ᠠᠷᠠᠪ ᠤᠨ ᠪᠠᠷᠢᠯᠳᠤᠯᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠠᠪ ᠤᠨ ᠯᠢᠭ
Flag of the League of Arab States.svg
ᠲᠤᠭ
Arab League (orthographic projection) updated.svg
ᠭᠠᠵᠠᠷ ᠤᠨ ᠵᠢᠷᠤᠭ ᠲᠤ ᠨᠣᠭᠣᠭᠠᠨ ᠢᠶᠠᠷ 21 ᠭᠡᠰᠢᠭᠦᠨ ᠣᠷᠣᠨ᠂ ᠪᠦᠳᠡᠭᠢ ᠨᠣᠭᠣᠭᠠᠨ ᠢᠶᠠᠷ ᠨᠢᠭᠡ ᠲᠦᠳᠡᠭᠡᠯᠵᠢᠭᠳᠡᠭᠰᠡᠨ ᠭᠡᠰᠢᠭᠦᠨ ᠣᠷᠣᠨ
ᠪᠠᠶᠢᠭᠤᠯᠤᠭᠳᠠᠭᠰᠠᠨ ᠠᠯᠧᠺᠰᠠᠨᠳᠠᠷ ᠤᠨ ᠬᠠᠮᠰᠠᠬᠤ ᠲᠣᠬᠢᠷᠠᠯᠴᠠᠭ᠎ᠠ (1945.03.22)
ᠲᠥᠪ ᠪᠠᠶᠢᠷᠢ ᠺᠠᠢᠷ
ᠦᠢᠯᠡᠴᠢᠯᠡᠳᠡᠭ ᠪᠥᠰᠡ ᠠᠷᠠᠪ ᠬᠡᠯᠡᠲᠡᠨ
ᠭᠡᠰᠢᠭᠦᠳ 21 ᠤᠯᠤᠰ
ᠠᠯᠪᠠᠨ ᠶᠣᠰᠣᠨ ᠤ ᠬᠡᠯᠡ ᠠᠷᠠᠪ
ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠨᠠᠪᠢᠯ ᠠᠯᠢ ᠠᠷᠠᠪᠢ
ᠴᠠᠬᠢᠮ ᠰᠦᠯᠵᠢᠶ᠎ᠡ arableagueonline.org

ᠠᠷᠠᠪ ᠤᠨ ᠯᠢᠭ (ᠠᠷᠠᠪ ᠶᠢᠡᠷ الجامعة العربية ᠠᠯᠢ ᠵᠢᠮᠢ ᠪᠠᠨ ᠠᠯᠢ ᠠᠷᠠᠪᠶ᠋ᠢ) ᠭᠡᠳᠡᠭ ᠨᠢ ᠪᠠᠷᠠᠭᠤᠨ ᠡᠮᠦᠨᠡᠲᠦ ᠠᠽᠢᠶ᠎ᠠ᠂ ᠤᠮᠠᠷᠠᠳᠤ ᠪᠣᠯᠤᠨ ᠳᠣᠷᠣᠨᠠᠲᠤ ᠠᠹᠷᠢᠺᠠᠡᠶᠢᠨ ᠠᠷᠠᠪ ᠦᠨᠳᠦᠰᠦᠲᠡᠨ ᠵᠣᠩᠬᠢᠯᠠᠬᠤ ᠤᠯᠤᠰ ᠤᠳ ᠤᠨ ᠬᠠᠮᠲᠤᠷᠠᠬᠤ᠂ ᠬᠠᠮᠵᠢᠬᠦ ᠶᠢ ᠳᠡᠮᠵᠢᠬᠦ ᠪᠥᠰᠡ ᠨᠤᠲᠤᠭ ᠤᠨ ᠪᠠᠶᠢᠭᠤᠯᠤᠯᠭ᠎ᠠ ᠶᠤᠮ᠃ ᠠᠷᠠᠪ ᠳᠠᠬᠢᠨᠢ ᠭᠠᠵᠠᠷ ᠨᠤᠲᠤᠭ ᠤᠨ ᠲᠥᠪ ᠡᠲᠡᠭᠡᠳ᠂ ᠬᠣᠲᠠᠯᠠ ᠵᠣᠨ ᠤ ᠳᠡᠶᠢᠯᠦᠩᠬᠢ ᠣᠯᠠᠩᠬᠢ ᠶᠢ ᠲᠥᠯᠥᠭᠡᠯᠡᠬᠦ ᠬᠢᠯᠢ ᠵᠠᠯᠭᠠᠭ᠎ᠠ ᠶᠸᠵᠠᠫᠲᠢᠷᠠᠺᠯᠸᠪᠠᠨᠤᠨᠰᠤᠤᠳᠢ ᠠᠷᠠᠪᠰᠢᠷᠢᠢ ᠠ᠂ ᠴᠢᠨᠠᠳᠤ ᠢᠣᠷᠳᠠᠨ (ᠬᠣᠵᠢᠮ 1949 ᠣᠨ ᠳᠤ ᠢᠣᠷᠳᠠᠨ ᠭᠡᠵᠦ ᠨᠡᠷᠡᠯᠡᠭᠳᠡᠭᠰᠡᠨ) ᠭᠡᠬᠦ 6 ᠤᠯᠤᠰ ᠬᠠᠮᠲᠤᠷᠠᠨ 1945 ᠣᠨ ᠳᠤ ᠪᠠᠶᠢᠭᠤᠯᠤᠯᠭ᠎ᠠ ᠶᠢ ᠡᠭᠦᠰᠬᠡᠵᠡᠢ᠃ ᠣᠳᠣ ᠪᠠᠷ ᠲᠤᠰ ᠪᠠᠶᠢᠭᠤᠯᠤᠯᠭ᠎ᠠ ᠨᠢ 22 ᠭᠡᠰᠢᠭᠦᠨ ᠣᠷᠣᠨ ᠲᠠᠢ (2011 ᠣᠨ ᠤ 11 ᠰᠠᠷ᠎ᠠ ᠳᠤ ᠭᠡᠰᠢᠭᠦᠨ ᠡᠴᠡ ᠳᠦᠲᠡᠭᠡᠯᠵᠢᠭᠳᠡᠭᠰᠡᠨ ᠰᠢᠷᠢᠢ ᠠ ᠤᠯᠤᠰ ᠢ ᠣᠷᠣᠭᠤᠯᠰᠤᠨ ᠢᠶᠠᠷ), 4 ᠠᠵᠢᠭᠡᠯᠡᠭᠴᠢ ᠭᠡᠰᠢᠭᠦᠨ ᠲᠡᠢ ᠪᠣᠯᠵᠠᠢ᠃ "ᠠᠷᠠᠪ ᠤᠨ ᠣᠷᠣᠨ ᠨᠤᠭᠤᠳ ᠤᠨ ᠦᠢᠯᠡ ᠬᠡᠷᠡᠭ᠂ ᠰᠣᠨᠢᠷᠬᠠᠯ ᠳᠤ ᠨᠡᠶᠢᠴᠡᠭᠦᠯᠵᠦ᠂ ᠠᠶᠤᠯ ᠦᠭᠡᠢ ᠪᠠᠶᠢᠳᠠᠯ᠂ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠶᠢᠳᠠᠯ ᠢ ᠪᠠᠲᠤᠳᠬᠠᠬᠤ ᠳᠤ ᠡᠪᠰᠡᠬᠦ᠂ ᠭᠡᠰᠢᠭᠦᠨ ᠤᠯᠤᠰ ᠤᠳ ᠤᠨ ᠬᠣᠭᠣᠷᠣᠨᠳᠣ ᠣᠶᠢᠷ᠎ᠠ ᠳᠣᠲᠣᠨᠣ ᠬᠠᠷᠢᠯᠴᠠᠬᠤ" ᠨᠢ ᠠᠷᠠᠪ ᠤᠨ ᠪᠠᠷᠢᠯᠳᠤᠯᠭ᠎ᠠ ᠶᠢᠨ ᠭᠣᠣᠯ ᠵᠣᠷᠢᠯᠭ᠎ᠠ ᠭᠡᠵᠦ ᠦᠵᠡᠭᠳᠡᠨ᠎ᠡ᠃[1]

ᠠᠷᠠᠪ ᠳᠠᠬᠢᠨ ᠤ ᠠᠰᠢᠭ ᠲᠤᠰᠠ᠂ ᠰᠤᠶᠤᠯ ᠬᠥᠭᠵᠢᠯ ᠦᠨ ᠲᠥᠯᠦᠭᠡᠬᠢ ᠠᠷᠠᠪ ᠤᠨ ᠪᠠᠷᠢᠯᠳᠤᠯᠭ᠎ᠠ ᠶᠢᠨ ᠰᠤᠶᠤᠯ᠂ ᠪᠣᠯᠪᠠᠰᠤᠷᠠᠯ᠂ ᠰᠢᠨᠵᠢᠯᠡᠬᠦ ᠤᠬᠠᠭᠠᠨ ᠤ ᠪᠠᠶᠢᠭᠤᠯᠤᠯᠭ᠎ᠠᠠᠷᠠᠪ ᠤᠨ ᠪᠠᠷᠢᠯᠳᠤᠯᠭ᠎ᠠ ᠶᠢᠨ ᠡᠳ᠋ ᠍ ᠦᠨ ᠵᠠᠰᠠᠭ ᠤᠨ ᠵᠥᠪᠯᠡᠯ ᠭᠡᠬᠦ ᠮᠡᠲᠦ ᠨᠡᠶᠢᠭᠡᠮ᠂ ᠰᠤᠶᠤᠯ᠂ ᠤᠯᠤᠰ ᠲᠥᠷᠥ᠂ ᠡᠳ᠋ ᠍ ᠦᠨ ᠵᠠᠰᠠᠭ᠂ ᠰᠢᠨᠵᠢᠯᠡᠬᠦ ᠤᠬᠠᠭᠠᠨ ᠤ ᠬᠥᠲᠥᠯᠪᠦᠷᠢ ᠬᠡᠷᠡᠭᠵᠢᠭᠦᠯᠳᠡᠭ ᠬᠡᠳᠦ ᠬᠡᠳᠦᠨ ᠬᠦᠷᠢᠶᠡᠯᠡᠩ᠂ ᠪᠠᠶᠢᠭᠤᠯᠤᠯᠭ᠎ᠠ ᠲᠠᠢ᠃

ᠬᠠᠷᠢᠴᠠᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠪ ᠤᠨ ᠪᠠᠷᠢᠯᠳᠤᠯᠭ᠎ᠠ ᠶᠡᠷᠦᠩᠬᠡᠢ ᠳᠤ ᠪᠡᠨ ᠤᠯᠤᠰ ᠲᠥᠷᠥ ᠶᠢᠨ ᠵᠣᠷᠢᠯᠭ᠎ᠠ ᠲᠠᠢ ᠤᠴᠢᠷ ᠠᠮᠧᠷᠢᠺᠠ ᠲᠢᠪ ᠦᠨ ᠣᠷᠣᠨ ᠨᠤᠭᠤᠳ ᠤᠨ ᠪᠠᠶᠢᠭᠤᠯᠤᠯᠭ᠎ᠠᠧᠦ᠋ᠷᠣᠫᠠ ᠶᠢᠨ ᠵᠥᠪᠯᠡᠯᠠᠹᠷᠢᠺᠠ ᠶᠢᠨ ᠨᠢᠭᠡᠳᠦᠯ ᠵᠡᠷᠭᠡ ᠲᠡᠢ ᠲᠥᠰᠲᠡᠢ᠃ ᠭᠡᠪᠡᠴᠦ᠂ ᠭᠠᠵᠠᠷ ᠵᠦᠢ ᠶᠢᠨ ᠪᠠᠶᠢᠷᠢᠯᠠᠯ ᠠᠴᠠ ᠢᠯᠡᠭᠦᠦ ᠲᠡᠢ ᠪᠡᠷ ᠰᠤᠶᠤᠯ ᠤᠨ ᠢᠵᠢᠯᠢᠰᠦᠯ ᠳᠦ ᠲᠤᠯᠭᠠᠭᠤᠷᠢᠯᠠᠭᠰᠠᠨ ᠪᠠᠶᠢᠳᠠᠭ ᠢᠶᠠᠷ ᠪᠣᠯᠪᠠᠯ ᠯᠠᠲ᠋ᠢᠨ ᠬᠡᠯᠡ ᠳᠦ ᠣᠷᠣᠨ ᠨᠤᠭᠤᠳ ᠤᠨ ᠨᠢᠭᠡᠳᠦᠯᠺᠠᠷᠠᠪ ᠤᠨ ᠡᠪᠯᠡᠯᠲᠡᠢ ᠠᠳᠠᠯᠢᠪᠲᠤᠷ᠃ ᠪᠥᠰᠡ ᠨᠤᠲᠤᠭ ᠤᠨ ᠣᠶᠢᠷᠠᠳᠤᠨ ᠨᠢᠭᠲᠠᠷᠠᠯ ᠬᠠᠷᠢᠴᠠᠩᠭᠤᠢ ᠰᠤᠯᠠ᠂ ᠭᠡᠰᠢᠭᠦᠨ ᠣᠷᠣᠨ ᠨᠤᠭᠤᠳ ᠤᠨ ᠢᠷᠭᠡᠨ ᠦ ᠬᠠᠷᠢᠶᠠᠯᠠᠯ ᠢ ᠬᠥᠨᠳᠡᠳᠡᠭ ᠦᠭᠡᠢ ᠪᠡᠷ ᠢᠶᠡᠨ ᠧᠦ᠋ᠷᠣᠫᠠ ᠶᠢᠨ ᠨᠢᠭᠡᠳᠦᠯᠡ ᠡᠴᠡ ᠢᠯᠭᠠᠭ᠎ᠠ ᠲᠠᠢ᠃ ᠬᠡᠳᠦᠢ ᠲᠡᠶᠢᠮᠦ ᠴᠤ᠂ ᠨᠢᠭᠡᠳᠦᠭᠰᠡᠨ ᠠᠷᠠᠪ ᠦᠨᠳᠦᠰᠦᠨ ᠦ ᠦᠵᠡᠯ ᠢ ᠳᠡᠮᠵᠢᠬᠦ ᠵᠠᠷᠴᠢᠮ ᠲᠠᠢ ᠪᠥᠭᠡᠳ ᠪᠦᠬᠦ ᠭᠡᠰᠢᠭᠦᠨ ᠨᠢ ᠳᠠᠪᠬᠤᠷ ᠢᠰᠯᠠᠮ ᠤᠨ ᠬᠠᠮᠲᠤᠴᠢ ᠪᠠᠶᠢᠭᠤᠯᠤᠯᠭ᠎ᠠ ᠶᠢᠨ ᠭᠡᠰᠢᠭᠦᠨ ᠪᠠᠶᠢᠳᠠᠭ᠃

ᠯᠠᠪᠠᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Pact of the League of Arab States, 22 March 1945. The Avalon Project. Yale Law School (1998). 9 July 2008 ᠍ ᠳᠦ ᠬᠠᠨᠳᠤᠭᠰᠠᠨ᠃

ᠪᠢᠴᠢᠭᠡᠰᠦ