣᠯᠵᠤ ᠪᠠᠶᠢᠭ᠎ᠠ᠃ ᠲᠤᠰ ᠪᠥᠰᠡ ᠶᠢᠨ ᠣᠷᠣᠨ ᠨᠤᠭᠤᠳ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠠᠴᠠ ᠲᠤᠰᠠᠭᠠᠷ ᠲᠣᠭᠲᠠᠨᠢᠭᠰᠠᠨ 20 ᠵᠢᠯ ᠦᠨ ᠳᠣᠲᠣᠷ᠎ᠠ АТАОУС ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠪᠠ ᠠᠮᠧᠷᠢᠺᠠ ᠶᠢᠨ ᠨᠢᠭᠡᠳᠦᠭᠰᠡᠨ ᠤᠯᠤᠰ ᠤᠨ ᠵᠠᠰᠠᠭ ᠤᠨ ᠭᠠᠵᠠᠷ᠂ ᠧᠦ᠋ᠷᠣᠫᠠ ᠶᠢᠨ ᠬᠣᠯᠪᠣᠭ᠎ᠠ᠂ ᠱᠸᠧᠢᠴᠠᠷ ᠤᠨ ᠲᠤᠰᠠᠯᠠᠮᠵᠢ ᠲᠠᠢ ᠪᠠᠷ ᠠᠷᠠᠯ ᠲᠡᠩᠭᠢᠰ ᠦᠨ ᠰᠢᠷᠭᠢᠯᠲᠡ ᠪᠠ ᠠᠷᠠᠯ ᠣᠷᠴᠢᠮ ᠤᠨ ᠴᠥᠯᠵᠢᠯᠲᠡ ᠶᠢᠨ ᠡᠰᠡᠷᠬᠦ 300 ᠰᠠᠶ᠎ᠠ ᠪᠣᠯᠤᠨ ᠨᠢᠭᠡ ᠲᠡᠷᠪᠤᠮ ᠭᠠᠷᠤᠢ ᠳ᠋ᠣᠯᠯᠠᠷ ᠤᠨ ᠥᠷᠲᠡᠭ ᠲᠡᠢ 《ᠠᠷᠠᠯ ᠲᠡᠩᠭᠢᠰ ᠦᠨ ᠰᠠᠪᠠ ᠨᠤᠲᠤᠭ ᠤᠨ ᠬᠥᠲᠥᠯᠪᠦᠷᠢ ᠨᠦᠭᠦᠳ》 ᠭᠡᠰᠡᠨ ᠬᠣᠶᠠᠷ ᠲᠥᠰᠥᠯ ᠢ ᠬᠡᠷᠡᠭᠵᠢᠭᠦᠯᠦᠭᠰᠡᠨ᠃

Zentralasienanalysen ᠍ ᠦᠨ ᠵᠣᠬᠢᠶᠠᠭᠴᠢᠳ ᠤᠨ ᠬᠡᠯᠡᠭᠰᠡᠨ ᠢᠶᠡᠷ ᠰᠠᠩ ᠤᠨ ᠦᠢᠯᠡ ᠠᠵᠢᠯᠯᠠᠭ᠎ᠠ ᠪᠠᠨ ᠢᠯᠡ ᠲᠣᠳᠣ ᠪᠢᠰᠢ᠂ ᠲᠥᠰᠥᠯ ᠦᠳ ᠦᠨ ᠬᠡᠷᠡᠭᠵᠢᠯᠲᠡ ᠤᠳᠠᠭᠠᠨ᠂ ᠮᠥᠨ ᠠᠷᠠᠯ ᠣᠷᠴᠢᠮ ᠤᠨ ᠨᠥᠬᠥᠨ ᠰᠡᠷᠭᠦᠭᠡᠯᠲᠡ ᠶᠢᠨ ᠵᠠᠷᠤᠳᠠᠯ ᠬᠦᠷᠦᠯᠴᠡᠭᠡ ᠦᠭᠡᠢ ᠵᠡᠷᠭᠡ ᠡᠴᠡ 2000 ᠍ ᠊ᠭᠠᠳ ᠣᠨ ᠤ ᠡᠬᠢᠨ ᠡᠴᠡ ᠡᠳᠡᠭᠡᠷ ᠲᠥᠰᠥᠯ ᠦᠳ ᠦᠨ ᠳᠡᠮᠵᠢᠯᠭᠡ ᠰᠤᠯᠠᠷᠠᠭᠰᠠᠨ ᠭᠡᠨ᠎ᠡ᠃ ᠣᠯᠠᠨ ᠰᠠᠶ᠋ᠢ ᠶᠢᠨ ᠰᠠᠩᠬᠦᠵᠢᠯᠲᠡ ᠲᠡᠢ ᠲᠥᠰᠥᠯ ᠦᠳ ᠦᠷ᠎ᠡ ᠠᠰᠢᠭ ᠥᠭᠭᠦᠭᠰᠡᠨ ᠦᠭᠡᠢ᠃ ᠬᠠᠷᠢᠨ ᠡᠨᠡ 10 ᠵᠢᠯ ᠦᠨ ᠰᠡᠭᠦᠯᠴᠢ ᠪᠡᠷ ᠪᠥᠰᠡ ᠶᠢᠨ ᠬᠠᠮᠲᠤ ᠶᠢᠨ ᠠᠵᠢᠯᠯᠠᠭ᠎ᠠ ᠳᠠᠬᠢᠨ ᠢᠳᠡᠪᠬᠢᠵᠢᠵᠦ ᠪᠠᠶᠢᠨ᠎ᠠ᠃ ᠠᠷᠠᠯ ᠣᠷᠴᠢᠮ ᠤᠨ ᠠᠰᠠᠭᠤᠳᠠᠯ ᠢ ᠰᠢᠢᠳᠬᠦ ᠨᠡᠶᠢᠲᠡᠯᠢᠭ ᠰᠢᠢᠳᠪᠦᠷᠢ ᠣᠯᠳᠠᠭ᠎ᠠ ᠦᠭᠡᠢ ᠪᠠᠶᠢᠭ᠎ᠠ ᠨᠢ ᠦᠨᠡᠨ᠃ ᠲᠥᠪ ᠠᠽᠢᠶ᠎ᠠ ᠶᠢ ᠤᠮᠳᠠᠨ ᠤ ᠤᠰᠤ ᠪᠠᠷ ᠬᠠᠩᠭᠠᠬᠤ ᠦᠷ᠎ᠡ ᠳ᠋ᠦᠩ ᠲᠡᠢ ᠰᠢᠰᠲ᠋ᠧᠮ ᠢ ᠪᠤᠢ ᠪᠣᠯᠭᠠᠬᠤ ᠶᠢᠨ ᠲᠤᠯᠠᠳᠠ 40 ᠲᠡᠷᠪᠤᠮ ᠬᠦᠷᠲᠡᠯ᠎ᠡ ᠠᠮᠠ᠃ᠳ᠋ᠣᠯᠯᠠᠷ ᠤᠨ ᠬᠥᠷᠥᠩᠭᠡ ᠣᠷᠣᠭᠤᠯᠤᠯᠲᠠ ᠱᠠᠭᠠᠷᠳᠠᠯᠭ᠎ᠠ ᠲᠠᠢ ᠪᠠᠶᠢᠨ᠎ᠠ ᠭᠡᠰᠡᠨ ᠲᠣᠭᠠᠴᠠᠭ᠎ᠠ ᠶᠢ ᠳᠡᠯᠡᠬᠡᠢ ᠶᠢᠨ ᠪᠠᠩᠬᠢ ᠪᠣᠯᠤᠨ ᠱᠸᠧᠢᠴᠠᠷ ᠤᠨ ᠬᠠᠮᠲᠤ ᠶᠢᠨ ᠠᠵᠢᠯᠯᠠᠭ᠎ᠠ ᠪᠠᠨ ᠬᠥᠭᠵᠢᠯ ᠦᠨ ᠠᠭᠧᠨᠲᠯᠢᠭ ᠤᠨ ᠮᠡᠷᠭᠡᠵᠢᠯᠲᠡᠨ ᠨᠦᠭᠦᠳ ᠭᠠᠷᠭᠠᠵᠠᠢ᠃ ᠣᠯᠠᠨ ᠤᠯᠤᠰ ᠤᠨ ᠥᠭᠭᠦᠯᠭᠡ ᠲᠡᠢ ᠲᠤᠰᠠᠯᠠᠮᠵᠢ ᠠᠪᠤᠭᠰᠠᠨ ᠴᠤ ᠭᠡᠰᠡᠨ ᠲᠡᠶᠢᠮᠦ ᠬᠡᠮᠵᠢᠶᠡᠨ ᠦ ᠮᠥᠩᠭᠥ ᠶᠢ ᠲᠥᠪ ᠠᠽᠢᠶ᠎ᠠ ᠶᠢᠨ ᠣᠷᠣᠨ ᠨᠤᠭᠤᠳ ᠴᠤᠭᠯᠠᠭᠤᠯᠵᠤ ᠴᠢᠳᠠᠬᠤ ᠦᠭᠡᠢ ᠭᠡᠵᠦ ᠹᠷᠣᠪᠤᠷ ᠲᠤ ᠪᠠ ᠽᠧᠷᠢᠨ ᠢ ᠨᠠᠷ ᠤᠨ ᠰᠢᠨᠵᠢᠭᠡᠴᠢᠳ ᠦᠵᠡᠪᠡ᠃ᠰ ᠤᠷᠲᠠᠷᠢᠶ᠎ᠠ᠂ ᠠᠮᠤᠳᠠᠷᠢᠶ᠎ᠠ ᠮᠥᠷᠡᠨ ᠡᠴᠡ ᠤᠰᠤᠯᠠᠯᠲᠠ ᠶᠢᠨ ᠰᠢᠰᠲ᠋ᠧᠮ ᠢᠶᠡᠷ ᠤᠰᠤ ᠠᠪᠬᠤ ᠶᠢ ᠵᠣᠭᠰᠣᠭᠠᠭᠰᠠᠨ ᠴᠤ ᠭᠡᠰᠡᠨ ᠲᠡᠩᠭᠢᠰ ᠦᠨ ᠤᠰᠤ 100-150 ᠵᠢᠯ ᠦᠨ ᠡᠮᠦᠨ᠎ᠡ ᠪᠠᠶᠢᠭᠰᠠᠨ ᠬᠡᠮᠵᠢᠶᠡᠨ ᠳᠦ ᠪᠡᠨ ᠨᠥᠬᠥᠨ ᠰᠡᠷᠭᠡᠭᠳᠡᠬᠦ ᠦᠭᠡᠢ ᠭᠡᠵᠦ ᠲᠣᠬᠢᠮᠠᠯ ᠤᠨ ᠨᠢᠭᠡ ᠥᠭᠭᠦᠭᠦᠯᠭᠡ ᠶᠢᠨ ᠵᠣᠬᠢᠶᠠᠭᠴᠢ᠂ ᠰᠠᠩ ᠤᠨ ᠭᠦᠢᠴᠡᠳᠭᠡᠬᠦ ᠬᠣᠷᠢᠶᠠᠨ ᠤ ᠥᠨᠥ ᠶᠢᠨ ᠳᠠᠷᠤᠭ᠎ᠠ ᠰᠠᠭᠢ ᠳᠤ ᠢᠪᠠᠲ᠋ᠦ᠋ᠯᠯᠢᠨ ᠶᠠᠷᠢᠵᠤ ᠪᠠᠶᠢᠨ᠎ᠠ᠃

=ᠠᠪᠤᠷᠠᠵᠤ ᠪᠣᠯᠬᠤ ᠪᠦᠬᠦᠨ ᠢ ᠠᠪᠤᠷᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠯ ᠲᠡᠩᠭᠢᠰ ᠦᠨ ᠰᠢᠷᠭᠢᠯᠲᠡ᠂ ᠴᠥᠯᠵᠢᠯᠲᠡ ᠲᠡᠢ ᠬᠢᠵᠦ ᠪᠤᠢ ᠰᠡᠭᠦᠯ ᠦᠨ 20 ᠍ ᠷᠣᠳ ᠵᠢᠯ ᠦᠨ ᠲᠡᠮᠡᠴᠡᠯ ᠦᠨ ᠪᠠᠭ᠎ᠠ ᠵᠡᠷᠭᠡ ᠶᠢᠨ ᠠᠮᠵᠢᠯᠲᠠ ᠨᠢ ᠪᠦᠰ ᠦᠨ ᠣᠷᠣᠨ ᠨᠤᠭᠤᠳ ᠤᠨ ᠬᠠᠮᠲᠤ ᠶᠢᠨ ᠠᠵᠢᠯᠯᠠᠭᠠᠨ ᠤ ᠦᠷ᠎ᠡ ᠳ᠋ᠦᠩ ᠪᠢᠰᠢ ᠬᠠᠷᠢᠨ ᠵᠠᠷᠢᠮ ᠨᠢᠭᠡ ᠣᠷᠣᠨ ᠨᠤᠭᠤᠳ ᠤᠨ ᠬᠥᠷᠥᠩᠭᠡ ᠣᠷᠣᠭᠤᠯᠤᠯᠲᠠ ᠶᠢᠨ ᠦᠷ᠎ᠡ ᠳ᠋ᠦᠩ ᠭᠡᠵᠦ ᠭᠧᠷᠮᠠᠨ ᠮᠡᠷᠭᠡᠵᠢᠯᠲᠡᠨ ᠨᠦᠭᠦᠳ ᠲᠡᠮᠳᠡᠭᠯᠡᠪᠡ᠃ ᠵᠢᠱᠢᠶᠡᠯᠡᠪᠡᠯ᠂ ᠬᠠᠰᠠᠭᠰᠲ᠋ᠠᠨ ᠳᠤ ᠪᠠᠭ᠎ᠠ ᠠᠷᠠᠯ ᠨᠠᠭᠤᠷᠠᠨ ᠳᠤ ᠺᠣᠺᠠᠷᠠᠯᠰᠺ ᠤᠨ ᠳᠠᠯᠠᠨ ᠢ ᠪᠠᠷᠢᠭᠤᠯᠤᠭᠰᠠᠨ ᠢᠶᠠᠷ ᠤᠰᠤᠨ ᠤ ᠲᠥᠪᠰᠢᠨ ᠢ ᠲᠣᠭᠲᠠᠪᠤᠷᠢᠵᠢᠭᠤᠯᠠᠨ᠂ ᠳᠠᠪᠤᠰᠤᠵᠢᠯᠲᠠ ᠶᠢ ᠪᠠᠭᠤᠷᠠᠭᠤᠯᠤᠨ ᠵᠢᠭᠠᠰᠤᠨ ᠤ ᠦᠷᠡᠵᠢᠯ ᠢ ᠡᠷᠡᠰ ᠨᠡᠮᠡᠭᠳᠡᠭᠦᠯᠵᠦ ᠴᠢᠳᠠᠵᠠᠢ᠃ ᠬᠥᠷᠰᠢ ᠦᠽᠪᠧᠺᠢᠰᠲᠠᠨ ᠳᠤ ᠨᠢ ᠥᠭᠡᠷ᠎ᠡ ᠪᠠᠶᠢᠯᠳᠣᠬᠣ ᠪᠣᠳᠣᠯᠭ᠎ᠠ ᠪᠡᠷ ᠠᠵᠢᠯᠯᠠᠨ ᠡᠮᠦᠨᠡᠲᠦ ᠠᠷᠠᠯ ᠤᠨ ᠣᠷᠴᠢᠮ ᠤᠨ ᠨᠤᠲᠤᠭ ᠤᠨ ᠬᠢᠨ ᠢ ᠤᠮᠳᠠᠭᠠᠨ ᠤ ᠴᠡᠪᠡᠷ ᠤᠰᠤ ᠪᠠ ᠠᠵᠢᠯ ᠤᠨᠨ ᠪᠠᠶᠢᠷᠢ ᠪᠠᠷ ᠬᠠᠩᠭᠠᠬᠤ ᠶᠢ ᠢᠯᠡᠭᠦᠦ ᠳᠦ ᠦᠵᠡᠭᠰᠡᠨ ᠪᠠᠶᠢᠨ᠎ᠠ᠃ ᠠᠷᠠᠯ ᠤᠨ ᠴᠢᠳᠬᠤᠯᠠᠩ ᠤᠨ ᠣᠷᠴᠢᠮ ᠳᠤ ᠬᠡᠳᠦ ᠬᠡᠳᠦᠨ ᠰᠢᠨ᠎ᠡ ᠨᠠᠭᠤᠷ ᠪᠤᠢ ᠪᠣᠯᠭᠠᠬᠤ ᠪᠠᠷ ᠠᠵᠢᠯᠯᠠᠵᠠᠢ᠃ ᠡᠨᠡ ᠬᠡᠳᠦᠢ ᠪᠡᠷ ᠪᠠᠭ᠎ᠠ ᠵᠡᠷᠭᠡ ᠠᠮᠵᠢᠯᠲᠠ ᠲᠠᠢ ᠪᠣᠯᠤᠭᠰᠠᠨ ᠴᠤ ᠪᠠᠰᠠ ᠥᠭᠡᠷ᠎ᠡ ᠬᠦᠨᠳᠦᠷᠡᠯᠲᠡᠢ ᠠᠰᠠᠭᠤᠳᠠᠯ ᠪᠠᠶᠢᠭᠰᠠᠭᠠᠷ ᠪᠠᠶᠢᠭ᠎ᠠ ᠭᠡᠵᠦ Zentralasienanalysen ᠲᠣᠬᠢᠮᠠᠯ ᠤᠨ ᠭᠤᠷᠪᠠ ᠳᠠᠬᠢ ᠥᠭᠦᠯᠡᠯ ᠦᠨ ᠵᠣᠬᠢᠶᠠᠭᠴᠢ ᠢᠰᠺᠠᠨᠳᠠᠷ ᠠᠪᠳᠤᠯ ᠠᠸ ᠰᠠᠨᠠᠭᠤᠯᠵᠠᠢ᠃

ᠴᠢᠨᠠᠭᠰᠢᠳᠠ ᠶᠢᠨ ᠠᠵᠢᠯᠯᠠᠭᠠᠨ ᠤ ᠶᠡᠷᠦᠩᠬᠡᠢ ᠲᠥᠯᠥᠪᠯᠡᠭᠡ ᠣᠭᠲᠣ ᠲᠣᠳᠣᠷᠬᠠᠢ ᠪᠢᠰᠢ᠃ 《ᠠᠷᠠᠯ ᠲᠡᠩᠭᠢᠰ ᠦᠨ ᠰᠠᠪᠠ ᠨᠤᠲᠤᠭ ᠤᠨ ᠬᠥᠲᠥᠯᠪᠦᠷᠢ ᠨᠦᠭᠦᠳ》 ᠲᠥᠰᠥᠯ ᠦᠨ ᠭᠤᠷᠪᠠ ᠳᠠᠬᠢ ᠨᠢ ᠲᠣᠬᠢᠷᠠᠯᠴᠠᠭᠠᠨ ᠤ ᠪᠠᠨ ᠲᠥᠪᠰᠢᠨ ᠳᠦ ᠪᠠᠶᠢᠭ᠎ᠠ ᠠᠵᠢ᠃ ᠲᠤᠬᠠᠶᠢᠯᠠᠪᠠᠯ᠂ ᠬᠠᠰᠠᠭ ᠤᠳ ᠤᠰᠤᠨ ᠤ ᠶᠠᠩᠵᠤ ᠪᠦᠷᠢ ᠶᠢᠨ ᠲᠥᠪᠰᠢᠨ ᠲᠡᠢ ᠶᠡᠷᠦᠩᠬᠡᠢ ᠲᠡᠩᠭᠢᠰ ᠲᠡᠢ ᠪᠣᠯᠬᠤ ᠰᠠᠨᠠᠯ ᠭᠠᠷᠭᠠᠵᠤ ᠪᠠᠶᠢᠨ᠎ᠠ᠃ ᠲᠡᠳᠡ ᠪᠠᠭ᠎ᠠ ᠠᠷᠠᠯ ᠢ ᠬᠠᠳᠠᠭᠠᠯᠠᠨ ᠬᠠᠷᠢᠨ ᠲᠡᠭᠦᠨ ᠡᠴᠡ ᠵᠡᠭᠦᠨ ᠬᠡᠰᠡᠭ ᠲᠦ ᠪᠠᠶᠢᠭ᠎ᠠ ᠨᠠᠭᠤᠷ ᠤᠨ ᠤᠰᠤᠨ ᠤ ᠲᠥᠪᠰᠢᠨ ᠢ ᠨᠡᠮᠡᠭᠳᠡᠭᠦᠯᠬᠦ ᠰᠣᠨᠢᠷᠬᠠᠯᠲᠠᠢ ᠪᠠᠶᠢᠨ᠎ᠠ᠃ ᠰᠠᠩ ᠢ ᠢᠷᠡᠬᠦ ᠣᠨ ᠠᠴᠠ ᠡᠬᠢᠯᠡᠨ ᠭᠤᠷᠪᠠᠨ ᠵᠢᠯ ᠦᠽᠪᠧᠺᠢᠰᠲᠠᠨ ᠤᠳᠤᠷᠢᠳᠬᠤ ᠪᠥᠭᠡᠳ ᠲᠤᠰ ᠤᠯᠤᠰ ᠠᠮᠤᠳᠠᠷᠢᠶ᠎ᠠ ᠮᠥᠷᠡᠨ ᠦ ᠴᠢᠳᠬᠤᠯᠠᠩ ᠳᠠᠬᠢ ᠨᠠᠭᠤᠷ ᠤᠳ ᠤᠨ ᠰᠢᠰᠲ᠋ᠧᠮ ᠢ ᠪᠡᠬᠢᠵᠢᠭᠦᠯᠬᠦ ᠰᠣᠨᠢᠷᠬᠠᠯᠲᠠᠢ ᠪᠠᠶᠢᠨ᠎ᠠ᠃ ᠬᠠᠷᠢᠨ ᠲᠦᠺᠮᠧᠨ ᠦ ᠡᠷᠬᠡ ᠪᠠᠷᠢᠭᠴᠢᠳ ᠬᠡᠳᠦᠨ ᠠᠷᠪᠠᠨ ᠰᠠᠶ᠎ᠠ ᠧᠦ᠋ᠷᠣ ᠪᠠᠷ ᠬᠥᠷᠦᠩᠭᠡᠵᠢᠭᠦᠯᠦᠨ ᠠᠷᠠᠯ ᠣᠷᠴᠢᠮ ᠳᠤ ᠠᠰᠤᠷᠤ ᠲᠣᠮᠣ ᠴᠡᠴᠡᠷᠯᠢᠭ ᠲᠦ ᠣᠢ ᠪᠠᠶᠢᠭᠤᠯᠬᠤ ᠶᠢ ᠢᠯᠡᠭᠦᠦ ᠳᠦ ᠦᠵᠡᠵᠦ ᠪᠠᠶᠢᠭ᠎ᠠ ᠠᠵᠢ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠠᠷᠠᠯ ᠲᠡᠩᠭᠢᠰ

ᠪᠢᠴᠢᠭᠡᠰᠦ