ᠠᠶᠤᠱᠢ ᠶᠢᠨ ᠵᠠᠭᠠᠳᠠᠰᠦ᠋ᠷᠦᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠶᠤᠱᠢ ᠶᠢᠨ ᠵᠠᠭᠠᠳᠠᠰᠦ᠋ᠷᠦᠩ
ᠲᠥᠷᠦᠭᠰᠡᠨ ᠤᠨ 1933 ᠣᠨ
ᠲᠥᠷᠦᠭᠰᠡᠨ ᠭᠠᠵᠠᠷ ᠮᠣᠩᠭᠣᠯ ᠤᠯᠤᠰ ᠤᠨ ᠬᠣᠪᠳᠣ
ᠠᠶᠢᠮᠠᠭ ᠤᠨ ᠡᠷᠳᠡᠨᠢᠪᠦᠷᠡᠨ ᠰᠤᠮᠤ
 ᠨᠠᠰᠤ ᠪᠠᠷᠠᠭᠰᠠᠨ 2007 ᠣᠨ ᠤ 7 ᠰᠠᠷ᠎ᠠ ᠶᠢᠨ 25
(74 ᠨᠠᠰᠤᠯᠠᠭᠰᠠᠨ)
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠳᠠᠭᠤᠴᠢᠨ

ᠠᠶᠤᠱᠢ ᠶᠢᠨ ᠵᠠᠭᠠᠳᠠᠰᠦ᠋ᠷᠦᠩ — ᠮᠣᠩᠭᠣᠯ ᠤᠯᠤᠰ ᠤᠨ ᠠᠷᠠᠳ ᠤᠨ ᠵᠦᠵᠦᠭᠡᠴᠢᠨ᠂ ᠳᠡᠳ᠋ ᠫᠷᠣᠹᠧᠰᠰᠣᠷ᠂ ᠳᠠᠭᠤᠴᠢᠨ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠲᠦᠮᠡᠨ ᠳᠦ ᠪᠡᠨ 《ᠠᠯᠲᠠᠨ ᠭᠤᠷᠭᠤᠤᠯᠳᠠᠢ》 ᠬᠡᠮᠡᠨ ᠠᠯᠳᠠᠷᠰᠢᠭᠰᠠᠨ ᠵᠠᠭᠠᠳᠠᠰᠦ᠋ᠷᠦᠩ 1933 ᠣᠨ ᠳᠤ ᠬᠣᠪᠳᠣ ᠠᠶᠢᠮᠠᠭ ᠤᠨ ᠡᠷᠳᠡᠨᠢᠪᠦᠷᠡᠨ ᠰᠤᠮᠤ ᠶᠢᠨ 《ᠨᠠᠷᠠᠨ ᠭᠣᠵᠣᠭᠣᠷ》 ᠬᠡᠮᠡᠬᠦ ᠭᠠᠵᠠᠷ ᠨᠤᠲᠤᠭ ᠤᠨ ᠠᠭᠤᠭᠤᠯ ᠠᠶᠤᠱᠢ ᠶᠢᠨ ᠤᠤᠭᠠᠨ ᠥᠬᠢᠨ ᠪᠣᠯᠵᠤ ᠮᠡᠨᠳᠦᠯᠡᠵᠡᠢ᠃

ᠲᠡᠭᠦᠨ ᠦ ᠬᠥᠭᠵᠢᠮ ᠦᠨ ᠴᠠᠭᠠᠨ ᠲᠣᠯᠣᠭᠠᠢ ᠠᠩᠬ᠎ᠠ ᠵᠢᠭᠠᠭᠰᠠᠨ ᠪᠠᠭᠰᠢ ᠨᠢ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷᠠᠷᠠᠳ ᠤᠨ ᠵᠦᠵᠦᠭᠡᠴᠢᠨᠲᠥᠷᠥ ᠶᠢᠨ ᠱᠠᠩᠨᠠᠯᠲᠤ ᠳ᠃ᠯᠤᠪᠰᠠᠩᠰᠢᠷᠠᠪ ᠭᠤᠸᠠᠢ ᠶᠤᠮ᠃

ᠲᠡᠭᠦᠨ ᠢ 1953 ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠦ ᠠᠶᠢᠯᠴᠢᠯᠠᠨ ᠲᠣᠭᠯᠠᠬᠤ ᠤᠷᠠᠯᠢᠭ ᠤᠨ ᠪᠦᠷᠢᠯᠳᠦᠬᠦᠨ ᠳᠦ ᠰᠣᠩᠭᠣᠵᠤ 《ᠰᠢᠷᠭ᠎ᠠ ᠶᠢᠨ ᠰᠢᠷᠭ᠎ᠠ ᠶᠢᠨ ᠵᠢᠷᠤᠭ᠎ᠠ》, 《ᠳᠥᠷᠪᠡᠨ ᠨᠠᠰᠤᠲᠠᠢ ᠬᠠᠯᠢᠭᠤᠨ》 ᠠᠷᠠᠳ ᠤᠨ 2 ᠳᠠᠭᠤᠤ ᠪᠠᠷ᠂ᠮᠥᠨ ᠬᠢᠲᠠᠳ ᠠᠷᠠᠳ ᠤᠨ ᠳᠠᠭᠤᠤ ᠪᠠᠷ ᠬᠢᠲᠠᠳ ᠤᠨ ᠦᠵᠡᠭᠴᠢ ᠰᠣᠨᠣᠰᠤᠭᠴᠢᠳ ᠲᠤ ᠠᠶ᠎ᠠ ᠪᠠᠷᠢᠭᠤᠯᠵᠤ ᠶᠠᠪᠤᠭᠰᠠᠨ ᠭᠡᠳᠡᠭ᠃ ᠷᠤᠮᠠᠨᠢᠶ ᠠ ᠳᠤ ᠪᠣᠯᠤᠭᠰᠠᠨ ᠳᠡᠯᠡᠬᠡᠢ ᠶᠢᠨ ᠵᠠᠯᠠᠭᠤᠴᠤᠳ ᠣᠶᠤᠲᠠᠨ ᠤ ᠶᠡᠬᠡ ᠨᠠᠭᠠᠳᠤᠮ ᠳᠤ ᠲᠣᠷᠭᠤᠳ ᠠᠷᠠᠳ ᠤᠨ 《ᠰᠢᠷᠭ᠎ᠠ ᠶᠢᠨ ᠰᠢᠷᠭ᠎ᠠ ᠶᠢᠨ ᠵᠢᠷᠤᠭ᠎ᠠ》 ᠳᠠᠭᠤ ᠪᠠᠨ ᠨᠠᠶᠢᠷᠠᠯ ᠳᠠᠭᠤᠴᠢᠳ ᠤᠨ ᠲᠦᠷᠡᠯᠭᠡ ᠳᠣᠣᠷ᠎ᠠ ᠳᠠᠭᠤᠯᠠᠵᠤ ᠠᠩᠬᠠᠨ ᠤ ᠬᠦᠷᠡᠯ ᠮᠧᠳᠠᠯ ᠢ 1953 ᠣᠨ ᠳᠤ ᠡᠬᠡ ᠣᠷᠣᠨ ᠳᠤ ᠪᠠᠨ ᠠᠪᠴᠢᠷᠠᠭᠰᠠᠨ ᠶᠤᠮ᠃ ᠶᠡᠬᠡ ᠨᠠᠭᠠᠳᠤᠮ ᠠᠴᠠ ᠢᠷᠡᠬᠦ ᠳᠦ ᠨᠢ ᠲᠡᠭᠦᠨ ᠢ ᠤᠯᠤᠰ ᠤᠨ ᠲᠥᠪ ᠲᠢᠶᠠᠲ᠋ᠷ ᠲᠤ ᠳᠠᠭᠤᠴᠢᠨ ᠢᠶᠠᠷ ᠠᠪᠴᠠᠢ᠃

ᠲᠡᠷᠡ ᠪᠡᠷ 1954 ᠣᠨ ᠳᠤ ᠮᠣᠰᠺᠸᠠ ᠬᠣᠲᠠ ᠶᠢᠨ ᠴ ᠠᠺᠣᠪᠰᠺ ᠤᠨ ᠨᠡᠷᠡᠮᠵᠢᠲᠦ ᠬᠥᠭᠵᠢᠮ ᠦᠨ ᠶᠡᠬᠡ ᠰᠤᠷᠭᠠᠭᠤᠯᠢ ᠶᠢᠨ ᠣᠶᠤᠲᠠᠨ ᠪᠣᠯᠵᠤ 1959 ᠣᠨ ᠳᠤ ᠮᠡᠷᠭᠡᠵᠢᠯ ᠢᠶᠡᠨ ᠣᠨᠴᠠ ᠳᠦᠩ ᠲᠡᠢ ᠲᠡᠭᠦᠰᠴᠢ᠂ ᠮᠣᠩᠭᠣᠯ ᠤᠨ ᠠᠩᠬᠠᠨ ᠤ ᠮᠡᠷᠭᠡᠵᠢᠯ ᠦᠨ ᠡᠮᠡᠭᠲᠡᠢ ᠳᠠᠭᠤᠷᠢ ᠶᠢᠨ ᠳᠠᠭᠤᠴᠢᠨ ᠪᠣᠯᠵᠠᠢ᠃ ᠤᠷᠠᠨ ᠪᠦᠲᠦᠭᠡᠯ ᠦᠨ ᠢᠶᠡᠨ ᠠᠯᠲᠠᠨ ᠳᠥᠷᠥᠭᠡ ᠪᠣᠯᠤᠭᠰᠠᠨ 《ᠰᠢᠷᠭ᠎ᠠ ᠶᠢᠨ ᠰᠢᠷᠭ᠎ᠠ ᠶᠢᠨ ᠵᠢᠷᠤᠭ᠎ᠠ》, 《ᠰᠦᠨᠵᠢᠳᠮ᠎ᠠ》, 《ᠠᠷᠭ᠎ᠠ ᠦᠭᠡᠢ ᠠᠮᠠᠷᠠᠭ》, 《ᠰᠢᠷ᠎ᠠ ᠬᠠᠳᠠ》 ᠵᠡᠷᠭᠡ ᠠᠷᠠᠳ ᠤᠨ ᠳᠠᠭᠤᠤ ᠨᠤᠭᠤᠳ᠂ ᠳ᠃ᠯᠤᠪᠰᠠᠩᠰᠢᠷᠠᠪ ᠪᠠᠭᠰᠢ ᠶᠢᠨ ᠢᠶᠠᠨ 《ᠪᠢ ᠴᠢᠮ᠎ᠠ ᠳᠤ ᠬᠠᠶᠢᠷᠠᠲᠠᠢ》, 《ᠬᠤᠷᠳᠤᠨ ᠵᠡᠭᠡᠷᠳᠡ》 АЖ ᠬᠥᠭᠵᠢᠮ ᠦᠨ ᠵᠣᠬᠢᠶᠠᠯᠴᠢ ᠳ᠃ᠮᠶᠠᠰᠦ᠋ᠷᠦᠩ ᠦᠨ 《ᠠᠯᠲᠠᠨ ᠨᠠᠮᠤᠷ》, ᠤᠷᠠᠯᠢᠭ ᠤᠨ ᠭᠠᠪᠢᠶᠠᠲᠤ ᠵᠢᠳᠬᠦᠯᠲᠡᠨ᠂ ᠲᠥᠪ ᠰᠢᠤᠳᠠᠨ ᠬᠥᠭᠵᠢᠮ ᠦᠨ ᠵᠣᠬᠢᠶᠠᠯᠴᠢ ᠭ᠃ᠪᠢᠷᠸ᠎ᠠ ᠶᠢᠨ 《ᠭᠣᠶᠣᠬᠠᠨ ᠴᠢᠮᠡᠭ ᠴᠤ ᠶᠠᠭᠤᠮᠤ ᠳ᠋ᠠ》, АЖ, ᠳᠠᠭᠤᠴᠢᠨ ᠳ᠃ᠵᠢᠷᠭᠠᠯᠰᠠᠶᠢᠬᠠᠨ ᠤ 《ᠭᠠᠭᠴᠠᠬᠠᠨ ᠲᠤᠭᠤᠯᠬᠤ ᠨᠠᠰᠤᠨ ᠤ ᠬᠢ》, ᠭ᠃ᠳᠠᠷᠤᠮᠵᠠᠭᠠᠳᠠ ᠶᠢᠨ 《ᠣᠷᠴᠢᠯᠠᠩ ᠳᠤ ᠪᠢ ᠠᠵᠠ ᠲᠠᠢ ᠲᠥᠷᠦᠵᠡᠢ》 ᠬᠥᠭᠵᠢᠮ ᠦᠨ ᠵᠣᠬᠢᠶᠠᠯᠴᠢ ᠨᠠᠴᠤᠭ ᠤᠨ ᠮᠡᠨᠳᠦᠪᠠᠶᠠᠷ ᠤᠨ ᠥᠪᠡᠷ ᠲᠦ ᠨᠢ ᠵᠣᠷᠢᠭᠤᠯᠵᠤ ᠵᠣᠬᠢᠶᠠᠭᠰᠠᠨ 《ᠳᠠᠭᠤᠴᠢᠨ ᠴᠢᠮ᠎ᠠ ᠳᠤ ᠪᠠᠨ》 ᠵᠡᠷᠭᠡ ᠳᠠᠭᠤᠤ ᠨᠤᠭᠤᠳ ᠲᠠᠭᠠᠨ ᠲᠡᠷᠡ ᠪᠡᠷ ᠶᠡᠬᠡ ᠯᠠ ᠬᠠᠶᠢᠷᠠᠲᠠᠢ ᠪᠠᠶᠢᠭᠰᠠᠨ ᠪᠥᠭᠡᠳ᠂ ᠰᠣᠩᠭᠣᠳᠠᠭ ᠤᠷᠠᠯᠢᠭ ᠢ ᠪᠢᠰᠢᠷᠡᠨ ᠬᠦᠨᠳᠦᠳᠬᠡᠳᠡᠭ ᠦᠵᠡᠭᠴᠢ᠂ ᠰᠣᠨᠣᠰᠤᠭᠴᠢ ᠣᠯᠠᠨ ᠮᠠᠨᠢ ᠲᠡᠭᠦᠨ ᠦ ᠳᠠᠭᠤᠯᠠᠭᠰᠠᠨ ᠪ᠃ᠳᠠᠮᠳᠢᠨᠰᠦ᠋ᠷᠦᠩ 《ᠵᠢᠷᠭᠠᠯ ᠤᠨ ᠵᠠᠮ》 ᠳᠠᠭᠤᠷᠢ ᠶᠢᠨ ᠬᠠᠯᠢᠭᠤᠨ ᠤ ᠠᠷᠢ᠂ ᠫ᠃ᠢ᠃ᠴ ᠠᠺᠣᠪᠰᠺ ᠦ 《ᠧᠦᠢᠭᠧᠨ ᠦ ᠣᠨᠧᠭᠢᠨ》 ᠳᠠᠭᠤᠷᠢ ᠶᠢᠨ ᠲᠠᠲ᠋ᠢᠶᠠᠨ᠎ᠠ᠂᠎ᠠ᠃ᠪᠣᠷᠣᠳᠠᠨ 《ᠢᠭᠠᠷ ᠸᠠᠩ》 ᠳᠠᠭᠤᠷᠢ ᠶᠢᠨ ᠢᠷᠣᠰᠯᠠᠪᠠᠨ᠎ᠠ᠂᠎ᠠ᠃ᠳᠠᠷᠤᠭᠤᠮ ᠤᠵᠰᠺ ᠦ 《ᠯᠤᠤᠰ ᠤᠨ ᠳᠠᠭᠢᠨᠢ》 ᠳᠠᠭᠤᠷᠢ ᠶᠢᠨ ᠨᠲᠠᠰᠢᠶ᠎ᠠ ᠶᠢᠨ ᠠᠷᠢ᠂ ᠰ᠃ᠷᠠᠬᠠᠮᠠᠨᠢᠨᠠᠪ 《ᠠᠯᠧᠺᠣ》 ᠳᠠᠭᠤᠷᠢ ᠶᠢᠨ ᠽᠧᠮᠫᠠᠷᠢᠭ ᠤᠨ ᠠᠷᠢ᠂ ᠰ᠃ᠭᠣᠨᠴᠣᠭᠰᠤᠮᠤᠯᠠᠭ᠎ᠠ 《ᠦᠨᠡᠨ》 ᠳᠠᠭᠤᠷᠢ ᠶᠢᠨ ᠶᠠᠳᠮ᠎ᠠ ᠶᠢᠨ ᠠᠷᠢ ᠷᠣᠮᠠᠨᠰ ᠢ ᠣᠳᠣ ᠪᠣᠯᠲᠠᠯ᠎ᠠ ᠰᠢᠮᠡᠳᠦᠨ ᠰᠣᠨᠣᠰᠬᠤ ᠳᠤᠷᠠᠲᠠᠢ ᠪᠢᠯᠡ᠃

1967 ᠍ ᠣᠨᠣ ᠠᠴᠠ ᠡᠬᠢᠯᠡᠨ ᠳᠠᠭᠤᠯᠠᠬᠤ ᠶᠢᠨ ᠬᠠᠵᠠᠭᠤ ᠪᠠᠷ ᠪᠠᠭᠰᠢᠯᠠᠵᠤ᠂1982 ᠣᠨ ᠠᠴᠠ ᠰᠣᠶᠣᠯ ᠤᠷᠠᠯᠢᠭ ᠤᠨ ᠶᠡᠬᠡ ᠰᠤᠷᠭᠠᠭᠤᠯᠢ ᠲᠤ ᠳᠠᠭᠤᠯᠠᠭᠠᠴᠢ ᠶᠢᠨ ᠲᠡᠩᠬᠢᠮ ᠳᠦ ᠸᠣᠺᠠᠯ ᠤᠨ ᠪᠠᠭᠰᠢ ᠪᠠᠷ 2001 ᠣᠨ ᠬᠤᠷᠡᠲᠡᠯ᠎ᠡ ᠠᠵᠢᠯᠯᠠᠵᠤ᠂ ᠣᠯᠠᠨ ᠠᠷᠪᠠᠨ ᠠᠪᠢᠶᠠᠰᠯᠢᠭ ᠵᠠᠯᠠᠭᠤᠰ ᠢ ᠶᠡᠬᠡ ᠤᠷᠠᠯᠢᠭ ᠤᠨ ᠵᠠᠮ ᠳᠤ ᠣᠷᠣᠭᠤᠯᠤᠭᠰᠠᠨ ᠨᠡᠶᠢᠭᠡᠮ᠂ ᠰᠣᠶᠣᠯ ᠤᠨ ᠨᠡᠷᠡᠲᠦ ᠵᠢᠳᠬᠦᠯᠲᠡᠨ ᠪᠠᠶᠢᠯ᠎ᠠ᠃

2007 ᠣᠨ ᠳᠤ ᠡᠪᠡᠳᠴᠢᠨ ᠦ ᠤᠴᠢᠷ ᠠᠮᠧᠷᠢᠺᠠ ᠶᠢᠨ ᠨᠢᠭᠡᠳᠦᠭᠰᠡᠨ ᠤᠯᠤᠰ ᠤᠨ ᠨᠡᠶᠢᠰᠯᠡᠯ ᠸᠠᠰᠢᠩᠲ᠋ᠣᠨ ᠬᠣᠲᠠᠨ ᠢᠶᠠᠨ ᠲᠠᠭᠠᠯᠠᠯ ᠲᠡᠭᠦᠰᠴᠡᠢ᠃

ᠤᠷᠠᠨ ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠪᠳᠣ ᠶᠢᠨ ᠠᠶᠢᠮᠠᠭ ᠤᠨ ᠬᠥᠭᠵᠢᠮᠲᠦ ᠳ᠋ᠷᠠᠮ ᠤᠨ ᠲᠢᠶᠠᠲ᠋ᠷ ᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠳ᠃ᠨᠠᠴᠤᠭᠳᠣᠷᠵᠢᠡᠶᠢᠨ ᠵᠣᠬᠢᠶᠠᠯ᠂ ᠪ᠃ᠳᠠᠮᠳᠢᠨᠰᠦ᠋ᠷᠦᠩᠭᠡᠶᠢᠨ ᠬᠥᠭᠵᠢᠮ 》ᠤᠴᠢᠷᠲᠠᠢ 3 ᠲᠣᠯᠣᠭᠠᠢ》 ᠳᠠᠭᠤᠷᠢ ᠶᠢᠨ ᠬᠣᠷᠢᠯᠮ᠎ᠠ ᠳᠤ 1952 ᠣᠨ ᠤ 5 ᠰᠠᠷ᠎ᠠ ᠳᠤ᠂ ᠤᠳᠤᠷᠢᠳᠤᠭᠠᠴᠢ ᠶᠠᠭᠠᠰᠠᠢ᠃
 2. ᠴᠤ᠃ᠣᠶᠢᠳᠣᠪ ᠤᠨ ᠵᠣᠬᠢᠶᠠᠯ》ᠵᠠᠯᠠᠭᠤ ᠦᠶ᠎ᠡ》 ᠵᠦᠵᠦᠭᠡ ᠶᠢᠨ ᠰᠦ᠋ᠷᠦᠩ ᠦᠨ ᠳᠦᠷᠢ ᠳᠦ-1950 ᠣᠨ
 3. 》ᠠᠮᠧᠷᠢᠺᠠ ᠶᠢᠨ ᠳᠠᠭᠤᠤ ᠬᠣᠭᠣᠯᠠᠢ》 ᠵᠦᠵᠦᠭᠡ ᠶᠢᠨ ᠮᠠᠷᠠᠯᠢᠭ ᠤᠨ ᠳᠦᠷᠢ ᠳᠦ-1952 ᠣᠨ
 4. ᠴᠤ᠃ᠣᠶᠢᠳᠣᠪ ᠤᠨ ᠵᠣᠬᠢᠶᠠᠯ》ᠳᠠᠯᠠᠨ ᠬᠤᠳᠠᠯᠴᠢ》 ᠵᠦᠵᠦᠭᠡ ᠶᠢᠨ ᠲᠤᠩᠭᠠᠯᠠᠭ ᠤᠨ ᠳᠦᠷᠢ ᠳᠦ-1953 ᠣᠨ
 5. 》ᠠᠷᠪᠢᠵᠢᠬᠤ ᠶᠢᠨ ᠭᠡᠷ ᠪᠦᠯᠢ》 ᠵᠦᠵᠦᠭᠡ ᠶᠢᠨ ᠬᠠᠨᠳᠠ ᠳᠤ 1952 ᠣᠨ

УДБЭТеатрт[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠪ᠃ᠳᠠᠮᠳᠢᠨᠰᠦ᠋ᠷᠦᠩ 《ᠤᠴᠢᠷᠲᠠᠢ 3 ᠲᠣᠯᠣᠭᠠᠢ》ᠳᠠᠭᠤᠷᠢ ᠶᠢᠨ ᠨᠠᠩᠰᠠᠯᠮ᠎ᠠ ᠳᠤ-1959 ᠣᠨ᠃ ᠤᠳᠤᠷᠢᠳᠤᠭᠠᠴᠢ᠃ ᠵ᠃ᠴᠢᠯᠠᠭᠤᠨ МУАЖ
 2. ᠳ᠃ᠰᠡᠩᠭᠡ ᠶᠢᠨ ᠵᠣᠬᠢᠶᠠᠯ᠂ ᠰ᠃ᠭᠣᠨᠴᠣᠭᠰᠤᠮᠤᠯᠠᠭ᠎ᠠ 》ᠦᠨᠡᠨ》 ᠳᠠᠭᠤᠷᠢ ᠶᠢᠨ ᠢᠳᠠᠮ ᠢᠶᠠᠨ ᠲᠤ 1959 ᠣᠨ ᠤᠳᠤᠷᠢᠳᠤᠭᠠᠴᠢ᠃ ᠵ᠃ᠴᠢᠯᠠᠭᠤᠨ МУАЖ
 3. ᠴᠤ᠃ᠴᠢᠮᠡᠳ ᠦᠨ ᠵᠣᠬᠢᠶᠠᠯ᠂ ᠪ᠃ᠳᠠᠮᠳᠢᠨᠰᠦ᠋ᠷᠦᠩ 》ᠵᠢᠷᠭᠠᠯ ᠤᠨ ᠵᠠᠮ》 ᠳᠠᠭᠤᠷᠢ ᠶᠢᠨ ᠬᠠᠯᠢᠭᠤᠨ ᠤ ᠳᠦᠷᠢ ᠳᠦ-1960 ᠣᠨ ᠳᠤ᠂ ᠵ᠃ᠴᠢᠯᠠᠭᠤᠨ МУАЖ
 4. ᠎ᠠ᠃ᠰ᠃ᠫᠤᠱᠺᠢᠨ ᠤ ᠵᠣᠬᠢᠶᠠᠯ᠂ ᠫ᠃ᠢ᠃ᠴ ᠠᠺᠣᠪᠰᠺ ᠦ 》ᠧᠦᠢᠭᠧᠨ ᠦ ᠣᠨᠧᠭᠢᠨ》 ᠳᠠᠭᠤᠷᠢ ᠶᠢᠨ ᠲᠠᠲ᠋ᠢᠤᠨ᠎ᠠ ᠳᠦ 1963-6-8 ᠨᠳ ᠤᠳᠤᠷᠢᠳᠤᠭᠠᠴᠢ ᠵ᠃ᠴᠢᠯᠠᠭᠤᠨ МУАЖ
 5. ᠳ᠃ᠨᠠᠮᠳᠠᠭᠡᠶᠢᠨ ᠵᠣᠬᠢᠶᠠᠯ᠂ ᠪ᠃ᠳᠠᠮᠳᠢᠨᠰᠦ᠋ᠷᠦᠩ 》ᠰᠢᠷᠠᠢ ᠭᠣᠣᠯ ᠤᠨ 3 ᠬᠠᠭᠠᠨ》 ᠳᠠᠭᠤᠷᠢ ᠶᠢᠨ ᠣᠷᠭᠣᠮᠤᠭ᠎ᠠ ᠶᠢᠨ ᠳᠦᠷᠢ ᠳᠦ 1963-8-10 ᠨᠳ ᠤᠳᠤᠷᠢᠳᠤᠭᠠᠴᠢ ᠵ᠃ᠴᠢᠯᠠᠭᠤᠨ МУАЖ
 6. ᠎ᠠ᠃ᠳᠠᠷᠤᠭᠤᠮ ᠤᠵᠰᠺ ᠦ 《ᠯᠤᠤᠰ ᠤᠨ ᠳᠠᠭᠢᠨᠢ》 ᠳᠠᠭᠤᠷᠢ ᠶᠢᠨ ᠨᠲᠠᠱᠠ ᠳᠦ 1964-7 ᠤᠳᠤᠷᠢᠳᠤᠭᠠᠴᠢ᠃ ᠵ᠃ᠴᠢᠯᠠᠭᠤᠨ МУАЖ
 7. ᠸ᠃ᠮᠤᠷᠠᠳᠧᠯ 》ᠣᠺᠲ᠋ᠶᠠᠪᠷᠢ》 ᠳᠠᠭᠤᠷᠢ ᠶᠢᠨ ᠮᠠᠷᠢᠨ᠎ᠠ ᠳᠦ 1967-10 ᠤᠳᠤᠷᠢᠳᠤᠭᠠᠴᠢ᠂ ᠵ᠃ᠴᠢᠯᠠᠭᠤᠨ МУАЖ
 8. ᠰ᠃ᠷᠠᠬᠠᠮᠠᠨᠢᠨᠠᠪ 》ᠠᠯᠧᠺᠣ》 ᠳᠠᠭᠤᠷᠢ ᠶᠢᠨ ᠽᠧᠮᠫᠢᠷᠠ ᠳᠦ 1968-9-15 ᠤᠳᠤᠷᠢᠳᠤᠭᠠᠴᠢ᠂ ᠵ᠃ᠴᠢᠯᠠᠭᠤᠨ МУАЖ
 9. ᠪ᠃ᠳᠠᠮᠳᠢᠨᠰᠦ᠋ᠷᠦᠩ 》 ᠠᠮᠤᠷᠰᠠᠨᠠᠭ᠎ᠠ ᠪᠠᠨ》 ᠳᠠᠭᠤᠷᠢ ᠶᠢᠨ ᠭᠡᠷᠡᠯᠭᠤᠸᠠ ᠳᠦ 1970-7-20 ᠤᠳᠤᠷᠢᠳᠤᠭᠠᠴᠢ ᠵ᠃ᠴᠢᠯᠠᠭᠤᠨ МУАЖ
 10. ᠳᠵ᠃ᠫᠤᠴᠢᠴᠢᠨᠢ 《ᠴᠢᠣ-ᠴᠢᠣ ᠰᠠᠩ》 ᠳᠠᠭᠤᠷᠢ ᠶᠢᠨ ᠮᠠᠳᠠᠮ᠎ᠠ ᠪᠠᠲᠲ᠋ᠧᠷᠹᠯᠧᠢ ᠳᠦ 1970-8-10 ᠤᠳᠤᠷᠢᠳᠤᠭᠠᠴᠢ ᠵ᠃ᠴᠢᠯᠠᠭᠤᠨ МУАЖ
 11. ᠳᠵ᠃ᠸᠧᠷᠳ᠋ 《ᠲᠷᠠᠪᠢᠶᠠᠲᠲ᠋ᠠ》 ᠳᠠᠭᠤᠷᠢ ᠶᠢᠨ ᠠᠨᠢᠨ᠎ᠠ ᠳᠦ 1976 ᠣᠨ᠂ ᠤᠳᠤᠷᠢᠳᠤᠭᠠᠴᠢ᠃ ᠴᠤ᠃ᠵᠠᠮᠰᠠᠷᠠᠨᠵᠠᠪ ᠤᠷᠠᠯᠢᠭ ᠤᠨ ᠭᠠᠪᠢᠶᠠᠲᠤ ᠵᠢᠳᠬᠦᠯᠲᠡᠨ
 12. ᠪ᠃ᠰᠮᠧᠲ᠋ᠠᠨ 》ᠬᠤᠳᠠᠯᠳᠤᠭᠳᠠᠭᠰᠠᠨ ᠪᠡᠷᠢ》 ᠳᠠᠭᠤᠷᠢ ᠶᠢᠨ ᠯ ᠳᠦᠯᠢᠯ ᠳᠦ 1980 ᠣᠨ ᠤᠳᠤᠷᠢᠳᠤᠭᠠᠴᠢ ᠴᠤ᠃ᠵᠠᠮᠰᠠᠷᠠᠨᠵᠠᠪ ᠤᠷᠠᠯᠢᠭ ᠤᠨ ᠭᠠᠪᠢᠶᠠᠲᠤ ᠵᠢᠳᠬᠦᠯᠲᠡᠨ
 13. ᠎ᠠ᠃ᠪᠣᠷᠣᠳᠠᠨ ᠤ 》 ᠢᠭᠠᠷᠢ ᠸᠠᠩ》 ᠳᠠᠭᠤᠷᠢ ᠶᠢᠨ ᠢᠷᠣᠰᠯᠠᠪᠠᠨ᠎ᠠ ᠳᠦ 1967 ᠣᠨ ᠤᠳᠤᠷᠢᠳᠤᠭᠠᠴᠢ᠂ ᠵ᠃ᠴᠢᠯᠠᠭᠤᠨ МУАЖ
 14. ᠫ᠃ᠢ᠃ᠴ ᠠᠺᠣᠪᠰᠺ ᠦ 》ᠧᠦᠢᠭᠧᠨ ᠦ ᠣᠨᠧᠭᠢᠨ》 ᠳᠠᠭᠤᠷᠢ ᠶᠢᠨ ᠯᠠᠷᠢᠨ᠎ᠠ ᠲᠤ 1981 ᠣᠨ ᠤᠳᠤᠷᠢᠳᠤᠭᠠᠴᠢ ᠴᠤ᠃ᠵᠠᠮᠰᠠᠷᠠᠨᠵᠠᠪ ᠤᠷᠠᠯᠢᠭ ᠤᠨ ᠭᠠᠪᠢᠶᠠᠲᠤ ᠵᠢᠳᠬᠦᠯᠲᠡᠨ

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • 1959-1974 ᠣᠨ ᠨᠤᠭᠤᠳ ᠲᠤ 40 ᠭᠠᠷᠤᠢ ᠤᠳᠠᠭ᠎ᠠ ᠶᠢᠨ ᠲᠥᠷᠦ ᠶᠢᠨ ᠪᠣᠯᠤᠨ ᠣᠢ ᠶᠢᠨ ᠪᠠᠶᠠᠷ ᠤᠨ ᠺᠣᠨᠼᠧᠷᠲᠠᠳ᠂
 • 1982-1983 ᠣᠨ ᠨᠤᠭᠤᠳ ᠲᠤ ᠤᠯᠤᠰ ᠤᠨ ᠹᠢᠯᠠᠷᠮᠣᠨᠢ ᠲᠠᠢ ᠬᠠᠮᠲᠤᠷᠠᠨ 20 ᠭᠠᠷᠤᠢ ᠤᠳᠠᠭ᠎ᠠ ᠺᠣᠨᠼᠧᠷᠲᠠᠳ ᠣᠷᠣᠯᠴᠠᠭᠰᠠᠨ᠃
 • ᠮᠣᠩᠭᠣᠯ ᠤᠯᠤᠰ ᠤᠨ ᠢᠶᠠᠨ ᠪᠦᠬᠦᠢ ᠯᠠ ᠠᠶᠢᠮᠠᠭ᠂ ᠰᠤᠮᠤᠳ᠂ ᠦᠢᠯᠡᠳᠪᠦᠷᠢ᠂ ᠮᠠᠯᠴᠢᠨ ᠤ ᠰᠠᠭᠤᠷᠢ ᠨᠤᠭᠤᠳ ᠲᠤ ᠲᠣᠭᠯᠠᠯᠲᠠ ᠬᠡᠶᠢᠵᠢᠭᠡ᠃
 • ᠬᠢᠲᠠᠳ᠂ ᠣᠷᠣᠰ᠂ ᠷᠤᠮᠠ ᠤᠨ᠂ ᠫᠣᠯᠢᠰᠢ᠂ ᠭᠧᠷᠮᠠᠨ᠂ ᠶᠣᠭᠣᠰᠯᠠᠪ᠂ ᠹᠷᠠᠨᠼᠢ᠂ ᠡᠨᠡᠳᠬᠡᠭ᠂ ᠱᠷᠢᠯᠢᠨᠺ᠂ ᠰᠣᠯᠣᠩᠭᠣᠰ᠂ ᠪᠣᠯᠭᠠᠷᠢ᠂ ᠠᠮᠧᠷᠢᠺᠠ ᠵᠡᠷᠭᠡ ᠣᠷᠣᠨ ᠨᠤᠭᠤᠳ ᠲᠤ ᠠᠶᠢᠯᠴᠢᠯᠠᠨ ᠲᠣᠭᠯᠠᠯᠲᠠ ᠬᠢᠭᠰᠡᠨ᠃
 • ᠶᠡᠷᠸᠠᠩ᠂ ᠪᠠᠺᠦ᠋, ᠤᠯᠠᠭᠠᠨ-ᠦᠳᠡ ᠵᠡᠷᠭᠡ ᠬᠣᠲᠠ ᠨᠤᠭᠤᠳ ᠲᠤ ᠫ᠃ᠢ᠃ᠴ ᠠᠺᠣᠪᠰᠺ ᠦ 》ᠧᠦᠢᠭᠧᠨ ᠦ ᠣᠨᠧᠭᠢᠨ》,᠎ᠠ᠃ᠳᠠᠷᠤᠭᠤᠮ ᠤᠵᠰᠺ ᠦ 《ᠯᠤᠤᠰ ᠤᠨ ᠳᠠᠭᠢᠨᠢ》 ᠳᠠᠭᠤᠷᠢ ᠨᠤᠭᠤᠳ ᠲᠤ ᠲᠣᠭᠯᠠᠭᠰᠠᠨ᠃

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠯᠠ ᠬᠡᠷᠭᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

 • СТА ᠲᠡᠮᠳᠡᠭ ᠢᠶᠡᠷ 1983 ᠣᠨ
 • ᠳᠣᠼᠧᠨᠲ ᠪᠠᠭᠰᠢ ᠴᠣᠯᠠ ᠪᠠᠷ 1991 ᠣᠨ
 • ᠪᠣᠯᠪᠠᠰᠤᠷᠠᠯ ᠤᠨ ᠲᠡᠷᠢᠭᠦᠨ ᠦ ᠠᠵᠢᠯᠲᠠᠨ ᠴᠣᠯᠠ ᠪᠠᠷ 1993 ᠣᠨ
 • ᠳᠡᠳ᠋ ᠫᠷᠣᠹᠧᠰᠰᠣᠷ ᠴᠣᠯᠠ ᠪᠠᠷ 1997 ᠣᠨ

ᠪᠢᠴᠢᠭᠡᠰᠦ