ᠠᠶᠤᠨ ᠵᠢᠯᠤᠲᠠ ᠶᠢᠨ ᠲᠤᠯᠤᠯᠳᠤᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠶᠤᠨ ᠵᠢᠯᠤᠲᠠ ᠶᠢᠨ ᠳᠣᠮᠣᠭ

ᠠᠶᠤᠨ-ᠵᠢᠯ ᠤᠨᠳ ᠤᠨ ᠲᠤᠯᠤᠯᠳᠤᠭᠠᠨ ᠳᠤ ᠡᠷᠡᠰᠳᠡᠭᠰᠡᠨ ᠮᠣᠩᠭᠣᠯ ᠳᠠᠶᠢᠴᠢᠳ ᠤᠨ ᠳᠤᠷᠠᠰᠬᠠᠯ ᠳᠤ

ᠳᠤᠷᠠᠰᠬᠤ ᠶᠢᠨ ᠤᠴᠢᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠠᠴᠠ ᠶᠠᠭ 750 ᠵᠢᠯ ᠦᠨ ᠡᠮᠦᠨ᠎ᠡ 1260 ᠣᠨ ᠤ 9 ᠳᠦᠭᠡᠷ ᠰᠠᠷ᠎ᠠ ᠶᠢᠨ ᠭᠤᠷᠪᠠᠨ ᠳᠤ ᠥᠨᠥ ᠶᠢᠨ ᠢᠽᠠᠷᠢᠯ ᠍ ᠤᠨ ᠨᠠᠵᠢᠷ ᠲᠦ ᠬᠣᠲᠠ ᠶᠢᠨ ᠪᠠᠷᠠᠭᠤᠨ ᠡᠮᠦᠨᠡᠲᠦ ᠬᠡᠰᠡᠭ ᠲᠦ᠂ ᠫᠠᠯᠧᠰᠲ᠋ᠠᠨ ᠦ ᠬᠢᠯᠢ ᠶᠢᠨ ᠣᠶᠢᠷᠠᠯᠴᠠᠭ᠎ᠠ ᠪᠠᠶᠢᠬᠤ ᠠᠶᠤᠨ-ᠵᠢᠯ ᠤᠨᠳ ᠬᠡᠮᠡᠬᠦ ᠭᠠᠵᠠᠷ ᠲᠤ ᠮᠣᠩᠭᠣᠯ ᠤᠨ ᠪᠠᠭᠠᠰᠢᠭ ᠠᠷᠮᠢ ᠯᠠᠯᠤ ᠶᠢᠨ ᠶᠢᠷᠲᠢᠨᠴᠦ ᠶᠢᠨ ᠨᠢᠭᠡᠳᠦᠭᠰᠡᠨ ᠠᠷᠮᠢ ᠳᠤ ᠪᠤᠲᠠ ᠴᠣᠬᠢᠭᠳᠠᠨ᠂ ᠬᠡᠳᠦᠨ ᠮᠢᠩᠭᠠᠨ ᠮᠣᠩᠭᠣᠯ ᠡᠷᠡᠰ᠂ ᠲᠡᠭᠦᠨ ᠦ ᠳᠣᠲᠣᠷ᠎ᠠ ᠶᠡᠬᠡ ᠮᠣᠩᠭᠣᠯ ᠭᠦᠷᠦᠨ ᠦ ᠨᠠᠶᠢᠮᠠᠨ ᠠᠶᠢᠮᠠᠭ ᠤᠨ ᠳᠣᠮᠣᠭ ᠪᠣᠯᠤᠭᠰᠠᠨ ᠪᠠᠭᠠᠲᠤᠷ ᠵᠠᠩᠵᠤᠨ ᠬᠢᠲᠦ ᠪᠤᠬ᠎ᠠ ᠲᠡᠷᠬᠡᠦ ᠭᠠᠵᠠᠷ ᠲᠤ ᠡᠭᠦᠷᠢᠳᠡ ᠨᠣᠶᠢᠷᠰᠤᠵᠠᠢ᠃ ᠡᠶᠢᠨᠬᠦᠦ ᠪᠦᠲᠦᠨ ᠵᠢᠷᠠᠨ ᠤ ᠲᠤᠷᠰᠢ ᠳᠤ ᠭᠤᠳᠤᠶᠢᠵᠤ ᠦᠵᠡᠭᠡ ᠦᠭᠡᠢ ᠮᠣᠩᠭᠣᠯ ᠴᠡᠷᠢᠭ ᠦᠨ ᠲᠤᠭ ᠡᠨᠳᠡ ᠠᠩᠬ᠎ᠠ ᠤᠳᠠᠭ᠎ᠠ ᠭᠤᠳᠤᠶᠢᠵᠤ᠂ ᠢᠯᠠᠭᠳᠠᠵᠤ ᠦᠵᠡᠭᠡ ᠦᠭᠡᠢ ᠮᠣᠩᠭᠣᠯ ᠳᠠᠶᠢᠴᠢᠳ ᠡᠨᠳᠡ ᠠᠩᠬ᠎ᠠ ᠤᠳᠠᠭ᠎ᠠ ᠢᠯᠠᠭᠳᠠᠯ ᠤᠨ ᠭᠠᠰᠢᠭᠤᠨ ᠢ ᠠᠮᠰᠠᠵᠠᠢ᠃ ᠮᠠᠰᠢ ᠣᠯᠠᠨ ᠲᠡᠦᠬᠡᠴᠢᠳ ᠠᠶᠤᠨ-ᠵᠢᠯ ᠤᠨᠳ ᠤᠨ ᠲᠤᠯᠤᠯᠳᠤᠭᠠᠨ ᠢ ᠠᠩᠬ᠎ᠠ ᠤᠳᠠᠭ᠎ᠠ ᠮᠣᠩᠭᠣᠯ ᠤᠨ ᠲᠦᠷᠢᠮᠡᠭᠡᠶᠢᠯᠡᠯ ᠳᠦ ᠨᠢᠴᠤᠭᠠᠯᠲᠠ ᠥᠭᠭᠦᠭᠰᠡᠨ᠂ ᠯᠠᠯᠤ᠂ ᠠᠷᠠᠪ ᠤᠨ ᠶᠢᠷᠲᠢᠨᠴᠦ ᠶᠢ ᠠᠪᠤᠷᠠᠭᠰᠠᠨ ᠲᠡᠦᠬᠡᠨ ᠠᠴᠢ ᠬᠣᠯᠪᠣᠭᠳᠠᠯ ᠲᠠᠢ ᠲᠤᠯᠤᠯᠳᠤᠭᠠᠨ ᠬᠡᠮᠡᠨ ᠦᠨᠡᠯᠡᠳᠡᠭ ᠨᠢ ᠦᠨᠡᠨ ᠦ ᠬᠤᠪᠢ ᠲᠠᠢ ᠶᠤᠮ᠃ ᠴᠢᠩᠭᠢᠰ ᠬᠠᠭᠠᠨ ᠬᠣᠷᠧᠽᠮ ᠢ ᠳᠠᠶᠢᠯᠠᠵᠤ ᠪᠠᠶᠢᠬᠤ ᠳᠤ ᠥᠨᠥ ᠶᠢᠨ ᠠᠹᠬᠠᠨᠨᠢᠰᠲᠠᠨ ᠤ ᠪᠠᠮᠢᠶᠠᠩ ᠮᠤᠵᠢ ᠳᠤ ᠰᠢᠭᠢᠬᠤᠲᠤᠭ ᠍ ᠤᠨ ᠤᠳᠤᠷᠢᠳᠤᠭᠰᠠᠨ ᠭᠤᠷᠪᠠᠨ ᠲᠦᠮᠡᠨ ᠴᠡᠷᠢᠭ ᠵᠧᠯᠠᠯ ᠳᠤ-ᠳ᠋ᠢᠩᠢᠢ ᠴᠡᠷᠢᠭ ᠲᠦ ᠪᠤᠲᠠ ᠴᠣᠬᠢᠭᠳᠠᠭᠰᠠᠨ ᠢ 《ᠮᠣᠩᠭᠣᠯᠴᠤᠳ ᠤᠨ ᠠᠩᠬᠠᠨ ᠤ ᠢᠯᠠᠯᠳᠠᠯ》 ᠬᠡᠮᠡᠨ ᠵᠠᠷᠢᠮ ᠲᠡᠦᠬᠡᠴᠢᠳ ᠲᠣᠭᠠᠴᠠᠳᠠᠭ ᠨᠢ ᠪᠤᠷᠤᠭᠤ᠃ ᠤᠴᠢᠷ ᠶᠠᠭᠤᠨ ᠭᠡᠪᠡᠰᠦ ᠬᠡᠳᠦᠢ ᠪᠡᠷ ᠪᠠᠮᠠᠶᠠᠨ ᠳᠤ ᠰᠢᠭᠢᠬᠤᠲᠤᠭ ᠤᠨ ᠴᠡᠷᠢᠭ ᠲᠣᠮᠣᠬᠠᠨ ᠬᠣᠬᠢᠷᠠᠯ ᠠᠮᠰᠠᠭᠰᠠᠨ ᠴᠤ ᠡᠨᠡ ᠨᠢ ᠬᠣᠷᠧᠽᠮ ᠤᠨ ᠳᠠᠶᠢᠨ ᠳᠤ ᠦᠨᠳᠦᠰᠦᠨ ᠡᠷᠭᠢᠯᠲᠡ ᠪᠣᠯᠬᠤ ᠬᠡᠮᠵᠢᠶᠡᠨ ᠦ ᠦᠷ᠎ᠡ ᠳᠠᠭᠠᠪᠤᠷᠢ ᠲᠠᠢ ᠪᠠᠶᠢᠵᠤ ᠴᠢᠳᠠᠭ᠎ᠠ ᠦᠭᠡᠢ ᠪᠥᠭᠡᠳ ᠪᠠᠮᠠᠶᠠᠨ ᠤ ᠲᠤᠯᠤᠯᠳᠤᠭᠠᠨ ᠨᠢ ᠮᠣᠩᠭᠣᠯ ᠤᠨ ᠠᠷᠮᠢ ᠬᠣᠷᠧᠽᠮᠢᠷᠡᠨ ᠍ ᠢ ᠪᠠᠶᠢᠯᠳᠤᠨ ᠳᠠᠭᠠᠭᠤᠯᠬᠤ ᠶᠡᠷᠦᠩᠬᠡᠢ ᠪᠠᠶᠢᠯᠳᠣᠬᠣ ᠪᠣᠳᠣᠯᠭ᠎ᠠ ᠶᠢᠨ ᠵᠥᠪᠬᠡᠨ ᠨᠢᠭᠡ ᠬᠡᠰᠡᠭ ᠨᠢ ᠪᠠᠶᠢᠭᠰᠠᠨ ᠪᠢᠯᠡ᠃ ᠪᠠᠮᠠᠶᠠᠨ ᠳᠤ ᠢᠯᠠᠭᠳᠠᠭᠰᠠᠨ ᠢᠶᠠᠷ ᠮᠣᠩᠭᠣᠯ ᠤᠨ ᠠᠷᠮᠢ ᠵᠣᠭᠰᠣᠭ᠎ᠠ ᠦᠭᠡᠢ᠂ ᠬᠠᠷᠢᠨ ᠴᠤ ᠴᠢᠩᠭᠢᠰ ᠬᠠᠭᠠᠨ ᠴᠣᠬᠢᠯᠲᠠ ᠶᠢᠨ ᠬᠦᠴᠦ ᠪᠡᠨ ᠤᠯᠠᠮ ᠰᠢᠷᠭᠠᠭᠤ᠂ ᠴᠢᠩᠭ᠎ᠠ ᠪᠣᠯᠭᠠᠵᠤ᠂ ᠪᠡᠶ᠎ᠡ ᠪᠡᠷ ᠴᠡᠷᠢᠭ ᠤᠳᠤᠷᠢᠳᠤᠨ ᠵᠧᠯᠠᠯ ᠳᠤ-ᠳ᠋ᠢᠩ ᠢ ᠮᠥᠰᠬᠢᠭᠰᠡᠨ ᠢᠩ ᠳᠦ ᠮᠥᠷᠡᠨ ᠦ ᠠᠯᠳᠠᠷᠲᠤ ᠲᠤᠯᠤᠯᠳᠤᠭᠠᠨ ᠳᠤ ᠲᠡᠭᠦᠨ ᠳᠦ ᠰᠡᠭᠦᠯᠴᠢ ᠶᠢᠨ ᠠᠮᠢᠨ ᠴᠢᠬᠤᠯᠠ ᠴᠣᠬᠢᠯᠲᠠ ᠥᠭᠭᠦᠭᠰᠡᠨ᠃ ᠬᠠᠷᠢᠨ ᠠᠶᠤᠨ-ᠵᠢᠯ ᠤᠨᠳ ᠲᠤ ᠮᠣᠩᠭᠣᠯ ᠤᠨ ᠪᠠᠭ ᠴᠡᠷᠢᠭ ᠴᠣᠬᠢᠭᠳᠠᠭᠰᠠᠨ᠎ᠠ ᠪᠠᠷ ᠠᠷᠠᠪ ᠍ ᠤᠨ ᠶᠢᠷᠲᠢᠨᠴᠦ ᠪᠦᠬᠦᠯᠢ ᠳᠦ ᠪᠡᠨ᠂ ᠮᠢᠰᠢᠷ ᠣᠷᠣᠨ ᠮᠣᠩᠭᠣᠯ ᠤᠨ ᠳᠣᠪᠲᠣᠯᠭᠠᠨ ᠠᠴᠠ ᠠᠪᠤᠷᠠᠭᠳᠠᠵᠤ᠂ ᠲᠡᠦᠬᠡ ᠶᠢᠨ ᠬᠦᠷᠳ᠋ ᠣᠭᠲᠣ ᠥᠭᠡᠷ᠎ᠡ ᠪᠡᠷ ᠡᠷᠭᠢᠵᠦ ᠡᠬᠢᠯᠡᠭᠰᠡᠨ ᠭᠡᠵᠦ ᠦᠵᠡᠵᠦ ᠪᠣᠯᠬᠤ ᠶᠤᠮ᠃ ᠡᠨᠡ ᠲᠤᠯᠤᠯᠳᠤᠭᠠᠨ ᠤ ᠳᠠᠷᠠᠭ᠎ᠠ ᠮᠢᠰᠢᠷ ᠷᠦᠦ ᠴᠢᠭᠯᠡᠭᠰᠡᠨ ᠮᠣᠩᠭᠣᠯᠴᠤᠳ ᠤᠨ ᠳᠣᠪᠲᠣᠯᠭᠠᠨ ᠤ ᠴᠢᠭᠯᠡᠯ ᠨᠤᠭᠤᠷᠠᠭᠠᠳ ᠵᠣᠭᠰᠣᠬᠤ ᠦᠭᠡᠢ ᠰᠢᠷᠢ᠂ ᠫᠠᠯᠧᠰᠲ᠋ᠠᠨ ᠢ ᠪᠦᠬᠦᠯᠢ ᠳᠦ ᠨᠢ ᠠᠯᠳᠠᠵᠤ᠂ ᠧᠦᠫᠠᠷ ᠲᠤ ᠮᠥᠷᠡᠨ ᠦ ᠵᠡᠭᠦᠨ ᠡᠷᠭᠢ ᠳᠦ ᠤᠬᠤᠷᠢᠵᠤ ᠭᠠᠷᠤᠭᠰᠠᠨ ᠶᠤᠮ᠃ ᠲᠡᠦᠬᠡ ᠶᠢᠨ ᠶᠠᠩᠵᠤ ᠪᠦᠷᠢ ᠶᠢᠨ ᠡᠬᠢ ᠰᠤᠷᠪᠤᠯᠵᠢ ᠨᠤᠭᠤᠳ ᠲᠤ ᠠᠶᠤᠨ-ᠵᠢᠯ ᠤᠨᠳ ᠲᠤ ᠬᠣᠶᠠᠷ ᠲᠠᠯ᠎ᠠ ᠠᠴᠠ ᠤᠴᠠᠷᠠᠭᠰᠠᠨ ᠴᠡᠷᠢᠭ ᠦᠨ ᠲᠣᠭ᠎ᠠ ᠶᠢ ᠬᠠᠷᠢᠯᠴᠠᠨ ᠶᠡᠬᠡᠬᠡᠨ ᠵᠥᠷᠢᠭᠦᠦ ᠲᠡᠢ ᠪᠢᠴᠢᠵᠦ ᠲᠡᠮᠳᠡᠭᠯᠡᠭᠰᠡᠨ ᠪᠠᠶᠢᠳᠠᠭ᠃ ᠠᠷᠠᠪ᠂ ᠫᠧᠷᠰ ᠦᠨ ᠲᠡᠦᠬᠡᠴᠢᠳ ᠶᠡᠬᠡᠪᠴᠢᠯᠡᠨ ᠬᠣᠶᠠᠷ ᠲᠠᠯ᠎ᠠ ᠶᠢᠨ ᠬᠦᠴᠦᠨ ᠦ ᠬᠠᠷᠢᠴᠠᠭ᠎ᠠ ᠣᠶᠢᠷᠠᠯᠴᠠᠭ᠎ᠠ ᠪᠤᠶᠤ ᠲᠤᠰ ᠪᠦᠷᠢ ᠳᠦ ᠪᠡᠨ 15 – 20 ᠣᠷᠴᠢᠮ ᠮᠢᠩᠭᠠᠨ ᠴᠡᠷᠢᠭ ᠲᠡᠢ ᠪᠠᠶᠢᠭᠰᠠᠨ ᠭᠡᠳᠡᠭ᠃ ᠸᠢᠺᠢ ᠤᠬᠠᠭᠠᠨ ᠵᠡᠷᠭᠡ ᠯᠠᠪᠯᠠᠬᠤ ᠨᠤᠭᠤᠳ ᠲᠤ ᠪᠣᠯ ᠲᠤᠰ ᠪᠦᠷᠢ ᠳᠦ ᠪᠡᠨ ᠨᠢᠭᠡ ᠲᠦᠮᠡᠨ ᠴᠡᠷᠢᠭ ᠲᠡᠢ ᠪᠠᠶᠢᠭᠰᠠᠨ ᠭᠡᠬᠦ᠃ ᠮᠣᠩᠭᠣᠯᠴᠤᠳ 20 000, ᠮᠠᠮᠤᠯᠶᠤᠶᠢᠺ ᠲᠦᠷᠦᠭ ᠦᠳ 25 000 ᠪᠠᠶᠢᠭᠰᠠᠨ ᠭᠡᠰᠡᠨ ᠲᠣᠭ᠎ᠠ ᠴᠤ ᠲᠠᠭᠠᠷᠠᠯᠳᠤᠵᠤ ᠪᠠᠶᠢᠭᠰᠠᠨ᠃ ᠶᠠᠭᠤᠲᠠᠢ ᠴᠤ ᠬᠢ ᠳᠦ ᠪᠤᠬ᠎ᠠ ᠶᠢᠨ ᠠᠷᠮᠢ ᠪᠠᠭ᠎ᠠ ᠳᠤ ᠪᠠᠨ 10 000, ᠶᠡᠬᠡ ᠳᠤ ᠪᠡᠨ 15 000 ᠣᠷᠴᠢᠮ ᠪᠠᠶᠢᠭᠰᠠᠨ ᠭᠡᠳᠡᠭ ᠳᠡᠭᠡᠷ᠎ᠡ ᠣᠯᠠᠩᠬᠢ ᠲᠡᠦᠬᠡᠴᠢᠳ ᠠᠮᠠ ᠨᠢᠭᠡᠳᠦᠭᠰᠡᠨ ᠪᠠᠶᠢᠨ᠎ᠠ᠃ ᠡᠨᠡ ᠲᠡᠦᠬᠡ ᠶᠢ ᠨᠠᠷᠢᠪᠴᠢᠯᠠᠨ ᠰᠤᠳᠤᠯᠤᠭᠰᠠᠨ ᠢᠶᠡᠷᠤᠰᠠᠯᠢᠮ᠎ᠠ ᠶᠢᠨ ᠢᠪᠡᠷᠡᠢ ᠶᠢᠨ ᠶᠡᠬᠡ ᠰᠤᠷᠭᠠᠭᠤᠯᠢ ᠶᠢᠨ ᠫᠷᠣᠹᠧᠰᠰᠣᠷ ᠷᠸᠧᠨ ᠠᠮᠢ ᠲᠠᠢ ᠬᠢᠲᠦ ᠪᠤᠬ᠎ᠠ 12 000 ᠴᠡᠷᠢᠭ ᠲᠡᠢ ᠪᠠᠶᠢᠭᠰᠠᠨ ᠭᠡᠵᠡᠢ᠃ ᠬᠦᠯᠢᠭᠦ ᠬᠠᠭᠠᠨ ᠰᠢᠷᠢᠢ ᠠ ᠡᠴᠡ ᠪᠤᠴᠠᠬᠤ ᠳᠤ ᠪᠠᠨ ᠬᠢᠲᠦ ᠪᠤᠬ᠎ᠠ ᠳᠤ ᠨᠢᠭᠡ ᠲᠦᠮᠡᠨ ᠴᠡᠷᠢᠭ ᠦᠯᠡᠳᠡᠭᠡᠭᠰᠡᠨ ᠭᠡᠬᠦ ᠪᠥᠭᠡᠳ ᠳᠡᠭᠡᠷ᠎ᠡ ᠨᠢ ᠭᠦᠷᠦᠵᠢᠶ ᠠᠠᠷᠮᠧᠨᠢᠢ ᠲᠤᠰᠠᠯᠠᠬᠤ ᠴᠡᠷᠢᠭ 1000 ᠣᠷᠴᠢᠮ᠂ ᠮᠥᠨ ᠮᠣᠩᠭᠣᠯᠴᠤᠳ ᠲᠤ ᠳᠠᠭᠠᠷ᠎ᠠ ᠣᠷᠣᠭᠰᠠᠨ ᠰᠢᠷ ᠦᠨ ᠠᠶᠤᠸᠪᠢᠳ ᠤᠳ ᠤᠨ ᠴᠡᠷᠢᠭ ᠦᠳ᠂ ᠬᠤᠩᠲᠠᠶᠢᠵᠢ ᠮᠥᠰᠥᠶᠠ᠂ ᠬᠠᠰᠤᠨ ᠨᠠᠷ ᠴᠥᠭᠡᠨ ᠲᠣᠭᠠᠨ ᠤ ᠴᠡᠷᠢᠭ ᠲᠡᠢ ᠪᠡᠨ ᠬᠦᠴᠦ ᠬᠠᠪᠰᠤᠷᠴᠢ ᠪᠠᠶᠢᠭᠰᠠᠨ ᠭᠡᠬᠦ ᠪᠡᠷ ᠳᠡᠭᠡᠷᠡᠬᠢ ᠲᠣᠭ᠎ᠠ ᠨᠡᠯᠢᠶᠡᠳ ᠪᠣᠳᠠᠲᠠᠢ ᠪᠣᠯᠪᠠ ᠤᠤ᠃ ᠫᠷᠣᠹᠧᠰᠰᠣᠷ ᠷᠸᠧᠨ ᠠᠮᠢ ᠲᠠᠢ ᠮᠠᠮᠤᠯᠶᠤᠶᠢᠺᠡᠶᠢᠨ ᠰᠤᠯᠲᠠᠨ ᠺᠢᠲᠦᠵᠡ ᠺᠠᠢᠷᠠ ᠠᠴᠠ ᠮᠣᠩᠭᠣᠯᠴᠤᠳ ᠢ ᠲᠣᠰᠤᠨ 12 000 ᠴᠡᠷᠢᠭ ᠲᠡᠢ ᠭᠠᠷᠤᠭᠰᠠᠨ ᠭᠡᠵᠡᠢ᠃ ᠺ ᠢᠶᠠᠷ ᠤᠨ ᠠᠶᠤᠸᠪᠢᠳ ᠰᠤᠯᠲᠠᠨ ᠤ ᠮᠠᠮᠤᠯᠶᠤᠶᠢᠺ ᠠᠷᠮᠢ ᠶᠢᠨ ᠬᠦᠴᠦ ᠡᠮᠦᠨ᠎ᠡ ᠨᠢ 12 000 ᠍ ᠠᠴᠠ ᠬᠡᠲᠦᠷᠡᠵᠦ ᠪᠠᠶᠢᠭᠰᠠᠨ ᠦᠭᠡᠢ ᠭᠡᠰᠡᠨ ᠢ ᠦᠨᠳᠦᠰᠦᠯᠡᠭᠰᠡᠨ ᠪᠣᠯᠤᠯᠲᠠᠢ᠃ ᠭᠡᠪᠡᠴᠦ ᠡᠨᠳᠡ ᠵᠠᠷᠢᠮ ᠨᠢᠭᠡᠨ ᠬᠦᠴᠦᠨ ᠵᠦᠢᠯ ᠢ ᠲᠣᠭᠠᠴᠠᠵᠤ ᠦᠵᠡᠬᠦ ᠬᠡᠷᠡᠭᠲᠡᠢ ᠶᠤᠮ᠃ ᠮᠣᠩᠭᠣᠯᠴᠤᠳ 1259 ᠣᠨ ᠳᠤ ᠪᠠᠭᠳᠠᠳ᠋ ᠍ ᠢ ᠤᠨᠠᠭᠠᠵᠤ᠂ ᠰᠢᠷᠢᠢ ᠠ ᠳᠤ ᠳᠣᠪᠲᠣᠯᠤᠨ ᠰᠠᠷ ᠲᠤ ᠣᠷᠣᠰᠢᠵᠤ ᠪᠠᠶᠢᠭᠰᠠᠨ ᠠᠶᠤᠸᠪᠢᠳ ᠦᠨ ᠤᠭᠰᠠᠭᠠᠨ ᠤ ᠭᠤᠷᠪᠠᠨ ᠬᠠᠨᠯᠢᠭ ᠢ ᠪᠠᠭᠤᠯᠭᠠᠬᠤ ᠶᠢᠨ ᠨᠢ ᠪᠠᠭᠤᠯᠭᠠᠵᠤ᠂ ᠪᠤᠲᠠ ᠴᠣᠬᠢᠬᠤ ᠶᠢ ᠨᠢ ᠪᠤᠲᠠ ᠴᠣᠬᠢᠬᠤ ᠳᠤ ᠮᠣᠩᠭᠣᠯᠴᠤᠳ ᠤᠨ ᠡᠷᠬᠡ ᠶᠢ ᠬᠦᠯᠢᠶᠡᠨ ᠵᠥᠪᠰᠢᠶᠡᠷᠡᠭᠡ ᠦᠭᠡᠢ ᠯᠠᠯᠤ ᠶᠢᠨ ᠦᠢ ᠣᠯᠠᠨ ᠳᠠᠶᠢᠴᠢᠳ ᠡᠴᠦᠰ ᠦᠨ ᠲᠤᠯᠭᠠᠭᠤᠷᠢ ᠴᠡᠭ ᠬᠡᠮᠡᠨ ᠨᠠᠶᠢᠳᠠᠪᠤᠷᠢ ᠲᠠᠯᠪᠢᠨ ᠮᠢᠰᠢᠷ ᠦᠨ ᠵᠦᠭ ᠳᠦᠷᠪᠡᠵᠡᠭᠡᠭᠰᠡᠨ ᠭᠡᠳᠡᠭ᠃ ᠢᠯᠠᠩᠭᠤᠶ᠎ᠠ ᠺᠢᠫᠴᠠᠺ ᠪᠧᠢᠪᠠᠷᠰ ᠍ ᠤᠨ ᠤᠳᠤᠷᠢᠳᠤᠯᠭᠠᠨ ᠳᠣᠣᠷ᠎ᠠ ᠰᠠᠷ ᠲᠤ ᠪᠠᠶᠢᠭᠰᠠᠨ ᠪᠠᠬᠠᠷᠠᠴᠤᠳ ᠤᠨ ᠦᠯᠡᠮᠵᠢᠬᠡᠨ ᠬᠦᠴᠦ ᠴᠤ ᠺᠢᠲᠦᠵᠡ ᠲᠡᠢ 1260 ᠍ ᠊ᠭᠠᠳ ᠣᠨ ᠤ ᠡᠬᠡ ᠪᠡᠷ ᠣᠴᠢᠵᠤ ᠨᠡᠶᠢᠯᠡᠵᠡᠢ᠃ ᠲᠡᠭᠡᠬᠦ ᠪᠡᠷ ᠺᠢᠲᠦᠵᠡ ᠶᠢ ᠺ ᠢᠶᠠᠷ ᠠᠴᠠ 12 000 ᠴᠡᠷᠢᠭ ᠲᠡᠢ ᠭᠠᠷᠤᠭᠰᠠᠨ ᠭᠡᠰᠡᠨ ᠲᠣᠭ᠎ᠠ ᠶᠡᠬᠡᠬᠡᠨ ᠡᠷᠡᠭᠡᠯᠵᠡᠭᠡ ᠲᠡᠢ᠃ ᠮᠥᠨ ᠺᠢᠲᠦᠵᠡ ᠶᠢ ᠺ ᠢᠶᠠᠷ ᠠᠴᠠ ᠭᠠᠷᠤᠨ ᠰᠠᠯᠬᠤᠶ᠎ᠠ ᠷᠤ ᠬᠥᠳᠡᠯᠬᠦ ᠦᠶ᠎ᠡ ᠳᠦ ᠠᠯᠧᠫᠫᠣᠭ ᠤᠨ ᠡᠵᠡᠨ ᠠᠰᠠᠨ ᠠᠨ-ᠨᠠᠰᠤᠷ ᠶᠱᠤᠹ ᠦᠨ ᠴᠡᠷᠢᠭ ᠦᠨ ᠦᠯᠡᠳᠡᠭᠳᠡᠯ ᠣᠴᠢᠵᠤ ᠨᠡᠶᠢᠯᠡᠭᠰᠡᠨ ᠪᠠᠶᠢᠳᠠᠭ᠃ ᠰᠢᠷᠢᠢ ᠠ ᠳ᠋ᠡᠬᠢ ᠠᠶᠤᠸᠪᠢᠳ ᠦᠨ ᠰᠤᠯᠲᠠᠨ ᠨᠤᠭᠤᠳ ᠨᠢ ᠬᠦᠯᠢᠭ ᠦᠨ ᠴᠡᠷᠢᠭ ᠲᠦ ᠬᠦᠴᠦᠲᠡᠢ ᠡᠰᠡᠷᠭᠦᠴᠡᠯ ᠦᠵᠡᠭᠦᠯᠵᠦ ᠴᠢᠳᠠᠬᠤ ᠬᠡᠮᠵᠢᠶᠡᠨ ᠦ ᠴᠡᠷᠢᠭ ᠦᠨ ᠬᠦᠴᠢᠲᠡᠢ ᠪᠠᠶᠢᠭᠰᠠᠨ ᠭᠡᠬᠦ ᠪᠡᠷ ᠲᠡᠳᠡᠨ ᠦ ᠬᠦᠴᠦ ᠨᠢᠭᠡ ᠬᠣᠶᠠᠷ ᠠᠷᠪᠠᠨ ᠮᠢᠩᠭ᠎ᠠ ᠪᠠᠷ ᠲᠣᠭᠲᠠᠬᠤ ᠦᠭᠡᠢ ᠪᠠᠶᠢᠭᠰᠠᠨ ᠭᠡᠰᠡᠨ ᠦᠭᠡ ᠶᠤᠮ᠃ ᠡᠨᠡ ᠮᠡᠲᠦ ᠬᠦᠴᠦᠨ ᠵᠦᠢᠯ ᠡᠴᠡ ᠦᠵᠡᠬᠦ ᠳᠦ ᠺᠢᠲᠦᠵᠡ ᠶᠢᠨ ᠠᠷᠮᠢ ᠶᠠᠭᠤᠲᠠᠢ ᠴᠤ ᠪᠠᠭ᠎ᠠ ᠳᠤ ᠪᠠᠨ ᠮᠣᠩᠭᠣᠯᠴᠤᠳ ᠠᠴᠠ 2-3 ᠳᠠᠬᠢᠨ ᠬᠦᠴᠦᠲᠡᠢ ᠪᠠᠶᠢᠭᠰᠠᠨ ᠭᠡᠬᠦ ᠮᠠᠭᠠᠳᠯᠠᠯ ᠪᠤᠢ ᠶᠤᠮ᠃ ᠭᠤᠮᠢᠯᠧᠸ᠂ ᠰᠠᠯᠧᠬ ᠵᠡᠷᠭᠡ ᠥᠷᠥᠨ᠎ᠡ ᠶᠢᠨ ᠲᠡᠦᠬᠡᠴᠢᠳ ᠬᠦᠴᠦᠨ ᠦ ᠬᠤᠪᠢ ᠳᠤ ᠬᠣᠶᠠᠷ ᠲᠠᠯ᠎ᠠ ᠬᠠᠷᠢᠴᠠᠩᠭᠤᠢ ᠬᠣᠯᠠ ᠵᠥᠷᠢᠶᠡᠲᠡᠢ᠂ ᠮᠣᠩᠭᠣᠯᠴᠤᠳ 15 000, ᠮᠠᠮᠤᠯᠶᠤᠶᠢᠺ ᠲᠦᠷᠦᠭ ᠦᠳ 60-65 000 ᠣᠷᠴᠢᠮ ᠪᠠᠶᠢᠭᠰᠠᠨ ᠭᠡᠵᠡᠢ᠃ ᠠᠷᠠᠪ ᠤᠨ ᠲᠡᠦᠬᠡᠴᠢ ᠢᠪᠨ ᠠᠯᠠ-ᠳᠠᠪᠠᠳᠠᠷᠢ ᠠᠶᠤᠨ-ᠵᠢᠯ ᠤᠨᠳ ᠲᠤ ᠮᠠᠮᠤᠯᠶᠤᠶᠢᠺ ᠲᠦᠷᠦᠭ ᠦᠳ ᠮᠣᠩᠭᠣᠯᠴᠤᠳ ᠠᠴᠠ ᠲᠣᠭᠠᠨ ᠤ ᠬᠤᠪᠢ ᠳᠤ ᠦᠯᠡᠮᠵᠢᠬᠡᠨ ᠳᠠᠪᠠᠭᠤ ᠪᠠᠶᠢᠭᠰᠠᠨ ᠢ ᠬᠦᠯᠢᠶᠡᠨ ᠵᠥᠪᠰᠢᠶᠡᠷᠡᠭᠰᠡᠨ ᠪᠣᠯ ᠮᠣᠩᠭᠣᠯ ᠤᠨ ᠲᠡᠦᠬᠡᠴᠢ ᠵ᠃ᠪᠣᠷᠣ ᠠᠶᠤᠨ-ᠵᠢᠯ ᠤᠨᠳ ᠲᠤ ᠮᠣᠩᠭᠣᠯᠴᠤᠳ ᠠᠷᠪᠠ ᠳᠠᠬᠢᠨ ᠶᠡᠬᠡ ᠬᠦᠴᠢᠲᠡᠢ ᠳᠠᠶᠢᠰᠤᠨ ᠲᠠᠢ ᠲᠤᠯᠭᠠᠷᠠᠭᠰᠠᠨ ᠬᠡᠮᠡᠨ ᠪᠢᠴᠢᠭᠰᠡᠨ ᠪᠠᠶᠢᠬᠤ᠃ ᠡᠶᠢᠨᠬᠦᠦ ᠨᠢᠭᠡ ᠲᠦᠮᠡ ᠣᠷᠴᠢᠮ ᠮᠣᠩᠭᠣᠯ ᠳᠠᠶᠢᠴᠢᠳ᠂ ᠡᠷᠡᠯᠬᠡᠭ ᠳᠠᠶᠢᠴᠢᠨ ᠪᠠᠭᠠᠲᠤᠷ ᠬᠢᠲᠦ ᠪᠤᠬ᠎ᠠ ᠨᠣᠶᠠᠨ ᠤ ᠪᠠᠨ ᠲᠤᠭ ᠤᠨ ᠳᠣᠣᠷ᠎ᠠ᠂ ᠴᠥᠭᠡᠨ ᠲᠣᠭᠠᠨ ᠤ ᠬᠣᠯᠪᠣᠭᠠᠲᠠᠨ ᠤ ᠬᠠᠮᠲᠤ ᠪᠠᠷ ᠠᠶᠤᠨ-ᠵᠢᠯ ᠤᠨᠳ ᠲᠤ ᠦᠯᠡᠮᠵᠢᠬᠡᠨ ᠬᠦᠴᠦᠲᠡᠢ᠂ ᠦᠬᠦᠬᠦ ᠰᠡᠬᠡᠬᠦ ᠪᠡᠨ ᠦᠵᠡᠬᠦ ᠪᠡᠷ ᠢᠷᠡᠭᠰᠡᠨ ᠰᠢᠢᠳᠮᠡᠭᠡᠢ᠂ ᠮᠣᠩᠭᠣᠯᠴᠤᠳ ᠲᠠᠢ ᠤᠭᠰᠠᠭ᠎ᠠ ᠭᠠᠷᠤᠯ ᠴᠤ ᠣᠶᠢᠷᠠᠯᠴᠠᠭ᠎ᠠ ᠪᠠᠶᠢᠵᠤ ᠮᠡᠳᠡᠬᠦ ᠲᠦᠷᠦᠭ ᠴᠢᠰᠤᠨ ᠤ ᠺᠢᠲᠦᠵᠡ᠂ ᠪᠧᠢᠪᠠᠷᠰ ᠨᠠᠷ ᠤᠨ ᠴᠡᠷᠢᠭ ᠲᠡᠢ ᠡᠬᠡ ᠨᠤᠲᠤᠭ ᠠᠴᠠ ᠪᠠᠨ 6000 km ᠤᠨ ᠠᠯᠤᠰ ᠲᠤ ᠡᠷᠰᠯᠡᠨ ᠲᠤᠯᠵᠠᠢ᠃

ᠯᠠᠯᠤ ᠶᠢᠨ ᠲᠩᠷᠢ ᠳᠦ ᠠᠶᠤᠩᠭ᠎ᠠ ᠶᠢᠨ ᠡᠭᠦᠯᠡ ᠬᠤᠷᠠᠯᠳᠤᠪᠠ᠃[ᠵᠠᠰᠠᠪᠤᠷᠢᠯᠠᠬᠤ | ᠺᠣᠳ᠋ ᠢᠶᠠᠷ ᠵᠠᠰᠠᠬᠣ]

1258 ᠣᠨ ᠤ 2 ᠳ᠋ᠤᠭᠠᠷ ᠰᠠᠷ᠎ᠠ ᠶᠢᠨ 13 ᠍ ᠳᠦ ᠬᠦᠯᠢᠭᠦ ᠬᠠᠭᠠᠨ ᠤ ᠳᠠᠶᠢᠴᠢᠳ ᠤᠨ ᠡᠮᠦᠨ᠎ᠡ ᠪᠠᠭᠳᠠᠳ᠋ ᠡᠷᠬᠡ ᠦᠭᠡᠢ ᠬᠦᠴᠦᠨ ᠮᠡᠬᠦᠰᠳᠡᠵᠦ ᠰᠦᠭᠦᠳᠪᠡ᠃ ᠬᠦᠯᠢᠭ ᠬᠠᠭᠠᠨ ᠪᠠᠭᠳᠤᠳ ᠤᠨ ᠬᠠᠯᠢᠹ ᠢ ᠠᠯᠲᠠ ᠮᠥᠩᠭᠥᠨ ᠦ ᠵᠣᠭᠣᠷᠢᠨ ᠳᠤ ᠬᠣᠭᠣᠯᠠ ᠤᠮᠳᠠ ᠦᠭᠡᠢ ᠬᠣᠷᠢᠵᠤ᠂ ᠠᠯᠲᠠ ᠪᠠᠷ ᠬᠣᠭᠣᠯᠠᠯᠠᠵᠤ᠂ ᠮᠥᠩᠭᠥ ᠪᠡᠷ ᠤᠮᠳᠠᠭᠠᠯᠠᠬᠤ ᠶᠢ ᠵᠥᠪᠯᠡᠨ ᠳᠠᠭᠠᠵᠢᠩᠨᠠᠪᠠ᠃ ᠲᠠᠪᠤᠨ ᠵᠠᠭᠤᠨ ᠤ ᠲᠤᠷᠰᠢ ᠳᠤ ᠬᠡᠨ ᠴᠤ ᠬᠠᠯᠳᠠᠰᠢ ᠦᠭᠡᠢ ᠬᠡᠮᠡᠭᠳᠡᠵᠦ ᠪᠠᠶᠢᠭᠰᠠᠨ ᠪᠠᠭᠳᠤᠳ ᠤᠨ ᠤᠨᠠᠯᠲᠠ ᠨᠢ ᠯᠠᠯᠤ ᠶᠢᠨ ᠶᠢᠷᠲᠢᠨᠴᠦ ᠶᠢᠨ ᠲᠩᠷᠢ ᠳᠦ ᠠᠶᠤᠩᠭ᠎ᠠ ᠪᠣᠯᠤᠨ ᠨᠢᠷᠬᠢᠵᠦ᠂ ᠬᠠᠷᠢᠨ ᠾᠷᠢᠰᠲ ᠦᠨ ᠬᠢᠨ ᠦ ᠬᠤᠪᠢ ᠳᠤ ᠳᠣᠷᠣᠨ᠎ᠠ ᠠᠴᠠ ᠾᠷᠢᠰᠦᠲᠦ ᠨᠦᠭᠦᠳ ᠢ ᠢᠪᠡᠭᠡᠭᠴᠢ ᠨᠠᠷᠠᠨ ᠮᠠᠨᠳᠤᠭᠰᠠᠨ ᠮᠡᠲᠦ ᠰᠡᠳᠬᠢᠭᠳᠡᠵᠦ ᠪᠠᠶᠢᠴᠠᠢ᠃ ᠠᠷᠮᠢᠨ ᠤ ᠲᠡᠦᠬᠡᠴᠢ ᠺᠢᠷᠠᠺᠣᠰ 《ᠡᠨᠡ ᠬᠣᠲᠠ ᠬᠣᠪᠳᠣᠭ ᠰᠢᠨᠤᠬᠠᠢ ᠠᠭᠠᠯᠵᠢ ᠮᠡᠲᠦ ᠴᠠᠳᠴᠤ ᠬᠠᠨᠬᠤ ᠶᠢ ᠮᠡᠳᠡᠬᠦ ᠦᠭᠡᠢ᠂ ᠬᠡᠳᠦᠨ ᠵᠠᠭᠤᠨ ᠤ ᠲᠤᠷᠰᠢ ᠳᠤ ᠶᠢᠷᠲᠢᠨᠴᠦ ᠳᠠᠬᠢᠨ ᠢ ᠬᠣᠭᠣᠰᠣᠯᠠᠨ ᠵᠠᠯᠭᠢᠵᠤ ᠪᠠᠶᠢᠪᠠ᠃ ᠴᠢᠰᠤ ᠠᠰᠬᠠᠷᠠᠭᠤᠯᠤᠭᠰᠠᠨ ᠤ ᠪᠠᠨ ᠲᠥᠯᠥᠭᠡ᠂ ᠡᠵᠡᠷᠬᠡᠭ ᠲᠦᠷᠢᠮᠡᠭᠡᠢ ᠪᠠᠶᠢᠭᠰᠠᠨ ᠤ ᠪᠠᠨ ᠲᠥᠯᠥᠭᠡ᠂ ᠶᠡᠬᠡ ᠨᠢᠭᠦᠯ ᠬᠢᠯᠢᠨᠴᠡ ᠶᠢᠨ ᠢᠶᠡᠨ ᠲᠥᠯᠥᠭᠡ ᠪᠠᠭᠳᠠᠳ᠋ ᠬᠣᠲᠠ ᠡᠶᠢᠨᠬᠦᠦ ᠲᠩᠷᠢ ᠶᠢᠨ ᠬᠢᠯᠢᠩ ᠢᠶᠡᠷ ᠴᠡᠭᠡᠷᠯᠡᠯ ᠬᠦᠯᠢᠶᠡᠭᠰᠡᠨ ᠨᠢ ᠡᠨᠡ ᠪᠤᠶᠤ》 ᠬᠡᠮᠡᠨ ᠪᠢᠴᠢᠵᠦ ᠪᠠᠶᠢᠴᠠᠢ᠃ ᠧᠦ᠋ᠷᠣᠫᠠ ᠶᠢᠨ ᠾᠷᠢᠰᠲ᠋ ᠶᠢᠷᠲᠢᠨᠴᠦ ᠶᠢᠨ ᠬᠡᠳᠦᠨ ᠵᠠᠭᠤᠨ ᠤ ᠮᠥᠷᠥᠭᠡᠳᠦᠯ ᠪᠣᠯᠤᠭᠰᠠᠨ ᠠᠷᠢᠭᠤᠨ ᠭᠠᠵᠠᠷ ᠢ ᠴᠤᠬᠤᠮ ᠣᠳᠣ ᠯᠠ ᠬᠦᠯᠦᠭ ᠬᠠᠭᠠᠨ ᠲᠡᠳᠡᠨ ᠳᠦ ᠴᠢᠯᠦᠭᠡᠯᠡᠵᠦ ᠥᠭᠬᠦ ᠨᠢ ᠬᠡᠮᠡᠨ ᠪᠠᠶᠠᠷᠯᠠᠵᠤ ᠪᠤᠢ ᠪᠢᠯᠡ᠃ ᠪᠠᠭᠳᠤᠳ ᠤᠨ ᠤᠨᠠᠯᠲᠠ ᠶᠢᠨ ᠡᠮᠦᠨ᠎ᠡ ᠬᠦᠯᠢᠭ ᠬᠠᠭᠠᠨ ᠯᠠᠯᠤ ᠶᠢᠨ ᠶᠢᠷᠲᠢᠨᠴᠦ ᠶᠢᠨ ᠬᠠᠷ᠎ᠠ ᠳᠠᠷᠤᠭᠰᠠᠨ ᠵᠡᠭᠦᠳᠦ ᠪᠣᠯᠤᠭᠠᠳ ᠪᠠᠶᠢᠭᠰᠠᠨ ᠤᠤᠯ ᠤᠨ ᠡᠪᠦᠭᠡᠨ ᠢ ᠢᠴᠡᠭᠡᠨ ᠳᠦ ᠨᠢ ᠳᠠᠷᠤᠵᠤ ᠪᠢᠯᠡ᠃ ᠬᠦᠯᠢᠭᠦ ᠬᠠᠭᠠᠨ ᠲᠡᠳᠦ ᠤᠳᠠᠯ ᠦᠭᠡᠢ ᠶᠡᠬᠡ ᠴᠡᠷᠢᠭ ᠢᠶᠡᠨ ᠳᠠᠭᠠᠭᠤᠯᠤᠭᠰᠠᠭᠠᠷ ᠧᠦᠫᠠᠷ ᠲᠤ ᠮᠥᠷᠡᠨ ᠢ ᠭᠡᠲᠦᠯᠪᠡ᠃ ᠠᠯᠧᠫᠫᠣ 1260 ᠣᠨ ᠤ ᠡᠬᠢ ᠪᠡᠷ ᠤᠨᠠᠪᠠ᠃ ᠠᠯᠧᠫᠫᠣ ᠣᠷᠴᠢᠮ ᠤᠨ ᠣᠯᠠᠨ ᠴᠠᠶᠢᠵᠠ ᠬᠡᠷᠡᠮ᠂ ᠬᠣᠲᠠ ᠪᠠᠯᠭᠠᠳ ᠮᠣᠩᠭᠣᠯ ᠴᠡᠷᠢᠭ ᠦᠨ ᠭᠠᠷ ᠲᠤ ᠳᠠᠷᠠᠭᠠᠯᠠᠨ ᠨᠤᠷᠠᠪᠠ᠃ ᠭᠡᠪᠡᠴᠦ ᠬᠦᠯᠢᠭᠦ ᠬᠠᠭᠠᠨ ᠮᠣᠩᠭᠣᠯ ᠳᠤ ᠶᠡᠬᠡ ᠬᠠᠭᠠᠨ ᠮᠥᠩᠬᠡ ᠨᠠᠰᠤ ᠪᠠᠷᠠᠭᠰᠠᠨ᠂ ᠲᠡᠭᠦᠨ ᠦ ᠰᠢᠷᠡᠭᠡ ᠵᠠᠯᠭᠠᠮᠵᠢᠯᠠᠯ ᠤᠨ ᠠᠰᠠᠭᠤᠳᠠᠯ ᠲᠦᠷᠦᠭᠰᠡᠨ ᠠᠬ᠎ᠠ ᠳᠡᠭᠦᠦ ᠨᠢ ᠪᠣᠯᠬᠤ ᠬᠤᠪᠢᠯᠠᠢᠠᠷᠭᠦᠪᠡᠬᠦᠡᠶᠢᠨ ᠬᠣᠭᠣᠷᠣᠨᠳᠣ ᠢᠷᠭᠡᠨ ᠦ ᠳᠠᠶᠢᠨ ᠤ ᠬᠡᠮᠵᠢᠶᠡᠨ ᠳᠦ ᠲᠤᠯᠵᠤ ᠣᠴᠢᠭᠰᠠᠨ ᠠᠴᠠ ᠭᠠᠳᠠᠨ᠎ᠠ ᠥᠪᠡᠷ ᠦᠨ ᠬᠢ ᠨᠢ ᠬᠠᠮᠢᠶᠠᠲᠠᠨ ᠠᠯᠲᠠᠨ ᠣᠷᠳᠣᠨ ᠤ ᠬᠠᠭᠠᠨ ᠯᠠᠯᠤ ᠰᠢᠲᠦᠯᠭᠡ ᠲᠡᠢ ᠪᠡᠷᠬᠡ ᠯᠠᠯᠤ ᠶᠢᠨ ᠶᠢᠷᠲᠢᠨᠴᠦ ᠶᠢᠨ ᠭᠣᠣᠯᠲᠤ ᠵᠢᠷᠦᠬᠡ ᠪᠣᠯᠤᠭᠰᠠᠨ ᠪᠠᠭᠳᠤᠳ ᠢ ᠤᠨᠠᠭᠠᠵᠤ᠂ ᠯᠠᠯᠤ ᠰᠢᠲᠦᠯᠭᠡᠲᠡᠨ ᠨᠦᠭᠦᠳ ᠢ ᠬᠠᠪᠴᠢᠭᠰᠠᠨ ᠳᠤ ᠳᠤᠷᠠᠭᠦᠶᠢᠴᠡᠭᠰᠡᠨ᠂ ᠮᠥᠨ ᠺᠠᠸᠬᠠᠰ ᠤᠨ ᠪᠥᠰᠡ ᠨᠤᠲᠤᠭ ᠢ ᠪᠤᠯᠴᠠᠴᠠᠯᠳᠤᠨ ᠤᠮᠠᠷᠠᠳᠤ ᠬᠢᠯᠢ ᠳᠡᠭᠡᠷ᠎ᠡ ᠠᠶᠤᠯ ᠵᠠᠨᠤᠯ ᠲᠠᠭᠤᠳᠠᠬᠤ ᠪᠣᠯᠣᠰᠣᠨ ᠠᠴᠠ ᠡᠭᠦᠳᠡᠨ ᠪᠤᠴᠠᠵᠠᠢ᠃ ᠲᠡᠭᠡᠬᠦ ᠳᠦ ᠪᠡᠨ ᠲᠤᠭ ᠤᠨ ᠢᠶᠠᠨ ᠵᠠᠩᠵᠤᠨ ᠬᠢᠲᠦ ᠪᠤᠬᠠᠭ ᠨᠢᠭᠡ ᠲᠦᠮᠡᠨ ᠴᠡᠷᠢᠭ ᠦᠨ ᠬᠠᠮᠲᠤ ᠰᠢᠷ ᠦᠨ ᠠᠮᠪᠠᠨ ᠵᠠᠬᠢᠷᠤᠭᠴᠢ ᠪᠠᠷ ᠦᠯᠡᠳᠡᠭᠡᠵᠦ᠂ ᠰᠢᠷᠢᠢ ᠠ ᠲᠡᠳᠦᠢ ᠦᠭᠡᠢ ᠮᠢᠰᠢᠷ ᠣᠷᠣᠨ ᠢ ᠬᠦᠷᠲᠡᠯ᠎ᠡ ᠳᠠᠶᠢᠲᠤᠨ ᠠᠪᠬᠤ ᠡᠭᠦᠷᠭᠡ ᠥᠭᠭᠦᠭᠰᠡᠨ ᠪᠠᠶᠢᠨ᠎ᠠ᠃ ᠲᠡᠳᠦ ᠤᠳᠠᠯ ᠦᠭᠡᠢ ᠬᠢᠲᠦ ᠪᠤᠬ᠎ᠠ ᠵᠠᠩᠵᠤᠨ ᠤᠷᠤᠭᠰᠢᠯᠠᠨ ᠬᠣᠮᠰᠠ᠂ ᠪᠠᠯᠪᠧᠺ ᠵᠡᠷᠭᠡ ᠬᠡᠳᠦ ᠬᠡᠳᠦᠨ ᠲᠣᠮᠣᠬᠠᠨ ᠬᠣᠲᠠ᠂ ᠴᠠᠶᠢᠳ ᠤᠳ ᠢ ᠡᠭᠡᠯᠵᠢ ᠳᠠᠷᠠᠭᠠᠯᠠᠨ ᠠᠪᠴᠤ᠂ ᠳᠠᠮᠤᠰ ᠲᠤ ᠲᠤᠯᠵᠤ ᠢᠷᠡᠵᠡᠢ᠃ ᠳᠠᠮᠤᠰᠺ ᠲᠤ ᠲᠦᠷᠢ ᠬᠣᠷᠭᠣᠳᠠᠭᠠᠳ ᠪᠠᠶᠢᠭᠰᠠᠨ ᠠᠯᠧᠫᠫᠣᠭ ᠤᠨ ᠰᠤᠯᠲᠠᠨ ᠠᠨ-ᠨᠠᠰᠤᠷ ᠶᠱᠤᠹ ᠵᠢᠭᠤᠳᠠᠵᠤ᠂ ᠳᠠᠮᠤᠰᠺ ᠪᠠᠭᠤᠵᠤ ᠥᠭᠭᠦᠯ᠎ᠡ᠃ ᠬᠢ ᠳᠦ ᠪᠤᠬ᠎ᠠ ᠶᠢᠨ ᠴᠡᠷᠢᠭ ᠦᠳ ᠰᠤᠯᠲᠠᠨ ᠨᠠᠰᠤᠷ ᠢ ᠡᠯᠳᠡᠭᠰᠡᠭᠡᠷ ᠥᠨᠥ ᠶᠢᠨ ᠭᠠᠰ ᠤᠨ ᠵᠤᠷᠪᠤᠰ ᠲᠤ ᠭᠦᠢᠴᠡᠵᠦ ᠣᠯᠵᠠᠯᠠᠨ ᠢᠷᠡᠵᠡᠢ᠃ ᠰᠢᠷᠢ᠂ ᠫᠠᠯᠧᠰᠲ᠋ᠠᠨ ᠣᠷᠣᠨ ᠦᠨᠳᠦᠰᠦᠨ ᠳᠦ ᠪᠡᠨ ᠬᠢᠲᠦ ᠪᠤᠬ᠎ᠠ ᠨᠣᠶᠠᠨ ᠤ ᠮᠡᠳᠡᠯ ᠳᠦ ᠤᠷᠤᠪᠠ᠃ ᠲᠡᠩᠭᠢᠰ ᠦᠨ ᠡᠷᠭᠢ ᠳᠠᠭᠠᠭᠤᠬᠢ ᠰᠢᠳᠣᠨ᠂ ᠲᠤᠷ᠎ᠠ᠂ ᠠᠺᠷᠠ ᠬᠣᠲᠠ ᠨᠤᠭᠤᠳ᠂ ᠲᠡᠳᠡᠭᠡᠷ ᠢ ᠳᠠᠭᠠᠭᠰᠠᠨ ᠪᠢᠴᠢᠬᠠᠨ ᠵᠤᠷᠪᠤᠰ ᠪᠣᠯᠤᠨ ᠲᠷᠢᠹᠣᠯ ᠤᠨ ᠡᠷᠭᠢ ᠣᠷᠴᠢᠮ ᠤᠨ ᠭᠠᠵᠠᠷ ᠵᠠᠭᠠᠯᠮᠠᠶᠢᠲᠠᠨ ᠨᠤᠭᠤᠳ ᠤᠨ ᠮᠡᠳᠡᠯ ᠳᠦ ᠪᠠᠶᠢᠴᠠᠢ᠃ ᠡᠶᠢᠨᠬᠦᠦ 1260 ᠣᠨ ᠤ ᠳᠤᠮᠳᠠ ᠦᠶ᠎ᠡ ᠭᠡᠬᠦ ᠳᠦ ᠯᠠᠯᠤ ᠶᠢᠨ ᠶᠢᠷᠲᠢᠨᠴᠦ ᠪᠥᠬᠥᠯᠢᠳᠡᠭᠡ ᠰᠦᠢᠷᠡᠯ ᠦᠨ ᠢᠷᠮᠡᠭ ᠲᠦ ᠲᠤᠯᠵᠤ ᠢᠷᠡᠯ᠎ᠡ᠃ ᠲᠡᠳᠡᠨ ᠦ ᠰᠡᠭᠦᠯᠴᠢ ᠶᠢᠨ ᠨᠠᠶᠢᠳᠠᠪᠤᠷᠢ᠂ ᠭᠣᠷᠢᠳᠠᠯᠭ᠎ᠠ ᠨᠢ ᠮᠢᠰᠢᠷ ᠦᠨ ᠮᠠᠮᠤᠯᠶᠤᠶᠢᠺ ᠲᠦᠷᠦᠭ ᠦᠳ ᠪᠣᠯᠤᠭᠠᠳ ᠪᠠᠶᠢᠪᠠ᠃ ᠴᠤᠬᠤᠮ ᠡᠶᠢᠮᠦ ᠡᠭᠡᠵᠢᠭᠲᠡᠢ ᠦᠶ᠎ᠡ ᠳᠦ ᠤᠭ ᠲᠤᠯᠤᠯᠳᠤᠭᠠᠨ ᠪᠣᠯᠵᠠᠢ᠃

ᠲᠡᠦᠬᠡ ᠶᠢᠨ ᠬᠦᠷᠳ᠋ ᠍ ᠢ ᠥᠭᠡᠷ᠎ᠡ ᠲᠡᠰᠢ ᠨᠢ ᠡᠷᠭᠢᠭᠦᠯᠦᠭᠰᠡᠨ ᠤᠪᠢᠭ᠎ᠠ ᠦᠭᠡᠢ ᠪᠠᠷᠠᠨ ᠨᠤᠭᠤᠳ ᠤᠨ ᠤᠷᠪᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠦ ᠪᠤᠬ᠎ᠠ ᠨᠣᠶᠠᠨᠲᠠᠨ ᠥᠨᠥ ᠶᠢᠨ ᠢᠰᠷᠢᠠᠯ ᠤᠨ ᠵᠡᠭᠦᠨ ᠬᠡᠰᠡᠭ ᠲᠦ ᠤᠷᠤᠰᠢᠬᠤ ᠪᠠᠯᠪᠧᠺ ᠬᠣᠳᠠ ᠳᠤ ᠪᠠᠭᠤᠳᠠᠯᠯᠠᠭᠠᠳ ᠪᠠᠶᠢᠯ᠎ᠠ᠃ ᠣᠶᠢᠷᠠᠬᠢ ᠳᠣᠷᠣᠨᠠᠲᠤ᠂ ᠪᠠᠭ᠎ᠠ ᠠᠽᠢᠶ᠎ᠠ ᠶᠢᠨ ᠾᠷᠢᠰᠲ᠋ ᠰᠢᠲᠦᠯᠭᠡ ᠳᠦ ᠬᠠᠭᠠᠳ᠂ ᠲᠧᠮᠫᠯᠧᠷ ᠪᠠᠷᠤᠨ ᠨᠤᠭᠤᠳ᠂ ᠬᠦᠰᠡᠭᠰᠡᠨ ᠴᠤ᠂ ᠡᠰᠡ ᠬᠦᠰᠡᠭᠰᠡᠨ ᠴᠤ ᠮᠣᠩᠭᠣᠯᠴᠤᠳ ᠤᠨ ᠬᠣᠯᠪᠣᠭᠠᠲᠠᠨ ᠪᠣᠯᠪᠠ᠃ ᠤᠴᠢᠷ ᠨᠢ ᠲᠡᠳᠡᠨ ᠦ ᠳᠠᠶᠢᠰᠤᠨ ᠨᠢ ᠯᠠᠯᠤ ᠶᠢᠨ ᠶᠢᠷᠲᠢᠨᠴᠦ᠃ ᠵᠠᠭᠠᠯᠮᠠᠶᠢᠲᠠᠨ ᠨᠤᠭᠤᠳ ᠳᠥᠷᠪᠡᠨ ᠴᠤ ᠤᠳᠠᠭ᠎ᠠ ᠶᠢᠨ ᠠᠶᠠᠨ ᠳᠠᠶᠢᠨ ᠢᠶᠠᠷ ᠢᠶᠠᠨ᠂ ᠪᠦᠬᠦᠯᠢ ᠧᠦ᠋ᠷᠣᠫᠠ ᠳᠠᠶᠠᠭᠠᠷ ᠢᠶᠠᠨ ᠬᠥᠲᠦᠯᠦᠭᠡ ᠳᠦ ᠴᠤ ᠠᠷᠢᠭᠤᠨ ᠭᠠᠵᠠᠷ ᠢᠶᠠᠨ ᠴᠢᠯᠦᠭᠡᠯᠡᠵᠦ ᠠᠪᠴᠤ ᠬᠦᠴᠦ ᠬᠦᠷᠡᠭᠰᠡᠨ ᠦᠭᠡᠢ᠂ ᠬᠠᠷᠢᠨ ᠬᠦᠯᠢᠭ ᠦᠨ ᠳᠣᠪᠲᠣᠯᠭᠠᠨ ᠨᠢ ᠲᠡᠳᠡᠨ ᠳᠦ ᠰᠢᠨ᠎ᠡ ᠨᠠᠶᠢᠳᠠᠪᠤᠷᠢ ᠶᠢᠨ ᠨᠠᠷᠠᠨ ᠪᠣᠯᠵᠤ ᠪᠠᠶᠢᠭᠰᠠᠨ ᠢ ᠳᠡᠭᠡᠷ᠎ᠡ ᠳᠤᠷᠠᠳᠤᠭᠰᠠᠨ᠃ ᠠᠷᠠᠪ ᠤᠳ ᠤᠨ ᠬᠤᠪᠢ ᠳᠤ ᠭᠠᠵᠠᠷ ᠤᠨ ᠳᠤᠮᠳᠠᠳᠤ ᠲᠡᠩᠭᠢᠰ ᠦᠨ ᠵᠡᠭᠦᠨ ᠡᠷᠭᠢ᠂ ᠲᠷᠢᠫᠣᠯᠢ ᠣᠷᠴᠢᠮ ᠳᠤ ᠪᠡᠬᠢᠵᠢᠭᠰᠡᠨ ᠵᠠᠭᠠᠯᠮᠠᠶᠢᠲᠠᠨ ᠨᠤᠭᠤᠳ ᠤᠨ ᠲᠦᠰᠢᠴᠡ ᠭᠠᠵᠠᠷ ᠢ ᠬᠣᠪᠬᠣ ᠴᠣᠬᠢᠬᠤ ᠪᠠᠷ ᠪᠠᠶᠢᠳᠠᠭ ᠢᠶᠠᠷ ᠢᠶᠠᠨ ᠴᠢᠷᠳᠠᠶᠢᠵᠤ ᠪᠠᠶᠢᠭᠰᠠᠨ ᠴᠠᠭ᠃ ᠬᠢ ᠳᠦ ᠪᠤᠬ᠎ᠠ ᠨᠣᠶᠠᠨ ᠤ ᠳᠦᠷᠢ ᠲᠥᠷᠬᠥ ᠶᠡᠷᠦ ᠪᠤᠰᠤ ᠶᠢᠨ ᠡᠷᠬᠢᠮᠰᠦᠭ ᠪᠠᠷᠳᠠᠮ ᠢᠶᠠᠷ ᠲᠥᠰᠥᠭᠡᠯᠡᠭᠳᠡᠳᠡᠭ ᠶᠤᠮ᠃ ᠡᠷᠲᠡᠨ ᠦ ᠢᠵᠠᠭᠤᠷ ᠰᠤᠷᠪᠤᠯᠵᠢᠲᠤ ᠠᠷᠮᠧᠨ ᠦ ᠸᠠᠩ ᠬᠧᠲ᠋ᠦᠶᠢᠮ ᠪᠣᠯᠤᠨ ᠠᠨᠲ᠋ᠢᠶᠠᠬᠤ ᠶᠢᠨ ᠸᠠᠩ VI ᠪᠧᠬᠣᠮᠧᠨᠳ ᠨᠠᠷ ᠢᠶᠠᠷ ᠪᠠᠷᠠᠭ᠎ᠠ ᠪᠣᠯᠤᠭᠴᠢ ᠪᠠᠨ ᠬᠢᠵᠦ ᠡᠷᠲᠡᠨ ᠦ ᠳᠠᠮᠤᠰᠺ ᠬᠣᠲᠠ ᠶᠢᠨ ᠭᠣᠣᠯ ᠬᠠᠭᠠᠯᠭ᠎ᠠ ᠪᠠᠷ ᠬᠦᠨᠳᠦ ᠲᠡᠢ ᠵᠠᠯᠠᠷᠠᠨ ᠣᠷᠣᠵᠤ ᠶᠠᠪᠤᠭ᠎ᠠ ᠶᠡᠬᠡᠮᠰᠦᠭ ᠬᠢᠲᠦ ᠪᠤᠬ᠎ᠠ ᠨᠣᠶᠠᠨ᠂ ᠭᠠᠰ ᠠᠴᠠ ᠣᠯᠵᠠᠯᠠᠭᠳᠠᠵᠤ ᠢᠷᠡᠭᠰᠡᠨ᠂ ᠠᠯᠳᠠᠷ ᠴᠤᠤᠲᠤ ᠰᠠᠯᠠᠳᠢᠨᠢ ᠠᠴᠢ ᠠᠨ-ᠨᠠᠰᠤᠷ ᠶᠱᠤᠹ ᠰᠤᠯᠲᠠᠨ ᠢ ᠡᠮᠦᠨ᠎ᠡ ᠪᠡᠨ ᠰᠥᠬᠦᠷᠡᠭᠦᠯᠴᠢᠬᠡᠭᠡᠳ ᠣᠷᠣᠨ ᠨᠤᠲᠤᠭ ᠤᠨ ᠵᠠᠭᠠᠯᠮᠠᠢ ᠶᠢᠨ ᠱᠠᠰᠢᠨᠲᠤ ᠪᠠᠷᠤᠨ ᠨᠤᠭᠤᠳ ᠢ ᠬᠦᠨᠳᠦᠳᠬᠡᠨ ᠪᠠᠷᠢᠵᠤ ᠥᠭᠭᠦᠭᠰᠡᠨ ᠨᠦᠰᠡᠷ ᠲᠣᠮᠣ ᠰᠡᠷᠢᠭᠦᠨ ᠠᠰᠠᠷ ᠲᠤ ᠲᠤᠬᠠᠯᠠᠨ ᠰᠠᠭᠤᠭ᠎ᠠ ᠰᠦᠷᠯᠢᠭ ᠬᠢ ᠳᠦ ᠪᠤᠬ᠎ᠠ᠃.. ᠭᠡᠲᠡᠯ᠎ᠡ ᠬᠢᠲᠦ ᠪᠤᠬ᠎ᠠ ᠨᠣᠶᠠᠨ ᠪᠣᠯ ᠬᠦᠯᠦᠭ ᠬᠠᠭᠠᠨ ᠤ ᠣᠯᠠᠨ ᠲᠦᠮᠡᠲᠦ ᠶᠢᠨ ᠨᠣᠶᠠᠳ ᠤᠨ ᠯᠠ ᠨᠢᠭᠡ ᠨᠢ ᠪᠠᠶᠢᠭᠰᠠᠨ᠃ ᠬᠠᠷᠢᠨ ᠬᠦᠯᠦᠭ ᠬᠠᠭᠠᠨ ᠪᠣᠯ ᠮᠣᠩᠭᠣᠯ ᠤᠨ ᠶᠡᠬᠡ ᠡᠵᠡᠨᠲᠦ ᠭᠦᠷᠦᠨ ᠦ ᠵᠥᠪᠬᠡᠨ ᠨᠢᠭᠡ ᠵᠢᠭᠦᠷ ᠦᠨ ᠡᠵᠡᠨ ᠪᠠᠶᠢᠭᠰᠠᠨ ᠪᠢᠯᠡ᠃ ᠲᠡᠭᠡᠬᠦ ᠪᠡᠷ ᠲᠤᠬᠠᠢ ᠶᠢᠨ ᠦᠶ᠎ᠡ ᠶᠢᠨ ᠮᠣᠩᠭᠣᠯ ᠤᠨ ᠶᠡᠬᠡ ᠡᠵᠡᠨᠲᠦ ᠭᠦᠷᠦᠨ ᠦ ᠰᠦᠷ ᠬᠦᠴᠦᠨ ᠢ ᠵᠥᠪᠬᠡᠨ ᠶᠡᠬᠡ ᠳᠠᠯᠠᠢ᠂ ᠠᠭᠤᠳᠠᠮ ᠣᠭᠲᠠᠷᠭᠤᠢ ᠲᠠᠢ ᠯᠠ ᠡᠩᠨᠡᠵᠦ ᠵᠦᠢᠷᠯᠡᠨ ᠪᠠᠶᠢᠭᠰᠠᠨ ᠨᠢ᠂ ᠮᠣᠩᠭᠣᠯᠴᠤᠳ ᠤᠨ ᠡᠰᠡᠷᠬᠦ ᠰᠥᠷᠬᠦ ᠨᠢ ᠦᠬᠦᠬᠦ ᠬᠤᠯᠤᠭᠠᠨ᠎ᠠ ᠮᠤᠤᠷ ᠤᠨ ᠰᠠᠬᠠᠯ ᠢᠶᠠᠷ ᠣᠷᠣᠯᠳᠤᠵᠤ ᠪᠤᠢ ᠲᠠᠢ ᠢᠯᠭᠠᠭ᠎ᠠ ᠦᠭᠡᠢ ᠮᠡᠲᠦ ᠲᠥᠰᠥᠭᠡᠯᠡᠭᠳᠡᠵᠦ ᠪᠠᠶᠢᠭᠰᠠᠨ ᠨᠢ ᠴᠤ ᠠᠷᠭ᠎ᠠ ᠦᠭᠡᠢ ᠶᠤᠮ᠃ ᠡᠨᠡ ᠦᠶ᠎ᠡ ᠪᠣᠯ ᠮᠣᠩᠭᠣᠯ ᠤᠨ ᠡᠵᠡᠨᠲᠦ ᠭᠦᠷᠦᠨ ᠠᠯᠢ ᠬᠡᠳᠦᠶᠢᠨ᠎ᠡ ᠳᠡᠭᠡᠳᠦ ᠣᠷᠭᠢᠯ ᠴᠡᠭ ᠲᠦ ᠪᠡᠨ ᠬᠦᠷᠴᠦ᠂ ᠡᠴᠦᠰ ᠦᠨ ᠡᠷᠢᠴᠢᠨ ᠳᠦ ᠪᠡᠨ ᠣᠷᠣᠴᠢᠬᠠᠭᠠᠳ ᠪᠠᠶᠢᠭᠰᠠᠨ ᠦᠶ᠎ᠡ ᠠᠵᠡᠢ᠃ ᠠᠯᠢᠪᠠ ᠲᠡᠦᠬᠡᠨ ᠡᠷᠭᠢᠯᠲᠡᠨ ᠳᠦ ᠰᠠᠨᠠᠮᠰᠠᠷ ᠦᠭᠡᠢ ᠮᠡᠲᠦ᠂ ᠲᠤᠩ ᠴᠤ ᠶᠠᠯᠢᠮ ᠦᠭᠡᠢ ᠮᠡᠲᠦ ᠦᠢᠯᠡᠳᠦᠯ ᠭᠣᠣᠯ ᠣᠨᠢᠰᠤ ᠪᠣᠯᠤᠨ ᠲᠡᠦᠬᠡ ᠶᠢᠨ ᠬᠦᠷᠳ᠋ ᠍ ᠢ ᠡᠰᠡᠷᠬᠦ ᠵᠦᠭ ᠲᠤ ᠬᠥᠳᠡᠯᠭᠡᠴᠢᠬᠡᠳᠡᠭ ᠲᠣᠬᠢᠶᠠᠯᠳᠤᠯ ᠪᠤᠢ ᠠᠵᠢ᠃ ᠤᠴᠢᠷ ᠶᠠᠭᠤᠨ ᠭᠡᠪᠡᠰᠦ᠂ ᠰᠢᠳᠣᠨ ᠢ 《ᠤᠷᠲᠤ ᠬᠥᠯ ᠳᠦ》 ᠵᠢᠯᠧᠨ ᠬᠡᠮᠡᠬᠦ ᠹᠷᠠᠨᠺ ᠡᠷ᠎ᠡ ᠵᠠᠬᠢᠷᠴᠢ ᠪᠠᠶᠢᠴᠠᠢ᠃ ᠶᠡᠷᠦ ᠲᠤᠬᠠᠢ ᠶᠢᠨ ᠦᠶ᠎ᠡ ᠶᠢᠨ ᠧᠦ᠋ᠷᠣᠫᠠ ᠶᠢᠨ ᠪᠠᠷᠤᠨ ᠨᠤᠭᠤᠳ ᠪᠠᠯᠠᠮᠠᠳ ᠲᠦᠷᠢᠮᠡᠭᠡᠢ ᠪᠡᠷ ᠢᠶᠡᠨ᠂ ᠳᠤᠷ᠎ᠠ ᠪᠠᠷ ᠢᠶᠠᠨ ᠳᠤᠷᠭᠢᠳᠠᠭ ᠢᠶᠠᠷ ᠢᠶᠠᠨ ᠵᠠᠷ ᠲᠤ ᠭᠠᠷᠤᠭᠰᠠᠨ᠂ ᠵᠢᠯᠧᠨ ᠴᠤ ᠲᠡᠳᠡᠨ ᠡᠴᠡ ᠣᠭᠲᠣᠬᠠᠨ ᠴᠤ ᠳᠤᠲᠠᠬᠤ ᠪᠠᠷ ᠦᠭᠡᠢ ᠪᠠᠶᠢᠵᠤ᠃

ᠮᠣᠩᠭᠣᠯᠴᠤᠳ ᠤᠨ ᠣᠴᠢᠭᠰᠠᠨ ᠭᠠᠵᠠᠷ ᠪᠦᠷᠢ ᠳᠢᠭ ᠵᠢᠷᠤᠮ ᠳᠤ ᠣᠷᠣᠵᠤ᠂ ᠠᠯᠢᠪᠠ ᠳᠤᠷ᠎ᠠ ᠪᠠᠷ ᠦᠢᠯᠡ ᠳᠦ ᠬᠢ ᠶᠠᠪᠤᠳᠠᠯ ᠬᠠᠨᠲᠠᠶᠢᠷᠠᠭᠳᠠᠨ ᠬᠠᠵᠠᠭᠠᠷᠯᠠᠭᠳᠠᠳᠠᠭ ᠪᠠᠶᠢᠭᠰᠠᠨ ᠲᠡᠷᠡ ᠯᠠ ᠵᠠᠶ᠋ᠢᠭ ᠤᠨ ᠳᠠᠭᠠᠤ ᠰᠢᠷᠢ᠂ ᠫᠠᠯᠧᠰᠲ᠋ᠠᠨ ᠳᠤ ᠮᠣᠩᠭᠣᠯᠴᠤᠳ ᠣᠷᠣᠭᠰᠠᠨ ᠤ ᠳᠠᠷᠠᠭ᠎ᠠ ᠲᠡᠨᠳᠡ ᠰᠢᠨ᠎ᠡ ᠳᠢᠭ ᠵᠢᠷᠤᠮ ᠪᠤᠢ ᠪᠣᠯᠵᠤ᠂ ᠥᠨᠥᠬᠢ ᠴᠠᠳᠢᠭ ᠦᠭᠡᠢ ᠪᠠᠷᠤᠨ ᠨᠤᠭᠤᠳ ᠳᠤᠷ᠎ᠠ ᠪᠠᠷ ᠳᠤᠷᠭᠢᠵᠤ ᠴᠢᠳᠠᠬᠤ ᠦᠭᠡᠢ ᠳᠦ ᠬᠦᠷᠴᠡᠢ᠃ ᠨᠢᠭᠡᠨ ᠥᠷᠯᠥᠭᠡ ᠬᠢ ᠳᠦ ᠪᠤᠬ᠎ᠠ ᠨᠣᠶᠠᠨᠲᠠᠨ ᠢᠲᠡᠭᠡᠮᠡᠷ ᠦᠭᠡᠢ ᠲᠤᠩ ᠬᠠᠴᠢᠷᠬᠠᠯ ᠲᠠᠢ ᠮᠡᠳᠡᠭᠡ ᠬᠦᠯᠢᠶᠡᠵᠦ ᠠᠪᠴᠠᠢ᠃ ᠨᠥᠭᠥᠭᠡᠬᠢ ᠬᠣᠯᠪᠣᠭᠠᠲᠠᠨ ᠪᠠᠷᠤᠨ ᠨᠤᠭᠤᠳ ᠨᠢ ᠬᠢᠲᠦ ᠪᠤᠬ᠎ᠠ ᠶᠢᠨ ᠴᠡᠷᠢᠭ ᠦᠨ ᠨᠥᠭᠡᠴᠡ ᠠᠭᠲᠠᠨ ᠤ ᠴᠡᠷᠢᠭ ᠢ ᠠᠯᠠᠭᠠᠳ᠂ ᠲᠠᠭᠤᠭᠠᠳ ᠶᠠᠪᠤᠴᠢᠬᠠᠵᠤ᠃., ᠳᠡᠭᠡᠷᠡᠮᠳᠡᠴᠢᠬᠡᠵᠦ ᠭᠡᠨ᠎ᠡ᠃ ᠤᠷᠢᠳ ᠡᠮᠦᠨ᠎ᠡ ᠮᠣᠩᠭᠣᠯᠴᠤᠳ ᠲᠤ ᠳᠠᠶᠢᠰᠤᠨ ᠬᠠᠶᠠᠭᠠᠨ ᠳᠤ ᠪᠠᠶᠢᠬᠤ ᠳᠤ ᠬᠣᠯᠪᠣᠭᠠᠲᠠᠨ ᠤ ᠪᠠᠨ ᠴᠡᠷᠢᠭ ᠦᠨ ᠠᠭᠲᠠ ᠷᠤ ᠬᠤᠷᠤᠭᠤ ᠳᠦᠷᠦᠵᠦ ᠪᠠᠶᠢᠭᠰᠠᠨ ᠡᠶᠢᠮᠦ ᠬᠥᠭᠡᠢ ᠶᠢᠨ ᠶᠠᠪᠤᠳᠠᠯ ᠣᠭᠲᠣ ᠠᠴᠠ ᠲᠣᠬᠢᠶᠠᠯᠳᠤᠵᠤ ᠪᠠᠶᠢᠭᠰᠠᠨ ᠦᠭᠡᠢ᠃ ᠢᠲᠡᠭᠡᠬᠦ ᠳᠦ ᠨᠡᠩ ᠪᠡᠷᠬᠡ ᠲᠡᠢ᠃ ᠬᠠᠮᠤᠭ ᠤᠨ ᠠᠳᠠᠭ ᠤᠨ ᠤᠷᠪᠠᠭᠴᠢᠳ ᠯᠠ ᠢᠩᠭᠦᠬᠦ ᠪᠢᠵᠡ᠃ ᠭᠡᠲᠡᠯ᠎ᠡ ᠲᠤᠬᠠᠢ ᠶᠢᠨ ᠨᠥᠬᠥᠴᠡᠯ ᠳᠦ ᠤᠷᠪᠠᠨ᠎ᠠ ᠭᠡᠳᠡᠭ ᠵᠦᠭᠡᠷ ᠯᠠ ᠰᠦᠢᠷᠡᠯ ᠷᠦᠦ ᠥᠪᠡᠷ ᠢᠶᠡᠨ ᠭᠦᠶᠦᠭᠡᠳ ᠣᠴᠢᠵᠤ ᠪᠤᠢ ᠠᠴᠠ ᠢᠯᠭᠠᠭ᠎ᠠ ᠦᠭᠡᠢ ᠪᠠᠶᠢᠵᠤ᠃ ᠮᠣᠩᠭᠣᠯᠴᠤᠳ ᠠᠴᠠ ᠤᠷᠪᠠᠵᠤ ᠪᠣᠯᠤᠯ᠎ᠠ ᠭᠡᠬᠦ ᠳᠦ ᠮᠠᠮᠤᠯᠶᠤᠶᠢᠺ ᠤᠳ ᠠᠴᠠ ᠥᠷᠦᠰᠢᠶᠡᠭᠳᠡᠬᠦ ᠦᠭᠡᠢ ᠨᠢ ᠨᠡᠩ ᠣᠶᠢᠯᠠᠭᠠᠮᠵᠢᠲᠠᠢ᠃ ᠬᠢᠲᠦ ᠪᠤᠬ᠎ᠠ ᠨᠣᠶᠠᠨᠲᠠᠨ ᠡᠨᠡ ᠶᠠᠪᠤᠳᠠᠯ ᠳᠤ ᠢᠲᠡᠭᠡᠭᠰᠡᠨ ᠦᠭᠡᠢ᠃ ᠲᠡᠭᠡᠭᠡᠳ ᠠᠴᠢ ᠬᠦᠦᠭᠡᠭᠡ 200 ᠴᠡᠷᠢᠭ ᠳᠠᠭᠠᠭᠤᠯᠤᠨ ᠵᠢᠯᠡᠨᠳ ᠲᠣᠮᠣ ᠡᠨᠳᠡᠭᠦᠷᠡᠯ ᠪᠣᠯᠤᠭᠰᠠᠨ ᠢ ᠬᠡᠯᠡᠵᠦ᠂ ᠠᠭᠲᠠ ᠮᠣᠷᠢᠳ ᠢᠶᠠᠨ ᠪᠤᠴᠠᠭᠠᠵᠤ ᠠᠪᠬᠠᠭᠤᠯᠬᠤ ᠪᠠᠷ ᠰᠢᠳᠣᠨ ᠤ ᠵᠦᠭ ᠢᠯᠡᠭᠡᠵᠢ ᠪᠡᠨ᠃ ᠬᠠᠷᠢᠨ ᠵᠢᠯᠧᠨ ᠪᠣᠯ ᠬᠤᠯᠠᠭᠠᠶᠢᠯᠠᠬᠤ ᠭᠡᠵᠦ ᠬᠤᠯᠠᠭᠠᠶᠢᠯᠠᠭᠰᠠᠨ᠂ ᠳᠡᠭᠡᠷᠡᠮᠳᠡᠬᠦ ᠭᠡᠵᠦ ᠳᠡᠭᠡᠷᠡᠮᠳᠡᠭᠰᠡᠨ ᠲᠤᠯᠠ 《ᠡ᠂ ᠠᠭᠤᠴᠢᠯᠠᠭᠠᠷᠠᠢ᠂ ᠡᠨᠡ ᠠᠭᠲᠠ ᠮᠣᠩᠭᠣᠯᠴᠤᠳ ᠤᠨ ᠬᠢ ᠪᠠᠶᠢᠭᠰᠠᠨ ᠶᠤᠮ ᠤᠤ》 ᠬᠡᠮᠡᠨ ᠶᠠᠭᠤ ᠴᠤ ᠭᠡᠵᠦ ᠬᠡᠯᠡᠬᠦ ᠪᠢᠯᠡ᠃ ᠬᠤᠯᠠᠭᠠᠶᠢᠴᠢ ᠬᠦᠮᠦᠨ ᠬᠤᠯᠠᠭᠠᠢ ᠬᠢᠬᠦ ᠦᠭᠡᠢ ᠪᠣᠯ ᠰᠠᠨᠠᠭ᠎ᠠ ᠠᠮᠠᠷᠠᠵᠤ ᠲᠠᠶᠢᠪᠤᠰᠢᠷᠠᠨ ᠨᠣᠶᠢᠷᠰᠤᠵᠤ ᠴᠢᠳᠠᠳᠠᠭ ᠦᠭᠡᠢ ᠰᠢᠭ ᠯᠠ ᠷᠧᠹᠯᠧᠺᠰ ᠲᠦ ᠪᠡᠨ ᠬᠥᠲᠦᠯᠦᠭᠳᠡᠭᠡᠳ ᠬᠤᠰᠴᠢᠬᠠᠭᠰᠠᠨ ᠶᠤᠮ ᠴᠢᠨᠢ᠃ ᠢᠴᠡᠭᠰᠡᠨ ᠬᠦᠮᠦᠨ ᠬᠦᠮᠦᠨ ᠠᠯᠠᠨ᠎ᠠ ᠭᠡᠭᠴᠢ ᠪᠡᠷ 《ᠤᠷᠲᠤ ᠬᠥᠯ ᠳᠦ》 ᠵᠢᠯᠧᠨ ᠬᠢᠲᠦ ᠪᠤᠬ᠎ᠠ ᠶᠢᠨ ᠠᠴᠢ ᠬᠦᠦᠭᠢ /ᠵᠠᠷᠢᠮ ᠲᠡᠦᠬᠡᠴᠢᠳ ᠬᠦᠦ ᠭᠡᠰᠡᠨ ᠪᠤᠢ/ ᠳᠠᠭᠠᠯᠳᠤᠭᠰᠠᠳ ᠤᠨ ᠬᠠᠮᠲᠤ ᠨᠢᠳᠤᠷᠴᠢ ᠣᠷᠬᠢᠭᠠᠳ ᠬᠤᠯᠠᠭᠠᠶᠢᠯᠠᠭᠰᠠᠨ ᠠᠭᠲᠠ ᠪᠠᠨ ᠳᠠᠯᠠᠢ ᠶᠢᠨ ᠡᠷᠭᠢ ᠳᠠᠭᠠᠭᠤᠯᠤᠨ ᠠᠺᠷᠠ ᠷᠤ ᠬᠥᠭᠡᠭᠡᠯᠭᠡᠴᠢᠬᠡᠵᠡᠢ᠃ ᠦᠨ᠎ᠡ ᠬᠦᠷᠭᠡᠬᠦ ᠭᠡᠵᠦ ᠲᠡᠷᠡ᠃ ᠭᠡᠬᠦ ᠳᠦ ᠪᠡᠨ ᠬᠡᠨ ᠳᠦ ᠭᠡᠭᠡᠴᠢ᠃.. ᠥᠪᠡᠷᠰᠡᠳ ᠦᠨ ᠬᠢ ᠨᠢ ᠮᠥᠩᠬᠡ ᠶᠢᠨ ᠳᠠᠶᠢᠰᠤᠨ ᠮᠠᠮᠤᠯᠶᠤᠶᠢᠺ ᠦᠳ ᠲᠦ᠃ ᠲᠡᠳᠡᠨ ᠲᠡᠢ ᠠᠺᠷᠠ ᠪᠣᠯᠤᠨ ᠲᠤᠷ᠎ᠠ ᠶᠢᠨ ᠪᠠᠷᠤᠨ ᠨᠤᠭᠤᠳ ᠴᠤ ᠬᠤᠤᠪᠢᠯᠳᠤᠭᠰᠠᠨ ᠪᠠᠶᠢᠨ᠎ᠠ᠃ ᠶᠠᠩᠬᠠᠨ ᠮᠥᠩᠭᠥ ᠪᠡᠨ ᠠᠪᠴᠤ ᠯᠠ ᠪᠠᠶᠢᠪᠠᠯ ᠬᠡᠨ ᠲᠡᠢ᠂ ᠬᠡᠵᠢᠶ᠎ᠡ᠂ ᠬᠠᠮᠢᠭ᠎ᠠ ᠭᠡᠳᠡᠭ ᠨᠢ ᠬᠠᠮᠢᠶ᠎ᠠ ᠦᠭᠡᠢ ᠭᠡᠳᠡᠭ ᠰᠢᠭ ᠬᠤᠯᠠᠭᠠᠶᠢᠴᠢ ᠬᠦᠨᠳᠦ ᠪᠣᠯ ᠦᠨ᠎ᠡ ᠬᠦᠷᠴᠦ ᠯᠠ ᠪᠠᠶᠢᠪᠠᠯ ᠬᠡᠨ ᠳᠦ᠂ ᠬᠡᠵᠢᠶ᠎ᠡ᠂ ᠬᠠᠮᠢᠭ᠎ᠠ ᠵᠠᠷᠤᠭᠰᠠᠨ ᠨᠢ ᠬᠠᠮᠢᠶ᠎ᠠ ᠦᠭᠡᠢ ᠪᠢᠯᠡ᠃ ᠮᠣᠩᠭᠣᠯᠴᠤᠳ ᠤᠨ ᠬᠤᠪᠢ ᠳᠤ ᠪᠠᠶᠢᠵᠤ ᠪᠣᠯᠤᠮ᠎ᠠ ᠦᠭᠡᠢ ᠮᠡᠲᠦ ᠡᠨᠡ ᠶᠠᠪᠤᠳᠠᠯ ᠳᠤ ᠭᠡᠯᠮᠡᠨ ᠴᠣᠴᠢᠷᠳᠠᠭᠰᠠᠨ ᠬᠢ ᠳᠦ ᠪᠤᠬ᠎ᠠ ᠶᠡᠬᠡᠳᠡ ᠬᠢᠯᠢᠩᠨᠡᠨ ᠨᠣᠶᠠᠨᠲᠠᠨ ᠴᠡᠷᠢᠭ ᠢᠶᠡᠨ ᠠᠪᠴᠤ ᠰᠢᠳᠣᠨ ᠢ ᠪᠥᠰᠡᠯᠡᠨ ᠪᠠᠶᠢᠯᠳᠤᠪᠠ᠃ ᠬᠡᠳᠦᠢ ᠪᠡᠷ 《ᠤᠷᠲᠤ ᠬᠥᠯ ᠳᠦ》 ᠵᠢᠯᠧᠨ ᠪᠠᠯᠠᠮᠠᠳ᠂ ᠵᠢᠷᠤᠮ ᠦᠭᠡᠢ ᠡᠷ᠎ᠡ ᠴᠤ ᠪᠠᠰᠠ ᠡᠷᠡᠯᠬᠡᠭ ᠷ ᠤᠴᠠᠷᠢ ᠪᠠᠶᠢᠵᠤ᠃ ᠬᠣᠲᠠ ᠪᠠᠨ ᠰᠦᠷᠡᠬᠡᠢ ᠬᠠᠮᠠᠭᠠᠯᠠᠵᠤ᠂ ᠡᠴᠦᠰ ᠲᠦ ᠨᠢ ᠣᠶᠢᠷ᠎ᠠ ᠳᠣᠲᠣᠨ ᠤ ᠬᠢᠨ ᠢᠶᠠᠨ ᠠᠪᠬᠤ ᠤᠰᠤᠨ ᠣᠩᠭᠣᠴᠠᠨ ᠳᠤ ᠰᠠᠭᠤᠨ ᠺᠢᠫᠡᠷ ᠦᠨ ᠵᠦᠭ ᠵᠢᠭᠤᠲᠠᠵᠠᠢ᠃ ᠮᠣᠩᠭᠣᠯᠴᠤᠳ ᠲᠤ ᠲᠤᠬᠠᠢ ᠶᠢᠨ ᠦᠶ᠎ᠡ ᠳᠦ ᠤᠰᠤᠨ ᠣᠩᠭᠣᠴᠠ ᠪᠠᠶᠢᠭᠰᠠᠨ ᠦᠭᠡᠢ ᠲᠤᠯᠠ ᠠᠷᠤ ᠠᠴᠠ ᠨᠢ ᠮᠥᠰᠬᠢᠵᠤ ᠴᠢᠳᠠᠭᠰᠠᠨ ᠦᠭᠡᠢ᠂ ᠬᠠᠷᠢᠨ ᠰᠢᠳᠣᠨ ᠢ ᠨᠢ ᠡᠪᠳᠡᠯᠡᠨ ᠰᠦᠢᠳᠬᠡᠵᠦ᠂ ᠭᠠᠯᠳᠠᠨ ᠰᠢᠲᠠᠭᠠᠵᠤ ᠣᠷᠬᠢᠵᠠᠢ᠃ ᠣᠶᠢᠷᠠᠬᠢ ᠳᠣᠷᠣᠨᠠᠲᠤ ᠳᠠᠬᠢ ᠾᠷᠢᠰᠤᠰ ᠤᠨ ᠱᠠᠰᠢᠨ ᠤ ᠨᠢᠭᠡᠨ ᠲᠤᠯᠭᠠᠭᠤᠷᠢ ᠪᠣᠯᠵᠤ ᠠᠰᠠᠨ ᠰᠢᠳᠣᠨ ᠤ ᠦᠨᠡᠰᠦ ᠠᠺᠷᠠ ᠬᠢᠭᠡᠳ ᠲᠤᠷ᠎ᠠ ᠶᠢᠨ ᠪᠠᠷᠤᠨ ᠨᠤᠭᠤᠳ ᠲᠤ ᠲᠠᠭᠠᠯᠠᠭᠳᠠᠭᠰᠠᠨ ᠦᠭᠡᠢ᠃

ᠮᠠᠮᠤᠯᠶᠤᠶᠢᠺ ᠲᠦᠷᠦᠭ ᠦᠳ ᠦᠨ ᠡᠴᠦᠰ ᠦᠨ ᠡᠷᠡᠰ ᠰᠢᠢᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠦᠶ᠎ᠡ ᠳᠦ ᠬᠦᠯᠦᠭ ᠬᠠᠭᠠᠨ ᠤ ᠶᠡᠬᠡᠮᠰᠦᠭ ᠪᠠᠷᠳᠠᠮ ᠦᠭᠡ ᠲᠡᠢ ᠵᠠᠬᠢᠳᠠᠯ ᠬᠦᠯᠢᠶᠡᠨ ᠠᠪᠤᠭᠰᠠᠨ ᠮᠢᠰᠢᠷ ᠣᠷᠣᠨ ᠦᠢᠮᠡᠨ ᠰᠠᠨᠳᠤᠷᠤᠯᠳᠤᠵᠤ ᠪᠠᠶᠢᠪᠠ᠃ ᠬᠦᠯᠢᠭᠦ ᠬᠠᠭᠠᠨ ᠲᠡᠷᠬᠡᠦ ᠵᠠᠬᠢᠳᠠᠯ ᠳᠤ ᠪᠠᠨ 《ᠳᠡᠭᠡᠳᠦ ᠲᠩᠷᠢ ᠶᠢᠨ ᠵᠠᠷᠯᠢᠭ ᠢᠶᠠᠷ ᠮᠣᠩᠭᠣᠯᠴᠤᠳ ᠬᠦᠷᠦᠯᠴᠡᠨ ᠢᠷᠡᠯ᠎ᠡ᠃ ᠪᠢᠳᠡᠨ ᠢ ᠰᠥᠷᠰᠦᠨ ᠪᠦᠬᠦᠨ ᠢ ᠨᠢᠴᠠ ᠳᠠᠷᠤᠨ᠎ᠠ᠂ ᠲᠠ ᠪᠦᠬᠦᠨ ᠳᠦ ᠪᠢᠳᠡᠨ ᠢ ᠡᠰᠡᠷᠭᠦᠴᠡᠭᠡᠳ ᠦᠬᠦᠬᠦ᠂ ᠡᠰᠡᠪᠡᠯ ᠪᠠᠭᠤᠵᠤ ᠥᠭᠬᠦ ᠬᠣᠶᠠᠷᠬᠠᠨ ᠵᠠᠮ ᠪᠤᠢ᠃ ᠵᠢᠭᠤᠳᠠᠨ ᠵᠠᠶᠢᠯᠠᠬᠤ ᠵᠠᠮ ᠪᠠᠶᠢᠬᠤ ᠦᠭᠡᠢ᠂ ᠤᠴᠢᠷ ᠨᠢ ᠲᠩᠷᠢ ᠡᠴᠡ ᠲᠡᠭᠡᠵᠦ ᠵᠢᠭᠠᠭᠰᠠᠨ ᠶᠤᠮ》 ᠭᠡᠵᠡᠢ᠃ ᠮᠥᠨ ᠪᠣᠭᠣᠯ ᠪᠠᠶᠢᠭᠠᠳ ᠡᠵᠡᠨ᠎ᠡ ᠠᠯᠠᠵᠤ᠂ ᠤᠷᠪᠠᠯᠭ᠎ᠠ ᠪᠠᠷ ᠶᠡᠬᠡ ᠰᠠᠭᠤᠳᠠᠯ ᠳᠤ ᠬᠦᠷᠦᠭᠰᠡᠨ ᠰᠤᠯᠲᠠᠨ ᠺᠢᠲᠦᠵᠠ ᠶᠢ ᠮᠠᠮᠤᠯᠶᠤᠶᠢᠺ ᠪᠣᠭᠣᠯ ᠭᠠᠷᠤᠯ ᠲᠠᠢ ᠶᠢ ᠨᠢ ᠳᠤᠷᠠᠳᠴᠤ᠂ ᠪᠣᠭᠣᠯ ᠤᠴᠢᠷ ᠡᠵᠡᠨ ᠦ ᠪᠡᠨ ᠡᠮᠦᠨ᠎ᠡ ᠪᠤᠰᠢᠭᠤ ᠬᠤᠷᠳᠤᠨ ᠨᠢᠭᠦᠯ ᠢᠶᠡᠨ ᠨᠠᠮᠢᠨᠴᠢᠯᠠᠬᠤ ᠶᠢ ᠲᠤᠰᠢᠶᠠᠭᠰᠠᠨ ᠪᠠᠶᠢᠨ᠎ᠠ᠃ ᠺᠢᠲᠦᠵᠠ ᠶᠢᠨ ᠴᠡᠷᠢᠭ ᠦᠨ ᠵᠥᠪᠯᠡᠯ ᠪᠦᠲᠦᠨ ᠳᠣᠯᠣᠭ᠎ᠠ ᠬᠣᠨᠣᠭ ᠬᠤᠷᠠᠯᠳᠤᠵᠤ᠂ ᠪᠠᠭᠤᠵᠤ ᠥᠭᠬᠦ᠂ ᠰᠥᠷᠥᠨ ᠪᠣᠰᠬᠤ ᠡᠰᠡᠬᠦ ᠳᠡᠭᠡᠷ᠎ᠡ ᠰᠠᠨᠠᠯ ᠵᠥᠷᠢᠨ ᠤᠳᠤᠲᠠᠯ᠎ᠠ ᠮᠠᠷᠭᠤᠯᠳᠤᠵᠠᠢ᠃ ᠥᠪᠡᠷ ᠢ ᠪᠡᠨ ᠢᠯᠠᠭᠳᠠᠨ ᠰᠦᠢᠷᠡᠭᠰᠡᠨ ᠬᠣᠷᠧᠽᠮ ᠰᠢᠬ᠎ᠠ ᠶᠢᠨ ᠤᠭᠰᠠᠭᠠᠨ ᠤ ᠬᠦᠮᠦᠨ ᠭᠡᠵᠦ ᠲᠣᠭᠠᠴᠠᠳᠠᠭ ᠺᠢᠲᠦᠵᠡ ᠪᠣᠯᠤᠨ ᠮᠣᠩᠭᠣᠯᠴᠤᠳ ᠲᠤ ᠡᠮᠦᠨ᠎ᠡ ᠨᠢ ᠣᠯᠵᠠᠯᠠᠭᠳᠠᠵᠤ᠂ ᠪᠠᠰᠠ ᠴᠡᠷᠢᠭ ᠲᠦ ᠨᠢ ᠠᠯᠪᠠ ᠬᠠᠭᠠᠵᠤ ᠪᠠᠶᠢᠭᠠᠳ ᠯᠸᠠᠨᠲ ᠷᠤ ᠪᠣᠭᠣᠯ ᠪᠣᠯᠤᠨ ᠵᠠᠷᠤᠭᠳᠠᠵᠤ᠂ ᠲᠦᠮᠡᠨ ᠪᠡᠷᠬᠡ ᠶᠢ ᠲᠤᠭᠤᠯᠵᠤ ᠪᠠᠶᠢᠭᠰᠠᠨ ᠪᠧᠢᠪᠠᠷᠰ ᠨᠠᠷ ᠲᠤᠯᠤᠯᠳᠤᠭᠠᠳ ᠦᠬᠦᠶ᠎ᠡ ᠭᠡᠳᠡᠭ ᠳᠡᠭᠡᠷ᠎ᠡ ᠲᠤᠤᠱᠲᠠᠢ ᠪᠠᠶᠢᠭᠰᠠᠨ ᠪᠠᠶᠢᠨ᠎ᠠ᠃ ᠡᠴᠦᠰ ᠲᠦ ᠨᠢ ᠰᠢᠷ ᠦᠨ ᠵᠠᠷᠢᠮ ᠬᠣᠲᠠ ᠨᠤᠭᠤᠳ ᠪᠠᠭᠤᠵᠤ ᠥᠭᠭᠦᠭᠰᠡᠨ ᠦ ᠳᠠᠷᠠᠭ᠎ᠠ ᠴᠤ ᠮᠣᠩᠭᠣᠯᠴᠤᠳ ᠤᠨ ᠥᠷᠥᠰᠢᠶᠡᠯ ᠡᠨᠡᠷᠢᠯ ᠢ ᠠᠪᠤᠭ᠎ᠠ ᠦᠭᠡᠢ᠂ ᠬᠢᠳᠤᠭᠳᠠᠭᠰᠠᠨ ᠭᠠᠰᠢᠭᠤᠨ ᠲᠡᠦᠬᠡ ᠲᠡᠳᠡᠨ ᠢ ᠨᠢᠭᠡᠨᠲᠡ ᠯᠠ ᠦᠬᠦᠬᠦ ᠡᠴᠡ ᠬᠣᠶᠢᠰᠢ ᠪᠠᠭᠤᠵᠤ ᠥᠭᠴᠦ ᠠᠯᠠᠭᠤᠯᠤᠭᠰᠠᠨ ᠠᠴᠠ ᠰᠡᠯᠡᠮ᠎ᠡ ᠪᠡᠨ ᠪᠠᠷᠢ ᠳᠤ ᠲᠡᠮᠡᠴᠡᠵᠦ ᠪᠠᠶᠢᠭᠠᠳ ᠠᠯᠠᠭᠤᠯᠤᠭᠰᠠᠨ ᠨᠢ ᠳᠡᠭᠡᠷ᠎ᠡ ᠶᠤᠮ ᠭᠡᠰᠡᠨ ᠰᠢᠢᠳᠪᠦᠷᠢ ᠳᠦ ᠬᠦᠷᠭᠡᠵᠡᠢ᠃ ᠮᠣᠩᠭᠣᠯᠴᠤᠳ ᠲᠠᠢ ᠲᠤᠯᠤᠯᠳᠤᠶ᠎ᠠ ᠭᠡᠰᠡᠨ ᠰᠢᠢᠳᠪᠦᠷᠢ ᠳᠦ ᠬᠦᠷᠭᠡᠬᠦ ᠳᠦ ᠠᠺᠷᠠᠭ ᠤᠨ ᠷ ᠤᠴᠠᠷᠢ ᠨᠤᠭᠤᠳ ᠤᠨ ᠢᠯᠡᠭᠡᠭᠰᠡᠨ ᠡᠯᠴᠢ ᠶᠢᠨ ᠮᠡᠳᠡᠭᠡ ᠴᠤ ᠨᠥᠯᠦᠭᠡᠯᠡᠭᠰᠡᠨ ᠪᠢᠵᠡ᠃ ᠮᠣᠩᠭᠣᠯᠴᠤᠳ ᠤᠨ ᠳᠢᠭᠯᠢᠮ ᠳᠦ ᠳᠤᠷᠠᠭᠦᠶᠢᠴᠡᠵᠦ᠂ ᠪᠠᠰᠠ ᠴᠤ ᠳᠡᠭᠡᠷ᠎ᠡ ᠨᠢ ᠵᠢᠯᠧᠨ ᠴᠣᠬᠢᠭᠳᠠᠵᠤ᠂ ᠵᠠᠭᠠᠯᠮᠠᠢ ᠶᠢᠨ ᠰᠢᠳᠣᠨ ᠬᠣᠲᠠ ᠤᠨᠠᠭᠰᠠᠨ ᠳᠤ ᠬᠣᠷᠣᠰᠤᠭᠰᠠᠨ ᠲᠡᠳᠡᠭᠡᠷ ᠪᠠᠷᠠᠨ ᠨᠤᠭᠤᠳ ᠤᠨ ᠡᠯᠴᠢ ᠺᠢᠲᠦᠵᠡᠳ 《ᠾᠷᠢᠰᠲ ᠤᠨ ᠦᠨᠡᠨᠴᠢ ᠵᠠᠷᠤᠴᠠ ᠨᠠᠷ ᠮᠣᠩᠭᠣᠯᠴᠤᠳ ᠲᠠᠢ ᠲᠤᠯᠤᠯᠳᠤᠬᠤ ᠳᠤ᠂ ᠲᠠ ᠪᠦᠬᠦᠨ ᠲᠡᠢ ᠬᠠᠮᠰᠠᠬᠤ ᠳᠤ ᠪᠡᠯᠡᠨ》 ᠭᠡᠰᠡᠨ ᠤᠳᠬ᠎ᠠ ᠲᠠᠢ ᠦᠭᠡ ᠠᠪᠴᠤ ᠣᠴᠢᠵᠠᠢ᠃ ᠣᠯᠵᠠ ᠪᠠᠨ ᠪᠤᠯᠢᠶᠠᠯᠳᠤᠨ ᠬᠡᠮᠯᠡᠯᠳᠦᠬᠦ ᠴᠢᠨᠣ᠎ᠠ᠂ ᠴᠥᠭᠡᠪᠦᠷᠢ ᠬᠣᠶᠠᠷ ᠰᠢᠨ᠎ᠡ ᠢᠷᠡᠭᠰᠡᠨ ᠪᠠᠷᠠᠨ ᠠᠴᠠ ᠣᠯᠵᠠ ᠪᠠᠨ ᠬᠠᠷᠠᠮᠯᠠᠨ ᠬᠠᠮᠲᠤᠷᠠᠵᠤ ᠪᠤᠢ ᠰᠢᠭ ᠯᠠ ᠶᠠᠭᠤᠮ᠎ᠠ ᠪᠣᠯᠵᠤ᠃ ᠮᠠᠮᠤᠯᠶᠤᠶᠢᠺ ᠤᠳ ᠤᠨ ᠣᠯᠠᠩᠬᠢ ᠨᠢ ᠺᠢᠫᠴᠠᠺ᠂ ᠲᠦᠷᠦᠭ ᠤᠭᠰᠠᠭ᠎ᠠ ᠲᠠᠢ᠂ ᠴᠢᠰᠤ ᠬᠠᠯᠠᠭᠤᠨ᠂ ᠣᠷᠭᠢᠯᠤᠭᠤᠨ᠂ ᠳᠠᠶᠢᠨᠴᠢ ᠰᠢᠢᠳᠦᠮᠡᠭ ᠡᠷᠡᠴᠦᠳ ᠪᠠᠶᠢᠪᠠ᠃ ᠲᠡᠷᠡ ᠴᠤ ᠪᠤᠤ ᠬᠡᠯᠡ ᠲᠡᠳᠡᠨ ᠦ ᠳᠣᠲᠣᠷ᠎ᠠ ᠠᠯᠲᠠᠨ ᠣᠷᠳᠣᠨ ᠤ ᠤᠯᠤᠰ ᠠᠴᠠ ᠶᠠᠩᠵᠤ ᠪᠦᠷᠢ ᠶᠢᠨ ᠰᠢᠯᠲᠠᠭᠠᠨ ᠢᠶᠠᠷ ᠳᠦᠷᠪᠡᠵᠦ ᠣᠴᠢᠭᠰᠠᠨ ᠢᠵᠠᠭᠤᠷ ᠤᠨ ᠮᠣᠩᠭᠣᠯᠴᠤᠳ ᠴᠤ ᠪᠠᠶᠢᠯᠴᠠᠭᠰᠠᠨ ᠭᠡᠳᠡᠭ᠃ ᠮᠢᠰᠢᠷ ᠦᠨ ᠬᠠᠮᠤᠭ ᠤᠨ ᠰᠡᠭᠦᠯᠴᠢ ᠶᠢᠨ ᠠᠶᠤᠶᠤᠪᠢᠳ ᠦᠨ ᠬᠠᠲᠤᠨ ᠨᠢ ᠴᠤ ᠮᠥᠨ ᠮᠣᠩᠭᠣᠯ ᠲᠦᠷᠦᠭ ᠭᠠᠷᠪᠠᠯ ᠲᠠᠢ ᠱᠠᠭᠠᠷ ᠲᠤ ᠭᠡᠭᠴᠢ ᠪᠠᠶᠢᠭᠰᠠᠨ ᠠᠵᠢ᠃ ᠢᠩᠭᠢᠭᠡᠳ ᠺᠢᠲᠦᠵᠡ ᠰᠢᠷᠢ᠂ ᠫᠠᠯᠧᠰᠲ᠋ᠠᠨ ᠠᠴᠠ ᠮᠣᠩᠭᠣᠯᠴᠤᠳ ᠤᠨ ᠴᠣᠬᠢᠯᠲᠠ ᠠᠴᠠ ᠵᠢᠭᠤᠳᠠᠵᠤ ᠢᠷᠡᠭᠰᠡᠨ ᠴᠡᠷᠢᠭ ᠦᠳ ᠢᠶᠡᠷ ᠦᠨᠳᠦᠰᠦᠨ ᠬᠦᠴᠦ ᠪᠡᠨ ᠵᠤᠵᠠᠭᠠᠳᠬᠠᠭᠠᠳ ᠮᠣᠩᠭᠣᠯᠴᠤᠳ ᠢ ᠡᠬᠡ ᠨᠤᠲᠤᠭ ᠳᠡᠭᠡᠷ᠎ᠡ ᠪᠡᠨ ᠪᠢᠰᠢ ᠡᠮᠦᠨ᠎ᠡ ᠡᠴᠡ ᠨᠢ ᠲᠣᠰᠴᠢ ᠲᠤᠯᠬᠤ ᠪᠠᠷ ᠺᠠᠷ ᠠᠴᠠ ᠬᠥᠳᠡᠯᠵᠡᠢ᠃ ᠰᠢᠨᠠᠢ ᠶᠢᠨ ᠴᠥᠯ ᠢ ᠲᠤᠭᠤᠯᠵᠤ᠂ ᠭᠠᠰ ᠷᠤ ᠣᠷᠣᠵᠤ ᠢᠷᠡᠬᠦ ᠳᠦ ᠲᠡᠨᠳᠡ ᠪᠠᠶᠢᠳᠠᠷ ᠨᠣᠶᠠᠨ ᠤ ᠤᠳᠤᠷᠢᠳᠤᠭᠰᠠᠨ ᠬᠢ ᠳᠦ ᠪᠤᠬ᠎ᠠ ᠶᠢᠨ ᠲᠣᠯᠣᠭᠠᠢ ᠶᠢᠨ ᠰᠡᠷᠭᠡᠶᠢᠯᠡᠬᠦ ᠠᠩᠭᠢ ᠬᠦᠯᠢᠶᠡᠵᠦ ᠪᠠᠶᠢᠪᠠ᠃ ᠳᠠᠩᠴᠢᠭ ᠴᠥᠭᠡᠭᠦᠯᠡ ᠪᠡᠨ ᠪᠠᠶᠢᠭᠰᠠᠨ ᠪᠠᠶᠢᠳᠠᠷ ᠤᠨ ᠴᠡᠷᠢᠭ ᠢ ᠬᠣᠷᠣᠮᠬᠠᠨ ᠵᠠᠭᠤᠷ᠎ᠠ ᠨᠥᠮᠥᠷᠦᠨ ᠠᠪᠴᠤ ᠴᠣᠬᠢᠨ᠂ ᠴᠥᠭᠡᠬᠡᠨ ᠴᠤ ᠪᠣᠯᠤᠭᠰᠠᠨ ᠮᠣᠩᠭᠣᠯ ᠢ ᠢᠯᠠᠭᠰᠠᠨ ᠳᠤ ᠪᠠᠨ ᠮᠠᠮᠤᠯᠶᠤᠶᠢᠺ ᠤᠳ ᠤᠨ ᠳᠠᠶᠢᠨ ᠤ ᠤᠷᠮ᠎ᠠ ᠵᠣᠷᠢᠭ ᠨᠢ ᠪᠠᠭ᠎ᠠ ᠴᠤ ᠠᠲᠤᠭᠠᠢ ᠰᠡᠷᠭᠦᠵᠡᠢ᠃ ᠪᠠᠯᠪᠧᠺᠲ ᠪᠠᠶᠢᠭᠰᠠᠨ ᠬᠢ ᠳᠦ ᠪᠤᠬ᠎ᠠ ᠨᠣᠶᠠᠨ ᠮᠠᠮᠤᠯᠶᠤᠶᠢᠺ ᠲᠦᠷᠦᠭ ᠦᠳ ᠰᠢᠨᠠᠢ ᠶᠢᠨ ᠴᠥᠯ ᠢ ᠭᠠᠲᠤᠯᠤᠨ ᠭᠠᠰ ᠲᠤ ᠣᠷᠣᠵᠤ ᠢᠷᠡᠵᠦ ᠪᠤᠢ ᠮᠡᠳᠡᠭᠡ ᠶᠢ ᠪᠠᠶᠢᠳᠠᠷ ᠠᠴᠠ ᠬᠦᠯᠢᠶᠡᠨ ᠠᠪᠤᠭᠠᠳ ᠴᠡᠷᠢᠭ ᠢᠶᠡᠨ ᠵᠢᠭ᠌ᠰᠠᠭᠠᠨ ᠶᠠᠭᠠᠷᠠᠪᠴᠢᠯᠠᠨ ᠲᠣᠰᠴᠠᠢ᠃ ᠲᠡᠷᠡᠪᠡᠷ ᠨᠠᠵᠢᠷ ᠲᠦ ᠬᠦᠷᠴᠦ᠂ ᠲᠡᠨᠳᠡ ᠡᠴᠡ ᠪᠡᠨ ᠲᠤᠩᠭᠠᠯᠠᠭ ᠪᠤᠯᠠᠭ ᠤᠷᠤᠰᠤᠭᠰᠠᠨ᠂ ᠠᠭᠲᠠ ᠮᠣᠷᠢᠨ ᠤ ᠪᠡᠯᠴᠢᠭᠡᠷ ᠰᠠᠶᠢᠲᠠᠢ ᠠᠶᠤᠨ-ᠵᠢᠯ ᠤᠨᠳ ᠢ ᠰᠣᠩᠭᠣᠨ ᠠᠪᠴᠤ ᠮᠠᠮᠤᠯᠶᠤᠶᠢᠺ ᠤᠳ ᠢ ᠲᠡᠨᠳᠡ ᠲᠣᠰᠤᠨ ᠴᠣᠬᠢᠬᠤ ᠪᠠᠷ ᠬᠦᠯᠢᠶᠡᠪᠡ᠃ ᠬᠢᠲᠦ ᠪᠤᠬ᠎ᠠ ᠨᠣᠶᠠᠨ ᠭᠠᠰ ᠤᠨ ᠪᠠᠷᠠᠭᠤᠨ ᠡᠷᠭᠢ ᠮᠠᠮᠤᠯᠶᠤᠶᠢᠺ ᠤᠳ ᠲᠠᠢ ᠶᠠᠰᠤᠨ ᠤ ᠳᠠᠶᠢᠰᠤᠩᠨᠠᠭᠴᠢ ᠾᠷᠢᠰᠲ ᠤᠨ ᠷ ᠤᠴᠠᠷᠢ ᠨᠤᠭᠤᠳ ᠤᠨ ᠡᠵᠡᠮᠰᠢᠯ ᠳᠦ ᠪᠤᠢ ᠲᠤᠯᠠ ᠺᠢᠲᠦᠵᠡ ᠶᠠᠭᠠᠬᠢᠭᠠᠳ ᠴᠤ ᠪᠠᠷᠠᠭᠤᠨ ᠡᠷᠭᠢᠭᠡᠳ ᠶᠠᠪᠤᠬᠤ ᠦᠭᠡᠢ᠂ ᠲᠡᠳᠡ ᠵᠥᠪᠬᠡᠨ ᠰᠢᠨᠠᠢ ᠶᠢᠨ ᠴᠥᠯ ᠢ ᠬᠠᠯᠵᠠ ᠲᠤᠭᠤᠯᠬᠤ ᠪᠠ ᠴᠥᠯ ᠦᠨ ᠵᠠᠬ᠎ᠠ ᠳᠤ ᠪᠠᠶᠢᠬᠤ ᠡᠨᠡᠬᠦ ᠤᠰᠤ᠂ ᠪᠡᠯᠴᠢᠭᠡᠷ ᠲᠡᠢ ᠭᠠᠵᠠᠷ ᠢ ᠵᠣᠷᠢᠬᠤ ᠪᠣᠯᠤᠨ᠎ᠠ᠂ ᠴᠥᠯ ᠢ ᠲᠤᠭᠤᠯᠵᠤ᠂ ᠠᠭᠲᠠ ᠮᠣᠷᠢᠳ ᠨᠢ ᠰᠤᠯᠢᠳᠠᠭᠰᠠᠨ ᠪᠠᠶᠢᠨ᠎ᠠ ᠭᠡᠵᠦ ᠲᠣᠭᠠᠴᠠᠭᠠᠯᠠᠵᠠᠢ᠃ ᠥᠭᠡᠷ᠎ᠡ ᠬᠡᠨ ᠴᠤ ᠪᠠᠶᠢᠭᠰᠠᠨ ᠢᠩᠭᠢᠵᠦ ᠯᠠ ᠲᠣᠭᠠᠴᠠᠬᠤ ᠪᠣᠯᠤᠨ᠎ᠠ᠃ ᠠᠭᠲᠠ ᠮᠣᠷᠢᠨ ᠤ ᠲᠤᠭᠤᠯᠬᠤ ᠴᠢᠳᠠᠪᠤᠷᠢ ᠭᠡᠳᠡᠭ ᠴᠡᠷᠢᠭ ᠠᠷᠮᠢ ᠶᠢᠨ ᠬᠤᠪᠢ ᠵᠠᠶᠠᠭ᠎ᠠ ᠶᠢ ᠭᠣᠣᠯᠯᠠᠨ ᠰᠢᠢᠳᠴᠦ ᠪᠠᠶᠢᠭᠰᠠᠨ ᠦᠶ᠎ᠡ ᠪᠢᠯᠡ᠃ ᠲᠡᠷᠬᠡᠦ ᠠᠶᠤᠨ-ᠵᠢᠯ ᠤᠨᠳ ᠨᠢ ᠮᠣᠩᠭᠣᠯ ᠤᠨ ᠮᠣᠷᠢᠲᠤ ᠠᠷᠮᠢ ᠶᠢᠨ ᠬᠤᠪᠢ ᠳᠤ ᠴᠡᠷᠢᠭ ᠢᠶᠡᠨ ᠳᠡᠯᠬᠡᠨ ᠪᠠᠶᠢᠷᠢᠯᠠᠭᠤᠯᠵᠤ ᠪᠠᠶᠢᠯᠳᠤᠬᠤ ᠳᠤ ᠵᠡᠭᠦᠨ ᠵᠢᠭᠦᠷ ᠢ ᠨᠢ ᠠᠤᠯᠠᠯᠠᠰ ᠬᠠᠮᠠᠭᠠᠯᠠᠵᠤ᠂ ᠪᠠᠷᠠᠭᠤᠨ ᠪᠣᠯᠤᠨ ᠲᠥᠪ ᠬᠡᠰᠡᠭ ᠢᠶᠡᠷ ᠢᠶᠡᠨ ᠨᠠᠮᠬᠠᠨ ᠲᠣᠯᠣᠭᠠᠳ ᠲᠠᠢ ᠨᠢ ᠶᠠᠩᠵᠤ ᠪᠦᠷᠢ ᠶᠢᠨ ᠮᠠᠨᠧᠸᠷ ᠬᠢᠬᠦ ᠳᠦ ᠨᠡᠩ ᠲᠣᠬᠢᠷᠠᠮᠵᠢᠲᠠᠢ ᠭᠠᠵᠠᠷ ᠪᠠᠶᠢᠴᠠᠢ᠃ ᠬᠠᠷᠢᠨ ᠡᠨᠡ ᠵᠠᠪᠰᠠᠷ ᠺᠢᠲᠦᠵᠡ ᠲᠡᠢ ᠠᠺᠷᠠᠭ ᠤᠨ ᠷ ᠤᠴᠠᠷ ᠤᠳ ᠬᠣᠯᠪᠣᠭ᠎ᠠ ᠪᠠᠷᠢᠵᠤ᠂ ᠲᠡᠳᠡᠨ ᠢ ᠠᠺᠷᠠᠭ ᠤᠨ ᠴᠠᠶᠢᠵᠠ ᠶᠢᠨ ᠢᠶᠠᠨ ᠳᠡᠷᠭᠡᠳᠡ ᠲᠣᠰᠴᠢ᠂ ᠴᠡᠷᠢᠭ ᠠᠷᠮᠢ ᠶᠢ ᠨᠢ ᠠᠮᠠᠷᠠᠭᠠᠵᠤ᠂ ᠵᠠᠩᠵᠤᠳ᠂ ᠰᠤᠯᠲᠠᠨ ᠨᠤᠭᠤᠳ ᠢ ᠨᠢ ᠴᠠᠶᠢᠯᠠᠵᠤ ᠳᠠᠶᠢᠯᠠᠭᠠᠳ ᠵᠣᠭᠰᠣᠬᠤ ᠦᠭᠡᠢ ᠮᠥᠨᠥᠬᠢ ᠳᠡᠭᠡᠷᠡᠮᠳᠡᠭᠰᠡᠨ ᠬᠢᠲᠦ ᠪᠤᠬ᠎ᠠ ᠶᠢᠨ ᠴᠡᠷᠢᠭ ᠦᠨ ᠨᠥᠭᠡᠴᠡ ᠠᠭᠲᠠ ᠶᠢ ᠥᠨᠳᠥᠷ ᠦᠨ᠎ᠡ ᠪᠡᠷ ᠬᠤᠳᠠᠯᠳᠤᠵᠠᠢ᠃ ᠲᠡᠭᠡᠭᠡᠳ ᠵᠣᠭᠰᠣᠬᠤ ᠦᠭᠡᠢ ᠬᠡᠷᠪᠡ ᠮᠣᠩᠭᠣᠯᠴᠤᠳ ᠢ ᠢᠯᠠᠭᠰᠠᠨ ᠲᠣᠬᠢᠶᠠᠯᠳᠤᠯ ᠳᠤ ᠲᠡᠳᠡᠨ ᠦ ᠠᠭᠲᠠ ᠶᠢ ᠡᠷᠭᠢᠭᠦᠯᠦᠭᠡᠳ ᠬᠢᠮᠳᠠ ᠦᠨ᠎ᠡ ᠪᠡᠷ ᠬᠤᠳᠠᠯᠳᠤᠵᠤ ᠠᠪᠬᠤ ᠶᠠᠷᠢᠶ᠎ᠠ ᠬᠡᠯᠡᠴᠡ ᠪᠡᠨ ᠴᠤ ᠬᠢᠭᠰᠡᠨ ᠭᠡᠳᠡᠭ᠃ ᠡᠶᠢᠨᠬᠦᠦ ᠮᠣᠩᠭᠣᠯᠴᠤᠳ ᠤᠨ ᠬᠤᠪᠢ ᠳᠤ ᠣᠭᠲᠣᠬᠠᠨ ᠴᠤ ᠲᠥᠰᠥᠭᠡᠯᠡᠭᠡ ᠦᠭᠡᠢ ᠦᠢᠯᠡ ᠶᠠᠪᠤᠳᠠᠯ ᠪᠣᠯᠪᠠ᠃ ᠬᠢ ᠳᠦ ᠪᠤᠬ᠎ᠠ ᠨᠣᠶᠠᠨ ᠷ ᠤᠴᠠᠷᠢ ᠪᠠᠷᠤᠨ ᠨᠤᠭᠤᠳ ᠢ ᠣᠯᠵᠠᠨ ᠤ ᠲᠥᠯᠥᠭᠡ ᠬᠣᠯᠪᠣᠭᠠᠲᠠᠨ ᠤ ᠪᠠᠨ ᠮᠣᠷᠢ ᠶᠢ ᠬᠤᠯᠠᠭᠠᠶᠢᠯᠠᠵᠤ᠂ ᠳᠡᠭᠡᠷᠡᠮᠳᠡᠵᠦ ᠪᠣᠯᠳᠠᠭ᠎ᠠ ᠶᠢ ᠴᠦᠦ ᠠᠢ ᠭᠡᠵᠦ ᠨᠢᠭᠡ ᠤᠬᠠᠭᠠᠷᠠᠭᠰᠠᠨ ᠴᠤ ᠬᠠᠷᠢᠨ ᠥᠴᠥᠬᠡᠨ ᠣᠯᠵᠠᠨ ᠤ ᠲᠥᠯᠥᠭᠡ ᠳᠠᠶᠢᠰᠤᠨ ᠲᠠᠢ ᠪᠠᠨ ᠨᠢᠭᠡ ᠡᠪᠦᠷ ᠲᠦᠷᠡᠶᠢᠨ ᠳᠦ ᠣᠷᠣᠵᠤ᠂ ᠬᠣᠯᠪᠣᠭᠠᠲᠠᠨ ᠤ ᠪᠠᠨ ᠠᠷᠤ ᠠᠴᠠ ᠬᠢᠲᠤᠭ᠎ᠠ ᠰᠢᠭᠠᠳᠠᠭ ᠭᠡᠵᠦ ᠣᠭᠲᠣᠬᠠᠨ ᠴᠤ ᠲᠥᠰᠥᠭᠡᠯᠡᠭᠡ ᠦᠭᠡᠢ᠂ ᠢᠷᠦᠭᠡᠰ ᠮᠣᠩᠭᠣᠯᠴᠤᠳ ᠤᠨ ᠬᠤᠪᠢ ᠳᠤ ᠲᠡᠶᠢᠮᠦ ᠤᠪᠢᠭ᠎ᠠ ᠦᠭᠡᠢ ᠤᠷᠪᠠᠯᠭ᠎ᠠ ᠰᠠᠨᠠᠭᠠᠨ ᠳᠤ ᠨᠢ ᠴᠤ ᠪᠠᠭᠠᠳᠬᠤ ᠦᠭᠡᠢ ᠪᠠᠶᠢᠭᠰᠠᠨ ᠨᠢ ᠲᠡᠦᠬᠡᠨ ᠦᠢᠯᠡ ᠶᠠᠪᠤᠳᠠᠯ ᠳᠤ ᠰᠢᠢᠳᠪᠦᠷᠢᠯᠡᠬᠦ ᠡᠭᠦᠷᠭᠡ ᠭᠦᠢᠴᠡᠳᠭᠡᠵᠡᠢ᠃ ᠠᠺᠷᠠ᠂ ᠲᠤᠷ᠎ᠠ ᠶᠢᠨ ᠪᠠᠷᠠᠨ ᠨᠤᠭᠤᠳ ᠤᠨ ᠡᠨᠡᠬᠦ ᠤᠷᠪᠠᠯᠭ᠎ᠠ ᠶᠢ ᠤᠪᠢᠭ᠎ᠠ ᠦᠭᠡᠢ ᠰᠢᠨᠵᠢ ᠶᠢ ᠯᠠ᠃ᠭᠤᠮᠢᠯᠧᠸ ᠶᠡᠬᠡᠳᠡ ᠡᠭᠳᠡᠭᠦᠴᠡᠨ ᠪᠢᠴᠢᠭᠰᠡᠨ ᠨᠢ ᠰᠢᠳᠤᠷᠭᠤ ᠶᠣᠰᠣᠨ ᠳᠤ ᠨᠡᠶᠢᠴᠡᠨ᠎ᠡ᠃ ᠢᠩᠭᠢᠭᠡᠳ ᠠᠭᠲᠠ ᠮᠣᠷᠢᠳ ᠢᠶᠠᠨ ᠰᠡᠯᠪᠢᠵᠦ᠂ ᠬᠣᠭᠣᠯᠠ ᠬᠦᠨᠡᠰᠦ ᠪᠡᠨ ᠪᠠᠵᠠᠭᠠᠵᠤ᠂ ᠰᠡᠷᠭᠦᠵᠦ ᠠᠪᠤᠭᠰᠠᠨ ᠮᠠᠮᠤᠯᠶᠤᠶᠢᠺ ᠤᠳ ᠢ ᠠᠶᠤᠨ-ᠵᠢᠯ ᠤᠨᠳ ᠲᠤ ᠢᠷᠡᠬᠦ ᠳᠦ ᠬᠢᠲᠦ ᠪᠤᠬ᠎ᠠ ᠨᠣᠶᠠᠨ ᠨᠥᠭᠡᠴᠡ ᠠᠭᠲᠠ ᠦᠭᠡᠢ ᠶᠢᠨ ᠳᠡᠭᠡᠷ᠎ᠡ ᠪᠠᠯᠪᠧᠺ ᠠᠴᠠ ᠪᠠᠭ᠎ᠠ ᠦᠭᠡᠢ ᠬᠣᠯᠠ ᠠᠶᠠᠨ ᠲᠤᠭᠤᠯᠵᠤ ᠢᠷᠡᠭᠡᠳ ᠴᠡᠷᠢᠭ ᠠᠭᠲᠠ ᠪᠠᠨ ᠬᠠᠩᠭᠠᠯᠲᠠ ᠲᠠᠢ ᠠᠮᠠᠷᠠᠭᠠᠵᠤ ᠴᠤ ᠠᠮᠵᠢᠭ᠎ᠠ ᠦᠭᠡᠢ ᠪᠠᠶᠢᠴᠠᠢ᠃

ᠠᠮᠢ ᠥᠷᠢᠰᠦᠭᠰᠡᠨ ᠲᠤᠯᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠯᠤᠯᠳᠤᠭᠠᠨ 1260 ᠣᠨ ᠤ 9 ᠳᠦᠭᠡᠷ ᠰᠠᠷ᠎ᠠ ᠶᠢᠨ 3 ᠍ ᠤ ᠦᠦᠷ ᠢᠶᠡᠷ ᠡᠬᠢᠯᠡᠵᠡᠢ᠃ ᠵᠠᠷᠢᠮ ᠲᠡᠦᠬᠡᠴᠢᠳ ᠡᠬᠢᠯᠡᠵᠦ ᠺᠢᠲᠦᠵᠡ ᠮᠣᠩᠭᠣᠯᠴᠤᠳ ᠲᠠᠢ ᠲᠤᠯᠵᠤ᠂ ᠶᠡᠬᠡᠳᠡ ᠴᠣᠬᠢᠭᠳᠠᠨ ᠤᠬᠤᠷᠢᠭᠰᠠᠨ ᠪᠠ ᠪᠧᠢᠪᠠᠷᠰ ᠴᠡᠷᠢᠭ ᠢᠶᠡᠨ ᠠᠪᠤᠨ ᠣᠲᠣᠭᠠᠨ ᠳᠤ ᠪᠠᠶᠢᠭᠰᠠᠨ ᠭᠠᠵᠠᠷ ᠯᠤᠤ ᠮᠣᠩᠭᠣᠯᠴᠤᠳ ᠢ ᠳᠠᠭᠠᠭᠤᠯᠵᠤ ᠣᠴᠢᠭᠰᠠᠨ᠂ ᠢᠩᠭᠢᠭᠡᠳ ᠮᠣᠩᠭᠣᠯᠴᠤᠳ ᠢ ᠬᠣᠶᠠᠷ ᠲᠠᠯ᠎ᠠ ᠠᠴᠠ ᠨᠢ ᠪᠦᠰᠡᠯᠡᠵᠦ ᠢᠯᠠᠭᠰᠠᠨ ᠭᠡᠳᠡᠭ᠃ ᠠᠽᠢᠶ᠎ᠠᠧᠦ᠋ᠷᠣᠫᠠᠣᠳᠣ ᠮᠣᠩᠭᠣᠯᠴᠤᠳ ᠤᠨ ᠣᠯᠠᠨᠲᠠ ᠬᠡᠷᠡᠭᠯᠡᠵᠦ ᠪᠠᠶᠢᠭᠰᠠᠨ᠂ ᠲᠤᠬᠠᠶᠢᠯᠠᠪᠠᠯ 1217 ᠣᠨ ᠳᠤ ᠵᠡᠪᠡ ᠨᠣᠶᠠᠨ ᠹᠧᠷᠭᠠᠨ ᠳᠤ ᠬᠣᠷᠧᠽᠮ ᠤᠨ ᠰᠢᠬ᠎ᠠ ᠶᠢᠨ ᠡᠰᠡᠷᠡᠭ᠂ 1221 ᠣᠨ ᠳᠤ ᠵᠡᠪᠡ ᠰᠦᠪᠡᠭᠡᠳᠡᠢ ᠬᠣᠶᠠᠷ ᠺᠦ᠋ᠷᠠ ᠭᠣᠣᠯ ᠳᠤ ᠭᠦᠷᠴᠢ ᠶᠢᠨ ᠷ ᠤᠴᠠᠷᠢ ᠨᠤᠭᠤᠳ ᠤᠨ ᠡᠰᠡᠷᠡᠭ᠂ 1223 ᠣᠨ ᠳᠤ ᠺᠠᠯᠺ ᠭᠣᠣᠯ ᠤᠨ ᠬᠥᠪᠡᠭᠡᠨ ᠳᠤ ᠣᠷᠣᠰ ᠤᠨ ᠸᠠᠩᠭ᠎ᠠ ᠨᠤᠭᠤᠳ ᠤᠨ ᠨᠢᠭᠡᠳᠦᠭᠰᠡᠨ ᠠᠷᠮᠢ ᠶᠢᠨ ᠡᠰᠡᠷᠡᠭ᠂ 1241 ᠣᠨ ᠳᠤ ᠯᠢᠭᠨᠢᠼ ᠲᠦ ᠪᠠᠶᠢᠳᠠᠷ᠂ ᠬᠠᠳᠠᠭᠠᠨ ᠨᠠᠷ II ᠬᠧᠨ᠋ᠷᠢ ᠸᠠᠩ ᠤᠨ ᠤᠳᠤᠷᠢᠳᠤᠭᠰᠠᠨ ᠧᠦ᠋ᠷᠣᠫᠠ ᠶᠢᠨ ᠨᠢᠭᠡᠳᠦᠭᠰᠡᠨ ᠠᠷᠮᠢ᠂ ᠱᠶᠤᠣ ᠭᠣᠣᠯ ᠤᠨ ᠡᠷᠭᠢ ᠳᠦ ᠰᠦ᠋ᠪᠥᠳᠡᠢ᠂ ᠪᠠᠲᠤᠬᠠᠭᠠᠨ ᠨᠠᠷ ᠬᠠᠩᠭᠠᠷᠢ ᠶᠢᠨ VI ᠪᠧᠯ ᠸᠠᠩ ᠤᠨ ᠡᠰᠡᠷᠬᠦ ᠠᠮᠵᠢᠯᠲᠠᠲᠠᠢ ᠬᠡᠷᠡᠭᠯᠡᠭᠰᠡᠨ ᠣᠲᠣᠨ ᠪᠠᠶᠢᠯᠳᠤᠭᠠᠨ ᠤ ᠤᠯᠠᠮᠵᠢᠯᠠᠯᠲᠤ ᠠᠷᠭ᠎ᠠ ᠶᠢ ᠮᠠᠮᠤᠯᠶᠤᠶᠢᠺ ᠲᠦᠷᠦᠭ ᠦᠳ ᠮᠣᠩᠭᠣᠯᠴᠤᠳ ᠤᠨ ᠥᠪᠡᠷᠰᠡᠳ ᠦᠨ ᠬᠢ ᠨᠢ ᠡᠰᠡᠷᠬᠦ ᠠᠩᠬ᠎ᠠ ᠤᠳᠠᠭ᠎ᠠ ᠠᠮᠵᠢᠯᠲᠠᠲᠠᠢ ᠬᠡᠷᠡᠭᠯᠡᠭᠰᠡᠨ ᠭᠡᠵᠦ ᠦᠵᠡᠳᠡᠭ ᠪᠠᠶᠢᠨ᠎ᠠ᠃ ᠪᠦᠲᠦᠨ ᠵᠢᠷᠠᠨ ᠤ ᠲᠤᠷᠰᠢ ᠠᠽᠢᠶ᠎ᠠ-ᠧᠦ᠋ᠷᠣᠫᠠ ᠶᠢ ᠳᠣᠩᠰᠣᠯᠭᠠᠭᠰᠠᠨ ᠮᠣᠩᠭᠣᠯ ᠤᠨ ᠮᠣᠷᠢᠲᠤ ᠴᠡᠷᠢᠭ ᠦᠨ ᠲᠠᠺᠲ᠋ᠢᠺ ᠢ ᠡᠨᠡ ᠵᠠᠭᠤᠷ᠎ᠠ ᠳᠠᠶᠢᠰᠤᠨ ᠨᠤᠭᠤᠳ ᠨᠢ ᠬᠠᠩᠭᠠᠯᠲᠠᠲᠠᠢ ᠰᠤᠳᠤᠯᠵᠤ ᠮᠡᠳᠡᠭᠰᠡᠨ ᠨᠢ ᠲᠣᠳᠣᠷᠬᠠᠢ ᠶᠢᠨ ᠳᠡᠭᠡᠷ᠎ᠡ ᠮᠣᠩᠭᠣᠯ ᠤᠨ ᠠᠷᠮᠢ ᠳᠤ ᠠᠯᠪᠠ ᠬᠠᠭᠠᠵᠤ ᠪᠠᠶᠢᠭᠰᠠᠨ ᠠᠪᠢᠶᠠᠰᠯᠢᠭ ᠪᠧᠢᠪᠠᠷᠰ ᠵᠠᠩᠵᠤᠨ ᠤᠭ ᠠᠷᠭ᠎ᠠ ᠶᠢ ᠮᠣᠩᠭᠣᠯᠴᠤᠳ ᠠᠴᠠ ᠮᠠᠰᠢ ᠰᠠᠶᠢᠨ ᠰᠤᠷᠤᠯᠴᠠᠭᠰᠠᠨ ᠪᠠᠶᠢᠬᠤ ᠲᠠᠯ᠎ᠠ ᠪᠤᠢ᠃ ᠬᠠᠷᠢᠨ ᠢᠰᠷᠢᠠᠯ ᠤᠨ ᠲᠡᠦᠬᠡᠴᠢ ᠷᠸᠧᠨ ᠠᠮᠢ ᠲᠠᠢ ᠠᠩᠬᠠᠯᠠᠨ ᠪᠢᠪᠠᠷᠰ ᠮᠣᠩᠭᠣᠯᠴᠤᠳ ᠲᠠᠢ ᠲᠤᠯᠤᠭᠰᠠᠨ ᠭᠡᠵᠡᠢ᠃ ᠶᠠᠭᠤᠲᠠᠢ ᠴᠤ ᠬᠦᠴᠦᠨ ᠦ ᠬᠠᠷᠢᠴᠠᠭ᠎ᠠ ᠪᠠᠭ᠎ᠠ ᠳᠤ ᠪᠠᠨ ᠬᠣᠶᠠᠷ᠂ ᠶᠡᠬᠡ ᠳᠤ ᠪᠡᠨ 10 ᠳᠠᠬᠢᠨ ᠶᠡᠬᠡ ᠵᠥᠷᠢᠶᠡᠲᠡᠢ ᠪᠠᠶᠢᠭᠰᠠᠨ ᠴᠤ ᠤᠷᠢᠳ ᠡᠮᠦᠨ᠎ᠡ ᠢᠯᠠᠭᠳᠠᠯ ᠭᠡᠭᠡᠴᠢ ᠶᠢ ᠣᠭᠲᠣᠬᠠᠨ ᠴᠤ ᠠᠮᠰᠠᠵᠤ ᠦᠵᠡᠭᠡ ᠦᠭᠡᠢ᠂ ᠢᠯᠠᠭᠳᠠᠯ ᠤᠨ ᠲᠤᠬᠠᠢ ᠣᠶᠢᠯᠠᠭᠠᠯᠲᠠ ᠴᠤ ᠪᠠᠶᠢᠬᠤ ᠦᠭᠡᠢ ᠮᠣᠩᠭᠣᠯᠴᠤᠳ ᠥᠪᠡᠷᠰᠡᠳ ᠲᠦ ᠪᠡᠨ ᠳᠠᠩ ᠴᠢᠭ ᠶᠡᠬᠡ ᠢᠲᠡᠭᠡᠯ ᠲᠡᠢ ᠪᠠᠶᠢᠵᠤ᠃ ᠴᠢᠩᠭᠢᠰ ᠬᠠᠭᠠᠨ ᠪᠣᠯᠤᠨ ᠲᠡᠭᠦᠨ ᠢ ᠵᠠᠯᠭᠠᠮᠵᠢᠯᠠᠭᠴᠢᠳ ᠤᠨ ᠠᠶᠠᠨ ᠳᠠᠶᠢᠨ ᠤ ᠲᠡᠦᠬᠡᠨ ᠳᠦ ᠮᠣᠩᠭᠣᠯᠴᠤᠳ ᠢᠮᠠᠭᠲᠠ ᠥᠪᠡᠷᠰᠡᠳ ᠡᠴᠡ ᠪᠡᠨ ᠢᠯᠡᠭᠦᠦ ᠬᠦᠴᠦᠲᠡᠢ᠂ ᠵᠠᠷᠢᠮ ᠲᠣᠬᠢᠶᠠᠯᠳᠤᠯ ᠳᠤ ᠪᠦᠷ ᠬᠡᠳᠦ ᠳᠠᠬᠢᠨ ᠶᠡᠬᠡ ᠬᠦᠴᠢᠲᠡᠢ ᠳᠠᠶᠢᠰᠤᠨ ᠲᠠᠢ ᠲᠤᠯᠤᠯᠳᠤᠵᠤ᠂ ᠢᠮᠠᠭᠲᠠ ᠢᠯᠠᠵᠤ ᠳᠡᠶᠢᠯᠵᠦ ᠢᠷᠡᠭᠰᠡᠨ ᠲᠤᠯᠠ ᠬᠢ ᠳᠦ ᠪᠤᠬ᠎ᠠ ᠪᠣᠯᠤᠨ ᠮᠣᠩᠭᠣᠯ ᠳᠠᠶᠢᠴᠢᠳ ᠤᠨ ᠬᠤᠪᠢ ᠳᠤ ᠮᠠᠮᠤᠯᠶᠤᠶᠢᠺ ᠲᠦᠷᠦᠭ ᠦᠳ ᠦᠨ ᠴᠡᠷᠢᠭ ᠦᠨ ᠲᠣᠭ᠎ᠠ ᠨᠢᠭᠡ ᠶᠡᠬᠡ ᠰᠣᠨᠢᠨ ᠪᠠᠶᠢᠭ᠎ᠠ ᠦᠭᠡᠢ ᠨᠢ ᠯᠠᠪᠲᠠᠢ᠃ ᠢᠩᠭᠢᠭᠡᠳ ᠮᠣᠩᠭᠣᠯ ᠳᠠᠶᠢᠴᠢᠳ ᠤᠨ ᠭᠠᠨᠢ ᠭᠠᠯᠵᠠᠭᠤ ᠳᠣᠪᠲᠣᠯᠭᠠᠨ ᠡᠬᠢᠯᠡᠵᠦ᠂ ᠡᠬᠢᠨ ᠳᠦ ᠪᠡᠨ ᠪᠧᠢᠪᠠᠷᠰ ᠪᠠᠷᠤᠭ ᠣᠯᠵᠠᠯᠠᠭᠳᠠᠬᠤ ᠰᠢᠬᠠᠵᠠᠢ᠃ ᠮᠣᠩᠭᠣᠯᠴᠤᠳ ᠤᠨ ᠪᠠᠷᠠᠭᠤᠨ ᠵᠢᠭᠦᠷ ᠦᠨ ᠴᠡᠷᠢᠭ ᠮᠠᠮᠤᠯᠶᠤᠶᠢᠺ ᠦᠳ ᠦᠨ ᠵᠡᠭᠦᠨ ᠵᠢᠭᠦᠷ ᠦᠨ ᠬᠤᠮᠢᠨ ᠴᠣᠬᠢᠵᠤ᠂ ᠲᠡᠳᠡᠨ ᠢ ᠵᠢᠭᠤᠳᠠᠬᠤ ᠳᠤ ᠬᠦᠷᠭᠡᠵᠡᠢ᠃ ᠺᠢᠲᠦᠵᠡ᠂ ᠪᠧᠢᠪᠠᠷᠰ ᠬᠣᠶᠠᠷ ᠶᠡᠬᠡᠬᠡᠨ ᠴᠢᠷᠮᠠᠶᠢᠯᠲᠠ ᠭᠠᠷᠭᠠᠨ ᠪᠠᠶᠢᠵᠤ ᠵᠠᠳᠠᠷᠠᠭᠰᠠᠨ ᠴᠡᠷᠢᠭ ᠦᠨ ᠢᠶᠡᠨ ᠵᠢᠭ᠌ᠰᠠᠭᠠᠯ ᠢ ᠳᠠᠬᠢᠨ ᠴᠡᠭᠴᠡᠯᠡᠵᠦ ᠡᠷᠭᠢᠨ ᠰᠥᠷᠭᠦ ᠳᠠᠭᠠᠷᠢᠯᠲᠠ ᠬᠢᠭᠰᠡᠨ ᠪᠣᠯᠪᠠᠴᠤ ᠮᠣᠩᠭᠣᠯᠴᠤᠳ ᠤᠨ ᠮᠣᠬᠣᠰᠢ ᠦᠭᠡᠢ ᠵᠣᠷᠢᠭ ᠲᠡᠳᠡᠨ ᠦ ᠰᠥᠷᠭᠦ ᠳᠠᠭᠠᠷᠢᠯᠲᠠ ᠶᠢ ᠨᠢᠴᠤᠭᠠᠨ᠂ ᠳᠠᠬᠢᠨ ᠳᠣᠪᠲᠣᠯᠤᠭᠰᠠᠨ ᠢᠶᠠᠷ ᠮᠠᠮᠤᠯᠶᠤᠶᠢᠺ ᠦᠳ ᠤᠨ ᠬᠤᠪᠢ ᠳᠤ ᠢᠯᠠᠭᠳᠠᠯ ᠲᠤᠩ ᠣᠶᠢᠷᠠᠬᠠᠨ ᠢᠷᠡᠵᠡᠢ᠃ ᠭᠡᠪᠡᠴᠦ ᠰᠤᠨᠵᠢᠷᠠᠭᠰᠠᠨ ᠡᠨᠡ ᠲᠤᠯᠤᠯᠳᠤᠭᠠᠨ ᠨᠤᠭᠤᠳ ᠲᠤ ᠰᠡᠯᠪᠢᠬᠦ ᠬᠦᠴᠦ ᠦᠭᠡᠢ ᠪᠣᠯᠤᠭᠰᠠᠨ ᠮᠣᠩᠭᠣᠯ ᠴᠡᠷᠢᠭ ᠦᠨ ᠠᠭᠲᠠ ᠮᠣᠷᠢᠳ ᠰᠤᠯᠢᠳᠠᠵᠤ᠂ ᠬᠠᠷᠢᠨ ᠮᠣᠩᠭᠣᠯᠴᠤᠳ ᠤᠨ ᠨᠥᠭᠡᠴᠡ ᠠᠭᠲᠠ ᠪᠠᠷ ᠰᠡᠯᠪᠢᠭᠰᠡᠨ ᠮᠠᠮᠤᠯᠶᠤᠶᠢᠺ ᠲᠦᠷᠦᠭ ᠦᠳ ᠳᠠᠬᠢᠨ ᠴᠡᠷᠢᠭ ᠢᠶᠡᠨ ᠡᠮᠬᠢᠯᠡᠵᠦ ᠴᠢᠳᠠᠵᠠᠢ᠃ ᠺᠦ᠋ᠲᠤᠵᠠ 《ᠡ ᠢᠰᠯᠠᠮ᠂ ᠠᠶ᠎ᠠ ᠠᠯᠯᠠᠾ》 ᠬᠡᠮᠡᠨ ᠠᠯᠯᠠᠾ ᠲᠩᠷᠢ ᠳᠦ ᠪᠡᠨ ᠴᠢᠩᠭ᠎ᠠ ᠳᠠᠭᠤ ᠪᠠᠷ ᠵᠠᠯᠪᠠᠷᠢᠨ ᠲᠤᠰᠠᠯᠠᠮᠵᠢ ᠬᠦᠰᠡᠵᠦ᠂ 《ᠵᠢᠭᠤᠲᠠᠭᠰᠠᠨ ᠴᠤ ᠦᠬᠦᠨ᠎ᠡ᠂ ᠲᠡᠭᠡᠬᠦ ᠪᠡᠷ ᠨᠡᠷ᠎ᠡ ᠲᠥᠷᠥ ᠲᠡᠢ ᠲᠤᠯᠤᠯᠳᠤᠭᠠᠳ ᠦᠭᠡᠵᠡᠭᠡᠶ᠎ᠡ》 ᠬᠡᠮᠡᠨ ᠰᠠᠨᠳᠤᠷᠴᠢ ᠦᠢᠮᠡᠭᠰᠡᠨ ᠴᠡᠷᠢᠭ ᠳᠠᠶᠢᠴᠢᠳ ᠢᠶᠠᠨ ᠵᠣᠷᠢᠭᠵᠢᠭᠤᠯᠵᠤ᠂ ᠤᠷᠢᠶᠠᠯᠠᠵᠤ ᠪᠠᠶᠢᠴᠠᠢ᠃ ᠮᠣᠩᠭᠣᠯᠴᠤᠳ ᠤᠨ ᠬᠤᠪᠢ ᠳᠤ ᠣᠳᠣ ᠨᠥᠬᠥᠴᠡᠯ ᠪᠠᠶᠢᠳᠠᠯ ᠬᠦᠨᠳᠦᠷᠡᠬᠦ ᠰᠢᠨᠵᠢ ᠲᠡᠢ ᠪᠣᠯᠪᠠ᠃ ᠶᠠᠭ ᠡᠶᠢᠮᠦ ᠡᠭᠡᠵᠢᠭᠲᠡᠢ ᠮᠥᠴᠡ ᠳᠦ ᠮᠣᠩᠭᠣᠯᠴᠤᠳ ᠤᠨ ᠵᠡᠭᠦᠨ ᠵᠢᠭᠦᠷ ᠪᠣᠯᠵᠤ ᠪᠠᠶᠢᠭᠰᠠᠨ ᠮᠣᠩᠭᠣᠯᠴᠤᠳ ᠲᠤ ᠳᠠᠭᠠᠷ᠎ᠠ ᠣᠷᠣᠭᠰᠠᠨ ᠰᠢᠷ ᠦᠨ ᠠᠶᠤᠸᠪᠢᠳ ᠦᠨ ᠰᠤᠯᠲᠠᠨ ᠮᠥᠰᠥᠶᠠ ᠴᠡᠷᠢᠭ ᠢᠶᠡᠨ ᠠᠪᠤᠨ ᠵᠢᠭᠤᠳᠠᠵᠤ ᠣᠳᠣᠰᠣᠨ ᠢᠶᠠᠷ ᠲᠤᠯᠤᠯᠳᠤᠭᠠᠨ ᠤ ᠬᠤᠪᠢ ᠵᠠᠶᠠᠭ᠎ᠠ ᠶᠢ ᠨᠢᠭᠡ ᠮᠥᠰᠦᠨ ᠡᠷᠭᠢᠭᠦᠯᠵᠦ ᠤᠷᠬᠢᠪᠠ᠃ ᠪᠢᠪᠠᠷᠰ ᠰᠢᠯᠢᠳᠡᠭ ᠴᠡᠷᠢᠭ ᠢᠶᠡᠷ ᠢᠶᠡᠨ ᠡᠵᠡᠭᠦᠶᠢᠷᠡᠨ ᠬᠣᠭᠣᠰᠣᠷᠠᠭᠰᠠᠨ ᠮᠣᠩᠭᠣᠯᠴᠤᠳ ᠤᠨ ᠵᠡᠭᠦᠨ ᠵᠢᠭᠦᠷ ᠢ ᠬᠤᠮᠢᠨ᠂ ᠪᠦᠰᠡᠯᠡᠵᠡᠢ᠃

ᠬᠢ ᠳᠦ ᠪᠤᠬ᠎ᠠ ᠨᠣᠶᠠᠨ ᠤ ᠣᠮᠤᠭ ᠪᠠᠷᠳᠠᠮ ᠲᠡᠭᠦᠰᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠯᠤᠯᠳᠤᠭᠠᠨ ᠤ ᠬᠤᠪᠢ ᠵᠠᠶᠠᠭ᠎ᠠ ᠨᠢᠭᠡᠨᠲᠡ ᠲᠣᠳᠣᠷᠬᠠᠢ ᠪᠣᠯᠪᠠ᠃ ᠬᠢ ᠳᠦ ᠪᠤᠬ᠎ᠠ ᠨᠣᠶᠠᠨ ᠤ ᠵᠠᠷᠢᠮ ᠰᠢᠳᠠᠷ ᠤᠳ ᠵᠢᠭᠤᠳᠠᠨ ᠠᠮᠢ ᠭᠠᠷᠬᠤ ᠪᠣᠯᠤᠮᠵᠢ ᠪᠤᠢ ᠲᠠᠯ᠎ᠠ ᠪᠠᠷ ᠬᠡᠯᠡᠬᠦ ᠳᠦ ᠬᠢᠲᠦ ᠪᠤᠬ᠎ᠠ ᠨᠣᠶᠠᠨ ᠬᠦᠯᠢᠶᠡᠵᠦ ᠠᠪᠤᠭᠰᠠᠨ ᠦᠭᠡᠢ᠃ ᠲᠥᠶᠢᠨᠬᠦᠦ 《ᠵᠢᠭᠤᠳᠠᠵᠤ᠂ ᠳᠠᠶᠢᠰᠤᠨ ᠳᠤ ᠠᠷᠤ ᠨᠢᠷᠤᠭᠤ ᠶᠢ ᠪᠠᠨ ᠬᠠᠷᠠᠭᠤᠯᠵᠤ᠂ ᠬᠣᠶᠢᠴᠢ ᠦᠶᠡᠳᠡᠭᠡ ᠢᠴᠢᠭᠦᠪᠲᠦᠷ ᠪᠣᠯᠬᠤ ᠦᠭᠡᠢ᠃ ᠮᠣᠩᠭᠣᠯ ᠴᠡᠷᠢᠭ ᠦᠨ ᠰᠦᠷ ᠵᠣᠯᠪᠣᠭ᠎ᠠ ᠶᠢ ᠬᠡᠳᠦᠢ ᠪᠡᠷ ᠢᠯᠠᠭᠳᠠᠭᠰᠠᠨ ᠴᠤ ᠭᠡᠰᠡᠨ ᠮᠠᠭᠤ ᠨᠣᠬᠠᠢ ᠰᠢᠭ ᠰᠡᠭᠦᠯ ᠬᠠᠪᠴᠢᠨ ᠵᠢᠭᠤᠳᠠᠵᠤ ᠭᠤᠲᠤᠭᠠᠬᠤ ᠦᠭᠡᠢ᠃ ᠡᠵᠡᠨ ᠬᠠᠭᠠᠨ ᠳᠤ ᠪᠠᠨ ᠦᠨᠡᠨᠴᠢ ᠡᠷ᠎ᠡ ᠴᠡᠷᠢᠭ ᠦᠨ ᠶᠣᠰᠣᠭᠠᠷ ᠡᠷᠰᠯᠡᠨ ᠲᠤᠯᠤᠯᠳᠤᠨ᠎ᠠ᠃ ᠬᠣᠵᠢᠮ ᠬᠣᠶᠢᠨ᠎ᠠ ᠬᠡᠨ ᠨᠢᠭᠡᠨ ᠨᠢ ᠡᠨᠡᠬᠦ ᠲᠤᠯᠤᠯᠳᠤᠭᠠᠨ ᠠᠴᠠ ᠠᠮᠢ ᠭᠠᠷᠴᠤ ᠡᠵᠡᠨ ᠬᠠᠭᠠᠨ ᠳᠤ ᠮᠠᠨᠢ ᠬᠡᠯᠡ ᠬᠦᠷᠭᠡᠯᠡᠭᠡ ᠭᠡᠬᠦ ᠳᠦ ᠨᠠᠮᠠᠢ ᠡᠵᠡᠨ ᠦ ᠪᠡᠨ ᠠᠯᠳᠠᠷ ᠢ ᠭᠤᠲᠤᠭᠠᠨ ᠰᠢᠪᠰᠢᠭ ᠢᠶᠡᠨ ᠲᠠᠷᠢᠵᠤ ᠡᠷᠭᠢᠵᠦ ᠳᠤᠲᠠᠭᠠᠭᠰᠠᠨ ᠬᠡᠮᠡᠨ ᠪᠤᠤ ᠬᠡᠯᠡᠭ᠃ ᠡᠷᠭᠢᠨ ᠳᠤᠲᠠᠭᠠᠳᠠᠨ ᠴᠡᠷᠢᠭ ᠡᠷ᠎ᠡ ᠲᠡᠢ ᠬᠡᠮᠡᠨ ᠶᠡᠬᠡ ᠡᠵᠡᠨ ᠮᠠᠨᠢ ᠪᠤᠤ ᠰᠡᠳᠬᠢᠯ ᠴᠢᠯᠡᠭᠡᠷᠬᠡᠭ᠃ ᠡᠨᠳᠡ ᠮᠢᠨᠦ ᠴᠡᠷᠢᠭ ᠢᠯᠠᠭᠳᠠᠭᠰᠠᠨ ᠬᠡᠮᠡᠨ ᠡᠵᠡᠨ ᠮᠢᠨᠢ ᠰᠡᠳᠬᠢᠯ ᠢᠶᠡᠷ ᠪᠤᠤ ᠭᠤᠲᠤᠷᠠᠭ᠃ ᠮᠢᠨᠦ ᠦᠬᠦᠯ ᠢ᠂ ᠮᠢᠨᠦ ᠢᠯᠠᠭᠳᠠᠯ ᠢ ᠡᠵᠡᠨ ᠬᠠᠭᠠᠨ ᠮᠠᠨᠢ ᠴᠡᠷᠢᠭ ᠳᠠᠶᠢᠴᠢᠳ ᠤᠨ ᠢᠶᠠᠨ ᠭᠡᠷᠭᠡᠢ ᠨᠠᠷ ᠨᠢᠭᠡ ᠵᠢᠯ ᠵᠢᠷᠮᠦᠰᠦᠯᠡᠭᠡ ᠦᠭᠡᠢ᠂ ᠠᠳᠤᠭᠤᠨ ᠰᠦᠷᠦᠭ ᠦᠨ ᠢᠶᠡᠨ ᠭᠡᠭᠦᠦ ᠶᠢ ᠨᠢᠭᠡ ᠵᠢᠯ ᠤᠨᠠᠭᠠᠯᠠᠭ᠎ᠠ ᠦᠭᠡᠢ ᠬᠡᠮᠡᠨ ᠪᠣᠳᠣᠭ》 ᠭᠡᠵᠦ ᠬᠠᠷᠢᠭᠤᠯᠤᠭᠠᠳ 《ᠬᠦᠯᠦᠭ ᠬᠠᠭᠠᠨ ᠤ ᠮᠢᠨᠢ ᠠᠯᠳᠠᠷ ᠪᠠᠳᠠᠷᠠᠭ》 ᠬᠡᠮᠡᠨ ᠤᠷᠢᠶ᠎ᠠ ᠬᠠᠰᠬᠢᠷᠤᠨ ᠳᠠᠭᠠᠷᠢᠨ ᠣᠷᠣᠵᠠᠢ᠃ ᠬᠢ ᠳᠦ ᠪᠤᠬᠠᠭ ᠭᠠᠭᠴᠠᠭᠠᠷ ᠢᠶᠠᠨ ᠮᠢᠩᠭᠠᠨ ᠳᠠᠶᠢᠴᠢᠨ ᠰᠢᠭ ᠡᠷᠡᠮᠡᠭᠡᠢ ᠲᠤᠯᠤᠯᠳᠤᠭᠰᠠᠨ ᠬᠡᠮᠡᠨ ᠲᠡᠷᠡ ᠦᠶ᠎ᠡ ᠶᠢᠨ ᠲᠡᠦᠬᠡ ᠪᠢᠴᠢᠭᠡᠴᠢᠳ ᠲᠡᠮᠳᠡᠭᠯᠡᠵᠦ ᠦᠯᠡᠳᠡᠭᠡᠵᠢ ᠪᠡᠨ᠃ ᠮᠣᠩᠭᠣᠯ ᠴᠡᠷᠢᠭ ᠦᠨ ᠲᠤᠭ ᠳᠠᠶᠢᠰᠤᠨ ᠳᠤ ᠣᠯᠵᠠᠯᠠᠭᠳᠠᠬᠤ ᠳᠤ ᠣᠶᠢᠷᠠᠬᠠᠨ ᠪᠣᠯᠤᠭᠰᠠᠨ ᠢ ᠬᠠᠷᠠᠭᠠᠳ ᠬᠢ ᠳᠦ ᠪᠤᠬ᠎ᠠ ᠲᠤᠭ ᠤᠨ ᠢᠶᠠᠨ ᠴᠡᠷᠢᠭ ᠢ ᠠᠪᠤᠷᠠᠬᠤ ᠪᠠᠷ ᠳᠠᠶᠢᠰᠤᠨ ᠷᠤ ᠳᠠᠭᠠᠷᠢᠵᠠᠢ᠃ ᠡᠶᠢᠨ ᠴᠠᠪᠴᠢᠯᠳᠤᠵᠤ ᠪᠠᠶᠢᠲᠠᠯ᠎ᠠ ᠮᠣᠷᠢ ᠨᠢ ᠰᠤᠮᠤᠨ ᠳᠤ ᠣᠨᠣᠭᠳᠠᠨ ᠤᠨᠠᠭᠰᠠᠨ ᠪᠠᠶᠢᠨ᠎ᠠ᠃ ᠬᠡᠳᠦᠢ ᠶᠠᠪᠠᠭᠠᠷᠠᠭᠰᠠᠨ ᠴᠤ ᠬᠢ ᠳᠦ ᠪᠤᠬ᠎ᠠ ᠬᠡᠨ ᠢ ᠴᠤ ᠥᠪᠡᠷᠲᠡᠭᠡᠨ ᠣᠶᠢᠷᠠᠲᠤᠭᠤᠯᠬᠤ ᠦᠭᠡᠢ ᠢᠯᠳᠦ ᠪᠡᠨ ᠰᠠᠯᠬᠢ ᠮᠡᠲᠦ ᠡᠷᠭᠢᠯᠳᠦᠭᠦᠯᠦᠨ ᠭᠠᠯᠵᠠᠭᠤ ᠠᠷᠰᠯᠠᠨ ᠪᠠᠷᠰ ᠰᠢᠭ ᠲᠤᠯᠤᠯᠳᠤᠵᠤ᠂ ᠮᠣᠩᠭᠣᠯ ᠳᠠᠶᠢᠴᠢᠨ ᠢ ᠮᠣᠬᠣᠭᠠᠵᠤ᠂ ᠠᠯᠳᠠᠷ ᠬᠦᠷᠲᠡᠬᠦ ᠭᠡᠰᠡᠨ ᠮᠠᠰᠢ ᠣᠯᠠᠨ ᠮᠠᠮᠤᠯᠶᠤᠶᠢᠺ ᠲᠦᠷᠦᠭ ᠦᠨ ᠪᠠᠭᠠᠲᠤᠷ ᠡᠷ᠎ᠡ ᠶᠢ ᠴᠠᠪᠴᠢᠯᠠᠨ ᠬᠠᠶᠠᠯᠠᠵᠠᠢ᠃ ᠤᠷᠢᠳ ᠡᠮᠦᠨ᠎ᠡ ᠥᠴᠢ ᠲᠥᠴᠢᠨᠡᠨ ᠳᠠᠶᠢᠨ ᠲᠤᠯᠤᠭᠠᠨ ᠳᠤ ᠣᠷᠣᠵᠤ᠂ ᠣᠯᠠᠨ ᠰᠢᠯᠢᠳᠡᠭ ᠳᠠᠶᠢᠴᠢᠳ ᠲᠡᠢ ᠢᠯᠳᠦ ᠵᠥᠷᠢᠭᠦᠯᠵᠦ ᠶᠠᠪᠤᠭᠰᠠᠨ ᠺᠦ᠋ᠲᠤᠵᠠ ᠪᠣᠯᠤᠨ ᠪᠧᠢᠪᠠᠷᠰ ᠨᠠᠷ ᠡᠶᠢᠮᠦ ᠠᠶᠤᠮᠰᠢᠭ ᠦᠭᠡᠢ ᠵᠣᠷᠢᠭ᠂ ᠴᠢᠳᠠᠯ ᠲᠡᠭᠦᠰ ᠳᠠᠶᠢᠴᠢᠨ ᠢ ᠬᠠᠷᠠᠵᠤ᠂ ᠵᠠᠪᠠᠯ ᠠᠮᠢᠳᠤ ᠪᠠᠷ ᠨᠢ ᠪᠠᠷᠢᠬᠤ ᠶᠢ ᠴᠡᠷᠢᠭ ᠦᠳ ᠲᠡᠭᠡᠨ ᠲᠤᠰᠢᠶᠠᠭᠰᠠᠨ ᠪᠠᠶᠢᠨ᠎ᠠ᠃ ᠮᠠᠮᠤᠯᠶᠤᠶᠢᠺ ᠬᠠᠷᠪᠤᠭᠠᠴᠢᠳ ᠬᠢᠲᠦ ᠪᠤᠬ᠎ᠠ ᠶᠢᠨ ᠲᠠᠬᠢᠮ ᠢ ᠨᠢ ᠨᠤᠭᠤ ᠬᠠᠷᠪᠤᠨ ᠰᠥᠬᠦᠷᠡᠭᠦᠯᠵᠦ ᠪᠠᠶᠢᠵᠤ ᠰᠠᠶ᠋ᠢ ᠨᠢᠭᠡ ᠳᠠᠷᠤᠵᠤ ᠠᠪᠴᠠᠢ᠃ ᠳᠤᠮᠳᠠ ᠰᠤᠷᠭᠠᠭᠤᠯᠢ ᠶᠢᠨ ᠰᠤᠷᠤᠭᠴᠢ ᠰᠠᠪᠠᠭ᠎ᠠ ᠦᠭᠡᠢ ᠰᠣᠨᠢᠭᠤᠴᠢ ᠬᠡᠦᠬᠡᠳ ᠪᠠᠶᠢᠬᠤ ᠳᠤ ᠪᠠᠨ ᠬᠢᠲᠦ ᠪᠤᠬ᠎ᠠ ᠨᠣᠶᠠᠨ ᠤ ᠡᠨᠡᠬᠦ ᠡᠷᠡᠯᠬᠡᠭ ᠪᠥᠭᠡᠳ ᠡᠮᠭᠡᠨᠢᠯ ᠳᠦ ᠲᠡᠭᠦᠰᠬᠡᠯ ᠦᠨ ᠲᠤᠬᠠᠢ ᠨᠣᠮ ᠠᠴᠠ ᠤᠩᠰᠢᠭᠠᠳ ᠶᠡᠬᠡᠳᠡ ᠰᠡᠳᠬᠢᠯ ᠬᠥᠳᠡᠯᠦᠨ᠂ ᠲᠡᠭᠦᠨ ᠡᠴᠡ ᠬᠣᠶᠢᠰᠢ ᠣᠯᠠᠨ ᠵᠢᠯ ᠦᠨ ᠲᠤᠷᠰᠢ ᠳᠤ ᠠᠯᠳᠠᠷᠲᠤ ᠬᠤᠷᠠᠯᠵᠤ ᠶᠢᠨ ᠭᠢᠨᠲᠠ ᠢᠯᠳᠦ ᠪᠡᠨ ᠴᠢᠭᠢᠷᠠᠭ ᠴᠢᠩᠭ᠎ᠠ ᠭᠠᠷ ᠲᠤ ᠪᠠᠨ ᠠᠳᠬᠤᠭ᠎ᠠ ᠳᠤ ᠰᠥᠬᠥᠷᠡᠨ ᠰᠠᠭᠤᠭᠰᠠᠨ ᠴᠤ ᠴᠢᠪᠴᠢᠷᠡᠲᠡᠯ᠎ᠡ ᠲᠠᠲᠠᠭᠰᠠᠨ ᠬᠤᠭᠤᠷ ᠤᠨ ᠴᠢᠪᠬᠠᠳᠠᠰᠤ ᠮᠡᠲᠦ ᠨᠢᠷᠤᠭᠤ ᠶᠢ ᠪᠠᠨ ᠴᠢᠭᠡᠯᠡᠨ᠂ ᠲᠣᠭᠣᠷᠢᠨ ᠰᠢᠪᠠᠭᠰᠠᠨ ᠦᠢ ᠣᠯᠠᠨ ᠮᠠᠮᠤᠯᠶᠤᠶᠢᠺ ᠳᠠᠶᠢᠴᠢᠳ ᠢ ᠪᠦᠷᠭᠦᠳ ᠦᠨ ᠬᠢ ᠮᠡᠲᠦ ᠰᠢᠷᠦᠭᠦᠨ ᠬᠤᠷᠴᠠ ᠬᠠᠷᠠᠴᠠ ᠪᠠᠷ ᠢᠶᠠᠨ ᠨᠡᠪᠲᠡ ᠰᠢᠪᠲᠤ ᠰᠢᠪᠦᠭᠡᠳᠡᠨ ᠬᠠᠷᠠᠵᠤ ᠪᠤᠢ ᠪᠤᠭᠤᠷᠤᠯ ᠦᠰᠦ ᠨᠢ ᠰᠠᠯᠬᠢᠨ ᠳᠤ ᠬᠡᠶᠢᠰᠬᠦ ᠡᠪᠦᠭᠡᠨ ᠳᠠᠶᠢᠴᠢᠨ ᠤ ᠳᠦᠷᠢ ᠲᠥᠷᠬᠥ ᠦᠶ᠎ᠡ ᠦᠶ᠎ᠡ ᠰᠡᠳᠬᠢᠯ ᠳᠦ ᠰᠡᠷᠬᠢᠨ ᠣᠷᠣᠵᠤ ᠢᠷᠡᠳᠡᠭ ᠪᠥᠯᠦᠭᠡ᠃ ᠰᠠᠶᠢᠨ ᠵᠢᠷᠤᠭᠰᠠᠨ ᠪᠣᠯ ᠵᠢᠷᠤᠭᠰᠠᠨ᠃ ᠶᠠᠭ ᠯᠠ ᠷᠧᠫᠠᠨ ᠲᠠᠷᠠᠰ ᠪᠤᠯᠪᠠᠭ ᠵᠢᠷᠤᠭᠰᠠᠨ ᠰᠢᠭ᠃ ᠨ᠃ᠭᠣᠭᠣᠯ ᠤᠨ 《ᠲᠠᠷᠠᠰ ᠪᠤᠯᠪᠠ》 ᠬᠡᠮᠡᠬᠦ ᠢᠷᠠᠭᠤ ᠰᠠᠶᠢᠬᠠᠨ ᠲᠤᠭᠤᠵᠢ ᠰᠢᠭ ᠰᠠᠶᠢᠬᠠᠨ ᠲᠤᠭᠤᠵᠢ ᠪᠢᠴᠢᠵᠦ᠂ ᠬᠢ ᠳᠦ ᠪᠤᠬ᠎ᠠ ᠨᠣᠶᠠᠨ ᠤ ᠠᠯᠳᠠᠷ ᠢ ᠳᠠᠭᠤᠷᠢᠰᠬᠠᠬᠠᠭᠰᠠᠨ ᠭᠡᠰᠡᠨ ᠮᠥᠷᠥᠭᠡᠳᠦᠯ ᠣᠯᠠᠨ ᠵᠢᠯ ᠴᠡᠭᠡᠵᠢᠨ ᠳᠦ ᠤᠶᠠᠭ᠎ᠠ ᠲᠠᠢ ᠶᠠᠪᠤᠳᠠᠭ ᠶᠤᠮ᠃ ᠳᠠᠶᠢᠰᠤᠨ ᠤ ᠪᠦᠰᠡᠯᠡᠯᠲᠡ ᠡᠴᠡ ᠭᠠᠷᠬᠤ ᠪᠠᠷ ᠠᠮᠢ ᠥᠷᠢᠰᠦᠨ ᠳᠠᠪᠬᠢᠵᠤ ᠶᠠᠪᠤᠬᠤ ᠵᠠᠭᠤᠷᠠᠲᠤ ᠪᠠᠨ ᠲᠠᠮᠠᠬᠢᠨ ᠤ ᠨᠢ ᠲᠦᠩᠬᠡᠭ ᠭᠡᠭᠡᠭᠳᠡᠵᠦ ᠤᠨᠠᠭᠰᠠᠨ ᠳᠤ 《ᠪᠠᠶᠢᠵᠠ᠂ ᠡᠨᠡ ᠮᠠᠭᠤ ᠰᠠᠶᠢᠨ ᠯᠢᠶᠣᠬ᠎ᠠ ᠨᠤᠭᠤᠳ ᠲᠤ ᠲᠠᠮᠠᠬᠢᠨ ᠤ ᠪᠠᠨ ᠲᠦᠩᠬᠡᠭ ᠢ ᠴᠤ ᠦᠯᠡᠳᠡᠭᠡᠬᠦ ᠦᠭᠡᠢ ᠰᠢᠦ》 ᠬᠡᠮᠡᠨ ᠮᠣᠷᠢᠨ ᠠᠴᠠ ᠪᠠᠭᠤᠵᠤ᠂ ᠰᠠᠬᠤᠯᠢᠭ ᠤᠷᠭᠤᠭᠰᠠᠨ ᠡᠪᠡᠰᠦ ᠨᠣᠭᠣᠭᠠᠨ ᠳᠣᠲᠣᠷ᠎ᠠ ᠡᠷᠢᠵᠦ ᠲᠡᠮᠲᠡᠴᠢᠬᠦ ᠵᠠᠭᠤᠷ᠎ᠠ ᠲᠠᠯ᠎ᠠ ᠲᠠᠯ᠎ᠠ ᠠᠴᠠ ᠨᠢ ᠭᠡᠨᠡᠳᠲᠡ 30 ᠣᠷᠴᠢᠮ ᠯᠢᠶᠠᠬ ᠴᠡᠷᠢᠭ ᠭᠠᠷᠴᠤ ᠢᠷᠡᠭᠡᠳ ᠲᠠᠷᠠᠰ ᠤᠨ ᠴᠢᠭᠢᠷᠠᠭ ᠴᠢᠩᠭ᠎ᠠ ᠮᠥᠷᠡᠨ ᠡᠴᠡ ᠨᠢ ᠵᠠᠭᠤᠷᠠᠨ ᠨᠣᠴᠣᠯᠳᠤᠪᠠ᠃ ᠡᠪᠦᠭᠡᠨ ᠲᠠᠷᠠᠰ ᠬᠡᠳᠦᠨᠲᠡ ᠮᠥᠷᠥ ᠴᠡᠭᠡᠵᠢ ᠪᠡᠨ ᠰᠡᠭᠰᠦᠷᠴᠢ ᠦᠵᠡᠭᠡᠳ᠂ ᠳᠡᠶᠢᠯᠦᠭᠰᠡᠨ ᠦᠭᠡᠢ᠂ 《ᠠᠢ ᠶᠠ᠂ ᠠᠭᠤᠯᠠ ᠶᠢ ᠴᠠᠰᠤ᠂ ᠡᠷ᠎ᠡ ᠶᠢ ᠨᠠᠰᠤ ᠳᠠᠷᠤᠵᠠᠢ》 ᠬᠡᠮᠡᠭᠡᠳ ᠭᠠᠰᠠᠯᠠᠩ ᠤᠬᠢᠯᠠᠪᠠ᠃ ᠲᠠᠷᠠᠰ ᠵᠠᠯᠠᠭᠤ ᠳᠤ ᠪᠠᠨ ᠲᠡᠶᠢᠨ ᠮᠥᠷᠥ ᠪᠡᠨ ᠰᠡᠭᠰᠦᠷᠬᠡ ᠳᠦ ᠨᠢ ᠲᠡᠭᠦᠨ ᠦ ᠬᠦᠴᠦᠷᠬᠡᠭ ᠮᠥᠷᠦᠨ ᠡᠴᠡ ᠨᠢ ᠵᠢᠭᠤᠷᠠᠯᠳᠤᠭᠰᠠᠨ ᠶᠠᠮᠠᠷ ᠴᠤ ᠴᠢᠭᠢᠷᠠᠭ ᠡᠷᠡᠴᠦᠳ ᠬᠠᠳᠤᠭᠤᠷ ᠤᠨ ᠡᠷᠡᠨ ᠳᠦ ᠥᠷᠲᠦᠭᠰᠡᠨ ᠲᠠᠷᠢᠶᠠᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠮᠡᠲᠦ ᠬᠠᠨᠠᠷᠠᠨ ᠰᠢᠯᠪᠢᠭᠦᠷᠳᠡᠭᠦᠯᠬᠦ ᠪᠥᠯᠦᠭᠡ ᠬᠡᠮᠡᠨ ᠭᠣᠭᠣᠯᠢ ᠡᠷᠡᠯᠬᠡᠭ ᠲᠠᠷᠠᠰ ᠡᠪᠦᠭᠡᠨ ᠦ ᠳᠦᠷᠢ ᠶᠢ ᠤᠷᠠᠨ ᠢᠷᠠᠭᠤ ᠪᠠᠷ ᠳᠦᠷᠰᠦᠯᠡᠭᠰᠡᠨ ᠰᠡᠨ᠃ ᠮᠣᠩᠭᠣᠯ ᠤᠨ ᠡᠵᠡᠨᠲᠦ ᠶᠡᠬᠡ ᠭᠦᠷᠦᠨ ᠦ ᠵᠢᠷ ᠦᠨ ᠨᠢᠭᠡᠨ ᠲᠦᠮᠡᠲᠦ ᠶᠢᠨ ᠨᠣᠶᠠᠨ ᠤ ᠡᠨᠡᠬᠦ ᠳᠦᠷᠢ ᠪᠣᠯ ᠶᠠᠭᠠᠬᠢᠭᠠᠳ ᠴᠤ ᠵᠠᠫᠤᠷᠢᠵᠤ ᠶᠢᠨ ᠲᠡᠷᠬᠡᠦ ᠬᠠᠰᠠᠭ ᠠᠲ᠋ᠠᠮᠠᠨ ᠡᠷ᠎ᠡ ᠶᠢᠨ ᠳᠦᠷᠢ ᠡᠴᠡ ᠳᠤᠲᠠᠬᠤ ᠤᠴᠢᠷ ᠦᠭᠡᠢ᠃ ᠬᠢᠲᠦ ᠪᠤᠬ᠎ᠠ ᠨᠣᠶᠠᠨ ᠲᠡᠷᠡ ᠦᠶ᠎ᠡ ᠳᠦ ᠯᠠᠪᠲᠠᠢ 60 ᠣᠷᠴᠢᠮ ᠨᠠᠰᠤᠲᠠᠢ᠂ ᠮᠠᠭᠠᠳ ᠦᠭᠡᠢ 60 ᠨᠠᠰᠤ ᠶᠢ ᠨᠡᠯᠢᠶᠡᠳ ᠳᠠᠪᠠᠭᠰᠠᠨ ᠴᠤ ᠪᠠᠶᠢᠵᠤ ᠮᠠᠭᠠᠳ ᠦᠭᠡᠢ ᠪᠠᠶᠢᠬᠤ ᠤᠴᠢᠷ ᠲᠠᠢ᠃ ᠶᠠᠭᠠᠬᠢᠭᠠᠳ ᠭᠡᠪᠡᠯ ᠰᠢᠳᠣᠨ ᠷᠤ ᠠᠴᠢ ᠬᠦᠦ ᠪᠡᠨ ᠠᠯᠠᠳᠠᠭᠰᠠᠨ ᠠᠭᠲᠤᠨ ᠤ ᠪᠠᠨ ᠠᠷᠤ ᠠᠴᠠ ᠶᠠᠪᠤᠭᠤᠯᠵᠤ ᠭᠡᠬᠦ ᠪᠡᠷ᠃..

ᠪᠠᠭᠠᠲᠤᠷ ᠵᠠᠩᠵᠤᠨ ᠢᠶᠠᠨ ᠡᠶᠢᠨᠬᠦᠦ ᠣᠯᠠᠨ ᠴᠥᠭᠡᠪᠦᠷᠢ ᠨᠦᠭᠦᠳ ᠲᠦ ᠡᠭᠡᠷᠡᠭᠳᠡᠭᠰᠡᠨ ᠰᠢᠷᠬ᠎ᠠ ᠲᠠᠢ ᠠᠷᠰᠯᠠᠨ ᠠᠶᠠᠲᠠᠢ ᠪᠠᠶᠢᠬᠤ ᠦᠶ᠎ᠡ ᠳᠦ ᠮᠣᠩᠭᠣᠯ ᠳᠠᠶᠢᠴᠢᠳ ᠪᠠᠰᠠ ᠴᠤ ᠵᠦᠭᠡᠷ ᠰᠠᠭᠤᠭᠰᠠᠨ ᠦᠭᠡᠢ᠃ ᠭᠠᠰ ᠲᠤ ᠪᠠᠶᠢᠭᠰᠠᠨ ᠬᠢ ᠳᠦ ᠪᠤᠬ᠎ᠠ ᠶᠢᠨ ᠲᠣᠯᠣᠭᠠᠢ ᠶᠢᠨ ᠰᠡᠷᠭᠡᠶᠢᠯᠡᠬᠦ ᠠᠩᠭᠢ ᠶᠢ ᠤᠳᠤᠷᠢᠳᠥᠵᠤ ᠪᠠᠶᠢᠭᠠᠳ ᠮᠠᠮᠤᠯᠶᠤᠶᠢᠺ ᠤᠳ ᠲᠠᠢ ᠠᠩᠬᠠᠯᠠᠨ ᠲᠤᠯᠵᠤ᠂ ᠲᠤᠯᠤᠯᠳᠤᠭᠠᠨ ᠤ ᠡᠮᠦᠨᠡᠬᠡᠨ ᠴᠥᠭᠡᠨ ᠦᠯᠡᠳᠡᠭᠳᠡᠯ ᠴᠡᠷᠢᠭ ᠢᠶᠡᠨ ᠠᠪᠤᠨ ᠭᠣᠣᠯ ᠬᠦᠴᠢᠲᠡᠢ ᠪᠡᠨ ᠨᠡᠶᠢᠯᠡᠭᠰᠡᠨ ᠪᠠᠶᠢᠳᠠᠷ ᠨᠣᠶᠠᠨ ᠲᠡᠷᠢᠭᠦᠲᠡᠢ ᠵᠠᠷᠢᠮ ᠮᠣᠩᠭᠣᠯ ᠪᠠᠭᠠᠲᠤᠷ ᠤᠳ ᠲᠠᠷᠠᠵᠤ ᠪᠤᠲᠠᠷᠠᠭᠰᠠᠨ ᠴᠡᠷᠢᠭ ᠢᠶᠡᠨ ᠪᠠᠶᠢᠭᠰᠠᠨ ᠣᠷᠴᠢᠮ ᠳᠤ ᠪᠥᠭᠡᠭᠡᠨᠡᠭᠦᠯᠵᠦ᠂ ᠳᠠᠬᠢᠨ ᠴᠡᠭᠴᠡᠯᠡᠭᠡᠳ ᠵᠠᠩᠵᠤᠨ ᠢᠶᠠᠨ ᠠᠪᠤᠷᠠᠬᠤ ᠪᠠᠷ ᠭᠠᠨᠢ ᠭᠠᠯᠵᠠᠭᠤ ᠳᠣᠪᠲᠣᠯᠭᠠᠨ ᠢᠷᠡᠵᠡᠢ᠃ ᠬᠡᠳᠦᠢ ᠬᠦᠴᠦ ᠳᠡᠩᠳᠡᠭᠦᠦ ᠴᠥᠭᠡᠨ᠂ ᠮᠣᠷᠢ᠂ ᠬᠦᠩ ᠭᠦᠢ ᠲᠠᠮᠢᠷᠳᠠᠵᠤ ᠰᠤᠯᠢᠳᠠᠭᠰᠠᠨ ᠪᠠᠶᠢᠭᠰᠠᠨ ᠴᠤ ᠮᠣᠩᠭᠣᠯᠴᠤᠳ ᠤᠨ ᠰᠡᠭᠦᠯᠴᠢ ᠶᠢᠨ ᠲᠡᠷᠡ ᠰᠢᠢᠳᠦᠮᠡᠭ ᠳᠣᠪᠲᠣᠯᠭᠠᠨ ᠺᠢᠲᠦᠵᠡ ᠶᠢ ᠶᠡᠬᠡᠬᠡᠨ ᠰᠠᠨᠳᠠᠷᠠᠭᠠᠵᠤ᠂ ᠪᠠᠷᠤᠭ ᠯᠠ ᠲᠠᠯᠪᠢᠭᠠᠳ ᠲᠤᠭᠤᠴᠢᠬᠤ ᠳᠥᠬᠦᠭᠰᠡᠨ ᠭᠡᠳᠡᠭ᠃ ᠭᠡᠪᠡᠴᠦ ᠲᠣᠭᠠᠨ ᠤ ᠢᠯᠡᠳᠲᠡ ᠳᠠᠪᠠᠭᠤ ᠬᠢᠭᠡᠳ ᠢᠯᠠᠯᠲᠠ ᠪᠠᠨ ᠮᠡᠳᠡᠷᠡᠴᠢ ᠤᠷᠮᠠᠰᠢᠭᠰᠠᠨ ᠮᠠᠮᠤᠯᠶᠤᠶᠢᠺ ᠦᠳ ᠢ ᠳᠡᠶᠢᠯᠦᠭᠰᠡᠨ ᠦᠭᠡᠢ᠂ ᠪᠠᠷᠤᠭ ᠲᠣᠯᠣᠭᠠᠢ ᠳᠠᠷᠠᠭᠠᠯᠠᠨ ᠬᠢᠳᠤᠭᠳᠠᠵᠤ᠂ ᠴᠥᠭᠡᠨ ᠬᠡᠳᠦ ᠨᠢ ᠢᠣᠷᠳᠠᠨ ᠭᠣᠣᠯ ᠤᠨ ᠵᠡᠭᠡᠰᠦᠨ ᠳᠦ ᠣᠷᠣᠵᠤ ᠨᠢᠭᠤᠭᠳᠠᠭᠰᠠᠨ ᠪᠣᠯᠪᠠᠴᠤ ᠪᠢᠪᠠᠷᠰ ᠵᠡᠭᠡᠰᠦᠨ ᠳᠦ ᠭᠠᠯ ᠲᠠᠪᠢᠭᠰᠠᠨ ᠢᠶᠠᠷ ᠠᠮᠢ ᠠᠪᠤᠷᠠᠭᠳᠠᠬᠤ ᠨᠠᠶᠢᠳᠠᠯᠭ᠎ᠠ ᠦᠭᠡᠢ ᠪᠣᠯᠤᠭᠰᠠᠨ ᠪᠠᠶᠢᠨ᠎ᠠ᠃


ᠬᠦᠯᠢᠶ᠎ᠡ ᠲᠡᠢ ᠬᠢᠲᠦ ᠪᠤᠬ᠎ᠠ ᠨᠣᠶᠠᠨ ᠢ ᠨᠢᠭᠡᠨ ᠥᠨᠳᠥᠷᠯᠢᠭ ᠳᠡᠭᠡᠷ᠎ᠡ ᠪᠠᠷᠢᠭᠤᠯᠤᠭᠰᠠᠨ ᠺᠢᠲᠦᠵᠡ ᠶᠢᠨ ᠠᠰᠠᠷ ᠲᠤ ᠠᠪᠴᠢᠷᠠᠪᠠ᠃ ᠠᠯᠳᠠᠷᠲᠤ ᠰᠠᠯᠠᠳᠢᠨ 1187 ᠣᠨ ᠳᠤ ᠠᠶᠤᠨ ᠵᠢᠯ ᠤᠨᠳ ᠠᠴᠠ ᠬᠣᠯᠠ ᠦᠭᠡᠢ ᠤᠷᠤᠰᠢᠬᠤ ᠬᠠᠲᠲ᠋ᠢᠩ ᠤᠨ ᠲᠤᠯᠤᠯᠳᠤᠭᠠᠨ ᠳᠤ ᠵᠠᠭᠠᠯᠮᠠᠶᠢᠲᠠᠨ ᠨᠤᠭᠤᠳ ᠢ ᠬᠢᠶᠠᠷ ᠴᠣᠬᠢᠵᠤ᠂ ᠣᠯᠵᠠᠯᠠᠭᠳᠠᠭᠰᠠᠨ ᠵᠠᠭᠠᠯᠮᠠᠶᠢᠲᠠᠨ ᠤ ᠪᠠᠷᠠᠨ᠂ ᠸᠠᠩᠭ᠎ᠠ ᠨᠤᠭᠤᠳ ᠢ ᠡᠮᠦᠨ᠎ᠡ ᠪᠡᠨ ᠰᠥᠬᠦᠷᠡᠭᠦᠯᠵᠦ ᠪᠠᠶᠢᠭᠰᠠᠨ ᠤ ᠵᠢᠱᠢᠭ ᠢᠶᠡᠷ ᠺᠢᠲᠦᠵᠡ ᠮᠣᠩᠭᠣᠯ ᠡᠷ᠎ᠡ ᠶᠢ ᠡᠮᠦᠨ᠎ᠡ ᠪᠡᠨ ᠰᠥᠬᠦᠷᠡᠭᠦᠯᠬᠦ ᠭᠡᠰᠡᠨ ᠪᠣᠯᠪᠠᠴᠤ ᠴᠢᠳᠠᠭᠰᠠᠨ ᠦᠭᠡᠢ᠃ ᠺᠢᠲᠦᠵᠡ 《ᠪᠤᠷᠤᠭᠤ ᠨᠣᠮᠲᠠᠨ ᠴᠢ᠂ ᠭᠡᠮ ᠦᠭᠡᠢ ᠣᠯᠠᠨ ᠤ ᠴᠢᠰᠤ ᠶᠢ ᠤᠷᠤᠰᠬᠠᠵᠤ᠂ ᠡᠷᠲᠡᠨ ᠦ ᠰᠤᠷᠪᠤᠯᠵᠢ ᠳᠤ ᠬᠠᠭᠠᠳ᠂ ᠪᠠᠭᠠᠲᠤᠷ ᠡᠷᠡᠰ ᠦᠨ ᠠᠮᠠ ᠶᠢ ᠬᠥᠨᠥᠭᠡᠪᠡ ᠴᠢ᠃ ᠣᠳᠣ ᠬᠠᠷᠢᠨ ᠴᠢᠨᠤ ᠡᠭᠡᠯᠵᠢ ᠢᠷᠡᠬᠦ ᠴᠢᠨᠢ ᠡᠨᠡ ᠳ᠋ᠡ》 ᠬᠡᠮᠡᠨ ᠲᠠᠪᠯᠠᠭᠰᠠᠨ ᠪᠠᠶᠢᠳᠠᠯ ᠲᠠᠢ ᠶᠠᠯ᠎ᠠ ᠠᠰᠠᠭᠤᠭᠰᠠᠨ ᠳᠤ ᠬᠢ ᠳᠦ ᠪᠤᠬ᠎ᠠ 《ᠡᠵᠡᠨ ᠬᠦᠮᠦᠨ ᠬᠠᠷᠢᠶᠠᠲᠤ ᠶᠢᠨ ᠢᠶᠠᠨ ᠡᠮᠦᠨ᠎ᠡ ᠰᠥᠭᠦᠳᠳᠡᠭ ᠶᠣᠰᠣᠨ ᠦᠭᠡᠢ》 ᠬᠡᠮᠡᠨ ᠣᠮᠤᠭ ᠪᠠᠷᠳᠠᠮ ᠦᠴᠢᠵᠦ᠂ 《ᠴᠢ ᠪᠣᠯ ᠥᠪᠡᠷ ᠢ ᠴᠢᠨᠢ ᠡᠷᠭᠦᠵᠦ ᠪᠣᠰᠬᠠᠭᠰᠠᠨ ᠡᠵᠡᠨ᠎ᠡ ᠠᠯᠠᠵᠤ᠂ ᠬᠠᠭᠠᠨ ᠰᠢᠷᠡᠭᠡᠨ ᠳᠦ ᠰᠠᠭᠤᠭᠰᠠᠨ ᠥᠴᠥᠬᠡᠨ ᠪᠣᠭᠣᠯ᠃ ᠪᠢ ᠴᠢᠮ᠎ᠠ ᠰᠢᠭ ᠡᠵᠡᠨ ᠦ ᠪᠡᠨ ᠠᠷᠤ ᠠᠴᠠ ᠬᠢᠲᠤᠭ᠎ᠠ ᠰᠢᠭᠠᠵᠤ ᠪᠠᠶᠢᠭᠰᠠᠨ ᠦᠭᠡᠢ᠂ ᠢᠮᠠᠭᠲᠠ ᠦᠨᠡᠨᠴᠢ ᠶᠠᠪᠤᠭᠰᠠᠨ》 ᠬᠡᠮᠡᠨ ᠺᠢᠲᠦᠵᠡ ᠶᠢ ᠥᠪᠡᠷ ᠢ ᠨᠢ ᠬᠠᠷᠢᠭᠤ ᠶᠠᠯᠠᠯᠠᠨ ᠳᠣᠩᠭᠣᠳᠴᠠᠢ᠃ ᠪᠣᠭᠣᠯ ᠭᠠᠷᠤᠯ ᠲᠠᠢ ᠺᠢᠲᠦᠵᠡ ᠴᠤ᠂ ᠲᠡᠭᠦᠨ ᠢ ᠳᠠᠭᠠᠯᠳᠤᠵᠤ ᠶᠠᠪᠤᠭᠰᠠᠨ ᠡᠮᠢᠷ᠂ ᠰᠤᠯᠲᠠᠨ ᠨᠤᠭᠤᠳ ᠴᠤ ᠦᠨᠡᠨ ᠬᠡᠷᠡᠭ ᠳᠡᠭᠡᠷ᠎ᠡ ᠪᠡᠨ ᠪᠥᠭᠥᠳᠡᠭᠡᠷ ᠬᠠᠤᠯᠢ ᠪᠤᠰᠤ ᠪᠠᠷ ᠬᠡᠷᠭᠡᠮ ᠵᠡᠷᠭᠡ᠂ ᠡᠷᠬᠡ ᠮᠡᠳᠡᠯ ᠳᠦ ᠬᠦᠷᠡᠵᠡᠭᠡᠭᠰᠡᠨ ᠪᠠᠶᠢᠭᠰᠠᠨ ᠢ ᠬᠢᠲᠦ ᠪᠤᠬ᠎ᠠ ᠨᠣᠶᠠᠨ ᠡᠶᠢᠨᠬᠦᠦ ᠶᠠᠯᠠᠯᠠᠨ ᠢᠯᠢᠴᠢᠯᠠᠭᠰᠠᠨ ᠪᠠᠶᠢᠨ᠎ᠠ᠃ ᠲᠡᠭᠦᠨ ᠦ ᠬᠡᠯᠡᠭᠰᠡᠨ ᠡᠴᠡ ᠦᠵᠡᠬᠦ ᠳᠦ ᠨᠢᠭᠡᠨ ᠴᠠᠭ ᠲᠤ ᠮᠣᠩᠭᠣᠯᠴᠤᠳ ᠲᠤ ᠴᠣᠬᠢᠭᠳᠠᠨ᠂ ᠮᠣᠩᠭᠣᠯ ᠤᠨ ᠵᠠᠬᠢᠷᠭ᠎ᠠ ᠶᠢ ᠬᠡᠳᠦᠶᠢᠨ᠎ᠡ ᠬᠦᠯᠢᠶᠡᠨ ᠵᠥᠪᠰᠢᠶᠡᠷᠡᠭᠰᠡᠨ ᠺᠢᠫᠴᠠᠺ ᠲᠦᠷᠦᠭ ᠭᠠᠷᠤᠯ ᠲᠠᠢ ᠺᠢᠲᠦᠵᠡ ᠪᠣᠯᠤᠨ ᠪᠧᠢᠪᠠᠷᠰ ᠤᠨ ᠭᠠᠷᠤᠯ ᠡᠭᠦᠰᠦᠯ ᠲᠡᠳᠦᠢ ᠦᠭᠡᠢ ᠲᠡᠳᠡᠨ ᠢ ᠬᠡᠷᠬᠢᠨ ᠶᠠᠮᠠᠷ ᠠᠷᠭ᠎ᠠ ᠵᠠᠮ ᠢᠶᠠᠷ ᠰᠤᠯᠲᠠᠨ᠂ ᠵᠠᠩᠵᠤᠨ ᠤ ᠶᠡᠬᠡ ᠣᠷᠣ ᠰᠠᠭᠤᠳᠠᠯ ᠳᠤ ᠬᠦᠷᠦᠭᠰᠡᠨ ᠢ ᠴᠤ ᠰᠠᠶᠢᠲᠤᠷ ᠮᠡᠳᠡᠵᠦ ᠪᠠᠶᠢᠭᠰᠠᠨ ᠪᠣᠯᠤᠯᠲᠠᠢ ᠪᠠᠶᠢᠳᠠᠭ᠃ ᠲᠡᠭᠡᠭᠡᠳ 《ᠨᠠᠮᠠᠢ ᠠᠯᠠᠯ᠎ᠠ ᠴᠤ ᠢᠯᠠᠵᠤ ᠰᠥᠬᠦᠷᠡᠭᠦᠯᠵᠦ ᠴᠢᠳᠠᠬᠤ ᠦᠭᠡᠢ᠃ ᠪᠢ ᠦᠬᠦᠬᠦ ᠶᠣᠰᠣᠲᠠᠢ ᠪᠣᠯ ᠡᠨᠡ ᠨᠢ ᠴᠢᠨᠤ ᠰᠠᠶᠢᠨ ᠤ ᠬᠢ ᠪᠤᠰᠤ ᠮᠥᠩᠬᠡ ᠲᠩᠷᠢ ᠶᠢᠨ ᠲᠠᠭᠠᠯᠠᠯ ᠢᠶᠠᠷ ᠪᠣᠯᠵᠤ ᠪᠤᠢ ᠬᠡᠷᠡᠭ᠃ ᠡᠶᠢᠮᠦ ᠳᠦ ᠴᠢ ᠬᠣᠷᠤᠮ ᠤᠨ ᠲᠡᠳᠦᠢ ᠴᠤ ᠪᠤᠤ ᠪᠠᠶᠠᠷᠯᠠ᠂ ᠬᠤᠮᠤᠰᠤ ᠶᠢᠨ ᠲᠡᠳᠦᠢ ᠳᠦ ᠴᠤ ᠪᠤᠤ ᠰᠠᠶᠢᠷᠬ᠎ᠠ᠃ ᠥᠴᠥᠬᠡᠨ ᠪᠣᠭᠣᠯ ᠲᠠ ᠪᠦᠬᠦᠨ ᠦ ᠡᠨᠡ ᠶᠠᠪᠤᠳᠠᠯ ᠤᠨ ᠲᠤᠬᠠᠢ ᠬᠦᠯᠦᠭ ᠬᠠᠭᠠᠨ ᠤ ᠰᠣᠨᠣᠷ ᠲᠤ ᠬᠦᠷᠦᠮᠡᠭᠴᠡ᠂ ᠡᠵᠡᠨ ᠦ ᠬᠢᠯᠢᠩ ᠳᠠᠯᠠᠢ ᠮᠡᠲᠦ ᠳᠠᠪᠠᠯᠭᠠᠯᠠᠵᠤ᠂ ᠠᠽᠧᠷᠪᠠᠶᠢᠵᠠᠨ ᠠᠴᠠ ᠮᠢᠰᠢᠷ ᠬᠦᠷᠲᠡᠯᠡᠬᠢ ᠭᠠᠵᠠᠷ ᠨᠤᠲᠤᠭ ᠢ ᠮᠣᠩᠭᠣᠯ ᠮᠣᠷᠢᠨ ᠤ ᠲᠤᠭᠤᠷᠠᠢ ᠪᠠᠷ ᠲᠡᠭᠰᠢᠯᠡᠬᠦ ᠪᠣᠯᠤᠨ᠎ᠠ᠃ ᠪᠢ ᠪᠣᠯ ᠬᠦᠯᠦᠭ ᠬᠠᠭᠠᠨ ᠤ ᠵᠢᠷ ᠦᠨ ᠨᠢᠭᠡᠨ ᠳᠠᠶᠢᠴᠢᠨ᠂ ᠨᠠᠳᠠ ᠰᠢᠭ ᠡᠶᠢᠮᠦ ᠡᠷᠡᠰ ᠡᠵᠡᠨ ᠳᠦ ᠮᠢᠨᠢ ᠮᠢᠩᠭ᠎ᠠ ᠮᠢᠩᠭ᠎ᠠ ᠪᠠᠷ ᠢᠶᠠᠨ ᠪᠤᠢ》 ᠭᠡᠵᠡᠢ᠃ ᠶᠢᠷᠲᠢᠨᠴᠦ ᠳᠠᠬᠢᠨ ᠢ ᠬᠤᠷᠢᠶᠠᠨ ᠵᠠᠬᠢᠷᠬᠤ ᠶᠣᠰᠣᠲᠠᠢ᠂ ᠮᠣᠩᠭᠣᠯᠴᠤᠳ ᠪᠣᠯ ᠠᠷᠠᠳ ᠲᠦᠮᠡᠨ ᠨᠦᠭᠦᠳ ᠦᠨ ᠡᠷᠬᠡᠲᠦ ᠡᠵᠡᠨ ᠨᠢ ᠶᠤᠮ ᠭᠡᠰᠡᠨ ᠮᠣᠩᠭᠣᠯ ᠤᠨ ᠡᠵᠡᠨᠲᠦ ᠭᠦᠷᠦᠨ ᠦ ᠤᠯᠠᠮᠵᠢᠯᠠᠯᠲᠤ ᠪᠣᠳᠣᠯᠭ᠎ᠠ ᠴᠤ ᠲᠡᠭᠦᠨ ᠦ ᠦᠭᠡᠨ ᠡᠴᠡ ᠨᠡᠪᠲᠡ ᠰᠢᠪᠲᠤ ᠬᠠᠷᠠᠭᠳᠠᠳᠠᠭ᠃


ᠥᠰᠢᠶ᠎ᠡ ᠬᠣᠷᠣᠰᠤᠯ ᠳᠤ ᠪᠠᠨ ᠲᠦᠯᠡᠭᠳᠡᠭᠰᠡᠨ ᠺᠢᠲᠦᠵᠡ ᠬᠢᠲᠦ ᠪᠤᠬᠠᠭ ᠳᠥᠷᠪᠡᠨ ᠮᠥᠴᠢᠯᠡᠨ ᠬᠣᠷᠣᠭᠠᠭᠠᠳ᠂ ᠲᠣᠯᠣᠭᠠᠢ ᠶᠢ ᠨᠢ ᠱᠣᠩ ᠳᠤ ᠡᠯᠭᠦᠨ᠂ ᠡᠮᠦᠨ᠎ᠡ ᠨᠢ ᠬᠦᠯᠦᠭ ᠬᠠᠭᠠᠨ ᠤ ᠡᠯᠴᠢᠰ ᠦᠨ ᠲᠣᠯᠣᠭᠠᠢ ᠶᠢ ᠮᠢᠰᠢᠷ ᠳᠠᠶᠠᠭᠠᠷ ᠦᠵᠡᠭᠦᠯᠦᠭᠰᠡᠨ ᠦ ᠪᠡᠨ ᠠᠳᠠᠯᠢ ᠪᠠᠷ ᠪᠦᠬᠦ ᠰᠢᠷᠢ᠂ ᠫᠠᠯᠧᠰᠲ᠋ᠢᠨ᠂ ᠮᠢᠰᠢᠷ ᠳᠠᠶᠠᠭᠠᠷ ᠦᠵᠡᠭᠦᠯᠵᠦ᠂ ᠬᠣᠷᠣᠰᠤᠯ ᠢᠶᠠᠨ ᠳᠤᠮᠳᠠᠷᠠᠭᠤᠯᠵᠠᠢ᠃ ᠬᠠᠷᠢᠨ ᠮᠣᠩᠭᠣᠯᠴᠤᠳ ᠬᠡᠵᠢᠶ᠎ᠡ ᠴᠤ ᠪᠠᠷᠢᠭᠳᠠᠭᠰᠠᠨ ᠶᠡᠬᠡᠰ ᠰᠤᠷᠪᠤᠯᠵᠢᠲᠠᠨ ᠨᠤᠭᠤᠳ ᠢ ᠬᠡᠷᠴᠡᠭᠡᠢ ᠪᠡᠷ ᠬᠥᠨᠥᠭᠡᠬᠦ᠂ ᠡᠷᠡᠯᠬᠡᠭ ᠪᠠᠭᠠᠲᠤᠷ ᠤᠳ ᠢ ᠦᠯᠦ ᠬᠦᠨᠳᠦᠳᠬᠡᠨ᠂ ᠴᠣᠭᠴᠠᠰ ᠢ ᠨᠢ ᠭᠤᠲᠤᠭᠠᠨ ᠴᠡᠩᠭᠡᠬᠦ ᠵᠦᠢᠯ ᠬᠢᠵᠦ ᠪᠠᠶᠢᠭ᠎ᠠ ᠦᠭᠡᠢ ᠶᠤᠮ᠃ ᠮᠣᠩᠭᠣᠯᠴᠤᠳ ᠥᠭᠡᠳᠡ ᠦᠭᠡᠢ ᠤᠷᠪᠠᠭᠴᠢᠳ ᠲᠤ᠂ ᠥᠴᠥᠬᠡᠨ ᠪᠣᠭᠣᠯ ᠤᠳ ᠲᠤ ᠯᠠ ᠨᠣᠬᠠᠢ ᠶᠢᠨ ᠦᠬᠦᠯ ᠢ ᠣᠨᠣᠭᠠᠳᠠᠭ ᠪᠠᠶᠢᠭᠰᠠᠨ ᠠᠴᠠ ᠪᠢᠰᠢ ᠪᠠᠭᠠᠲᠤᠷ᠂ ᠡᠷᠲᠡᠨ ᠦ ᠰᠤᠷᠪᠤᠯᠵᠢᠲᠤ ᠶᠡᠬᠡᠰ ᠢ ᠶᠡᠬᠡᠳᠡ ᠬᠦᠨᠳᠦᠳᠬᠡᠨ᠂ ᠬᠣᠷᠢᠶᠠᠭᠰᠠᠨ ᠴᠤ ᠴᠢᠰᠤ ᠭᠠᠷᠭᠠᠬᠤ ᠦᠭᠡᠢ ᠴᠠᠭᠠᠵᠠᠯᠠᠵᠤ᠂ ᠳᠠᠷᠠᠭ᠎ᠠ ᠨᠢ ᠬᠦᠨᠳᠦᠳᠬᠡᠨ ᠣᠷᠣᠰᠢᠭᠤᠯᠳᠠᠭ ᠪᠠᠶᠢᠭᠰᠠᠨ ᠪᠢᠯᠡ᠃ ᠴᠢᠩᠭᠢᠰ ᠬᠠᠭᠠᠨ ᠵᠠᠮᠤᠬ᠎ᠠ ᠶᠢ ᠬᠡᠷᠬᠢᠨ ᠬᠦᠨᠳᠦᠳᠬᠡᠭᠰᠡᠨ ᠢ ᠪᠢᠳᠡ ᠰᠠᠶᠢᠨ ᠮᠡᠳᠡᠨ᠎ᠡ᠃ ᠬᠣᠷᠧᠽᠮ ᠤᠨ ᠰᠤᠯᠲᠠᠨ ᠡᠷᠡᠯᠬᠡᠭ ᠪᠠᠭᠠᠲᠤᠷ ᠵᠧᠯᠠᠯ ᠳᠤ ᠳ᠋ᠢᠨ ᠦ ᠡᠷᠡᠮᠡᠭᠡᠢ ᠵᠣᠷᠢᠭ ᠢ ᠢᠩ ᠳᠦ ᠮᠥᠷᠡᠨ ᠦ ᠥᠨᠳᠥᠷ ᠡᠷᠭᠢ ᠳᠡᠭᠡᠷ᠎ᠡ ᠡᠴᠡ ᠬᠠᠷᠠᠵᠤ ᠪᠠᠬᠠᠳᠤᠭᠰᠠᠨ ᠴᠢᠩᠭᠢᠰ ᠬᠠᠭᠠᠨ ᠲᠡᠭᠦᠨ ᠢ ᠠᠷᠤ ᠠᠴᠠ ᠨᠢ ᠮᠥᠰᠬᠢᠬᠦ ᠶᠢ ᠬᠣᠷᠢᠭᠰᠠᠨ ᠪᠢᠯᠡ᠃ ᠵᠡᠪ᠂ ᠰᠦᠪᠡᠭᠡᠳᠡᠢ ᠨᠠᠷ ᠺᠠᠯᠺᠠ ᠭᠣᠣᠯ ᠳᠤ ᠢᠯᠠᠭᠳᠠᠭᠰᠠᠨ ᠣᠷᠣᠰ ᠤᠨ ᠸᠠᠩᠭ᠎ᠠ ᠨᠤᠭᠤᠳ ᠢ ᠴᠤ᠂ ᠬᠦᠯᠦᠭ ᠬᠠᠭᠠᠨ ᠡᠷᠲᠡᠨ ᠦ ᠲᠡᠦᠬᠡᠲᠦ ᠪᠠᠭᠳᠤᠳ ᠤᠨ ᠬᠠᠯᠢᠹ ᠢ ᠴᠤ ᠮᠥᠨ ᠴᠢᠰᠤ ᠭᠠᠷᠭᠠᠯ ᠦᠭᠡᠢ ᠬᠥᠨᠥᠭᠡᠭᠰᠡᠨ᠃ ᠦᠨᠡᠭᠡᠨ ᠳᠠᠪᠠᠭᠠᠨ ᠳᠤ ᠪᠠᠷᠢᠭᠳᠠᠭᠰᠠᠨ ᠠᠯᠲᠠᠨ ᠤᠯᠤᠰ ᠤᠨ ᠬᠢᠳᠠᠨ ᠭᠠᠷᠤᠯᠲᠠᠢ ᠴᠡᠷᠢᠭ ᠦᠨ ᠵᠠᠩᠵᠤᠨ ᠢ ᠲᠤᠯᠤᠢ᠂ ᠰᠦᠪᠡᠭᠡᠳᠡᠢ ᠨᠠᠷ ᠬᠦᠨᠳᠦᠳᠬᠡᠨ ᠣᠷᠣᠰᠢᠭᠤᠯᠵᠤ᠂ ᠰᠣᠯᠣᠩᠭᠣᠰ ᠤᠨ ᠳᠣᠮᠣᠭᠲᠤ ᠪᠠᠭᠠᠲᠤᠷ ᠡᠷ᠎ᠡ ᠫᠠᠺ ᠰᠣ ᠶᠢ ᠮᠣᠩᠭᠣᠯ ᠵᠠᠩᠵᠤᠨ ᠰᠠᠷᠢ ᠲᠠᠢ ᠶᠡᠬᠡᠳᠡ ᠦᠨᠡᠯᠡᠨ ᠠᠮᠢ ᠬᠡᠯᠲᠦᠷᠢᠭᠦᠯᠵᠦ ᠪᠠᠶᠢᠭᠰᠠᠨ ᠵᠡᠷᠭᠡ ᠣᠯᠠᠨ ᠪᠠᠷᠢᠮᠲᠠ ᠪᠤᠢ᠃ ᠺᠢᠲᠦᠵᠡ ᠮᠣᠩᠭᠣᠯ ᠤᠨ ᠪᠠᠭᠠᠲᠤᠷ ᠵᠠᠩᠵᠤᠨ ᠢ ᠲᠥᠶᠢᠨᠬᠦᠦ ᠦᠯᠦ ᠬᠦᠨᠳᠦᠳᠬᠡᠨ᠂ ᠥᠴᠥᠬᠡᠨ ᠪᠣᠭᠣᠯ ᠤᠨ ᠦᠢᠯᠡᠳᠦᠯ ᠬᠢᠭᠰᠡᠨ ᠢᠶᠡᠷ ᠢᠶᠡᠨ ᠥᠪᠡᠷ ᠦᠨ ᠢᠶᠡᠨ ᠥᠴᠥᠬᠡᠨ ᠦᠬᠦᠯ ᠢ ᠴᠤ ᠵᠥᠩᠨᠡᠨ ᠳᠠᠭᠤᠳᠠᠭᠰᠠᠨ ᠶᠤᠮ᠃ ᠦᠷᠭᠦᠯᠵᠢ ᠮᠥᠩᠬᠡᠳ ᠳᠠᠶᠢᠨ ᠳᠠᠵᠢᠨ ᠤ ᠲᠣᠭᠣᠰᠣ ᠪᠣᠰᠴᠢ᠂ ᠴᠢᠰᠤ ᠤᠷᠤᠰᠴᠤ ᠪᠠᠶᠢᠬᠤ ᠬᠠᠷᠢᠶᠠᠯ ᠳᠤ ᠥᠷᠲᠦᠭᠰᠡᠨ ᠢᠰᠷᠢᠶᠡᠯᠢ ᠶᠢᠨ ᠭᠣᠯᠣᠨ ᠤ ᠥᠨᠳᠥᠷᠯᠢᠭ ᠣᠷᠴᠢᠮ ᠤᠨ ᠲᠡᠷᠬᠡᠦ ᠭᠠᠵᠠᠷ ᠨᠤᠲᠤᠭ ᠤᠨ ᠪᠦᠯᠢᠶᠡᠨ ᠰᠠᠯᠬᠢ ᠡᠮᠭᠡᠨᠢᠯᠲᠡᠢ᠂ ᠣᠮᠤᠭ ᠪᠠᠷᠳᠠᠮ ᠲᠡᠭᠦᠰᠬᠡᠵᠦ ᠪᠤᠢ ᠮᠣᠩᠭᠣᠯ ᠤᠨ ᠨᠢᠭᠡᠨ ᠪᠠᠭᠠᠲᠤᠷ ᠡᠷ᠎ᠡ ᠶᠢᠨ ᠪᠤᠭᠤᠷᠤᠯ ᠰᠠᠨᠴᠢᠭ ᠢ ᠰᠡᠭᠦᠯᠴᠢ ᠶᠢᠨ ᠤᠳᠠᠭ᠎ᠠ ᠬᠡᠶᠢᠰᠬᠡᠬᠦ ᠬᠤᠪᠢ ᠲᠠᠢ ᠪᠠᠶᠢᠴᠠᠢ᠃

ᠤᠷᠪᠠᠭᠴᠢᠳ ᠤᠨ ᠲᠡᠭᠦᠰᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠯᠤᠯᠳᠤᠭᠠᠨ ᠠᠴᠠ ᠠᠮᠢᠳᠤ ᠦᠯᠡᠳᠡᠭᠰᠡᠨ ᠮᠣᠩᠭᠣᠯ ᠭᠡᠵᠦ ᠪᠠᠷᠤᠭ ᠦᠯᠡᠳᠡᠭᠰᠡᠨ ᠦᠭᠡᠢ᠃ ᠵᠣᠯ ᠢᠶᠠᠷ ᠠᠮᠢ ᠭᠠᠷᠤᠭᠰᠠᠨ ᠬᠡᠳᠦ ᠨᠢ ᠳᠠᠮᠤᠰᠺ᠂ ᠬᠠᠮ᠂ ᠪᠠᠯᠪᠧᠺ ᠦᠨ ᠵᠦᠭ ᠵᠢᠭᠤᠲᠠᠭᠠᠪᠠ᠃ ᠰᠢᠷ ᠦᠨ ᠣᠯᠠᠨ ᠬᠣᠲᠤ ᠨᠤᠭᠤᠳ ᠲᠤ ᠵᠠᠬᠢᠷᠤᠭᠴᠢ ᠪᠠᠷ ᠰᠠᠭᠤᠵᠤ ᠪᠠᠶᠢᠭᠰᠠᠨ ᠴᠥᠭᠡᠨ ᠲᠣᠭᠠᠨ ᠤ ᠮᠣᠩᠭᠣᠯᠴᠤᠳ ᠬᠠᠮᠠᠭᠠᠯᠠᠯᠲᠠ ᠦᠭᠡᠢ ᠪᠣᠯᠵᠤ᠂ ᠪᠤᠵᠢᠭᠢᠨᠠᠵᠤ ᠡᠬᠢᠯᠡᠪᠡ᠃ ᠬᠦᠯᠢᠭ ᠬᠠᠭᠠᠨ ᠤ ᠴᠡᠷᠢᠭ ᠦᠨ ᠬᠦᠴᠦ ᠬᠣᠶᠢᠲᠤ ᠠᠷᠮᠧᠨᠢ ᠪᠣᠯᠤᠨ ᠢᠷᠠᠨ ᠳᠤ ᠲᠥᠪᠯᠡᠷᠡᠭᠡᠳ ᠪᠠᠶᠢᠴᠠᠢ᠃ ᠠᠶᠤᠨ-ᠵᠢᠯ ᠤᠨᠳ ᠤᠨ ᠲᠤᠯᠤᠯᠳᠤᠭᠠᠨ ᠠᠴᠠ ᠵᠢᠭᠤᠳᠠᠭᠰᠠᠳ ᠢ ᠰᠢᠯᠢ ᠳᠠᠷᠤᠨ ᠮᠥᠰᠬᠢᠭᠰᠡᠨ ᠪᠢᠪᠠᠷᠰ ᠠᠴᠢᠶ᠎ᠠ ᠬᠥᠰᠬᠡ᠂ ᠭᠡᠷ ᠪᠦᠯᠢ ᠪᠡᠨ ᠠᠪᠤᠨ ᠤᠬᠤᠷᠢᠵᠤ ᠪᠠᠶᠢᠭᠰᠠᠨ ᠮᠣᠩᠭᠣᠯ ᠤᠨ ᠬᠡᠰᠡᠭ ᠪᠦᠯᠦᠭ ᠳᠦᠷᠪᠡᠭᠴᠢᠳ ᠢ ᠡᠭᠡᠯᠵᠢ ᠳᠠᠷᠠᠭᠠᠯᠠᠨ ᠬᠢᠳᠤᠭᠰᠠᠭᠠᠷ ᠪᠦᠷ ᠠᠯᠧᠫᠫᠣ ᠬᠦᠷᠦᠭᠰᠡᠨ ᠪᠠᠶᠢᠨ᠎ᠠ᠃ ᠬᠠᠮ ᠳᠤ ᠪᠠᠶᠢᠭᠰᠠᠨ ᠬᠢ ᠳᠦ ᠪᠤᠬ᠎ᠠ ᠶᠢᠨ ᠡᠬᠡᠨᠡᠷ ᠬᠡᠦᠬᠡᠳ᠂ ᠥᠷᠭᠥᠭᠡ ᠭᠡᠷ ᠢ ᠣᠯᠵᠯᠠᠵᠤ ᠺᠢᠲᠦᠵᠡᠳ ᠬᠦᠷᠭᠡᠭᠰᠡᠨ ᠳᠦ ᠲᠡᠷᠡᠪᠡᠷ ᠥᠴᠥᠬᠡᠨ ᠴᠤ ᠡᠷᠡᠭᠡᠯᠵᠡᠭᠡ ᠦᠭᠡᠢ ᠪᠡᠷ ᠴᠠᠪᠴᠢᠵᠤ ᠤᠷᠬᠢᠪᠠ᠃ ᠮᠥᠨ ᠮᠣᠩᠭᠣᠯᠴᠤᠳ ᠤᠨ ᠲᠠᠯ᠎ᠠ ᠳᠤ ᠣᠷᠣᠭᠰᠠᠨ ᠣᠷᠣᠨ ᠨᠤᠲᠤᠭ ᠤᠨ ᠶᠡᠬᠡᠰ ᠨᠣᠶᠠᠳ ᠢ ᠴᠤ ᠪᠠᠷᠢᠪᠴᠢᠯᠠᠨ ᠠᠪᠴᠢᠷᠠᠵᠤ ᠡᠷᠲᠡᠨ ᠦ ᠰᠤᠷᠪᠤᠯᠵᠢ ᠭᠠᠷᠪᠠᠯ ᠢ ᠨᠢ ᠴᠤ ᠦᠯᠦ ᠬᠠᠷᠠᠭᠠᠯᠵᠠᠨ ᠣᠯᠠᠨ ᠢᠶᠠᠷ ᠨᠢ ᠴᠠᠭᠠᠵᠠᠯᠠᠵᠠᠢ᠃ ᠬᠠᠮᠤᠭ ᠤᠨ ᠶᠡᠬᠡ ᠪᠡᠷ ᠬᠢᠳᠤᠭᠤᠯᠤᠭᠰᠠᠨ ᠨᠢ ᠳᠠᠮᠤᠰᠺ ᠤᠨ ᠾᠷᠢᠰᠲ᠋ᠦ᠋ᠰ ᠰᠢᠲᠦᠯᠭᠡᠲᠡᠨ ᠨᠦᠭᠦᠳ ᠪᠠᠶᠢᠴᠠᠢ᠃ ᠺᠢᠲᠦᠵᠡ ᠢᠯᠠᠯᠲᠠ ᠶᠢᠨ ᠴᠤᠪᠤᠭ᠎ᠠ ᠪᠠᠷ ᠳᠠᠮᠤᠰ ᠲᠤ ᠣᠷᠣᠵᠤ ᠢᠷᠡᠭᠡᠳ ᠲᠡᠨᠳᠡ ᠮᠣᠩᠭᠣᠯᠴᠤᠳ ᠤᠨ ᠢᠪᠡᠭᠡᠯ ᠢᠶᠡᠷ ᠪᠠᠶᠢᠷᠢ ᠰᠠᠭᠤᠷᠢ ᠪᠠᠨ ᠪᠡᠬᠢᠵᠢᠭᠦᠯᠦᠭᠡᠳ ᠪᠠᠶᠢᠭᠰᠠᠨ ᠾᠷᠢᠰᠲ᠋ ᠮᠥᠷᠭᠦᠯᠲᠡᠨ ᠨᠦᠭᠦᠳ ᠢ ᠲᠣᠯᠣᠭᠠᠢ ᠳᠠᠷᠠᠭᠠᠯᠠᠨ ᠬᠢᠲᠤᠵᠤ᠂ ᠠᠷᠠᠪ ᠤᠨ ᠤᠯᠠᠶᠢᠷᠠᠭᠰᠠᠨ ᠯᠠᠯᠤ ᠰᠢᠲᠦᠯᠭᠡ ᠳᠦ ᠣᠮᠧᠢᠶᠠᠳ ᠤᠳ ᠪᠣᠯᠤᠨ ᠹᠠᠲ᠋ᠢᠮᠡᠳ ᠡᠢᠶᠪᠢᠳ ᠤᠨ ᠵᠡᠷᠯᠢᠭ ᠺᠦᠷᠳ᠋ ᠍ ᠦᠳ ᠬᠦᠷᠲᠡᠯ᠎ᠡ ᠬᠠᠶᠢᠷᠠᠯᠠᠭᠠᠳ ᠭᠠᠷ ᠬᠦᠷᠴᠦ ᠵᠢᠷᠦᠬᠡᠯᠡᠭᠡ ᠦᠭᠡᠢ ᠠᠰᠠᠨ ᠰᠢᠷ ᠦᠨ ᠵᠠᠭᠠᠯᠮᠠᠶᠢᠲᠠᠨ ᠨᠤᠭᠤᠳ ᠤᠨ ᠪᠦᠲᠦᠭᠡᠭᠰᠡᠨ ᠰᠤᠶᠤᠯ ᠤᠨ ᠶᠡᠬᠡ ᠥᠪ ᠢ ᠦᠨᠡᠰᠦᠨ ᠲᠣᠪᠷᠠᠭ ᠪᠣᠯᠭᠠᠨ ᠢᠯᠠᠯᠲᠠ ᠶᠢᠨ ᠢᠶᠠᠨ ᠪᠠᠶᠠᠷ ᠢ ᠲᠡᠮᠳᠡᠭᠯᠡᠵᠡᠢ᠃ ᠲᠡᠭᠡᠭᠡᠳ ᠵᠣᠭᠰᠣᠭᠰᠠᠨ ᠦᠭᠡᠢ᠂ ᠰᠢᠷᠢᠢ ᠠ ᠳᠠᠶᠠᠭᠠᠷ ᠵᠠᠭᠠᠯᠮᠠᠶᠢᠲᠠᠨ ᠨᠤᠭᠤᠳ ᠢ ᠬᠣᠮᠣᠷᠭᠯᠠᠬᠤ ᠠᠶᠠᠨ ᠥᠷᠨᠢᠵᠦ᠂ 《ᠵᠠᠭᠠᠯᠮᠠᠶᠢᠲᠠᠨ ᠨᠤᠭᠤᠳ ᠤᠨ ᠴᠢᠰᠤ ᠬᠦᠯᠦᠭ ᠬᠠᠭᠠᠨ ᠤ ᠳᠣᠪᠲᠣᠯᠭᠠᠨ ᠤ ᠦᠶ᠎ᠡ ᠳᠦ ᠬᠥᠨᠦᠭᠡᠭᠳᠡᠭᠰᠡᠨ ᠯᠠᠯᠤ ᠰᠢᠲᠦᠯᠭᠡᠲᠡᠨ ᠨᠦᠭᠦᠳ ᠦᠨ ᠬᠢ ᠡᠴᠡ ᠬᠤᠪᠢ ᠢᠯᠡᠭᠦᠦ ᠤᠷᠤᠰᠤᠭᠰᠠᠨ》 ᠬᠡᠮᠡᠨ ᠦᠢᠯᠡ ᠶᠠᠪᠤᠳᠠᠯ ᠢ ᠨᠢᠳᠦ ᠪᠡᠷ ᠦᠵᠡᠭᠰᠡᠨ ᠬᠦᠮᠦᠰ ᠪᠢᠴᠢᠵᠦ ᠦᠯᠡᠳᠡᠭᠡᠵᠢ ᠪᠡᠨ᠃ ᠡᠶᠢᠨᠬᠦᠦ ᠠᠺᠷᠠ᠂ ᠲᠤᠷ᠎ᠠ᠂ ᠰᠢᠳᠣᠨ ᠤ ᠵᠠᠭᠠᠯᠮᠠᠶᠢᠲᠠᠨ ᠨᠤᠭᠤᠳ ᠤᠨ ᠠᠰᠢᠭ ᠬᠠᠷᠠᠭᠰᠠᠨ ᠤᠷᠪᠠᠯᠲᠠ ᠶᠢᠨ ᠲᠥᠯᠥᠭᠡᠰᠦ ᠶᠢ ᠲᠡᠷᠡ ᠳᠠᠷᠢ ᠨᠤᠭᠤᠳ ᠢᠶᠠᠨ ᠰᠢᠷ ᠦᠨ ᠵᠠᠭᠠᠯᠮᠠᠶᠢᠲᠠᠨ ᠨᠤᠭᠤᠳ ᠴᠢᠰᠤ ᠪᠣᠯᠤᠨ ᠣᠯᠠᠨ ᠠᠷᠪᠠᠨ ᠵᠢᠯ ᠪᠦᠲᠦᠭᠡᠨ ᠪᠣᠰᠬᠠᠵᠤ ᠢᠷᠡᠭᠰᠡᠨ ᠰᠤᠶᠤᠯ ᠤᠨ ᠥᠪ ᠢᠶᠡᠷ ᠢᠶᠡᠨ ᠲᠥᠯᠦᠭᠰᠡᠨ ᠲᠡᠳᠦᠢ ᠦᠭᠡᠢ ᠢᠷᠦᠭᠡᠰ ᠲᠡᠳᠦ ᠤᠳᠠᠯ ᠦᠭᠡᠢ ᠰᠢᠷᠢᠢ ᠠ ᠣᠷᠣᠨ ᠤ ᠪᠠᠷᠠᠭᠤᠨ ᠤᠮᠠᠷᠠᠳᠤ ᠡᠷᠭᠢ ᠣᠷᠴᠢᠮ ᠳᠤ ᠪᠡᠬᠢᠵᠢᠭᠡᠳ ᠪᠠᠶᠢᠭᠰᠠᠨ ᠲᠦᠰᠢᠴᠡ ᠭᠠᠵᠠᠷ ᠢᠶᠠᠨ ᠵᠠᠭᠠᠯᠮᠠᠶᠢᠲᠠᠨ ᠨᠤᠭᠤᠳ ᠡᠭᠦᠷᠢᠳᠡ ᠠᠯᠠᠳᠠᠭᠰᠠᠨ ᠪᠠᠶᠢᠨ᠎ᠠ᠃

ᠠᠶᠤᠨ-ᠵᠢᠯ ᠤᠨᠳ ᠤᠨ ᠲᠤᠯᠤᠯᠳᠤᠭᠠᠨ ᠳᠤ ᠣᠷᠣᠯᠴᠠᠭᠰᠠᠨ ᠰᠤᠯᠲᠠᠨ ᠨᠤᠭᠤᠳ ᠢᠶᠠᠨ ᠺᠢᠲᠦᠵᠡ ᠲᠣᠯᠣᠭᠠᠢ ᠳᠠᠷᠠᠭᠠᠯᠠᠨ ᠱᠠᠩᠨᠠᠵᠤ᠂ ᠰᠢᠷᠢᠢ ᠠ ᠣᠷᠣᠨ ᠳᠤ ᠭᠠᠵᠠᠷ ᠪᠦᠷᠢ ᠡᠵᠡᠮᠰᠢᠯ ᠣᠯᠭᠤᠵᠠᠢ᠃ ᠮᠥᠨ ᠡᠭᠡᠵᠢᠭᠲᠡᠢ ᠴᠠᠭ ᠲᠤ ᠮᠣᠩᠭᠣᠯ ᠴᠡᠷᠢᠭ ᠦᠨ ᠵᠡᠭᠦᠨ ᠵᠢᠭᠦᠷ ᠢ ᠣᠷᠬᠢᠨ ᠣᠳᠴᠤ᠂ ᠲᠤᠯᠤᠯᠳᠤᠭᠠᠨ ᠤ ᠦᠷ᠎ᠡ ᠳ᠋ᠦᠩ ᠳᠦ ᠰᠢᠢᠳᠪᠦᠷᠢᠯᠡᠬᠦ ᠡᠭᠦᠷᠭᠡ ᠭᠦᠢᠴᠡᠳᠭᠡᠭᠰᠡᠨ ᠮᠥᠰᠥᠶᠠ ᠰᠤᠯᠲᠠᠨ ᠢ ᠮᠣᠩᠭᠣᠯᠴᠤᠳ ᠤᠨ ᠰᠠᠷ ᠲᠤ ᠣᠷᠣᠵᠤ ᠢᠷᠡᠬᠦ ᠳᠦ ᠪᠠᠭᠤᠵᠤ ᠥᠭᠭᠦᠨ ᠳᠠᠭᠠᠯᠳᠤᠭᠰᠠᠨ ᠢᠶᠠᠷ ᠡᠷᠬᠡ ᠮᠡᠳᠡᠯ ᠢᠶᠡᠨ ᠬᠡᠪ ᠢᠶᠡᠷ ᠨᠢ ᠬᠠᠳᠠᠭᠠᠯᠠᠵᠤ ᠪᠠᠶᠢᠭᠰᠠᠨ ᠬᠠᠭᠤᠴᠢᠨ ᠡᠵᠡᠮᠰᠢᠯ ᠭᠠᠵᠠᠷ ᠢᠶᠠᠨ ᠦᠷᠭᠦᠯᠵᠢᠯᠡᠭᠦᠯᠦᠨ ᠵᠠᠬᠢᠷᠬᠤ ᠡᠷᠬᠡ ᠶᠢ ᠥᠭᠴᠡᠢ᠃

ᠬᠠᠷᠢᠨ ᠲᠤᠯᠤᠯᠳᠤᠭᠠᠨ ᠳᠤ ᠭᠣᠣᠯᠯᠠᠬᠤ ᠡᠭᠦᠷᠭᠡ ᠲᠡᠢ ᠣᠷᠣᠯᠴᠠᠭᠰᠠᠨ ᠲᠡᠳᠦᠢ ᠦᠭᠡᠢ ᠠᠯᠧᠫᠫᠣ ᠬᠦᠷᠲᠡᠯ᠎ᠡ ᠰᠢᠷᠢᠭ ᠨᠡᠪᠲᠡ ᠠᠮᠵᠢᠯᠲᠠᠲᠠᠢ ᠳᠠᠪᠰᠢᠵᠤ᠂ ᠣᠯᠠᠨ ᠬᠣᠲᠤ ᠨᠤᠭᠤᠳ ᠲᠤ ᠮᠣᠩᠭᠣᠯᠴᠤᠳ ᠤᠨ ᠵᠠᠰᠠᠭᠯᠠᠯ ᠢ ᠤᠨᠠᠭᠠᠭᠰᠠᠨ ᠭᠣᠣᠯ ᠬᠦᠮᠦᠨ ᠪᠢᠪᠠᠷᠰ ᠲᠤ ᠺᠢᠲᠦᠵᠡ ᠲᠡᠳᠦᠶᠢᠯᠡᠨ ᠲᠠᠭᠠᠲᠠᠢ ᠬᠠᠨᠳᠤᠭᠰᠠᠨ ᠦᠭᠡᠢ᠃ ᠤᠭ ᠠᠴᠠ ᠲᠡᠷᠡ ᠬᠣᠶᠠᠷ ᠤᠨ ᠳᠤᠮᠳᠠ ᠥᠨᠢ ᠡᠷᠲᠡᠨ ᠦ ᠦᠰ ᠵᠠᠩᠭᠢᠳᠤᠭ᠎ᠠ ᠲᠠᠢ ᠪᠠᠶᠢᠴᠠᠢ᠃ ᠤᠴᠢᠷ ᠨᠢ ᠰᠢᠷᠢᠢ ᠠ ᠳᠠᠬᠢ ᠪᠠᠬᠠᠷᠠᠴᠤᠳ ᠤᠨ ᠡᠵᠡᠨ ᠵᠠᠬᠢᠷᠤᠭᠴᠢ ᠠᠺᠲᠠᠢ ᠶᠢᠨ ᠠᠯᠠᠯᠭᠠᠨ ᠳᠤ ᠺᠢᠲᠦᠵᠡ ᠣᠷᠣᠯᠴᠠᠭᠰᠠᠨ ᠪᠥᠭᠡᠳ ᠪᠢᠪᠠᠷᠰ ᠨᠢ ᠠᠺᠲᠠᠢ ᠶᠢᠨ ᠳᠣᠲᠣᠨᠣ ᠶᠢᠨ ᠬᠦᠮᠦᠨ ᠪᠠᠶᠢᠭᠰᠠᠨ ᠭᠡᠬᠦ᠃ ᠡᠨᠡ ᠬᠣᠶᠠᠷ ᠡᠷ᠎ᠡ ᠮᠣᠩᠭᠣᠯᠴᠤᠳ ᠤᠨ ᠡᠰᠡᠷᠬᠦ ᠡᠨᠡᠬᠦ ᠥᠰ ᠬᠣᠷᠣᠰᠤᠯ ᠢᠶᠠᠨ ᠲᠦᠷᠢ ᠬᠣᠶᠢᠰᠢ ᠨᠢ ᠲᠠᠯᠪᠢᠵᠤ ᠨᠢᠭᠡᠳᠦᠭᠰᠡᠨ ᠪᠠᠶᠢᠴᠠᠢ᠃ ᠪᠧᠢᠪᠠᠷᠰ ᠠᠯᠳᠠᠷ ᠭᠠᠪᠢᠶᠠᠨ ᠤ ᠬᠢ ᠨᠢ ᠲᠥᠯᠥᠭᠡ ᠺᠢᠲᠦᠵᠡ ᠥᠪᠡᠷ ᠢ ᠨᠢ ᠠᠯᠧᠫᠫᠣᠭ ᠤᠨ ᠰᠤᠯᠲᠠᠨ ᠢᠶᠠᠷ ᠲᠠᠯᠪᠢᠬᠤ ᠪᠣᠯᠪᠠ ᠤᠤ ᠬᠡᠮᠡᠨ ᠬᠠᠷᠠᠵᠤ ᠪᠠᠶᠢᠭᠰᠠᠨ ᠨᠢ ᠲᠠᠯ᠎ᠠ ᠪᠠᠷ ᠪᠣᠯᠤᠭᠰᠠᠨ ᠳᠤ ᠲᠡᠳᠡᠨ ᠦ ᠬᠣᠭᠣᠷᠣᠨᠳᠣᠬᠢ ᠬᠠᠭᠤᠴᠢᠨ ᠤ ᠦᠰ ᠬᠣᠨᠵᠢᠩ ᠳᠠᠬᠢᠨ ᠬᠡᠵᠢᠶ᠎ᠡ ᠴᠤ ᠡᠪᠯᠡᠬᠦ ᠦᠭᠡᠢ ᠪᠡᠷ ᠪᠣᠰᠴᠢ ᠢᠷᠡᠭᠰᠡᠨ ᠬᠡᠮᠡᠨ ᠪᠢᠴᠢᠭᠰᠡᠨ ᠨᠢ ᠴᠤ ᠪᠤᠢ᠃ ᠡᠷᠬᠡ ᠮᠡᠳᠡᠯ ᠳᠦ ᠳᠤᠷᠠᠲᠠᠢ᠂ ᠬᠦᠴᠢᠲᠡᠢ ᠪᠢᠪᠠᠷᠰ ᠲᠤ ᠡᠷᠬᠡ ᠮᠡᠳᠡᠯ ᠥᠭᠴᠦ᠂ ᠪᠣᠯᠤᠮᠵᠢ ᠣᠯᠭᠣᠬᠤ ᠨᠢ ᠺᠢᠲᠦᠵᠡᠳ ᠠᠶᠤᠯᠲᠠᠢ ᠪᠠᠶᠢᠭᠰᠠᠨ ᠪᠢᠵᠡ᠃ ᠺᠢᠲᠦᠵᠡ ᠰᠢᠷᠢᠢ ᠠ ᠳᠠᠬᠢᠨ ᠳᠤ ᠬᠢᠭᠰᠡᠨ ᠠᠮᠵᠢᠯᠲᠠᠲᠠᠢ ᠠᠶᠠᠨ ᠢᠶᠠᠨ ᠥᠨᠳᠥᠷᠯᠡᠭᠡᠳ ᠪᠤᠴᠠᠬᠤ ᠵᠠᠮ ᠳᠤ ᠪᠠᠨ ᠠᠨ ᠬᠡᠶᠢᠵᠢᠭᠡ᠃ ᠲᠠᠤᠯᠠᠢ /ᠦᠨᠡᠭᠡ/ ᠬᠠᠷᠪᠤᠭᠰᠠᠨ ᠳᠤ ᠪᠧᠢᠪᠠᠷᠰ ᠤᠷᠢᠳᠤ ᠠᠴᠠ ᠪᠡᠯᠡᠳᠬᠡᠭᠰᠡᠨ ᠨᠢᠭᠡᠨ ᠬᠦᠮᠦᠨ ᠢ ᠺᠢᠲᠦᠵᠡ ᠷᠦᠦ ᠭᠦᠢᠯᠭᠡᠵᠡᠢ᠃ ᠲᠡᠷᠡ ᠬᠦᠮᠦᠨ ᠡᠮᠦᠨ᠎ᠡ ᠨᠢ ᠠᠯᠠᠬᠤ ᠶᠠᠯ᠎ᠠ ᠳᠤ ᠤᠨᠠᠭᠰᠠᠨ ᠪᠠᠶᠢᠭᠰᠠᠨ ᠴᠤ ᠺᠢᠲᠦᠵᠡ ᠶᠢᠨ ᠥᠷᠥᠰᠢᠶᠡᠯ ᠢᠶᠡᠷ ᠠᠮᠢ ᠬᠡᠯᠲᠦᠷᠢᠭᠰᠡᠨ ᠨᠢᠭᠡᠨ ᠪᠠᠶᠢᠵᠤ᠃ ᠲᠡᠷᠡ ᠡᠲᠡᠭᠡᠳ ᠺᠢᠲᠦᠵᠡ ᠶᠢ ᠠᠯᠠᠭᠰᠠᠨ ᠠᠩᠭᠢ ᠶᠢᠨ ᠢᠶᠠᠨ ᠳᠡᠷᠭᠡᠳᠡ ᠮᠣᠷᠢᠨ ᠠᠴᠠ ᠪᠠᠨ ᠪᠠᠭᠤᠬᠤ ᠦᠶ᠎ᠡ ᠳᠦ ᠭᠦᠢᠨ ᠣᠴᠢᠵᠤ ᠡᠮᠦᠨ᠎ᠡ ᠨᠢ ᠰᠥᠬᠥᠷᠡᠨ ᠤᠨᠠᠭᠠᠳ᠂ ᠠᠮᠢ ᠬᠡᠯᠲᠦᠷᠢᠭᠦᠯᠦᠭᠰᠡᠨ ᠳᠦ ᠲᠠᠯᠠᠷᠬᠠᠵᠤ᠂ ᠡᠭᠦᠨ ᠡᠴᠡ ᠬᠣᠶᠢᠰᠢ ᠡᠭᠦᠷᠢᠳᠡ ᠥᠪᠡᠷ ᠲᠦ ᠨᠢ ᠦᠨᠡᠨᠴᠢ ᠪᠠᠶᠢᠬᠤ ᠪᠠᠨ ᠲᠠᠩᠭᠠᠷᠢᠭᠯᠠᠨ᠂ ᠪᠠᠷᠠᠭᠤᠨ ᠭᠠᠷ ᠢᠶᠠᠷ ᠢᠶᠠᠨ ᠪᠡᠶ᠎ᠡ ᠳᠦ ᠨᠢ ᠬᠦᠷᠴᠦ ᠠᠳᠢᠰᠯᠠᠬᠤ ᠶᠢ ᠬᠦᠰᠡᠵᠡᠢ᠃ ᠬᠠᠷ᠎ᠠ ᠰᠡᠷᠢ ᠠᠪᠤᠭ᠎ᠠ ᠦᠭᠡᠢ ᠺᠢᠲᠦᠵᠡ ᠭᠠᠷ ᠢᠶᠠᠨ ᠰᠤᠩᠭᠠᠬᠤ ᠭᠱᠠᠨ ᠳᠤ ᠥᠨᠥᠬᠢ ᠡᠲᠡᠭᠡᠳ ᠭᠠᠷ ᠠᠴᠠ ᠨᠢ ᠵᠠᠭᠤᠷᠠᠨ ᠪᠠᠷᠢᠵᠤ᠂ ᠳᠡᠷᠭᠡᠳᠡ ᠨᠢ ᠶᠠᠪᠤᠭᠰᠠᠨ ᠪᠢᠪᠠᠷᠰ ᠺᠢᠲᠦᠵᠡ ᠶᠢᠨ ᠭᠠᠷ ᠢ ᠲᠠᠰᠤ ᠴᠠᠪᠴᠢᠨ᠂ ᠤᠯᠠᠮ ᠢᠶᠠᠷ ᠲᠡᠨᠳᠡ ᠨᠢ ᠬᠣᠷᠢᠶᠠᠭᠰᠠᠨ ᠳᠤ ᠺᠢᠲᠦᠵᠡ ᠶᠢᠨ ᠣᠶᠢᠷ᠎ᠠ ᠳᠣᠲᠣᠨᠣ ᠶᠢᠨ ᠪᠦᠬᠦ ᠬᠦᠮᠦᠰ ᠭᠡᠯᠮᠡᠨ ᠴᠣᠴᠢᠵᠤ᠂ ᠤᠯᠠᠮ ᠢᠶᠠᠷ ᠪᠢᠪᠠᠷᠰ ᠢ ᠬᠦᠯᠢᠶᠡᠨ ᠵᠥᠪᠰᠢᠶᠡᠷᠡᠭᠰᠡᠨ ᠪᠠᠶᠢᠨ᠎ᠠ᠃ ᠡᠶᠢᠨᠬᠦᠦ ᠮᠣᠩᠭᠣᠯᠴᠤᠳ ᠢ ᠢᠯᠠᠭᠰᠠᠨ ᠶᠡᠬᠡ ᠢᠯᠠᠯᠲᠠ ᠶᠢᠨ ᠠᠯᠳᠠᠷ ᠢ ᠺᠢᠲᠦᠵᠡ ᠪᠢᠰᠢ ᠪᠧᠢᠪᠠᠷᠰ ᠬᠦᠷᠲᠡᠵᠦ᠂ ᠺᠠᠶᠢᠷ ᠤᠨ ᠭᠤᠳᠤᠮᠵᠢᠨ ᠳᠤ ᠬᠥᠭᠡᠷᠦᠭᠰᠡᠨ ᠣᠯᠠᠨ ᠢᠶᠠᠷ ᠲᠦᠰᠤᠭᠤᠯᠵᠠᠢ᠃

ᠥᠪᠡᠷ ᠢ ᠨᠢ ᠥᠰᠬᠡᠨ ᠮᠠᠮᠤᠯᠶᠤᠶᠢᠺ ᠤᠨ ᠠᠷᠮᠢ ᠶᠢᠨ ᠺᠣᠮᠠᠨᠳᠠᠯᠠᠭᠴᠢ ᠶᠢᠨ ᠵᠡᠷᠭᠡ ᠳᠡᠪ ᠲᠦ ᠪᠤᠶᠤ ᠮᠢᠰᠢᠷ ᠦᠨ ᠬᠣᠶᠠᠳᠤᠭᠠᠷ ᠬᠦᠮᠦᠨ ᠦ ᠰᠠᠭᠤᠳᠠᠯ ᠳᠤ ᠭᠠᠷᠭᠠᠵᠤ ᠢᠷᠡᠭᠰᠡᠨ ᠠᠶᠤᠪᠧᠭ ᠰᠤᠯᠲᠠᠨ ᠠᠴᠠ ᠪᠠᠨ ᠤᠷᠪᠠᠵᠤ᠂ ᠬᠦᠦ ᠶᠢ ᠨᠢ ᠬᠣᠷᠣᠭᠠᠨ᠂ ᠬᠠᠭᠠᠨ ᠰᠠᠭᠤᠷᠢ ᠶᠢ ᠨᠢ ᠪᠤᠯᠢᠶᠠᠨ ᠠᠪᠤᠭᠰᠠᠨ ᠺᠢᠲᠦᠵᠡ ᠲᠥᠶᠢᠨᠬᠦᠦ ᠪᠠᠰᠠ ᠨᠢᠭᠡᠨ ᠤᠷᠪᠠᠭᠴᠢ ᠶᠢᠨ ᠭᠠᠷ ᠲᠤ ᠠᠯᠠᠭᠤᠯᠵᠤ᠂ ᠤᠷᠪᠠᠭᠴᠢ ᠶᠢᠨ ᠦᠬᠦᠯ ᠢᠶᠡᠷ ᠦᠬᠦᠵᠡᠢ᠃ ᠠᠶᠤᠪᠧᠭ ᠰᠤᠯᠲᠠᠨ ᠴᠤ ᠮᠥᠨ ᠮᠢᠰᠢᠷ ᠦᠨ ᠬᠠᠤᠯᠢ ᠶᠣᠰᠣᠨ ᠤ ᠡᠵᠡᠨ ᠰᠤᠯᠲᠠᠨ ᠢ ᠠᠯᠠᠵᠤ ᠴᠡᠷᠢᠭ ᠦᠨ ᠡᠷᠭᠢᠯᠲᠡ ᠪᠡᠷ 1270 ᠣᠨ ᠳᠤ ᠬᠠᠭᠠᠨ ᠰᠠᠭᠤᠳᠠᠯ ᠳᠤ ᠵᠠᠯᠠᠷᠠᠵᠤ ᠪᠠᠶᠢᠭᠰᠠᠨ ᠠᠵᠡᠢ᠃ ᠬᠢ ᠳᠦ ᠪᠤᠬ᠎ᠠ ᠨᠣᠶᠠᠨᠲᠠᠨ ᠺᠢᠲᠦᠵᠡ ᠪᠣᠯᠤᠨ ᠲᠡᠭᠦᠨ ᠦ ᠡᠵᠡᠨ ᠢ ᠤᠷᠪᠠᠭᠴᠢ ᠬᠡᠮᠡᠨ ᠶᠠᠯᠠᠯᠠᠨ ᠳᠣᠩᠭᠣᠳᠴᠤ ᠪᠠᠶᠢᠭᠰᠠᠨ ᠨᠢ ᠤᠷᠪᠠᠭᠴᠢᠳ ᠤᠨ ᠬᠤᠪᠢ ᠵᠠᠶᠠᠭ᠎ᠠ ᠲᠩᠷᠢ ᠶᠢᠨ ᠵᠢᠷᠤᠭ ᠢᠶᠠᠷ ᠪᠣᠯᠬᠤ ᠶᠢ ᠵᠥᠩᠨᠡᠭᠰᠡᠨ ᠬᠡᠷᠡᠭ ᠪᠠᠶᠢᠯ᠎ᠠ᠃

ᠬᠦᠯᠢᠭ ᠬᠠᠭᠠᠨ ᠵᠠᠩᠵᠤᠨ ᠤ ᠪᠠᠨ ᠥᠰᠢᠶ᠎ᠡ ᠶᠢ ᠠᠪᠴᠤ ᠴᠢᠳᠠᠭ᠎ᠠ ᠦᠭᠡᠢ ᠶᠢᠨ ᠤᠴᠢᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢ ᠳᠦ ᠪᠤᠬ᠎ᠠ ᠶᠢᠨ ᠦᠬᠦᠯ ᠦᠨ ᠲᠠᠯ᠎ᠠ ᠪᠠᠷ ᠬᠢ ᠮᠡᠳᠡᠭᠡ ᠬᠦᠯᠦᠭ ᠬᠠᠭᠠᠨ ᠤ ᠰᠣᠨᠣᠷ ᠲᠤ ᠬᠦᠷᠬᠦ ᠳᠦ ᠬᠠᠭᠠᠨᠲᠠᠨ ᠶᠡᠬᠡᠳᠡ ᠬᠠᠷᠠᠮᠰᠠᠨ ᠭᠤᠨᠢᠭᠯᠠᠵᠠᠢ᠃ ᠭᠡᠪᠡᠴᠦ ᠪᠠᠭᠠᠲᠤᠷ ᠳᠠᠶᠢᠴᠢᠨ ᠤ ᠪᠠᠨ ᠬᠠᠷᠢᠭᠤᠭ ᠠᠪᠴᠤ ᠴᠢᠳᠠᠭᠰᠠᠨ ᠦᠭᠡᠢ᠃

ᠮᠥᠩᠬᠡ ᠬᠠᠭᠠᠨ ᠢ ᠨᠠᠰᠤ ᠪᠠᠷᠠᠭᠰᠠᠨ ᠤ ᠳᠠᠷᠠᠭ᠎ᠠ /1259 ᠣᠨ ᠳᠤ/ ᠬᠦᠯᠢᠭ ᠦᠨ ᠲᠦᠷᠦᠭᠰᠡᠨ ᠠᠬ᠎ᠠ᠂ ᠳᠡᠭᠦᠦ ᠨᠢ ᠪᠣᠯᠬᠤ ᠬᠤᠪᠢᠯᠠᠢ᠂ ᠠᠷᠭᠦᠪᠡᠬᠦ ᠨᠠᠷ ᠬᠠᠭᠠᠨ ᠰᠢᠷᠡᠭᠡ ᠪᠤᠯᠢᠶᠠᠯᠳᠤᠨ ᠲᠡᠮᠡᠴᠡᠯᠳᠦᠵᠦ᠂ ᠮᠣᠩᠭᠣᠯ ᠤᠨ ᠲᠥᠪ ᠨᠤᠲᠤᠭ ᠢᠷᠭᠡᠨ ᠦ ᠳᠠᠶᠢᠨ ᠤ ᠭᠠᠯ ᠳᠦᠷᠡᠯᠵᠡᠨ ᠠᠰᠴᠢ᠂ ᠠᠬ᠎ᠠ ᠳᠡᠭᠦᠰ ᠪᠡᠶᠡᠰ ᠢᠶᠡᠨ ᠦᠰᠯᠡᠨ᠂ ᠠᠯᠠᠯᠳᠤᠬᠤ ᠪᠣᠯᠤᠭᠠᠳ ᠪᠠᠶᠢᠪᠠ᠃ ᠡᠨᠡ ᠢᠷᠭᠡᠨ ᠦ ᠳᠠᠶᠢᠨ ᠳᠥᠷᠪᠡᠨ ᠵᠢᠯ ᠦᠨ ᠲᠤᠷᠰᠢ ᠳᠤ ᠦᠷᠭᠦᠯᠵᠢᠯᠡᠭᠰᠡᠨ ᠲᠡᠳᠦᠢ ᠦᠭᠡᠢ᠂ ᠡᠨᠡ ᠢᠷᠭᠡᠨ ᠦ ᠳᠠᠶᠢᠨ ᠬᠤᠪᠢᠯᠠᠢ ᠶᠢᠨ ᠬᠢᠲᠠᠳ ᠲᠥᠪ ᠲᠡᠢ ᠪᠣᠳᠣᠯᠭ᠎ᠠ ᠶᠢ ᠡᠰᠡᠷᠭᠦᠴᠡᠨ ᠥᠭᠡᠲᠡᠢᠨ ᠤᠳᠤᠮ ᠤᠨ ᠬᠠᠭᠠᠨ ᠬᠠᠶᠢᠳᠤ᠂ ᠬᠤᠪᠢᠯᠠᠢ ᠶᠢᠨ ᠬᠣᠶᠠᠷ ᠤᠨ ᠳᠤᠮᠳᠠ ᠥᠷᠨᠢᠵᠦ ᠴᠢᠨᠠᠭᠰᠢ 40 ᠵᠢᠯ ᠦᠷᠭᠦᠯᠵᠢᠯᠡᠵᠡᠢ᠃ ᠬᠦᠯᠢᠭ ᠦᠨ ᠬᠦᠦ ᠵᠡᠮᠬᠢᠭᠦᠷ ᠠᠷᠭᠦᠪᠦᠬᠦ ᠶᠢᠨ ᠲᠠᠯ᠎ᠠ ᠳᠤ ᠥᠪᠡᠷ ᠦᠨ ᠠᠷᠮᠢ ᠪᠠᠨ ᠠᠪᠤᠨ ᠲᠤᠯᠤᠯᠳᠤᠵᠤ ᠪᠠᠶᠢᠭᠰᠠᠨ ᠪᠣᠯ ᠬᠦᠯᠢᠭ ᠥᠪᠡᠷ ᠢᠶᠡᠨ ᠬᠤᠪᠢᠯᠠᠢ ᠶᠢ ᠳᠡᠮᠵᠢᠵᠦ ᠪᠠᠶᠢᠴᠠᠢ᠃ ᠮᠥᠨ ᠨᠢᠭᠡ ᠳᠦ᠂ ᠯᠠᠯᠤ ᠶᠢᠨ ᠪᠠᠭᠳᠤᠳ ᠢ ᠤᠨᠠᠭᠠᠵᠤ᠂ ᠯᠠᠯᠤ ᠶᠢᠨ ᠱᠠᠰᠢᠨ ᠤ ᠳᠡᠭᠡᠳᠦ ᠡᠷᠬᠡ ᠪᠠᠷᠢᠭᠴᠢ ᠬᠠᠯᠢᠹ ᠢ ᠠᠯᠠᠭᠰᠠᠨ᠂ ᠮᠥᠨ ᠯᠠᠯᠤ ᠶᠢᠨ ᠣᠷᠣᠨ ᠨᠤᠭᠤᠳ ᠢ ᠪᠠᠶᠢᠯᠳᠤᠨ ᠳᠠᠭᠠᠭᠤᠯᠵᠤ ᠪᠤᠢ ᠳᠤ ᠪᠡᠷᠬᠡ ᠶᠡᠬᠡᠳᠡ ᠳᠤᠷᠠᠭᠦᠶᠢᠴᠡᠨ ᠵᠠᠨᠤᠵᠤ ᠪᠠᠶᠢᠭᠰᠠᠨ᠂ ᠬᠣᠶᠠᠷ ᠲᠤ ᠺᠠᠸᠬᠠᠰ ᠤᠨ ᠵᠠᠪᠰᠠᠷ ᠳᠠᠬᠢ ᠪᠠᠶᠠᠯᠢᠭ ᠭᠠᠵᠠᠷ ᠨᠤᠲᠤᠭ ᠢ ᠪᠤᠯᠢᠶᠠᠯᠴᠠᠯᠳᠤᠭᠰᠠᠨ᠂ ᠭᠤᠷᠪᠠ ᠳᠤ ᠬᠦᠯᠢᠭ ᠦᠨ ᠠᠷᠮᠢ ᠳᠤ ᠪᠠᠶᠢᠭᠰᠠᠨ ᠠᠯᠲᠠᠨ ᠣᠷᠳᠣᠨ ᠤ ᠬᠠᠭᠠᠳ ᠤᠨ ᠤᠭᠰᠠᠭᠠᠨ ᠤ ᠨᠢᠭᠡ ᠪᠤᠰᠤ ᠬᠠᠨ ᠬᠥᠪ ᠦᠳ ᠤᠴᠢᠷ ᠪᠢᠲᠡᠭᠦᠯᠢᠭ ᠰᠢᠯᠲᠠᠭᠠᠨ ᠢᠶᠠᠷ ᠠᠯᠠᠭᠳᠠᠭᠰᠠᠨ ᠵᠡᠷᠭᠡ ᠬᠡᠳᠦ ᠬᠡᠳᠦᠨ ᠰᠢᠯᠲᠠᠭᠠᠨ ᠢᠶᠠᠷ ᠠᠯᠲᠠᠨ ᠣᠷᠳᠣᠨ ᠤ ᠬᠠᠭᠠᠨ ᠯᠠᠯᠤ ᠶᠢᠨ ᠦᠨᠡᠨ ᠰᠦᠰᠦᠭᠲᠦ ᠪᠡᠷᠬᠡ ᠲᠡᠢ ᠮᠠᠭᠤᠳᠠᠯᠴᠠᠭᠠᠳ ᠪᠠᠶᠢᠪᠠ᠃ ᠬᠣᠶᠠᠷ ᠲᠠᠯ᠎ᠠ ᠶᠢᠨ ᠶᠡᠬᠡ ᠴᠡᠷᠢᠭ 1260 ᠍ ᠊ᠭᠠᠳ ᠣᠨ ᠤ ᠰᠡᠭᠦᠯᠴᠢ ᠪᠡᠷ ᠳᠧᠷᠪᠧᠨ᠋ᠲ ᠬᠠᠪᠢ ᠳᠤ ᠤᠴᠠᠷᠠᠨ᠂ ᠮᠣᠩᠭᠣᠯ ᠠᠬ᠎ᠠ ᠳᠡᠭᠦᠰ ᠨᠢᠭᠡ ᠨᠢᠭᠡᠨ ᠦ ᠪᠡᠨ ᠴᠢᠰᠤ ᠶᠢ ᠬᠠᠶᠢᠷ᠎ᠠ ᠭᠠᠮ ᠦᠭᠡᠢ ᠤᠷᠤᠰᠬᠠᠪᠠ᠃ ᠡᠨᠳᠡ ᠬᠣᠶᠠᠷ ᠲᠠᠯ᠎ᠠ ᠠᠴᠠ ᠨᠡᠶᠢᠲᠡ ᠳᠦ ᠪᠡᠨ ᠬᠠᠭᠠᠰ ᠰᠠᠶ᠎ᠠ ᠭᠠᠷᠤᠢ ᠴᠡᠷᠢᠭ ᠦᠨ ᠬᠦᠴᠦ ᠲᠤᠯᠤᠭᠰᠠᠨ ᠨᠢ ᠴᠤᠬᠤᠮ ᠴᠢᠩᠭᠢᠰ ᠬᠠᠭᠠᠨ ᠤ ᠦᠶ᠎ᠡ ᠳᠦ ᠴᠤ ᠳᠠᠷᠠᠭ᠎ᠠ ᠨᠢ ᠴᠤ 1260 ᠣᠨ ᠢ ᠬᠦᠷᠲᠡᠯ᠎ᠡ ᠪᠣᠰᠤᠨ ᠪᠦᠬᠦᠢ ᠯᠠ ᠳᠠᠶᠢᠨ ᠲᠤᠯᠤᠭᠠᠨ ᠳᠤ ᠪᠣᠯᠵᠤ ᠪᠠᠶᠢᠭ᠎ᠠ ᠦᠭᠡᠢ ᠲᠣᠮᠣ ᠲᠤᠯᠭᠠᠷᠠᠯᠲᠠ ᠪᠣᠯᠤᠭᠰᠠᠨ ᠪᠥᠭᠡᠳ ᠮᠣᠩᠭᠣᠯᠴᠤᠳ ᠤᠨ ᠴᠢᠰᠤ ᠡᠨᠳᠡ ᠬᠡᠳᠦᠬᠡᠨ ᠬᠣᠨᠣᠭ ᠲᠤ ᠡᠮᠦᠨᠡᠬᠢ ᠪᠦᠲᠦᠨ ᠵᠢᠷᠠᠨ ᠵᠢᠯ ᠳᠤ ᠤᠷᠤᠰᠤᠭᠰᠠᠨ ᠠᠴᠠ ᠪᠠᠨ ᠬᠠᠪᠢ ᠦᠭᠡᠢ ᠶᠡᠬᠡ ᠤᠷᠤᠰᠴᠠᠢ᠃ ᠲᠡᠷᠡ ᠴᠤ ᠪᠤᠤ ᠬᠡᠯᠡ ᠠᠯᠲᠠᠨ ᠣᠷᠳᠣᠨ ᠤ ᠪᠡᠷᠬᠡ ᠬᠦᠯᠢᠭ ᠦᠨ ᠢᠯ ᠬᠠᠭᠠᠨᠲᠤ ᠤᠯᠤᠰ ᠤᠨ ᠡᠰᠡᠷᠬᠦ ᠮᠠᠮᠤᠯᠶᠤᠶᠢᠺ ᠪᠢᠪᠠᠷᠰ ᠲᠠᠢ ᠬᠡᠯᠡᠯᠴᠡᠭᠡ ᠬᠢᠵᠦ᠂ ᠣᠯᠠᠨᠲᠠ ᠡᠯᠴᠢ ᠰᠣᠯᠢᠯᠴᠠᠵᠤ᠂ ᠬᠠᠮᠲᠤᠷᠠᠨ ᠨᠢᠭᠡᠳᠴᠦ ᠢᠯᠡ ᠬᠠᠭᠠᠳ ᠢ ᠳᠠᠶᠢᠯᠠᠬᠤ ᠲᠤᠬᠠᠢ ᠴᠤ ᠵᠥᠪᠰᠢᠯᠳᠦᠵᠦ ᠪᠠᠶᠢᠪᠠ᠃

ᠮᠥᠨ ᠴᠠᠭᠠᠳᠠᠢ ᠶᠢᠨ ᠤᠭᠰᠠᠭᠠᠨ ᠤ ᠬᠠᠭᠠᠳ ᠥᠪᠡᠷᠰᠡᠳ ᠦᠨ ᠡᠵᠡᠮᠰᠢᠯ ᠭᠠᠵᠠᠷ ᠢᠶᠠᠨ ᠪᠠᠭ᠎ᠠ ᠬᠡᠮᠡᠨ ᠭᠣᠯᠣᠵᠤ᠂ ᠠᠯᠲᠠᠨ ᠣᠷᠳᠣ᠂ ᠢᠯᠡ ᠬᠠᠭᠠᠳ ᠤᠨ ᠭᠠᠵᠠᠷ ᠨᠤᠲᠤᠭ ᠷᠤ ᠥᠩᠭᠡᠯᠵᠡᠬᠦ ᠪᠣᠯᠤᠭᠰᠠᠨ ᠠᠴᠠ ᠡᠨᠡ ᠭᠤᠷᠪᠠᠨ ᠤᠯᠤᠰ ᠤᠨ ᠬᠢᠯᠢ ᠣᠷᠴᠢᠮ᠂ ᠳᠤᠮᠳᠠᠳᠤ ᠠᠽᠢᠶ᠎ᠠ ᠳᠤ ᠭᠤᠷᠪᠠᠯᠵᠢᠯᠠᠵᠤ ᠳᠥᠷᠪᠡᠯᠵᠢᠯᠡᠭᠰᠡᠨ ᠢᠷᠭᠡᠨ ᠦ ᠳᠠᠶᠢᠨ ᠴᠤ ᠭᠠᠷᠪᠠ᠃ ᠡᠨᠡ ᠮᠡᠲᠦ ᠰᠢᠯᠲᠠᠭ᠎ᠠ ᠨᠤᠭᠤᠳ ᠠᠴᠠ ᠡᠭᠦᠳᠡᠨ ᠬᠦᠯᠦᠭ ᠬᠠᠭᠠᠨ ᠰᠢᠷᠢ᠂ ᠮᠢᠰᠢᠷ ᠲᠡᠰᠢ ᠴᠡᠷᠢᠭ ᠦᠨ ᠢᠶᠡᠨ ᠭᠣᠣᠯ ᠬᠡᠰᠡᠭ ᠢ ᠰᠢᠳᠡᠵᠦ ᠴᠢᠳᠠᠭ᠎ᠠ ᠦᠭᠡᠢ ᠪᠥᠭᠡᠳ ᠡᠨᠡ ᠨᠢ ᠰᠠᠷ ᠲᠤ ᠮᠠᠮᠤᠯᠶᠤᠶᠢᠺ ᠦᠳ ᠪᠡᠬᠢᠵᠢᠵᠦ᠂ ᠤᠯᠠᠮ ᠢᠶᠠᠷ 1281 ᠣᠨ ᠳᠤ ᠬᠣᠮᠰᠠᠳ ᠳᠠᠬᠢᠨ ᠮᠣᠩᠭᠣᠯ ᠤᠨ ᠲᠣᠮᠣᠬᠠᠨ ᠬᠦᠴᠦ ᠶᠢ ᠴᠤᠬᠢᠬᠤ ᠪᠣᠯᠤᠮᠵᠢ ᠣᠯᠭᠤᠭᠰᠠᠨ ᠪᠠᠶᠢᠨ᠎ᠠ᠃ ᠮᠣᠩᠭᠣᠯᠴᠤᠳ ᠤᠨ ᠰᠡᠯᠡᠮ᠎ᠡ ᠶᠢᠨ ᠦᠵᠦᠭᠦᠷ ᠠᠶᠤᠨ ᠵᠢᠯ ᠤᠨᠳ ᠲᠤ ᠮᠣᠬᠣᠭᠰᠠᠨ ᠡᠨᠡ ᠮᠥᠴᠡᠯᠭᠡ ᠡᠴᠡ ᠡᠬᠢᠯᠡᠨ ᠮᠣᠩᠭᠣᠯ ᠤᠨ ᠡᠵᠡᠨᠲᠦ ᠭᠦᠷᠦᠨ ᠦ ᠭᠠᠵᠠᠷ ᠪᠦᠷᠢ ᠳᠦ ᠰᠠᠯᠠᠩ ᠲᠤᠰᠠᠭᠠᠷᠯᠠᠬᠤ ᠦᠵᠡᠯ ᠰᠠᠨᠠᠭ᠎ᠠ ᠬᠦᠴᠢᠲᠡᠢ ᠥᠷᠨᠢᠵᠦ᠂ ᠲᠡᠳᠦ ᠤᠳᠠᠯ ᠦᠭᠡᠢ ᠮᠣᠩᠭᠣᠯ ᠤᠨ ᠡᠵᠡᠨᠲᠦ ᠭᠦᠷᠦᠨ ᠬᠢᠲᠠᠳ ᠲᠤ ᠲᠥᠪᠯᠡᠭᠰᠡᠨ ᠠᠽᠢᠶ᠎ᠠ ᠶᠢᠨ ᠬᠡᠲᠦ ᠶᠡᠬᠡ ᠭᠦᠷᠦᠨ ᠶᠤᠸᠠᠨ ᠪᠤᠶᠤ ᠮᠣᠩᠭᠣᠯ ᠤᠨ ᠬᠥᠬᠡ ᠭᠦᠷᠦᠨ᠂ ᠳᠤᠮᠳᠠᠳᠤ ᠠᠽᠢᠶ᠎ᠠ ᠳᠤ ᠴᠠᠭᠠᠳᠠᠢ ᠶᠢᠨ ᠤᠯᠤᠰ᠂ ᠢᠷᠡᠨ᠂ ᠠᠷᠠᠪ᠂ ᠣᠶᠢᠷᠠᠬᠢ ᠳᠣᠷᠣᠨᠠᠲᠤᠳ ᠢᠯ ᠬᠠᠭᠠᠨᠲᠤ ᠤᠯᠤᠰ᠂ ᠺᠢᠫᠴᠠᠺ ᠤᠨ ᠠᠭᠤᠳᠠᠮ ᠲᠠᠯ᠎ᠠ ᠶᠢᠨ ᠵᠡᠭᠦᠨ ᠬᠢᠵᠠᠭᠠᠷ ᠠᠴᠠ ᠳᠧᠨᠢᠰᠲ᠋ᠷ ᠬᠦᠷᠲᠡᠯ᠎ᠡ ᠦᠷᠭᠦᠯᠵᠢᠯᠡᠭᠰᠡᠨ ᠠᠯᠲᠠᠨ ᠣᠷᠳᠣᠨ ᠤ ᠤᠯᠤᠰ ᠬᠡᠮᠡᠨ ᠬᠡᠳᠦᠨ ᠬᠡᠰᠡᠭ ᠪᠣᠯᠤᠨ ᠵᠠᠳᠠᠷᠠᠭᠰᠠᠨ ᠪᠢᠯᠡ᠃ ᠬᠡᠷᠪᠡ ᠮᠣᠩᠭᠣᠯᠴᠤᠳ ᠥᠪᠡᠷ ᠬᠣᠭᠣᠷᠣᠨᠳᠣ ᠪᠠᠨ ᠠᠯᠠᠯᠴᠠᠨ᠂ ᠵᠥᠷᠢᠴᠡᠯᠳᠦᠭᠡ ᠦᠭᠡᠢ ᠪᠣᠯ ᠦᠨᠡᠬᠡᠷ ᠬᠢᠲᠦ ᠪᠤᠬ᠎ᠠ ᠶᠢᠨ ᠬᠡᠯᠡᠭᠰᠡᠨ ᠢᠶᠡᠷ ᠬᠦᠯᠦᠭ ᠬᠠᠭᠠᠨ ᠤ ᠮᠣᠷᠢᠲᠤ ᠴᠡᠷᠢᠭ ᠦᠨ ᠲᠤᠭᠤᠷᠠᠢ ᠰᠢᠷᠢ᠂ ᠮᠢᠰᠢᠷ ᠢ ᠭᠠᠵᠠᠷ ᠤᠨ ᠬᠥᠷᠥᠰᠥᠲᠡᠢ ᠲᠡᠭᠰᠢᠯᠡᠬᠦ ᠳᠦ ᠪᠢᠪᠠᠷᠰ ᠤᠨ ᠵᠠᠩᠵᠤᠨ ᠤ ᠴᠢᠳᠠᠪᠤᠷᠢ᠂ ᠬᠢᠴᠢᠶᠡᠯ ᠴᠢᠷᠮᠠᠶᠢᠯᠲᠠ᠂ ᠮᠠᠮᠤᠯᠶᠤᠶᠢᠺ ᠲᠦᠷᠦᠭ ᠳᠠᠶᠢᠴᠢᠳ ᠤᠨ ᠪᠠᠭᠠᠲᠤᠷ ᠵᠣᠷᠢᠭ ᠨᠢᠭᠡ ᠶᠡᠬᠡ ᠰᠠᠭᠠᠳ ᠪᠣᠯᠵᠤ ᠴᠢᠳᠠᠬᠤ ᠦᠭᠡᠢ ᠪᠠᠶᠢᠭᠰᠠᠨ ᠪᠢᠵᠡ᠃ ᠡᠭᠦᠨ ᠢ ᠴᠤ ᠠᠷᠠᠪ ᠤᠨ ᠲᠡᠦᠬᠡᠴᠢᠳ ᠴᠤ ᠬᠦᠷᠲᠡᠯ᠎ᠡ ᠬᠦᠯᠢᠶᠡᠨ ᠵᠥᠪᠰᠢᠶᠡᠷᠡᠳᠡᠭ᠃

ᠲᠤᠬᠠᠢ ᠶᠢᠨ ᠴᠠᠭ ᠦᠶ᠎ᠡ ᠳᠦ ᠮᠣᠩᠭᠣᠯᠴᠤᠳ ᠤᠨ ᠬᠦᠴᠦᠨ ᠦ ᠬᠡᠲᠦᠶᠢᠳᠦᠯ ᠳᠦ ᠨᠢ ᠵᠥᠪᠬᠡᠨ ᠮᠣᠩᠭᠣᠯᠴᠤᠳ ᠥᠪᠡᠷᠰᠡᠳ ᠢᠶᠡᠨ ᠯᠠ ᠬᠣᠷᠢᠵᠤ ᠳᠡᠶᠢᠯᠬᠦ ᠣᠷᠭᠢᠯ ᠬᠡᠮᠵᠢᠶᠡᠨ ᠳᠦ ᠨᠢᠭᠡᠨᠲᠡ ᠬᠦᠷᠢᠶ᠎ᠡ ᠳᠦ ᠪᠠᠶᠢᠭᠰᠠᠨ ᠪᠥᠭᠡᠳ ᠬᠢᠲᠠᠳ᠂ ᠣᠷᠣᠰ᠂ ᠧᠦ᠋ᠷᠣᠫᠠ ᠬᠢᠭᠡᠳ ᠮᠢᠰᠢᠷ ᠦᠨ ᠠᠯᠢ ᠴᠤ ᠹᠷᠣᠨᠲ ᠳᠡᠭᠡᠷ᠎ᠡ ᠮᠣᠩᠭᠣᠯᠴᠤᠳ ᠤᠨ ᠲᠦᠷᠢᠯᠲᠡ ᠶᠢ ᠵᠣᠭᠰᠣᠬᠤ ᠪᠣᠯᠤᠮᠵᠢ ᠥᠭᠡᠷ᠎ᠡ ᠪᠤᠰᠤᠳ ᠶᠠᠮᠠᠷ ᠴᠤ ᠦᠨᠳᠦᠰᠦᠲᠡᠨ ᠳᠦ ᠪᠠᠶᠢᠭᠰᠠᠨ ᠦᠭᠡᠢ᠃ ᠠᠯᠢᠪᠠ ᠲᠡᠦᠬᠡᠨ ᠶᠡᠬᠡ ᠦᠢᠯᠡ ᠶᠠᠪᠤᠳᠠᠯ ᠳᠤ ᠡᠴᠦᠰ ᠦᠨ ᠲᠤᠯᠬᠤ ᠴᠡᠭ᠂ ᠣᠷᠭᠢᠯ ᠴᠠᠭ ᠭᠡᠵᠦ ᠪᠤᠢ ᠠᠭᠠᠳ ᠨᠢᠭᠡᠨᠲᠡ ᠣᠷᠭᠢᠯ ᠴᠠᠭ ᠲᠤ ᠪᠠᠨ ᠬᠦᠷᠡᠭᠰᠡᠨ ᠡᠴᠡ ᠬᠣᠶᠢᠰᠢ ᠤᠷᠤᠭᠤᠳᠠᠨ ᠪᠠᠭᠤᠬᠤ ᠲᠡᠦᠬᠡᠨ ᠡᠷᠭᠢᠯᠲᠡ ᠪᠣᠯᠳᠠᠭ ᠨᠢ ᠴᠤ ᠶᠣᠰᠣ ᠠᠵᠢ᠃ ᠴᠤᠬᠤᠮ ᠠᠷᠪᠠᠨ ᠭᠤᠷᠪᠠᠳᠤᠭᠠᠷ ᠵᠠᠭᠤᠨ ᠤ ᠮᠣᠩᠭᠣᠯᠴᠤᠳ ᠤᠨ ᠦᠢᠯᠡᠰ ᠨᠢ ᠲᠡᠶᠢᠮᠦ ᠬᠡᠮᠵᠢᠶ᠎ᠡ ᠬᠢᠵᠠᠭᠠᠷ ᠲᠤ ᠬᠦᠷᠢᠶ᠎ᠡ ᠳᠦ ᠨᠢᠭᠡᠨᠲᠡ ᠡᠷᠭᠢᠬᠦ ᠶᠣᠰᠣᠲᠠᠢ ᠪᠣᠯᠤᠭᠰᠠᠨ ᠲᠡᠷᠡ ᠮᠥᠴᠡ ᠳᠦ ᠮᠠᠮᠤᠯᠶᠤᠶᠢᠺ ᠦᠳ ᠲᠦ ᠪᠣᠯᠤᠮᠵᠢ ᠲᠣᠬᠢᠶᠠᠭᠰᠠᠨ ᠪᠠᠶᠢᠨ᠎ᠠ᠃ ᠲᠤᠬᠠᠢ ᠶᠢᠨ ᠦᠶ᠎ᠡ ᠳᠦ ᠮᠣᠩᠭᠣᠯᠴᠤᠳ ᠤᠨ ᠡᠵᠡᠨᠲᠦ ᠭᠦᠷᠦᠨ ᠨᠢ ᠮᠡᠳᠡᠭᠳᠡᠵᠦ ᠪᠠᠶᠢᠭᠰᠠᠨ ᠬᠠᠭᠤᠷᠠᠢ ᠭᠠᠵᠠᠷ ᠨᠤᠲᠤᠭ ᠤᠨ ᠠᠷᠪᠠᠨ ᠤ ᠶᠢᠰᠦ ᠶᠢ ᠪᠤᠶᠤ 33 ᠰᠠᠶ᠎ᠠ ᠺᠦᠸᠠᠳ᠋.km ᠭᠠᠵᠠᠷ ᠨᠤᠲᠤᠭ ᠢ ᠬᠠᠮᠤᠷᠴᠢ ᠪᠠᠶᠢᠴᠠᠢ᠃ ᠥᠭᠡᠷ᠎ᠡ ᠶᠠᠮᠠᠷ ᠴᠤ ᠤᠯᠤᠰ ᠦᠨᠳᠦᠰᠦᠲᠡᠨ ᠡᠶᠢᠮᠦ ᠬᠡᠲᠦ ᠶᠡᠬᠡ ᠭᠦᠷᠦᠨ ᠢ ᠪᠠᠶᠢᠭᠤᠯᠵᠤ ᠴᠢᠳᠠᠭ᠎ᠠ ᠦᠭᠡᠢ ᠪᠥᠭᠡᠳ ᠥᠳᠥ ᠶᠢ ᠬᠦᠷᠲᠡᠯᠡᠬᠢ ᠨᠡᠩ ᠣᠯᠠᠨ ᠲᠡᠦᠬᠡᠴᠢᠳ ᠠᠷᠪᠠᠨ ᠭᠤᠷᠪᠠᠳᠤᠭᠠᠷ ᠵᠠᠭᠤᠨ ᠳᠤ ᠮᠣᠩᠭᠣᠯᠴᠤᠳ ᠶᠠᠭᠠᠬᠢᠭᠠᠳ ᠲᠡᠶᠢᠮᠦ ᠢᠯᠠᠭᠳᠠᠰᠢ ᠦᠭᠡᠢ ᠮᠡᠲᠦ ᠬᠦᠴᠦᠷᠬᠡᠭ ᠪᠠᠶᠢᠭᠰᠠᠨ ᠪᠤᠢ᠂ ᠡᠨᠡ ᠪᠦᠬᠦᠨ ᠶᠠᠵ᠂ ᠶᠠᠮᠠᠷ ᠬᠦᠴᠦ ᠪᠡᠷ ᠪᠤᠢ ᠪᠣᠯᠪᠠ ᠠ᠋ ᠬᠡᠮᠡᠨ ᠭᠠᠶᠢᠬᠠᠨ ᠳᠠᠭᠤᠤ ᠠᠯᠠᠳᠠᠭᠰᠠᠨ ᠨᠢ ᠪᠤᠢ᠃ /18-19 ᠳ᠋ᠦᠭ ᠢᠶᠡᠷ ᠵᠠᠭᠤᠨ ᠳᠤ ᠶᠡᠬᠡ ᠪᠷᠢᠲ᠋ᠠᠨ ᠤ ᠺᠣᠯᠣᠨᠴᠢᠯᠠᠯ ᠤᠨ ᠣᠷᠭᠢᠯ ᠦᠶ᠎ᠡ ᠳᠦ ᠲᠡᠳᠡᠨ ᠦ ᠡᠵᠡᠯᠡᠭᠰᠡᠨ ᠭᠠᠵᠠᠷ ᠨᠤᠲᠤᠭ 33,7 ᠰᠠᠶ᠎ᠠ ᠺᠦᠸᠠᠳ᠋.km ᠪᠠᠶᠢᠭᠰᠠᠨ ᠬᠡᠳᠦᠢ ᠴᠤ ᠲᠤᠬᠠᠢ ᠶᠢᠨ ᠦᠶ᠎ᠡ ᠳᠦ ᠳᠡᠯᠡᠬᠡᠢ ᠶᠢᠨ ᠬᠠᠭᠤᠷᠠᠢ ᠭᠠᠵᠠᠷ ᠪᠦᠬᠦᠯᠢ ᠳᠦ ᠪᠡᠨ ᠨᠡᠭᠡᠭᠡᠭᠳᠡᠭᠰᠡᠨ ᠪᠠᠶᠢᠭᠰᠠᠨ ᠪᠥᠭᠡᠳ ᠡᠨᠡ ᠨᠢ ᠨᠡᠭᠡᠭᠡᠭᠳᠡᠭᠰᠡᠨ ᠨᠡᠶᠢᠲᠡ ᠭᠠᠵᠠᠷ ᠨᠤᠲᠤᠭ ᠤᠨ ᠭᠤᠷᠪᠠᠨ ᠤ ᠨᠢᠭᠡ ᠳᠦ ᠴᠤ ᠬᠦᠷᠬᠦ ᠦᠭᠡᠢ ᠪᠠᠶᠢᠪᠠ᠃/ ᠡᠨᠳᠡ ᠨᠢᠭᠡᠨ ᠵᠦᠢᠯ ᠠᠵᠢᠭᠯᠠᠭᠳᠠᠳᠠᠭ ᠨᠢ ᠮᠣᠩᠭᠣᠯᠴᠤᠳ ᠠᠯᠢ ᠴᠢᠩᠭᠢᠰ ᠬᠠᠭᠠᠨ ᠤ ᠦᠶᠡᠰ ᠯᠠ ᠭᠠᠭᠴᠠ ᠦᠨᠳᠦᠰᠦᠲᠡᠨ ᠳᠦ ᠪᠤᠰᠤᠳ ᠠᠴᠠ ᠢᠯᠡᠭᠦᠦ ᠪᠡᠷ ᠨᠡᠬᠡᠯ ᠬᠠᠲᠠᠭᠤ ᠪᠠᠶᠢᠵᠤ᠂ ᠪᠦᠬᠦᠢ ᠯᠠ ᠪᠣᠯᠤᠮᠵᠢ ᠪᠠᠷ ᠢᠶᠠᠨ ᠳᠠᠷᠤᠵᠤ ᠤᠰᠠᠳᠬᠠᠬᠤ ᠶᠢ ᠬᠢᠴᠢᠶᠡᠵᠦ ᠢᠷᠡᠭᠰᠡᠨ ᠪᠠᠶᠢᠳᠠᠭ᠃ ᠡᠨᠡ ᠨᠢ ᠮᠣᠩᠭᠣᠯᠴᠤᠳ ᠲᠠᠢ ᠤᠭᠰᠠᠭ᠎ᠠ ᠭᠠᠷᠪᠠᠯ ᠬᠢᠭᠡᠳ ᠳᠠᠶᠢᠨᠴᠢ ᠴᠢᠳᠠᠪᠤᠷᠢ ᠪᠠᠷ ᠢᠶᠠᠨ ᠨᠡᠩ ᠣᠶᠢᠷᠠᠬᠠᠨ ᠪᠠᠶᠢᠵᠤ ᠮᠡᠳᠡᠬᠦ ᠺᠢᠫᠴᠠᠺ ᠲᠦᠷᠦᠭ ᠦᠳ ᠪᠥᠭᠡᠳ ᠳᠨᠧᠫᠷ ᠡᠴᠡ ᠠᠯᠲᠠᠢ ᠶᠢᠨ ᠨᠢᠷᠤᠭᠤ ᠬᠦᠷᠲᠡᠯᠡᠬᠢ ᠠᠰᠤᠷᠤ ᠠᠭᠤᠳᠠᠮ ᠵᠠᠢ ᠳᠤ ᠨᠡᠭᠦᠳᠡᠯᠯᠡᠨ ᠠᠵᠤ ᠲᠥᠷᠦᠵᠢ ᠠᠰᠠᠨ ᠡᠨᠡ ᠦᠨᠳᠦᠰᠦᠲᠡᠨ ᠲᠡᠢ ᠴᠤᠬᠤᠮ ᠶᠠᠭᠠᠬᠢᠭᠠᠳ ᠲᠡᠶᠢᠮᠦ ᠨᠡᠬᠡᠯ ᠬᠠᠲᠠᠭᠤ ᠲᠣᠭᠠᠴᠠᠭ᠎ᠠ ᠬᠢᠭᠰᠡᠨ ᠦ ᠤᠴᠢᠷ ᠴᠤᠬᠤᠮ ᠲᠡᠳᠡ ᠯᠠ ᠮᠣᠩᠭᠣᠯᠴᠤᠳ ᠲᠠᠢ ᠡᠩ ᠲᠡᠩᠴᠡᠭᠦᠦ ᠲᠡᠮᠡᠴᠡᠯᠳᠦᠵᠦ ᠴᠢᠳᠠᠬᠤ ᠴᠢᠳᠠᠪᠤᠷᠢᠲᠠᠢ ᠳᠤ ᠪᠠᠶᠢᠭᠰᠠᠨ ᠪᠠᠶᠢᠵᠤ ᠪᠣᠯᠬᠤ ᠶᠤᠮ᠃ ᠠᠩᠬ᠎ᠠ ᠰᠦᠪᠡᠭᠡᠳᠡᠢ ᠮᠡᠷᠭᠡᠳ ᠦᠨ ᠦᠯᠡᠳᠡᠭᠳᠡᠯ ᠢ ᠳᠠᠷᠤᠬᠤ ᠪᠠᠷ ᠴᠦᠢ ᠮᠥᠷᠡᠨ ᠳᠦ ᠢᠷᠡᠬᠦ ᠳᠦ ᠪᠡᠨ ᠯᠠ ᠺᠢᠫᠴᠠᠺ ᠤᠳ ᠲᠠᠢ ᠲᠤᠯᠭᠠᠷᠠᠭᠰᠠᠨ ᠠᠴᠠ ᠬᠣᠶᠢᠰᠢ ᠲᠡᠳᠡᠨ ᠢ ᠴᠠᠭ ᠦᠷᠭᠦᠯᠵᠢᠳᠡ ᠮᠥᠰᠬᠢᠭᠰᠡᠭᠡᠷ ᠪᠦᠷ ᠮᠠᠵᠠᠷ ᠢ ᠭᠡᠲᠦᠯᠭᠡᠨ ᠬᠥᠭᠡᠭᠡᠵᠦ ᠣᠷᠬᠢᠭᠰᠠᠨ ᠶᠤᠮ᠃

ᠮᠠᠮᠤᠯᠶᠤᠶᠢᠺ ᠦᠳ ᠪᠣᠯ ᠴᠤᠬᠤᠮ ᠲᠡᠳᠡᠭᠡᠷ ᠺᠢᠫᠴᠠᠺ ᠤᠳ ᠤᠨ ᠦᠯᠡᠳᠡᠭᠳᠡᠯ ᠦᠳ ᠪᠥᠭᠡᠳ ᠺᠢᠲᠦᠵᠡ ᠨᠢ ᠬᠣᠷᠧᠽᠮ ᠳᠤ᠂ ᠪᠧᠢᠪᠠᠷᠰ ᠨᠢ ᠨᠢᠭᠡ ᠪᠣᠯ ᠺᠷ ᠤᠮ ᠳᠤ᠂ ᠡᠰᠡᠪᠡᠯ ᠥᠨᠥ ᠶᠢᠨ ᠬᠠᠰᠠᠭᠰᠲ᠋ᠠᠨ ᠤ ᠺᠠᠷᠠᠬᠠᠨ ᠳᠤ ᠲᠦᠷᠦᠭᠰᠡᠨ ᠬᠦᠮᠦᠨ ᠶᠤᠮ᠃ ᠺᠠᠽᠠᠭ ᠤᠳ ᠴᠤ ᠪᠧᠢᠪᠠᠷᠰ ᠢ ᠬᠠᠰᠠᠭ ᠤᠨ ᠠᠷᠠᠳ ᠲᠦᠮᠡᠨ ᠦ ᠪᠠᠭᠠᠲᠤᠷ ᠬᠡᠮᠡᠨ ᠨᠡᠷᠡᠯᠡᠵᠦ᠂ ᠦᠨᠳᠦᠰᠦᠲᠡᠨ ᠦ ᠪᠡᠨ ᠨᠢᠭᠡᠨ ᠪᠠᠬᠠᠷᠬᠠᠯ ᠪᠣᠯᠭᠠᠳᠠᠭ ᠪᠥᠭᠡᠳ ᠬᠥᠰᠢᠶ᠎ᠡ ᠳᠤᠷᠠᠰᠬᠠᠯ ᠢ ᠨᠢ ᠪᠣᠰᠬᠠᠵᠤ᠂ ᠣᠯᠠᠨ ᠠᠩᠭᠢᠲᠤ ᠺᠢᠨᠣ᠋ ᠴᠤ ᠬᠦᠷᠲᠡᠯ᠎ᠡ ᠬᠡᠶᠢᠵᠢᠭᠡ᠃ ᠮᠥᠨ ᠺᠠᠢᠷᠲ ᠪᠤᠢ ᠪᠧᠢᠪᠠᠷᠰ ᠤᠨ ᠮᠥᠷᠭᠥᠯ ᠦᠨ ᠰᠦᠮ᠎ᠡ᠂ ᠰᠠᠷ ᠲᠤ ᠪᠤᠢ ᠪᠤᠩᠬᠤᠨ ᠢ ᠨᠢ ᠺᠠᠽᠠᠭ ᠤᠳ 3 ᠰᠠᠶ᠎ᠠ ᠠᠮᠠ᠃ᠳ᠋ᠣᠯᠯᠠᠷ ᠢᠶᠠᠷ ᠰᠡᠷᠭᠦᠭᠡᠨ ᠵᠠᠰᠠᠪᠤᠷᠢᠯᠠᠭᠰᠠᠨ ᠪᠠᠶᠢᠨ᠎ᠠ᠃ ᠴᠢᠩᠭᠢᠰ ᠬᠠᠭᠠᠨ ᠢ ᠬᠣᠷᠧᠽᠮ ᠢ ᠡᠵᠡᠯᠡᠬᠦ ᠦᠶ᠎ᠡ ᠪᠡᠷ ᠮᠧᠷᠧ ᠬᠣᠲᠠ ᠶᠢᠨ ᠤᠮᠠᠷᠠᠳᠤ ᠳᠤ ᠠᠮᠢᠳᠤᠷᠠᠵᠤ ᠪᠠᠶᠢᠭᠰᠠᠨ ᠲᠦᠷᠦᠭ ᠦᠨ ᠨᠢᠭᠡ ᠪᠠᠭᠠᠰᠢᠭ ᠣᠪᠤᠭ ᠪᠠᠷᠠᠭᠤᠨ ᠲᠡᠰᠢ ᠨᠡᠭᠦᠳᠡᠯᠯᠡᠨ᠂ ᠠᠷᠮᠧᠨᠳ ᠲᠦᠷᠢ ᠲᠣᠯᠣᠭᠠᠢ ᠬᠣᠷᠣᠭᠳᠠᠵᠤ ᠪᠠᠶᠢᠭᠠᠳ ᠮᠣᠩᠭᠣᠯ ᠵᠠᠩᠵᠤᠨ ᠴᠷᠮᠠᠭᠠᠨ ᠬᠣᠶᠠᠷ ᠠᠴᠠ ᠵᠢᠭᠤᠲᠠᠭᠠᠨ ᠠᠨᠠᠳᠣᠯᠣ ᠷᠤ ᠨᠡᠭᠦᠭᠰᠡᠨ ᠨᠢ ᠬᠣᠵᠢᠮ ᠧᠦ᠋ᠷᠣᠫᠠ ᠶᠢᠨ ᠬᠠᠭᠠᠰ ᠢ ᠡᠷᠬᠡᠰᠢᠶᠡᠵᠦ᠂ ᠠᠽᠢᠶ᠎ᠠ᠂ ᠧᠦ᠋ᠷᠣᠫᠠ ᠲᠢᠪ ᠢ ᠳᠠᠮᠨᠠᠭᠰᠠᠨ ᠬᠦᠴᠦᠷᠬᠡᠭ ᠣᠳᠲᠠᠮᠠᠨ ᠤ ᠶᠡᠬᠡ ᠭᠦᠷᠦᠨᠡᠶᠢᠭ ᠦᠨᠳᠦᠰᠦᠯᠡᠭᠴᠢᠳ ᠪᠣᠯᠤᠨ ᠶᠢᠷᠲᠢᠨᠴᠦ ᠶᠢ ᠡᠵᠡᠯᠡᠵᠦ ᠠᠰᠠᠨ ᠮᠣᠩᠭᠣᠯᠴᠤᠳ ᠤᠨ ᠤᠯᠠ ᠮᠥᠷ᠂ ᠪᠠᠯᠭᠠᠰᠤᠨ ᠳᠤᠮᠳᠠ ᠠᠴᠠ ᠥᠨᠳᠡᠶᠢᠨ ᠪᠣᠰᠤᠭᠰᠠᠨ ᠪᠢᠯᠡ᠃

ᠡᠫᠢᠯᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠨ ᠵᠢᠷᠠᠨ ᠤ ᠲᠤᠷᠰᠢ ᠳᠤ ᠠᠰᠤᠷᠤ ᠡᠷᠴᠢᠲᠡᠢ ᠤᠷᠤᠭᠰᠢᠯᠠᠭᠰᠠᠨ ᠮᠣᠩᠭᠣᠯ ᠤᠨ ᠡᠷᠴᠢ ᠬᠦᠴᠦᠨ ᠦ ᠣᠷᠭᠢᠯᠤᠯᠲᠠ ᠰᠢᠨᠠᠢ ᠶᠢᠨ ᠴᠥᠯ ᠦᠨ ᠡᠯᠡᠰᠦᠨ ᠳᠦ ᠰᠢᠩᠭᠡᠬᠦ ᠪᠣᠷᠣᠭᠠᠨ ᠤ ᠤᠰᠤ ᠮᠡᠲᠦ ᠠᠶᠤᠨ-ᠵᠢᠯ ᠤᠨᠳ ᠤᠨ ᠲᠣᠯᠣᠭᠠᠳᠠᠳ ᠰᠠᠭᠠᠷᠴᠢ᠂ ᠮᠣᠩᠭᠣᠯᠴᠤᠳ ᠢᠯᠠᠭᠳᠠᠰᠢ ᠦᠭᠡᠢ᠂ ᠲᠡᠳᠡ ᠪᠣᠯ ᠪᠤᠷᠬᠠᠨ ᠤ ᠬᠦᠰᠡᠯ ᠵᠣᠷᠢᠭ ᠢ ᠭᠦᠢᠴᠡᠯᠳᠦᠭᠦᠯᠦᠭᠴᠢᠳ ᠭᠡᠰᠡᠨ ᠥᠷᠥᠨ᠎ᠡ᠂ ᠳᠣᠷᠣᠨᠠᠲᠤᠳ ᠨᠢᠭᠡᠨᠲᠡ ᠲᠦᠭᠡᠵᠦ᠂ ᠬᠠᠤᠯᠢ ᠪᠣᠯᠤᠨ ᠲᠣᠭᠲᠠᠨᠢᠵᠤ ᠪᠠᠶᠢᠭᠰᠠᠨ ᠣᠶᠢᠯᠠᠭᠠᠯᠲᠠ ᠵᠠᠮᠬᠠᠷᠠᠵᠤ᠂ ᠵᠥᠪᠬᠡᠨ ᠳᠣᠮᠣᠭ ᠪᠣᠯᠤᠨ ᠦᠯᠦ ᠳᠦ ᠬᠢ ᠬᠤᠪᠢ ᠵᠠᠶᠠᠭᠠᠲᠠᠢ ᠪᠣᠯᠪᠠ᠃ ᠮᠣᠩᠭᠣᠯᠴᠤᠳ ᠢ ᠢᠯᠠᠵᠤ ᠪᠠᠰᠠ ᠪᠣᠯᠳᠠᠭ ᠶᠤᠮ ᠪᠠᠶᠢᠨ᠎ᠠ ᠭᠡᠳᠡᠭ ᠢ ᠠᠷᠠᠪ᠂ ᠯᠠᠯᠤ ᠶᠢᠨ ᠶᠢᠷᠲᠢᠨᠴᠦ ᠳᠠᠶᠠᠭᠠᠷ ᠮᠡᠳᠡᠷᠡᠴᠢ᠂ ᠮᠣᠩᠭᠣᠯᠴᠤᠳ ᠪᠣᠯ ᠪᠢᠳᠡᠨ ᠦ ᠯᠠ ᠨᠢᠭᠡᠨ ᠠᠳᠠᠯᠢ ᠮᠢᠬ᠎ᠠ ᠴᠢᠰᠤᠨ ᠳᠤ ᠲᠦᠷᠦᠭᠰᠡᠨ᠂ ᠢᠯᠠᠭᠳᠠᠯ᠂ ᠢᠯᠠᠯᠲᠠ ᠬᠣᠶᠠᠷ ᠤᠨ ᠲᠣᠷᠭᠠᠨ ᠢᠷᠡᠨ ᠳᠡᠭᠡᠷ᠎ᠡ ᠪᠤᠰᠤᠳ ᠤᠨ ᠯᠠ ᠠᠳᠠᠯᠢ ᠳᠡᠨᠵᠢᠭᠢᠨᠡᠵᠦ ᠪᠠᠶᠢᠳᠠᠭ ᠶᠤᠮ ᠪᠠᠶᠢᠨ᠎ᠠ ᠭᠡᠳᠡᠭ ᠢ ᠶᠢᠷᠲᠢᠨᠴᠦ ᠳᠠᠬᠢᠨ ᠣᠶᠢᠯᠠᠭᠠᠵᠤ ᠡᠬᠢᠯᠡᠪᠡ᠃ ᠬᠡᠳᠦᠢ ᠪᠡᠷ ᠠᠶᠤᠨ-ᠵᠢᠯ ᠤᠨᠳ ᠲᠤ ᠲᠤᠯᠤᠯᠳᠤᠭᠰᠠᠨ ᠮᠣᠩᠭᠣᠯᠴᠤᠳ ᠨᠢ ᠮᠣᠩᠭᠣᠯ ᠤᠨ ᠶᠡᠬᠡ ᠡᠵᠡᠨᠲᠦ ᠭᠦᠷᠦᠨ ᠦ ᠨᠢᠭᠡ ᠥᠴᠥᠬᠡᠨ ᠬᠡᠰᠡᠭ᠂ ᠳᠥᠩᠭᠡᠵᠢ ᠭᠠᠭᠴᠠᠬᠠᠨ ᠲᠦᠮᠡ ᠪᠠᠶᠢᠭᠰᠠᠨ ᠴᠤ᠂ ᠠᠶᠤᠨ-ᠵᠢᠯ ᠤᠨᠳ ᠤᠨ ᠲᠤᠯᠤᠯᠳᠤᠭᠠᠨ ᠨᠢ ᠮᠣᠩᠭᠣᠯᠴᠤᠳ ᠤᠨ ᠬᠢᠵᠦ ᠪᠠᠶᠢᠭᠰᠠᠨ ᠬᠡᠳᠦᠨ ᠵᠠᠭᠤᠨ ᠲᠤᠯᠤᠯᠳᠤᠭᠠᠨ ᠨᠤᠭᠤᠳ ᠤᠨ ᠨᠢᠭᠡ ᠪᠢᠴᠢᠬᠠᠨ ᠬᠡᠰᠡᠭ ᠨᠢ ᠲᠡᠳᠦᠶᠢᠬᠡᠨ ᠴᠤ᠂ ᠠᠶᠤᠨ-ᠵᠢᠯ ᠤᠨᠳ ᠲᠤ ᠮᠣᠩᠭᠣᠯᠴᠤᠳ ᠢᠯᠠᠭᠳᠠᠭᠰᠠᠨ ᠢᠶᠠᠷ ᠢᠯ ᠬᠠᠭᠠᠨᠲᠤ ᠤᠯᠤᠰ ᠤᠨ ᠤᠯᠠ ᠰᠠᠭᠤᠷᠢ ᠥᠴᠥᠬᠡᠨ ᠲᠡᠳᠦᠢ ᠭᠠᠩᠬᠤᠭ᠎ᠠ ᠦᠭᠡᠢ ᠴᠤ ᠠᠭᠤᠯᠭ᠎ᠠ ᠪᠠᠷ ᠢᠶᠠᠨ ᠮᠣᠩᠭᠣᠯ ᠤᠨ ᠡᠵᠡᠨᠲᠦ ᠭᠦᠷᠦᠨ ᠦ ᠶᠢᠷᠲᠢᠨᠴᠦ ᠶᠢ ᠨᠣᠶᠠᠷᠬᠠᠬᠤ ᠦᠵᠡᠯ ᠰᠠᠨᠠᠭᠠᠨ ᠤ ᠢᠯᠠᠭᠳᠠᠯ ᠪᠣᠯᠤᠭᠰᠠᠨ ᠪᠠᠶᠢᠨ᠎ᠠ᠃ ᠴᠢᠩᠭᠢᠰ ᠬᠠᠭᠠᠨ ᠬᠦᠮᠦᠰ ᠢ ᠬᠣᠶᠠᠷ ᠠᠩᠭᠢᠯᠠᠵᠤ ᠦᠵᠡᠳᠡᠭ ᠪᠠᠶᠢᠭᠰᠠᠨ ᠪᠥᠭᠡᠳ ᠡᠨᠡ ᠨᠢ ᠶᠡᠬᠡᠰ ᠳᠡᠭᠡᠳᠦᠰ - ᠬᠠᠷᠠᠴᠤ ᠪᠣᠭᠣᠯ ᠬᠣᠶᠠᠷ ᠪᠤᠰᠤ᠂ ᠪᠠᠶᠠᠨ - ᠶᠠᠳᠠᠭᠤ ᠬᠣᠶᠠᠷ ᠴᠤ ᠪᠤᠰᠤ᠂ ᠬᠠᠷᠢᠨ ᠦᠵᠡᠯ ᠰᠠᠨᠠᠭ᠎ᠠ᠂ ᠦᠨᠡᠨᠴᠢ ᠲᠤᠤᠱᠲᠠᠢ ᠴᠢᠨ ᠰᠢᠳᠤᠷᠭᠤ ᠴᠢᠨᠠᠷ ᠢᠶᠠᠷ ᠨᠢ ᠠᠩᠭᠢᠯᠠᠨ ᠦᠵᠡᠳᠡᠭ ᠪᠠᠶᠢᠴᠠᠢ᠃ ᠵᠠᠷᠢᠮ ᠬᠦᠮᠦᠰ ᠡᠬᠡᠨᠡᠷ ᠬᠡᠦᠬᠡᠨ᠂ ᠡᠯᠪᠡᠭ ᠲᠠᠩᠰᠤᠭ ᠪᠠᠶᠢᠳᠠᠯ᠂ ᠨᠢᠭᠡᠨ ᠣᠯᠠᠳᠬᠤ ᠪᠡᠶ᠎ᠡ᠂ ᠨᠡᠬᠡᠨ ᠣᠯᠠᠳᠬᠤ ᠦᠭᠡᠢ ᠠᠮᠢ ᠨᠠᠰᠤ ᠶᠢ ᠡᠷᠬᠢᠮᠯᠡᠨ ᠳᠡᠭᠡᠳᠦᠯᠡᠵᠦ᠂ ᠥᠭᠡᠷ᠎ᠡ ᠪᠡᠷ ᠬᠡᠯᠡᠪᠡᠯ alter ago- ᠬᠡᠲᠦ ᠰᠢᠲᠦᠵᠦ᠂ ᠬᠤᠪᠢ ᠪᠠᠨ ᠪᠣᠳᠣᠵᠤ᠂ ᠨᠡᠷ᠎ᠡ ᠲᠥᠷᠥ᠂ ᠠᠯᠳᠠᠷ ᠭᠠᠪᠢᠶ᠎ᠠ᠂ ᠨᠡᠶᠢᠲᠡᠯᠢᠭ ᠡᠷᠬᠡ ᠠᠰᠢᠭ ᠢ ᠢᠮᠠᠭᠲᠠ ᠬᠣᠶᠠᠳᠤᠭᠠᠷ ᠲᠤ ᠲᠠᠯᠪᠢᠳᠠᠭ ᠪᠠᠶᠢᠨ᠎ᠠ᠃ ᠲᠡᠶᠢᠮᠦ ᠬᠦᠮᠦᠰ ᠢᠮᠠᠭᠲᠠ ᠨᠢᠭᠡᠨ ᠬᠦᠴᠦᠷᠬᠡᠭ ᠡᠵᠡᠨ᠂ ᠳᠠᠷᠤᠭ᠎ᠠ ᠶᠢ ᠳᠠᠭᠠᠵᠤ᠂ ᠲᠡᠭᠦᠨ ᠦ ᠡᠷᠬᠡ᠂ ᠰᠦ᠋ᠷᠦᠩ ᠳᠦ ᠵᠠᠬᠢᠷᠤᠭᠳᠠᠵᠤ᠂ ᠲᠡᠳᠡᠨ ᠡᠴᠡ ᠠᠶᠤᠨ ᠴᠡᠴᠡᠷᠡᠵᠦ ᠪᠠᠶᠢᠳᠠᠭ ᠠᠭᠠᠳ ᠲᠡᠳᠡ ᠡᠭᠡᠵᠢᠭ ᠲᠠᠭᠠᠷᠠᠪᠠᠯ ᠢᠪᠡᠭᠡᠨ ᠲᠡᠳᠬᠦᠭᠰᠡᠨ ᠡᠵᠡᠳ ᠡᠴᠡ ᠪᠡᠨ ᠬᠡᠵᠢᠶ᠎ᠡ ᠴᠤ ᠤᠷᠪᠠᠨ᠂ ᠠᠷᠤ ᠠᠴᠠ ᠨᠢ ᠠᠳᠠᠭ ᠤᠨ ᠮᠠᠭᠤᠬᠠᠢ ᠪᠠᠷ ᠬᠢᠲᠤᠭ᠎ᠠ ᠰᠢᠭᠠᠬᠤ ᠳᠤ᠂ ᠬᠠᠮᠢᠭᠠᠰᠢ ᠪᠠᠨ ᠴᠤ ᠬᠣᠯᠪᠣᠷᠠᠬᠤ ᠳᠤ ᠪᠡᠯᠡᠨ ᠪᠠᠶᠢᠳᠠᠭ ᠪᠠᠶᠢᠨ᠎ᠠ᠃ ᠲᠡᠶᠢᠮᠦ ᠬᠦᠮᠦᠰ ᠠᠰᠢᠭ ᠬᠠᠷᠠᠵᠤ᠂ ᠨᠡᠶᠢᠭᠡᠮ ᠤᠨ ᠨᠡᠶᠢᠲᠡᠯᠢᠭ ᠬᠡᠪ ᠶᠣᠰᠣ ᠶᠢ ᠤᠯᠠᠨ ᠳᠤ ᠪᠠᠨ ᠭᠢᠰᠬᠢᠬᠦ ᠳᠦ ᠪᠡᠨ ᠶᠡᠷᠦ ᠰᠡᠳᠬᠢᠯ ᠲᠥᠪᠳᠡᠳᠡᠭ ᠦᠭᠡᠢ ᠲᠡᠳᠦᠢ ᠦᠭᠡᠢ ᠵᠠᠷᠢᠮ ᠲᠣᠬᠢᠶᠠᠯᠳᠤᠯ ᠳᠤ ᠲᠡᠭᠦᠨ ᠢᠶᠡᠨ ᠪᠠᠬ᠎ᠠ ᠲᠠᠪ ᠪᠣᠯᠭᠠᠨ ᠴᠡᠩᠭᠡᠬᠦ ᠨᠢ ᠴᠤ ᠪᠤᠢ᠃ ᠲᠡᠶᠢᠮᠦ ᠬᠦᠮᠦᠰ ᠬᠦᠮᠦᠨ ᠲᠥᠷᠥᠯᠬᠢᠲᠡᠨ ᠦ ᠲᠡᠦᠬᠡᠨ ᠳᠦ ᠦᠶ᠎ᠡ ᠶᠢᠨ ᠦᠶ᠎ᠡ ᠳᠦ ᠭᠠᠢ ᠭᠠᠮᠰᠢᠭ᠂ ᠵᠣᠪᠠᠯᠠᠩ᠂ ᠢᠴᠢᠭᠦᠷᠢ ᠰᠣᠨᠵᠢᠭᠤᠷᠢ ᠦᠭᠡᠢ ᠪᠦᠬᠦᠨ ᠢ ᠲᠠᠷᠢᠭᠴᠢᠳ ᠪᠠᠶᠢᠭᠰᠠᠨ ᠪᠥᠭᠡᠳ ᠴᠢᠩᠭᠢᠰ ᠬᠠᠭᠠᠨ ᠲᠡᠶᠢᠮᠦ ᠬᠦᠮᠦᠰ ᠢ ᠠᠳᠠᠭ ᠤᠨ ᠪᠣᠭᠣᠯ ᠬᠡᠮᠡᠨ ᠦᠵᠡᠵᠦ᠂ ᠬᠠᠮᠢᠭ᠎ᠠ ᠲᠠᠭᠠᠷᠠᠭᠰᠠᠨ ᠭᠠᠵᠠᠷ ᠪᠦᠬᠦᠨ ᠳᠦ ᠪᠡᠨ ᠥᠲᠥ ᠬᠣᠷᠣᠬᠠᠢ ᠮᠡᠲᠦ ᠨᠢᠴᠠ ᠳᠠᠷᠤᠨ ᠴᠡᠭᠡᠷᠯᠡᠭᠦᠯᠵᠦ ᠪᠠᠶᠢᠯ᠎ᠠ᠃ ᠵᠠᠮᠤᠬ᠎ᠠ ᠶᠢ ᠪᠠᠷᠢᠵᠤ ᠢᠷᠡᠭᠰᠡᠨ ᠲᠡᠭᠦᠨ ᠦ ᠨᠥᠬᠥᠳ ᠲᠦ ᠴᠢᠩᠭᠢᠰ ᠬᠠᠭᠠᠨ ᠨᠣᠬᠠᠢ ᠶᠢᠨ ᠦᠬᠦᠯ ᠣᠨᠣᠭᠠᠭᠰᠠᠨ ᠪᠥᠭᠡᠳ ᠬᠠᠷᠢᠨ ᠲᠠᠶᠢᠴᠢᠭᠤᠳ ᠤᠨ ᠲᠠᠷᠭᠤᠳᠠᠢ ᠡᠵᠡᠨ᠎ᠡ ᠠᠯᠤᠯ ᠦᠭᠡᠢ ᠲᠠᠯᠪᠢᠵᠤ ᠶᠠᠪᠤᠭᠤᠯᠤᠭᠠᠳ ᠢᠷᠡᠵᠦ ᠨᠡᠶᠢᠯᠡᠭᠰᠡᠨ ᠨᠠᠶᠠᠭᠠᠳ ᠢᠲᠡᠭᠡᠯ ᠦᠵᠡᠭᠦᠯᠦᠨ ᠶᠡᠬᠡ ᠬᠡᠷᠡᠭ ᠳᠠᠭᠠᠭᠠᠯᠭᠠᠵᠤ ᠪᠠᠶᠢᠭᠰᠠᠨ ᠪᠥᠭᠡᠳ ᠲᠡᠷᠡ ᠬᠡᠵᠢᠶ᠎ᠡ ᠴᠤ ᠴᠢᠩᠭᠢᠰ ᠬᠠᠭᠠᠨ ᠤ ᠪᠠᠨ ᠢᠲᠡᠭᠡᠯ ᠢ ᠬᠥᠰᠡᠷᠳᠡᠭᠦᠯᠵᠦ ᠶᠠᠪᠤᠭ᠎ᠠ ᠦᠭᠡᠢ ᠪᠢᠯᠡ᠃ ᠲᠠᠶᠢᠴᠢᠭᠤᠳ ᠤᠨ ᠵᠢᠷᠭᠤᠭᠠᠳᠠᠢ ᠬᠡᠳᠦᠢ ᠪᠡᠷ ᠦᠰᠲᠡᠨ ᠳᠠᠶᠢᠰᠤᠨ ᠨᠢ ᠴᠤ ᠲᠡᠭᠦᠨ ᠦ ᠡᠷᠡᠯᠬᠡᠭ ᠡᠷᠡᠮᠡᠭᠡᠢ᠂ ᠦᠨᠡᠨᠴᠢ ᠰᠢᠳᠤᠷᠭᠤ ᠶᠢ ᠨᠢ ᠴᠢᠩᠭᠢᠰ ᠬᠠᠭᠠᠨ ᠦᠨᠡᠯᠡᠵᠦ᠂ ᠴᠤᠬᠤᠮ ᠡᠨᠡ ᠦᠨᠡᠨᠴᠢ ᠰᠢᠳᠤᠷᠭᠤ᠂ ᠢᠲᠡᠭᠡᠯ ᠲᠡᠢ᠂ ᠨᠡᠶᠢᠲᠡᠯᠢᠭ ᠡᠷᠬᠡ ᠠᠰᠢᠭ ᠤᠨ ᠲᠥᠯᠥᠭᠡ ᠥᠪᠡᠷ ᠢ ᠪᠡᠨ ᠥᠴᠥᠬᠡᠨ ᠴᠤ ᠡᠷᠡᠭᠡᠯᠵᠡᠭᠡ ᠦᠭᠡᠢ ᠵᠣᠯᠢᠶᠠᠰᠤᠯᠠᠵᠤ ᠴᠢᠳᠠᠳᠠᠭ ᠴᠢᠨᠠᠷ ᠯᠠ ᠲᠡᠳᠡᠨ ᠦ ᠲᠡᠳᠦᠢ ᠦᠭᠡᠢ ᠴᠢᠩᠭᠢᠰ ᠬᠠᠭᠠᠨ ᠤ ᠪᠤᠰᠤᠳ ᠣᠯᠠᠨ ᠥᠷᠦᠯᠭᠡ ᠨᠦᠭᠦᠳ᠂ ᠨᠥᠬᠥᠳ ᠰᠡᠯᠲᠡ ᠶᠢᠨ ᠥᠭᠡᠷ᠎ᠡ ᠬᠣᠭᠣᠷᠣᠨᠳᠣ ᠶᠢᠨ ᠨᠥᠬᠥᠷᠯᠡᠯ ᠢ ᠡᠭᠦᠷᠢᠳᠡ ᠰᠠᠯᠤᠰᠢ ᠦᠭᠡᠢ ᠪᠡᠷ ᠭᠠᠩᠨᠠᠭᠰᠠᠨ ᠪᠠᠶᠢᠨ᠎ᠠ᠃

ᠵᠡᠪᠡ ᠮᠡᠲᠦ᠂ ᠨᠠᠶᠠ ᠮᠡᠲᠦ᠂ ᠮᠤᠬᠤᠯᠠᠢ ᠮᠡᠲᠦ᠂ ᠪᠠᠰᠠ ᠬᠢ ᠳᠦ ᠪᠤᠬ᠎ᠠ ᠨᠣᠶᠠᠨ ᠮᠡᠲᠦ ᠡᠷᠬᠢᠮ ᠨᠡᠷ᠎ᠡ ᠪᠡᠨ ᠠᠮᠢ ᠨᠠᠰᠤᠨ ᠠᠴᠠ ᠪᠠᠨ ᠳᠡᠭᠡᠭᠦᠷ ᠲᠦ ᠲᠠᠯᠪᠢᠳᠠᠭ᠂ ᠰᠡᠳᠬᠢᠯ ᠵᠢᠷᠦᠬᠡᠨ ᠳᠤ ᠪᠡᠨ ᠳᠡᠭᠡᠳᠦ ᠬᠥᠬᠡ ᠲᠩᠷᠢ ᠶᠢᠨ ᠳᠠᠭᠤᠳᠠᠯᠭ᠎ᠠ ᠶᠢ ᠮᠡᠳᠡᠷᠡᠬᠦ ᠮᠡᠳᠡᠷᠡᠮᠵᠢ ᠲᠡᠢ᠂ ᠨᠡᠶᠢᠲᠡᠯᠢᠭ ᠡᠷᠬᠡ ᠠᠰᠢᠭ ᠢ ᠡᠷᠬᠢᠮᠯᠡᠨ᠂ ᠡᠳ᠋ ᠬᠥᠷᠥᠩᠭᠡ᠂ ᠡᠯᠳᠡᠪ ᠴᠡᠩᠭᠡᠯ᠂ ᠨᠢᠭᠡᠨ ᠪᠡᠶ᠎ᠡ ᠶᠢᠨ ᠥᠴᠥᠬᠡᠨ ᠰᠢᠨᠤᠯ ᠢ ᠣᠭᠣᠷᠴᠢ ᠴᠢᠳᠠᠳᠠᠭ ᠲᠡᠶᠢᠮᠦ ᠬᠦᠮᠦᠰ ᠢ ᠴᠢᠩᠭᠢᠰ ᠬᠠᠭᠠᠨ ᠬᠥᠬᠡ ᠲᠩᠷᠢ ᠶᠢᠨ ᠬᠠᠷᠢᠶᠠᠲᠤ ᠢᠷᠭᠡᠨ ᠬᠡᠮᠡᠨ ᠥᠨᠳᠥᠷ ᠢᠶᠡᠷ ᠦᠨᠡᠯᠡᠨ ᠲᠡᠳᠬᠦᠵᠦ᠂ ᠲᠡᠶᠢᠮᠦ ᠬᠦᠮᠦᠰ ᠢᠶᠡᠷ ᠥᠪᠡᠷ ᠢ ᠪᠡᠨ ᠬᠦᠷᠢᠶᠡᠯᠡᠭᠦᠯᠵᠦ᠂ ᠴᠤᠬᠤᠮ ᠲᠡᠶᠢᠮᠦ ᠬᠦᠮᠦᠰ ᠢᠶᠡᠷ ᠤᠯᠤᠰ ᠭᠦᠷᠦᠨ ᠢᠶᠡᠨ ᠪᠦᠷᠢᠳᠦᠭᠦᠯᠵᠦ ᠪᠠᠶᠢᠯ᠎ᠠ᠃ ᠴᠢᠩᠭᠢᠰ ᠬᠠᠭᠠᠨ ᠤ ᠠᠤᠭ᠎ᠠ ᠢᠯᠠᠯᠲᠠ ᠶᠢᠨ᠂ ᠮᠣᠩᠭᠣᠯ ᠤᠨ ᠡᠵᠡᠨᠲᠦ ᠶᠡᠬᠡ ᠭᠦᠷᠦᠨ ᠦ ᠢᠯᠠᠭᠳᠠᠰᠢ ᠦᠭᠡᠢ ᠶᠢᠨ ᠨᠢᠭᠤᠴᠠ ᠨᠢ ᠴᠤᠬᠤᠮ ᠡᠨᠳᠡ ᠪᠠᠶᠢᠭᠰᠠᠨ ᠪᠥᠭᠡᠳ ᠯᠠ᠃ᠭᠤᠮᠢᠯᠧᠸ ᠲᠡᠶᠢᠮᠦ ᠬᠦᠮᠦᠰ ᠢ 《ᠤᠷᠲᠤ ᠳᠤᠷ᠎ᠠ ᠶᠢᠨ ᠬᠢᠨ》 ᠬᠡᠮᠡᠨ ᠲᠣᠮᠢᠶᠠᠯᠠᠭᠰᠠᠨ᠃ ᠲᠡᠶᠢᠮᠦ ᠬᠦᠮᠦᠰ ᠪᠣᠯ ᠴᠢᠨ ᠦᠨᠡᠨᠴᠢ ᠰᠡᠳᠬᠢᠯ᠂ ᠵᠢᠳᠬᠦᠯ᠂ ᠡᠷᠡᠯᠬᠡᠭ ᠪᠠᠷᠳᠠᠮ᠂ ᠣᠮᠤᠭ ᠲᠡᠭᠦᠰ ᠴᠢᠨᠠᠷ ᠢᠶᠠᠷ ᠢᠶᠠᠨ ᠣᠨᠴᠠᠭᠠᠢ ᠰᠣᠳᠣᠨ ᠢᠯᠭᠠᠷᠠᠳᠠᠭ ᠪᠥᠭᠡᠳ ᠡᠨᠡ ᠨᠢ ᠠᠷᠪᠠᠨ ᠭᠤᠷᠪᠠᠳᠤᠭᠠᠷ ᠵᠠᠭᠤᠨ ᠤ ᠮᠣᠩᠭᠣᠯᠴᠤᠳ ᠤᠨ ᠨᠡᠶᠢᠲᠡᠯᠢᠭ ᠬᠡᠪ ᠰᠢᠨᠵᠢ ᠪᠠᠶᠢᠪᠠ᠃ ᠠᠶᠤᠨ-ᠵᠢᠯ ᠤᠨᠳ ᠲᠤ ᠡᠷᠡᠰᠳᠡᠭᠰᠡᠨ ᠬᠢᠲᠦ ᠪᠤᠬ᠎ᠠ ᠵᠠᠩᠵᠤᠨ ᠬᠢᠭᠡᠳ ᠪᠤᠰᠤᠳ ᠮᠣᠩᠭᠣᠯ ᠪᠠᠭᠠᠲᠤᠷ ᠤᠳ ᠴᠤ ᠲᠡᠶᠢᠮᠦ ᠯᠠ ᠬᠡᠪ ᠰᠢᠨᠵᠢ ᠶᠢᠨ ᠰᠣᠩᠭᠣᠳᠠᠭ ᠰᠡᠭᠦᠯᠴᠢ ᠶᠢᠨ ᠲᠥᠯᠥᠭᠡᠯᠡᠯ ᠨᠢ ᠪᠠᠶᠢᠯ᠎ᠠ᠃ ᠤᠴᠢᠷ ᠨᠢ ᠴᠤᠬᠤᠮ ᠲᠡᠷᠡ ᠴᠠᠭ ᠠᠴᠠ ᠬᠣᠶᠢᠰᠢ ᠮᠣᠩᠭᠣᠯᠴᠤᠳ ᠤᠨ ᠲᠡᠷᠬᠡᠦ ᠭᠠᠶᠢᠬᠠᠮᠰᠢᠭᠲᠠᠢ ᠣᠨᠴᠠᠯᠢᠭ ᠰᠢᠨᠵᠢ ᠪᠦᠳᠡᠭᠢᠷᠡᠨ᠂ ᠠᠭᠠᠵᠢᠮ ᠠᠭᠠᠵᠢᠮ ᠢᠶᠠᠷ ᠵᠠᠮᠬᠠᠷᠠᠵᠤ᠂ ᠭᠠᠵᠠᠷ ᠰᠠᠶᠢᠭᠦᠢ ᠤᠷᠪᠠᠯᠵᠢ᠂ ᠬᠤᠪᠢ ᠪᠠᠨ ᠪᠣᠳᠣᠬᠤ᠂ ᠢᠪᠴᠤᠤ ᠡᠷᠬᠡ ᠠᠰᠢᠭ ᠢᠶᠠᠨ ᠳᠡᠭᠡᠳᠦᠯᠡᠬᠦ ᠦᠵᠡᠯ ᠬᠣᠭ ᠤᠨ ᠤᠷᠭᠤᠮᠠᠯ ᠮᠡᠲᠦ ᠦᠷᠡᠵᠢᠵᠦ᠂ ᠡᠵᠡᠨᠲᠦ ᠭᠦᠷᠦᠨ ᠦ ᠡᠷᠴᠢ ᠬᠦᠴᠦ ᠶᠢ ᠰᠤᠯᠢᠳᠠᠭᠤᠯᠤᠨ᠂ ᠰᠦᠷ ᠰᠦᠯᠳᠡ ᠶᠢ ᠭᠤᠲᠤᠭᠠᠭᠰᠠᠨ ᠶᠤᠮ᠃ ᠢᠯᠠᠩᠭᠤᠶ᠎ᠠ ᠮᠣᠩᠭᠣᠯ ᠤᠨ ᠪᠠᠭ᠎ᠠ ᠬᠠᠭᠠᠳ ᠤᠨ ᠦᠶ᠎ᠡ ᠳᠦ ᠡᠨᠡ ᠪᠦᠷ ᠬᠡᠮᠵᠢᠶ᠎ᠡ ᠬᠢᠵᠠᠭᠠᠷ ᠦᠭᠡᠢ ᠪᠣᠯᠵᠤ ᠪᠢᠯᠡ᠃

ᠴᠢᠩᠭᠢᠰ ᠬᠠᠭᠠᠨ ᠤ ᠢᠷᠠᠭᠤ ᠠᠯᠳᠠᠷᠲᠤ ᠶᠡᠬᠡ ᠮᠣᠩᠭᠣᠯ ᠭᠦᠷᠦᠨ ᠨᠢ ᠴᠢᠩᠭᠢᠰ ᠬᠠᠭᠠᠨ ᠤ ᠥᠪᠡᠷ ᠦᠨ ᠬᠢ ᠨᠢ ᠦᠵᠡᠯ ᠰᠠᠨᠠᠭ᠎ᠠ ᠶᠢ ᠳᠠᠭᠠᠭᠰᠠᠨ 《ᠤᠷᠲᠤ ᠳᠤᠷ᠎ᠠ ᠶᠢᠨ》 ᠬᠦᠮᠦᠰ ᠦᠨ ᠭᠦᠷᠦᠨ ᠪᠠᠶᠢᠭᠰᠠᠨ ᠪᠣᠯ ᠪᠠᠭ᠎ᠠ ᠬᠠᠭᠠᠳ ᠤᠨ ᠦᠶ᠎ᠡ ᠶᠢᠨ ᠮᠣᠩᠭᠣᠯ ᠨᠢ ᠢᠪᠴᠤᠤ ᠡᠷᠬᠡ ᠠᠰᠢᠭ ᠤᠨ ᠲᠥᠯᠥᠭᠡ ᠦᠬᠦᠯᠳᠦᠨ ᠲᠡᠮᠡᠴᠡᠯᠳᠦᠭᠰᠡᠨ ᠥᠴᠥᠬᠡᠨ ᠤᠷᠪᠠᠭᠠᠴᠢ ᠰᠢᠷᠪᠠᠭᠠᠴᠢᠳ ᠤᠨ ᠣᠷᠣᠨ ᠪᠣᠯᠤᠭᠰᠠᠨ ᠪᠠᠶᠢᠪᠠ᠃ ᠲᠡᠳᠡ ᠴᠢᠩᠭᠢᠰ ᠬᠠᠭᠠᠨ ᠤ ᠶᠡᠬᠡ ᠵᠠᠰᠠᠭ ᠬᠠᠤᠯᠢ ᠶᠢ ᠠᠯᠢ ᠬᠡᠳᠦᠶᠢᠨ᠎ᠡ ᠤᠮᠠᠷᠲᠠᠵᠤ᠂ ᠬᠥᠬᠡ ᠲᠩᠷᠢ ᠶᠢᠨ ᠡᠷᠬᠡ ᠬᠦᠴᠦ ᠶᠢ ᠮᠡᠳᠡᠷᠡᠬᠦ ᠮᠡᠳᠡᠷᠡᠮᠵᠢ ᠪᠡᠨ ᠠᠯᠢ ᠬᠡᠳᠦᠶᠢᠨ᠎ᠡ ᠭᠡᠭᠡᠵᠦ᠂ ᠬᠦᠮᠦᠨ ᠦ ᠠᠮᠢᠳᠤᠷᠠᠯ ᠢ ᠣᠷᠴᠢᠯᠠᠩ ᠤᠨ ᠪᠦᠬᠦᠯᠢ ᠣᠷᠣᠰᠢᠬᠤᠢ ᠶᠢᠨ ᠤᠳᠬ᠎ᠠ ᠪᠠᠷ ᠨᠢ ᠪᠤᠰᠤ ᠡᠨᠡ ᠨᠢᠭᠡᠨ ᠮᠢᠬᠠᠨ ᠪᠡᠶ᠎ᠡ ᠶᠢᠨ ᠦᠬᠦᠬᠦ ᠲᠥᠷᠥᠬᠦ ᠶᠢᠨ ᠬᠣᠭᠣᠷᠣᠨᠳᠣᠬᠢ ᠬᠢᠵᠠᠭᠠᠷ ᠢᠶᠠᠷ ᠬᠠᠷᠠᠳᠠᠭ ᠪᠣᠯᠤᠭᠰᠠᠨ ᠦᠶ᠎ᠡ ᠪᠠᠶᠢᠯ᠎ᠠ᠃ ᠥᠨᠥ ᠴᠠᠭ ᠦᠶ᠎ᠡ ᠴᠤ ᠮᠥᠨ ᠲᠡᠭᠦᠨ ᠡᠴᠡ ᠢᠯᠭᠠᠭ᠎ᠠ ᠠᠯᠠᠭ᠎ᠠ᠃ ᠥᠨᠥ ᠴᠠᠭ ᠤᠨ ᠮᠣᠩᠭᠣᠯ ᠬᠥᠮᠥᠨ ᠳᠦ ᠴᠢᠩᠭᠢᠰ ᠬᠠᠭᠠᠨ ᠤ ᠮᠣᠩᠭᠣᠯᠴᠤᠳ ᠤᠨ ᠦᠷ᠎ᠡ ᠬᠣᠶᠢᠴᠢ ᠭᠡᠨ ᠨᠢᠭᠤᠷ ᠪᠠᠷᠳᠠᠮ ᠬᠡᠯᠡᠬᠦ ᠶᠣᠰᠣ ᠰᠤᠷᠲᠠᠬᠤᠨ ᠤ ᠡᠷᠬᠡ ᠪᠤᠢ ᠡᠰᠡᠬᠦ ᠳᠦ ᠡᠷᠡᠭᠡᠯᠵᠡᠨ ᠡᠭᠡᠵᠡᠭᠯᠡᠬᠦ ᠮᠥᠴᠡ ᠮᠥᠨ ᠴᠤ ᠶᠡᠬᠡ ᠪᠣᠯᠵᠤ᠂ ᠴᠢᠩᠭᠢᠰ ᠬᠠᠭᠠᠨ ᠤ ᠦᠶᠡᠳᠡᠭᠰᠡᠨ ᠪᠣᠯ ᠬᠡᠵᠢᠶ᠎ᠡ ᠴᠤ ᠥᠭᠡᠳᠡ ᠨᠠᠷᠠ ᠬᠠᠷᠠᠬᠤ ᠦᠭᠡᠢ ᠪᠠᠶᠢᠭᠰᠠᠨ ᠲᠡᠶᠢᠮᠦ ᠤᠷᠪᠠᠭᠴᠢᠳ᠂ ᠠᠮᠢᠨ ᠬᠤᠪᠢ ᠪᠠᠨ ᠬᠢᠴᠢᠶᠡᠭᠴᠢᠳ ᠥᠨᠥ ᠥᠲᠥ ᠬᠣᠷᠣᠬᠠᠢ᠂ ᠵᠣᠣᠮ᠎ᠠ ᠪᠢᠮᠰᠠ ᠮᠡᠲᠦ ᠠᠰᠤᠷᠤ ᠶᠡᠬᠡ ᠦᠷᠡᠵᠢᠭᠰᠡᠨ ᠲᠡᠳᠦᠢ ᠦᠭᠡᠢ᠂ ᠡᠷᠬᠡ ᠮᠡᠳᠡᠯᠲᠡᠢ ᠪᠣᠯᠴᠣᠭᠤᠵᠤ᠂ ᠤᠯᠤᠰ ᠣᠷᠣᠨ ᠤ᠂ ᠠᠷᠠᠳ ᠲᠦᠮᠡᠨ ᠦ ᠬᠤᠪᠢ ᠵᠠᠶᠠᠭ᠎ᠠ ᠶᠢ ᠰᠢᠢᠳᠡᠵᠡᠭᠡᠵᠦ ᠪᠠᠶᠢᠬᠤ ᠶᠤᠮ ᠳ᠋ᠠ᠃ ᠴᠤᠬᠤᠮ ᠲᠡᠶᠢᠮᠦ ᠳ᠋ᠡ ᠯᠠ ᠪᠢᠳᠡ ᠥᠨᠥ ᠬᠦᠴᠦ ᠦᠭᠡᠢ ᠰᠤᠯᠠ ᠳᠣᠷᠣᠢ ᠪᠠᠶᠢᠵᠤ᠂ ᠬᠦᠴᠦᠲᠡᠨ ᠦ ᠡᠮᠦᠨ᠎ᠡ ᠪᠥᠬᠥᠯᠵᠡᠨ ᠰᠢᠷᠪᠠᠯᠵᠠᠵᠤ᠂ ᠭᠤᠶᠤᠨ ᠴᠢᠷᠠᠶᠢᠴᠢᠯᠡᠵᠦ ᠪᠠᠶᠢᠨ᠎ᠠ᠃ ᠠᠷᠠᠳ ᠲᠦᠮᠡᠨ 《ᠳᠡᠭᠡᠷ᠎ᠡ ᠪᠡᠨ ᠰᠠᠭᠤᠳᠠᠯ ᠢᠶᠠᠨ ᠣᠯᠬᠤ ᠦᠭᠡᠢ ᠪᠣᠯ ᠳᠣᠣᠷ᠎ᠠ ᠪᠠᠨ ᠬᠥᠯ ᠢᠶᠡᠨ ᠣᠯᠬᠤ ᠦᠭᠡᠢ》 ᠬᠡᠮᠡᠨ ᠵᠦᠭᠡᠷ ᠨᠢᠭᠡ ᠴᠡᠴᠡᠯᠡᠭᠡ ᠦᠭᠡᠢ ᠠᠵᠢ᠃ ᠴᠢᠩᠭᠢᠰ ᠬᠠᠭᠠᠨ ᠤ ᠦᠯᠦ ᠲᠡᠪᠴᠢᠳᠡᠭ ᠪᠠᠶᠢᠭᠰᠠᠨ ᠲᠡᠶᠢᠮᠦ ᠬᠦᠮᠦᠰ ᠢᠶᠡᠷ ᠤᠳᠤᠷᠢᠳᠤᠭᠤᠯᠤᠭᠰᠠᠨ ᠤᠯᠤᠰ ᠣᠷᠣᠨ᠂ ᠬᠤᠯᠠᠭᠠᠢ᠂ ᠭᠤᠶᠢᠷᠠᠨᠴᠢ᠂ ᠶᠠᠩᠬᠠᠨ ᠤ ᠣᠷᠣᠨ ᠪᠣᠯᠬᠤ ᠨᠢ ᠴᠤ ᠠᠷᠭ᠎ᠠ ᠦᠭᠡᠢ ᠶᠤᠮ᠃

《ᠳᠠᠶᠢᠰᠤᠨ ᠳᠤ ᠠᠷᠤ ᠨᠢᠷᠤᠭᠤ ᠶᠢ ᠪᠠᠨ ᠬᠠᠷᠠᠭᠤᠯᠤᠨ ᠠᠮᠢ ᠵᠤᠯᠪᠠᠨ ᠵᠢᠭᠤᠲᠠᠭᠰᠠᠨ ᠶᠠᠭᠤᠮ᠎ᠠ ᠬᠡᠮᠡᠨ ᠬᠣᠶᠢᠴᠢ ᠦᠶ᠎ᠡ ᠮᠢᠨᠢ ᠪᠤᠤ ᠬᠡᠯᠡᠲᠦᠭᠡᠢ᠂ ᠪᠤᠤ ᠢᠴᠡᠲᠦᠭᠡᠢ》 ᠬᠡᠮᠡᠨ ᠬᠣᠶᠢᠴᠢ ᠦᠶ᠎ᠡ ᠶᠢᠨ ᠢᠶᠡᠨ ᠡᠮᠦᠨ᠎ᠡ ᠡᠴᠡ ᠢᠴᠡᠵᠦ᠂ ᠲᠡᠳᠡᠨ ᠦ ᠪᠡᠨ ᠡᠮᠦᠨ᠎ᠡ ᠬᠡᠳᠦᠨ ᠵᠠᠭᠤᠨ ᠤ ᠲᠤᠷᠰᠢ᠂ ᠮᠠᠭᠠᠳ ᠦᠭᠡᠢ ᠥᠨᠢ ᠮᠥᠩᠬᠡᠳ ᠨᠢᠭᠤᠷ ᠪᠠᠭᠠᠲᠤᠷ᠂ ᠣᠮᠤᠭ ᠲᠡᠭᠦᠯᠳᠡᠷ ᠪᠠᠶᠢᠭᠰᠠᠨ ᠬᠢ ᠳᠦ ᠪᠤᠬ᠎ᠠ ᠵᠠᠩᠵᠤᠨ ᠤ ᠲᠡᠷᠡ ᠰᠡᠭᠦᠯ ᠦᠨ ᠡᠮᠭᠡᠨᠢᠯ ᠳᠦ ᠮᠥᠴᠡ ᠡᠴᠡ ᠬᠠᠷᠢᠨ ᠬᠣᠶᠢᠴᠢ ᠦᠶ᠎ᠡ ᠶᠢᠨ ᠪᠢᠳᠡ ᠢᠴᠡᠵᠦ ᠦᠬᠦᠬᠦ ᠮᠡᠲᠦ ᠪᠣᠯᠤᠭᠰᠠᠨ ᠪᠠᠶᠢᠨ᠎ᠠ᠃ ᠬᠢ ᠳᠦ ᠪᠤᠬ᠎ᠠ ᠶᠢᠨ ᠣᠮᠤᠭ ᠲᠡᠭᠦᠯᠳᠡᠷ ᠲᠡᠭᠦᠰᠬᠡᠯ ᠨᠢ ᠠᠷᠪᠠᠨ ᠭᠤᠷᠪᠠᠳᠤᠭᠠᠷ ᠵᠠᠭᠤᠨ ᠤ ᠮᠣᠩᠭᠣᠯ ᠤᠨ ᠢᠯᠠᠭᠳᠠᠰᠢ ᠦᠭᠡᠢ ᠢᠷᠠᠭᠤ ᠠᠯᠳᠠᠷ ᠤᠨ ᠰᠡᠭᠦᠯᠴᠢ ᠶᠢᠨ ᠳᠠᠭᠤᠨ ᠪᠠᠶᠢᠵᠤ᠃ ᠲᠡᠷᠡ ᠳᠠᠭᠤᠨ ᠥᠨᠥ ᠪᠢᠳᠡᠨ ᠦ ᠤᠨᠲᠠᠷᠠᠭᠰᠠᠨ ᠤᠷᠮ᠎ᠠ ᠵᠣᠷᠢᠭ᠂ ᠵᠠᠮᠬᠠᠷᠠᠭᠰᠠᠨ ᠣᠶᠤᠨ ᠰᠠᠨᠠᠭ᠎ᠠ᠂ ᠠᠯᠳᠠᠭᠳᠠᠭᠰᠠᠨ ᠢᠲᠡᠭᠡᠯ ᠦᠨᠡᠮᠰᠢᠯ᠂ ᠨᠣᠶᠢᠷᠮᠤᠭᠯᠠᠭᠰᠠᠨ ᠬᠦᠴᠦ ᠴᠢᠳᠠᠯ ᠢ ᠰᠡᠷᠭᠦᠭᠡᠨ ᠲᠠᠭᠤᠳᠠᠬᠤ ᠳᠠᠭᠤᠳᠠᠯᠭ᠎ᠠ ᠪᠣᠯᠤᠨ ᠡᠷᠭᠢᠨ ᠳᠠᠭᠤᠷᠢᠰᠬᠤ ᠪᠣᠯᠲᠤᠭᠠᠢ᠃ ᠢᠷᠦᠭᠡᠰ ᠠᠯᠢᠪᠠ ᠤᠯᠤᠰ ᠨᠡᠶᠢᠭᠡᠮ ᠤᠨ ᠬᠥᠭᠵᠢᠯ᠂ ᠳᠡᠪᠰᠢᠯ᠂ ᠤᠷᠤᠭᠤᠳᠠᠯ ᠳᠣᠷᠣᠶᠢᠲᠠᠯ ᠤᠨ ᠴᠠᠭᠠᠳᠤ ᠰᠢᠯᠲᠠᠭᠠᠨ ᠨᠢ ᠦᠵᠡᠯ ᠰᠠᠨᠠᠭ᠎ᠠ ᠪᠠᠶᠢᠭᠰᠠᠨ ᠬᠢᠭᠡᠳ ᠳᠠᠶᠠᠭᠠᠷᠰᠢᠨ ᠴᠡᠭᠴᠡᠷᠡᠴᠢ ᠪᠤᠢ XXI ᠵᠠᠭᠤᠨ ᠳᠤ ᠮᠣᠩᠭᠣᠯᠴᠤᠳ ᠪᠢᠳᠡ ᠦᠭᠡᠶᠢᠷᠡᠯ ᠶᠠᠳᠠᠭᠤᠷᠠᠯ ᠦᠭᠡᠢ᠂ ᠡᠪᠡᠳᠴᠢᠨ ᠵᠣᠪᠠᠯᠠᠩ ᠦᠭᠡᠢ᠂ ᠥᠷᠥᠭᠡᠯ ᠪᠡᠶᠡᠰ ᠢᠶᠡᠨ ᠦᠭᠡᠶᠢᠰᠬᠡᠨ ᠮᠤᠭᠤᠶᠢᠳᠯᠠᠬᠤ ᠦᠭᠡᠢ ᠨᠢᠭᠡᠨ ᠴᠤᠯᠤ ᠪᠣᠯᠤᠨ ᠬᠥᠭᠵᠢᠨ ᠴᠡᠴᠡᠭᠯᠡᠬᠦ ᠶᠢᠨ ᠲᠤᠯᠠᠳᠠ ᠪᠢᠳᠡᠨ ᠳᠦ ᠦᠨᠳᠦᠰᠦᠨ ᠦ ᠰᠡᠷᠭᠦᠨ ᠮᠠᠨᠳᠤᠬᠤ ᠦᠵᠡᠯ ᠤᠤ ᠶᠠᠭᠤᠨ ᠠᠴᠠ ᠴᠢᠬᠤᠯᠠ ᠶᠤᠮ᠃ ᠴᠤᠬᠤᠮ ᠦᠨᠳᠦᠰᠦᠨ ᠦ ᠰᠡᠷᠭᠦᠨ ᠮᠠᠨᠳᠤᠬᠤ ᠦᠵᠡᠯ ᠦᠨ ᠨᠢᠭᠡᠨ ᠰᠢᠷᠭᠢᠰᠢ ᠦᠭᠡᠢ ᠪᠤᠯᠠᠭ ᠪᠣᠯ ᠦᠨᠳᠦᠰᠦᠨ ᠦ ᠥᠪ ᠰᠤᠶᠤᠯ᠂ ᠢᠯᠠᠩᠭᠤᠶ᠎ᠠ ᠮᠣᠩᠭᠣᠯᠴᠤᠳ ᠪᠢᠳᠡᠨ ᠦ ᠬᠤᠪᠢ ᠳᠤ ᠶᠡᠬᠡ ᠲᠡᠦᠬᠡ ᠮᠠᠨᠢ ᠶᠤᠮ᠃ 《ᠲᠡᠦᠬᠡ ᠭᠡᠭᠴᠢ ᠥᠩᠭᠡᠷᠡᠭᠰᠡᠨ ᠷᠦᠦ ᠬᠠᠷᠠᠭᠰᠠᠨ ᠵᠥᠩᠴᠢ》 ᠭᠡᠨᠡᠮ᠃ ᠲᠡᠭᠡᠬᠦ ᠪᠡᠷ ᠪᠢᠳᠡᠨ ᠳᠦ ᠬᠥᠭᠵᠢᠯ ᠦᠨ ᠶᠡᠬᠡ ᠢᠷᠡᠭᠡᠳᠦᠢ ᠪᠤᠢ ᠠᠵᠡᠢ

ᠪᠢᠴᠢᠭᠡᠰᠦ