ᠮᠣᠩᠭᠣᠯ ᠤᠯᠤᠰ ᠤᠨ ᠠᠶᠢᠮᠠᠭ ᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠠᠶᠢᠮᠠᠭ ᠤᠨ ᠲᠥᠪ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠤᠨ ᠵᠠᠰᠠᠭ
ᠵᠠᠬᠢᠷᠭ᠎ᠠ᠂ ᠨᠤᠲᠤᠭ ᠳᠡᠪᠢᠰᠬᠡᠷ ᠦᠨ
ᠵᠡᠷᠭᠡ ᠳᠡᠪ᠂ ᠨᠢᠭᠡᠴᠡ ᠶᠢᠨ ᠬᠦᠰᠦᠨᠦᠭᠲᠦ
ᠨᠢᠭᠡᠳᠦᠭᠡᠷ ᠵᠡᠷᠭᠡ
ᠠᠶᠢᠮᠠᠭ (21)
ᠨᠡᠶᠢᠰᠯᠡᠯ (1)
ᠬᠣᠶᠠᠳᠤᠭᠠᠷ ᠵᠡᠷᠭᠡ
ᠰᠤᠮᠤ (329)
ᠳᠡᠭᠦᠷᠭᠡ (9)
ᠭᠤᠷᠪᠠᠳᠤᠭᠠᠷ ᠵᠡᠷᠭᠡ
ᠪᠠᠭ (1568)
ᠬᠣᠷᠢᠶ᠎ᠠ (152)
· ·

ᠠᠶᠢᠮᠠᠭ ᠨᠢ ᠮᠣᠩᠭᠣᠯ ᠤᠯᠤᠰ ᠤᠨ ᠳᠡᠭᠡᠳᠦ ᠲᠦᠪᠰᠢᠨ ᠦ ᠵᠠᠰᠠᠭ ᠵᠠᠬᠢᠷᠭᠠᠨ ᠤ ᠨᠢᠭᠡᠴᠡ ᠶᠤᠮ᠃ ᠠᠶᠢᠮᠠᠭ ᠤᠳ ᠨᠢ ᠰᠤᠮᠤᠳ ᠲᠤ ᠬᠤᠪᠢᠶᠠᠭᠳᠠᠳᠠᠭ᠃ ᠨᠡᠶᠢᠰᠯᠡᠯ ᠬᠣᠲᠠ ᠤᠯᠠᠭᠠᠨᠪᠠᠭᠠᠲᠤᠷ ᠨᠢ ᠲᠤᠰ ᠲᠤ ᠪᠠᠨ ᠵᠠᠬᠢᠷᠭ᠎ᠠ ᠲᠠᠢ᠃

ᠮᠥᠨ ᠡᠷᠲᠡ᠂ ᠳᠤᠮᠳᠠᠳᠤ ᠵᠠᠭᠤᠨ ᠤ ᠬᠡᠮᠵᠢᠶ᠎ᠡ ᠪᠡᠷ ᠢᠶᠡᠨ ᠣᠪᠤᠭ ᠠᠴᠠ ᠲᠣᠮᠣ᠂ ᠦᠨᠳᠦᠰᠦᠲᠡᠨ ᠡᠴᠡ ᠠᠷᠠᠢ ᠵᠢᠵᠢᠭ ᠤᠭᠰᠠᠭᠠᠲᠠᠨ ᠤ ᠪᠦᠯᠦᠭ ᠢ ᠠᠶᠢᠮᠠᠭ ᠭᠡᠵᠦ ᠨᠡᠷᠡᠯᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1691 ᠣᠨ ᠳᠤ ᠬᠠᠯᠬ᠎ᠠ ᠮᠠᠨᠵᠤ ᠳᠤ ᠳᠠᠭᠠᠷ᠎ᠠ ᠣᠷᠣᠭᠰᠠᠨ ᠤ ᠳᠠᠷᠠᠭ᠎ᠠ ᠲᠦᠰᠢᠶᠡᠲᠦ᠂ ᠰᠡᠴᠡᠨ᠂ ᠵᠠᠰᠠᠭ ᠲᠤ 3 ᠬᠠᠨ ᠤ ᠨᠤᠲᠤᠭ ᠢ ᠲᠤᠰ ᠪᠦᠷᠢ ᠠᠶᠢᠮᠠᠭ ᠪᠣᠯᠭᠠᠵᠤ᠂ 1725 ᠣᠨ ᠳᠤ ᠪᠠᠷᠠᠭᠤᠨ ᠮᠣᠩᠭᠣᠯ ᠲᠠᠢ ᠪᠠᠶᠢᠯᠳᠤᠬᠤ ᠳᠤ ᠭᠠᠪᠢᠶ᠎ᠠ ᠪᠠᠶᠢᠭᠤᠯᠤᠭᠰᠠᠨ ᠭᠡᠵᠦ ᠦᠵᠡᠭᠰᠡᠨ ᠴᠢᠨ ᠸᠠᠩ ᠳᠠᠰᠢᠳᠣᠨᠳᠣᠪ ᠲᠤ ᠲᠦᠰᠢᠶᠡᠲᠦ ᠬᠠᠨ ᠠᠶᠢᠮᠠᠭ ᠠᠴᠠ 19 ᠬᠣᠰᠢᠭᠤ ᠲᠠᠰᠤᠯᠤᠨ ᠥᠭᠴᠦ ᠰᠠᠶᠢᠨ ᠨᠣᠶᠠᠨ ᠬᠠᠨ ᠠᠶᠢᠮᠠᠭ ᠢ ᠡᠭᠦᠰᠬᠡᠭᠰᠡᠨ ᠢᠶᠡᠷ ᠬᠠᠯᠬ᠎ᠠ ᠶᠢᠨ 4 ᠠᠶᠢᠮᠠᠭ ᠭᠡᠬᠦ ᠪᠣᠯᠤᠭᠰᠠᠨ᠃ ᠮᠥᠨ ᠬᠣᠵᠢᠮ ᠳᠥᠷᠪᠡ ᠳᠦᠡᠶᠢᠨ ᠵᠡᠭᠦᠨ ᠭᠠᠷ ᠤᠨ ᠪᠠᠲᠤ ᠢᠷᠦᠭᠡᠯᠲᠦ ᠲᠡᠭᠦᠰ ᠬᠦᠯᠦᠭ ᠳᠠᠯᠠᠢ ᠬᠠᠨ ᠤ ᠠᠶᠢᠮᠠᠭ᠂ ᠳᠥᠷᠪᠡᠳ ᠦᠨ ᠦᠨᠡᠨ ᠵᠣᠷᠢᠭᠲᠤ ᠬᠠᠨ ᠤ ᠠᠶᠢᠮᠠᠭ ᠤᠳ ᠨᠡᠮᠡᠭᠳᠡᠨ 6 ᠠᠶᠢᠮᠠᠭ ᠪᠣᠯᠵᠠᠢ᠃

1911 ᠣᠨ ᠤ ᠪᠣᠭᠳᠠ ᠬᠠᠭᠠᠨ ᠲᠤ ᠮᠣᠩᠭᠣᠯ ᠤᠯᠤᠰ ᠤᠨ ᠦᠶ᠎ᠡ ᠳᠦ ᠠᠶᠢᠮᠠᠭ ᠤᠳ ᠤᠨ ᠡᠷᠬᠡ ᠬᠡᠮᠵᠢᠶ᠎ᠡ᠂ ᠴᠢᠭᠤᠯᠭᠠᠨ᠂ ᠲᠠᠮᠠᠭ᠎ᠠ᠂ ᠲᠡᠮᠳᠡᠭ ᠢ ᠰᠢᠨ᠎ᠡ ᠪᠡᠷ ᠪᠠᠲᠤᠯᠠᠮᠵᠢᠯᠠᠭᠰᠠᠨ ᠪᠠ ᠨᠡᠷ᠎ᠡ ᠨᠦᠭᠦᠳ ᠢ ᠬᠡᠪ ᠢᠶᠡᠷ ᠦᠯᠡᠳᠡᠭᠡᠭᠰᠡᠨ ᠴᠢᠭᠤᠯᠭᠠᠳ ᠢ ᠠᠭᠤᠯᠠ ᠶᠢᠨ ᠨᠡᠷ᠎ᠡ ᠪᠡᠷ ᠨᠡᠷᠡᠯᠡᠵᠡᠢ᠃[1]

1921 ᠣᠨ ᠤ ᠬᠤᠪᠢᠰᠬᠠᠯ ᠍ ᠤᠨ ᠳᠠᠷᠠᠭ᠎ᠠ ᠠᠶᠢᠮᠠᠭ ᠤᠳ ᠤᠨ ᠬᠠᠭᠤᠴᠢᠨ ᠨᠡᠷ᠎ᠡ ᠶᠢ ᠬᠠᠯᠠᠵᠤ᠂ ᠰᠡᠴᠡᠨ ᠬᠠᠨ ᠠᠶᠢᠮᠠᠭ ᠢ ᠬᠠᠨ ᠬᠡᠨᠲᠡᠢ ᠠᠭᠤᠯᠠ ᠶᠢᠨ ᠠᠶᠢᠮᠠᠭ, ᠲᠦᠰᠢᠶᠡᠲᠦ ᠬᠠᠨ ᠠᠶᠢᠮᠠᠭ ᠢ ᠪᠣᠭᠳᠠ ᠬᠠᠨ ᠠᠭᠤᠯᠠ ᠶᠢᠨ ᠠᠶᠢᠮᠠᠭ, ᠰᠠᠶᠢᠨ ᠨᠣᠶᠠᠨ ᠬᠠᠨ ᠠᠶᠢᠮᠠᠭ ᠢ ᠴᠡᠴᠡᠷᠯᠢᠭ ᠮᠠᠨᠳᠤᠯ ᠠᠭᠤᠯᠠ ᠶᠢᠨ ᠠᠶᠢᠮᠠᠭ, ᠵᠠᠰᠠᠭᠲᠤ ᠬᠠᠨ ᠠᠶᠢᠮᠠᠭ ᠢ ᠬᠠᠨ ᠲᠠᠶᠢᠰᠢᠷᠢ ᠤᠤᠯ ᠤᠨ ᠠᠶᠢᠮᠠᠭ, ᠮᠥᠨ ᠬᠣᠪᠳᠣ ᠶᠢᠨ ᠬᠢᠵᠠᠭᠠᠷ ᠢ ᠴᠢᠨᠳᠠᠮᠠᠨᠢ ᠤᠤᠯ ᠤᠨ ᠠᠶᠢᠮᠠᠭ ᠪᠣᠯᠤᠨ ᠶᠡᠬᠡ ᠤᠤᠯ ᠤᠨ ᠠᠶᠢᠮᠠᠭ ᠭᠡᠵᠦ ᠤᠤᠯ ᠤᠳ ᠤᠨ ᠨᠡᠷ᠎ᠡ ᠪᠡᠷ ᠥᠭᠡᠷᠡᠴᠢᠯᠡᠵᠡᠢ᠃

1931 ᠣᠨ ᠳᠤ ᠵᠠᠰᠠᠭ ᠵᠠᠬᠢᠷᠭᠠᠨ ᠤ ᠬᠤᠪᠢᠶᠠᠷᠢᠯᠠᠯᠲᠠ ᠶᠢ ᠥᠭᠡᠷᠡᠴᠢᠯᠡᠬᠦ ᠰᠢᠢᠳᠪᠦᠷᠢ ᠭᠠᠷᠴᠠᠢ᠃ ᠢᠩᠭᠢᠭᠰᠡᠨ ᠢᠶᠡᠷ ᠬᠣᠪᠳᠣ᠂ ᠳᠥᠷᠪᠡ ᠳᠦ (ᠬᠣᠵᠢᠮ ᠤᠪᠰᠤ ᠭᠡᠵᠦ ᠨᠡᠷᠡᠯᠡᠭᠳᠡᠭᠰᠡᠨ), ᠠᠯᠲᠠᠢ (ᠬᠣᠵᠢᠮ ᠭᠣᠪᠢ-ᠠᠯᠲᠠᠢ ᠭᠡᠵᠦ ᠨᠡᠷᠡᠯᠡᠭᠳᠡᠭᠰᠡᠨ), ᠬᠥᠪᠰᠥᠭᠥᠯ᠂ ᠵᠠᠪᠬᠠᠨ᠂ ᠠᠷᠤᠬᠠᠩᠭᠠᠢ᠂ ᠥᠪᠦᠷᠬᠠᠩᠭᠠᠢ᠂ ᠡᠮᠦᠨᠡᠭᠣᠪᠢ᠂ ᠲᠠᠷᠢᠶᠠᠴᠢᠨ (ᠬᠣᠵᠢᠮ ᠪᠤᠯᠠᠭᠠᠨ᠂ ᠰᠡᠯᠡᠩᠭᠡ ᠠᠶᠢᠮᠠᠭ ᠤᠳ ᠤᠨ ᠬᠡᠰᠡᠭ ᠦᠳ ᠪᠣᠯᠵᠤ ᠬᠣᠶᠠᠷ ᠬᠤᠪᠢᠶᠠᠭᠳᠠᠭᠰᠠᠨ), ᠲᠥᠪ᠂ ᠳᠣᠷᠣᠨᠠᠭᠣᠪᠢ᠂ ᠬᠡᠨᠲᠡᠢ᠂ ᠳᠣᠷᠣᠨᠠᠲᠤ (ᠬᠣᠵᠢᠮ ᠴᠣᠶᠢᠪᠠᠯᠰᠠᠩ ᠭᠡᠵᠦ ᠨᠡᠷᠡᠯᠡᠭᠳᠡᠭᠰᠡᠨ) ᠠᠶᠢᠮᠠᠭ ᠤᠳ ᠡᠭᠦᠰᠬᠡᠭᠳᠡᠵᠡᠢ᠃ 1954 ᠣᠨ ᠳᠤ ᠡᠮᠦᠨᠡᠲᠦ ᠭᠣᠪᠢ ᠴᠥᠯ ᠦᠨ ᠬᠡᠰᠡᠭ ᠭᠠᠵᠠᠷ ᠢ ᠬᠢᠲᠠᠳ ᠳᠠᠬᠢᠨ ᠠᠪᠴᠠᠢ᠃ ᠲᠡᠭᠡᠭᠡᠳ ᠮᠣᠩᠭᠣᠯ ᠤᠯᠤᠰ ᠤᠨ ᠦᠯᠡᠳᠡᠭᠰᠡᠨ ᠨᠤᠲᠤᠭ ᠳᠡᠪᠢᠰᠬᠡᠷ ᠢ ᠵᠠᠰᠠᠪᠤᠷᠢᠯᠠᠵᠤ᠂ ᠪᠠᠶᠠᠨᠬᠣᠩᠭᠣᠷ᠂ ᠪᠠᠶᠠᠨ-ᠥᠯᠥᠭᠡᠢ᠂ ᠪᠤᠯᠠᠭᠠᠨ᠂ ᠳᠤᠮᠳᠠᠭᠤᠪᠢ᠂ ᠰᠦᠬᠡᠪᠠᠭᠠᠲᠤᠷ ᠠᠶᠢᠮᠠᠭ ᠤᠳ ᠢ ᠪᠠᠶᠢᠭᠤᠯᠵᠠᠢ᠃ ᠬᠣᠶᠠᠷ ᠵᠢᠯ ᠦᠨ ᠳᠠᠷᠠᠭ᠎ᠠ ᠰᠡᠯᠡᠩᠭᠡ ᠠᠶᠢᠮᠠᠭ ᠢ ᠲᠥᠪ ᠠᠶᠢᠮᠠᠭ ᠠᠴᠠ ᠰᠠᠯᠭᠠᠵᠠᠢ᠃

1963 ᠣᠨ ᠳᠤ ᠴᠣᠶᠢᠪᠠᠯᠰᠠᠩ ᠠᠶᠢᠮᠠᠭ ᠢ ᠳᠠᠬᠢᠨ ᠳᠣᠷᠣᠨᠠᠲᠤ ᠨᠡᠷ᠎ᠡ ᠲᠡᠢ ᠪᠣᠯᠭᠠᠵᠤ᠂ ᠤᠯᠠᠭᠠᠨᠪᠠᠭᠠᠲᠤᠷ ᠢ ᠲᠥᠪ ᠠᠶᠢᠮᠠᠭ ᠠᠴᠠ ᠰᠠᠯᠭᠠᠵᠤ ᠲᠤᠰ ᠲᠤ ᠪᠠᠨ ᠵᠠᠬᠢᠷᠭ᠎ᠠ ᠲᠠᠢ ᠪᠣᠯᠭᠠᠵᠠᠢ᠃ 1994 ᠣᠨ ᠳᠤ ᠪᠤᠯᠠᠭᠠᠨ ᠠᠶᠢᠮᠠᠭ ᠤᠨ 2 ᠰᠤᠮᠤ ᠶᠢ ᠡᠷᠳᠡᠨᠢᠲᠦ ᠲᠡᠢ ᠨᠡᠶᠢᠯᠡᠭᠦᠯᠵᠦ ᠣᠷᠬᠣᠨ ᠠᠶᠢᠮᠠᠭ ᠢ᠂ ᠳᠠᠷᠬᠠᠨ-ᠠᠭᠤᠯᠠ ᠠᠶᠢᠮᠠᠭ ᠢ ᠪᠤᠢ ᠪᠣᠯᠭᠠᠪᠠ᠃ 1996 ᠣᠨ ᠳᠤ ᠭᠣᠪᠢᠰᠦᠮᠪᠦᠷ ᠠᠶᠢᠮᠠᠭ ᠢ ᠳᠣᠷᠣᠨᠠᠭᠣᠪᠢ ᠠᠴᠠ ᠰᠠᠯᠭᠠᠨ ᠠᠶᠢᠮᠠᠭ ᠪᠣᠯᠭᠠᠵᠠᠢ᠃

ᠭᠠᠵᠠᠷ ᠤᠨ ᠵᠢᠷᠤᠭ-1[ᠵᠠᠰᠠᠪᠤᠷᠢᠯᠠᠬᠤ | ᠺᠣᠳ᠋ ᠢᠶᠠᠷ ᠵᠠᠰᠠᠬᠣ]

Mongolian Aimags, Mongolia.png

ᠠᠶᠢᠮᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠰᠤᠮᠤ ᠶᠢᠨ ᠲᠣᠭ᠎ᠠ (2013) ᠬᠦᠮᠦᠨ ᠠᠮᠠ (2012) ᠭᠠᠵᠠᠷ ᠨᠤᠲᠤᠭ (km²) ᠬᠦᠮᠦᠨ ᠠᠮᠠ ᠶᠢᠨ ᠨᠢᠭᠲᠠᠷᠠᠯ (/km²) ᠠᠶᠢᠮᠠᠭ ᠤᠨ ᠲᠥᠪ
ᠠᠷᠤᠬᠠᠩᠭᠠᠢ 19 94,900 55,300 1.7 ᠴᠡᠴᠡᠷᠯᠢᠭ
ᠪᠠᠶᠠᠨ-ᠥᠯᠥᠭᠡᠢ 13 101,200 45,700 2.2 ᠥᠯᠥᠭᠡᠢ
ᠪᠠᠶᠠᠨᠬᠣᠩᠭᠣᠷ 20 83,800 116,000 0.7 ᠪᠠᠶᠠᠨᠬᠣᠩᠭᠣᠷ (ᠠᠶᠢᠮᠠᠭ ᠤᠨ ᠲᠥᠪ)
ᠪᠤᠯᠠᠭᠠᠨ 16 60,800 48,700 1.2 ᠪᠤᠯᠠᠭᠠᠨ (ᠠᠶᠢᠮᠠᠭ ᠤᠨ ᠲᠥᠪ)
ᠭᠣᠪᠢ-ᠠᠯᠲᠠᠢ 18 60,900 141,400 0.4 ᠠᠯᠲᠠᠢ
ᠭᠣᠪᠢᠰᠦᠮᠪᠦᠷ 3 12,300 5,540 2.2 ᠴᠣᠶᠢᠷᠣ᠎ᠠ
ᠳᠠᠷᠬᠠᠨ-ᠠᠭᠤᠯᠠ 4 87,800 3,280 26.8 ᠳᠠᠷᠬᠠᠨ
ᠳᠣᠷᠣᠨᠠᠭᠣᠪᠢ 14 52,500 109,500 0.5 ᠰᠠᠶᠢᠨᠱᠠᠩᠳᠠ
ᠳᠣᠷᠣᠨᠠᠲᠤ 14 73,700 123,600 0.6 ᠴᠣᠶᠢᠪᠠᠯᠰᠠᠩ
ᠳᠤᠮᠳᠠᠭᠤᠪᠢ 15 49,900 74,700 0.7 ᠮᠠᠨᠳᠠᠯᠭᠣᠪᠢ
ᠵᠠᠪᠬᠠᠨ 24 80,700 82,500 1.0 ᠤᠯᠢᠶᠠᠰᠤᠲᠠᠢ
ᠣᠷᠬᠣᠨ 2 78,400 840 93.3 ᠡᠷᠳᠡᠨᠢ ᠳᠦ
ᠥᠪᠦᠷᠬᠠᠩᠭᠠᠢ 19 113,200 62,900 1.8 ᠠᠷᠪᠠᠶᠢᠬᠦ ᠪᠡᠷ
ᠡᠮᠦᠨᠡᠭᠣᠪᠢ 15 46,800 165,400 0.3 ᠳᠠᠯᠠᠨᠵᠠᠳᠠᠭᠠᠲᠤ
ᠰᠦᠬᠡᠪᠠᠭᠠᠲᠤᠷ 13 56,600 82,300 0.7 ᠪᠠᠷᠠᠭᠤᠨ-ᠤᠷᠲᠤ
ᠰᠡᠯᠡᠩᠭᠡ 17 100,800 41,200 2.4 ᠰᠦᠬᠡᠪᠠᠭᠠᠲᠤᠷ (ᠬᠣᠲᠠ)
ᠲᠥᠪ 27 88,900 74,000 1.2 ᠵᠠᠭᠤᠨᠠᠮ᠎ᠠ ᠳᠤ
ᠤᠪᠰᠤ 19 81,000 69,600 1.2 ᠤᠯᠠᠭᠠᠨᠠᠭᠠᠮ
ᠬᠣᠪᠳᠣ 17 87,800 76,100 1.2 ᠬᠣᠪᠳᠣ (ᠬᠣᠲᠠ)
ᠬᠥᠪᠰᠥᠭᠥᠯ 24 121,400 100,600 1.2 ᠮᠥᠷᠡᠨ
ᠬᠡᠨᠲᠡᠢ 17 71,200 80,300 0.9 ᠴᠢᠩᠭᠢᠰᠬᠠᠨ

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ