ᠠᠵᠤ ᠦᠢᠯᠡᠳᠪᠦᠷᠢ ᠶᠢᠨ ᠬᠤᠪᠢᠰᠬᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠵᠤ ᠦᠢᠯᠡᠳᠪᠦᠷᠢ ᠶᠢᠨ ᠬᠤᠪᠢᠰᠬᠠᠯ (ᠠᠩᠭᠯᠢ ᠪᠠᠷ Industrial Revolution) ᠭᠡᠵᠦ 18 ᠍ ᠳᠦᠭᠡᠷ ᠵᠠᠭᠤᠨᠠ ᠠᠴᠠ 19 ᠍ ᠳᠦᠭᠡᠷ ᠵᠠᠭᠤᠨᠢ ᠬᠣᠭᠣᠷᠣᠨᠳᠣ ᠠᠦ᠋ᠲ᠋ᠣᠮᠠᠲᠵᠢᠭᠤᠯᠤᠭᠰᠠᠨ ᠦᠢᠯᠡᠳᠪᠦᠷᠢᠡᠭᠦᠳᠡ ᠠᠮᠢᠳᠤᠷᠠᠯ ᠳᠤ ᠨᠡᠪᠲᠡᠷᠡᠴᠢ ᠠᠵᠤ ᠦᠢᠯᠡᠳᠪᠦᠷᠢ ᠲᠤ ᠭᠠᠷᠤᠭᠰᠠᠨ ᠲᠣᠮᠣᠬᠠᠨ ᠳᠡᠪᠰᠢᠯ᠂ ᠲᠡᠭᠦᠨ ᠲᠡᠢ ᠬᠣᠯᠪᠣᠭᠳᠠᠨ ᠭᠠᠷᠤᠭᠰᠠᠨ ᠨᠡᠶᠢᠭᠡᠮ ᠤᠨ ᠪᠦᠲᠦᠴᠡ ᠶᠢᠨ ᠥᠭᠡᠷᠡᠴᠢᠯᠡᠯᠲᠡ ᠶᠢ ᠬᠡᠯᠡᠨ᠎ᠡ᠃ ᠣᠷᠴᠢᠨ ᠦᠶ᠎ᠡᠡᠶᠢᠨ ᠬᠥᠰᠢᠭ ᠢ ᠨᠡᠭᠡᠭᠡᠭᠰᠡᠨ ᠦᠢᠯᠡ ᠶᠠᠪᠤᠳᠠᠯ ᠭᠡᠭᠳᠡᠳᠡᠭ᠃ ᠰᠡᠭᠦᠯ ᠦᠨ ᠵᠢᠯ ᠤᠨᠳ ᠲᠤ 《ᠠᠵᠤ ᠦᠢᠯᠡᠳᠪᠦᠷᠢᠵᠢᠯᠲᠡ》 ᠭᠡᠳᠡᠭ ᠨᠡᠷ᠎ᠡ ᠲᠣᠮᠢᠶ᠎ᠠ ᠶᠢ ᠠᠰᠢᠭᠯᠠᠬᠤ ᠨᠢ ᠣᠯᠠᠨ ᠪᠣᠯᠤᠭᠰᠠᠨ᠃

ᠶᠡᠷᠦᠩᠬᠡᠢ ᠣᠶᠢᠯᠠᠭᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠠᠵᠤ ᠦᠢᠯᠡᠳᠪᠦᠷᠢ ᠶᠢᠨ ᠬᠤᠪᠢᠰᠬᠠᠯ》 ᠭᠡᠳᠡᠭ ᠦᠭᠡ ᠶᠢ ᠠᠩᠬ᠎ᠠ 1837 ᠣᠨ ᠳᠤ ᠯᠤᠪᠢ ᠣ ᠢᠶᠤᠶᠢᠰᠲ᠋ ᠪᠯᠤᠩᠬᠢ ᠬᠡᠷᠡᠭᠯᠡᠭᠰᠡᠨ ᠪᠥᠭᠡᠳ 1844 ᠣᠨ ᠳᠤ ᠹᠷᠢᠳᠢᠷᠢᠬᠤ ᠡᠩᠭᠧᠯᠰ ᠪᠦᠲᠦᠭᠡᠯ ᠳᠦ ᠪᠡᠨ ᠳᠤᠷᠢᠳᠠᠰᠤᠨ ᠢᠶᠠᠷ ᠳᠡᠯᠭᠡᠷᠡᠵᠡᠢ᠃ 1760 ᠍ ᠊ᠭᠠᠳ ᠣᠨ ᠠᠴᠠ 1830 ᠍ ᠊ᠭᠠᠳ ᠣᠨ ᠳᠤ ᠠᠩᠭᠯᠢ ᠳᠤ ᠭᠠᠷᠤᠭᠰᠠᠨ ᠠᠵᠤ ᠦᠢᠯᠡᠳᠪᠦᠷᠢ ᠶᠢᠨ ᠳᠡᠪᠰᠢᠯ ᠢ ᠵᠢᠭᠠᠭᠰᠠᠨ ᠨᠡᠷ᠎ᠡ ᠲᠣᠮᠢᠶ᠎ᠠ ᠪᠠᠶᠢᠭᠰᠠᠨ ᠪᠥᠭᠡᠳ ᠤᠯᠠᠮ ᠢᠶᠠᠷ ᠬᠥᠭᠵᠢᠯ ᠦᠨ ᠦᠶ᠎ᠡ ᠱᠠᠲᠤᠨ ᠤ ᠣᠨᠣᠯ ᠤᠨ ᠨᠢᠭᠡ ᠡᠳ᠋ ᠡᠰ ᠨᠢ ᠪᠣᠯᠵᠤ᠂ ᠠᠩᠭᠯᠢ ᠠᠮᠧᠷᠢᠺᠠ ᠶᠢᠨ ᠡᠬᠢᠯᠡᠨ ᠪᠧᠯᠬᠢᠹᠷᠠᠨᠼᠢᠠᠮᠧᠷᠢᠺᠠ ᠶᠢᠨ ᠨᠢᠭᠡᠳᠦᠭᠰᠡᠨ ᠤᠯᠤᠰᠭᠧᠷᠮᠠᠨ ᠵᠡᠷᠭᠡ ᠤᠯᠤᠰ ᠤᠳ ᠲᠤ ᠭᠠᠷᠴᠤ᠂ ᠣᠷᠴᠢᠨ ᠦᠶᠡᠵᠢᠬᠦ ᠱᠠᠲᠤᠨ ᠳᠤ ᠪᠠᠨ ᠣᠷᠣᠭᠰᠠᠨ ᠭᠡᠵᠦ ᠦᠵᠡᠳᠡᠭ᠃

ᠠᠵᠤ ᠦᠢᠯᠡᠳᠪᠦᠷᠢ ᠶᠢᠨ ᠬᠤᠪᠢᠰᠬᠠᠯ ᠠᠩᠭᠯᠢ ᠠᠮᠧᠷᠢᠺᠠ ᠶᠢᠨ ᠡᠬᠢᠯᠡᠭᠰᠡᠨ ᠭᠣᠣᠯ ᠰᠢᠯᠲᠠᠭᠠᠨ ᠨᠤᠭᠤᠳ ᠢᠶᠠᠷ ᠲᠦᠭᠦᠬᠡᠢ ᠡᠳ᠋ ᠍ ᠦᠨ ᠠᠰᠤᠷᠤ ᠶᠡᠬᠡ ᠪᠠᠶᠠᠯᠢᠭ᠂ ᠮᠥᠨ ᠠᠰᠤᠷᠤ ᠶᠡᠬᠡ ᠬᠦᠮᠦᠨ ᠠᠮᠠ ᠪᠦᠬᠦᠢ ᠵᠠᠬ᠎ᠠ ᠵᠡᠭᠡᠯᠢ ᠪᠣᠯᠬᠤ ᠺᠣᠯᠣᠨᠢᠤᠳᠠ ᠶᠢ ᠡᠵᠡᠯᠡᠭᠰᠡᠨ᠂ ᠮᠥᠨ ᠫᠦᠷᠢᠲ᠋ᠠᠨ ᠤ ᠬᠤᠪᠢᠰᠬᠠᠯᠨᠡᠷ᠎ᠡ ᠲᠥᠷᠥ ᠶᠢᠨ ᠬᠤᠪᠢᠰᠬᠠᠯ ᠵᠡᠷᠭᠡ ᠶᠢᠨ ᠦᠷ᠎ᠡ ᠳ᠋ᠦᠩ ᠳᠦ ᠪᠤᠢ ᠪᠣᠯᠤᠭᠰᠠᠨ ᠨᠡᠶᠢᠭᠡᠮ᠂ ᠤᠯᠤᠰ ᠲᠥᠷᠥ᠂ ᠡᠳ᠋ ᠍ ᠦᠨ ᠵᠠᠰᠠᠭ ᠤᠨ ᠣᠷᠴᠢᠨ ᠨᠥᠬᠥᠴᠡᠯ᠂ ᠬᠥᠳᠡᠭᠡ ᠠᠵᠤ ᠠᠬᠤᠢ ᠶᠢᠨ ᠬᠤᠪᠢᠰᠬᠠᠯ ᠤᠨ ᠦᠷ᠎ᠡ ᠳ᠋ᠦᠩ ᠳᠦ ᠰᠤᠯᠠᠷᠠᠭᠰᠠᠨ ᠠᠵᠢᠯᠯᠠᠬᠤ ᠬᠦᠴᠦ ᠵᠡᠷᠭᠡ ᠶᠢ ᠳᠤᠷᠢᠳᠠᠵᠤ ᠪᠣᠯᠤᠨ᠎ᠠ᠃ 1763 ᠣᠨ ᠳᠤ ᠫᠠᠷᠢᠰ ᠤᠨ ᠭᠡᠷ ᠢᠶᠡᠨ ᠪᠠᠶᠢᠭᠤᠯᠤᠭᠳᠠᠨ ᠳᠣᠯᠣᠭᠠᠨ ᠵᠢᠯ ᠦᠨ ᠳᠠᠶᠢᠨ ᠳᠠᠭᠤᠰᠬᠠᠪᠤᠷᠢ ᠪᠣᠯᠤᠭᠰᠠᠨ ᠢᠶᠠᠷ ᠠᠩᠭᠯᠢ ᠨᠢ ᠠᠮᠧᠷᠢᠺᠠ᠂ ᠡᠨᠡᠳᠬᠡᠭ ᠲᠤ ᠹᠷᠠᠨᠼᠢ ᠠᠴᠠ ᠳᠠᠪᠠᠭᠤ ᠲᠠᠯ᠎ᠠ ᠲᠠᠢ ᠪᠣᠯᠵᠤ᠂ ᠳᠡᠯᠡᠬᠡᠢ ᠳᠦ ᠲᠡᠷᠢᠭᠦᠯᠡᠬᠦ ᠪᠠᠶᠢᠷᠢ ᠰᠠᠭᠤᠷᠢ ᠶᠢ ᠡᠵᠡᠯᠡᠬᠦ ᠪᠣᠯᠵᠠᠢ᠃

ᠥᠷᠨᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠬᠡᠮᠡᠯ᠂ ᠡᠭᠡᠷᠡᠮᠡᠯ ᠦᠨ ᠮᠠᠰᠢᠨ ᠤ ᠲᠧᠭᠨᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠰᠤ ᠪᠠᠷ ᠠᠵᠢᠯᠯᠠᠳᠠᠭ ᠡᠭᠡᠷᠡᠮᠡᠯ ᠦᠨ ᠮᠠᠰᠢᠨ ᠵᠣᠬᠢᠶᠠᠨ ᠪᠦᠲᠦᠭᠡᠭᠰᠡᠨ ᠷᠢᠴᠠᠷ ᠲᠤ ᠠᠷᠺᠦᠸᠠᠷᠠᠢ ᠳᠤ

1733 ᠣᠨ ᠳᠤ ᠵᠣᠩ ᠺᠡᠢ ᠨᠡᠬᠡᠮᠡᠯ ᠦᠨ ᠮᠠᠰᠢᠨᠢ ᠨᠢᠭᠡ ᠬᠡᠰᠡᠭ ᠪᠣᠯᠬᠤ ᠬᠣᠯᠬᠢᠭᠴᠢᠡᠶᠢᠭ ᠰᠠᠶᠢᠵᠢᠷᠠᠭᠤᠯᠤᠨ ᠨᠢᠰᠳᠡᠭ ᠬᠣᠯᠬᠢᠭᠴᠢᠡᠶᠢᠭ ᠪᠤᠢ ᠪᠣᠯᠭᠠᠭᠰᠠᠨ ᠢᠶᠠᠷ ᠨᠡᠬᠡᠮᠡᠯ ᠦᠨ ᠮᠠᠰᠢᠨ ᠤ ᠬᠤᠷᠳᠤ ᠡᠷᠡᠰ ᠥᠰᠦᠭᠰᠡᠨ ᠪᠠᠶᠢᠨ᠎ᠠ᠃ ᠡᠶᠢᠨᠬᠦᠦ ᠨᠡᠬᠡᠮᠡᠯ ᠪᠦᠲᠦᠭᠡᠭᠳᠡᠬᠦᠨ ᠦ ᠦᠢᠯᠡᠳᠪᠦᠷᠢᠯᠡᠯ ᠨᠡᠮᠡᠭᠳᠡᠬᠦ ᠶᠢᠨ ᠬᠢᠷᠢ ᠪᠡᠷ ᠬᠠᠭᠤᠴᠢᠨ ᠤ ᠡᠭᠡᠷᠡᠦᠯ ᠠᠰᠢᠭᠯᠠᠭᠰᠠᠨ ᠡᠭᠡᠷᠡᠮᠡᠯ ᠦᠨ ᠦᠢᠯᠡᠳᠪᠦᠷᠢᠯᠡᠯ ᠨᠢ ᠬᠡᠷᠡᠭᠴᠡᠭᠡ ᠶᠢ ᠬᠠᠩᠭᠠᠵᠤ ᠳᠡᠶᠢᠯᠬᠦ ᠦᠭᠡᠢ ᠪᠣᠯᠪᠠ᠃ 1764 ᠣᠨ ᠳᠤ ᠵᠧᠮᠰ ᠬᠠᠷᠭᠤᠷᠪᠢᠰ ᠡᠭᠡᠷᠡᠭᠴᠢ ᠵᠧᠨᠨᠢ ᠮᠠᠰᠢᠨ ᠢ ᠵᠣᠬᠢᠶᠠᠨ ᠪᠦᠲᠦᠭᠡᠭᠰᠡᠨ ᠨᠢ ᠨᠢᠭᠡ ᠳᠣᠣᠷ᠎ᠠ 8 ᠡᠭᠡᠷᠡᠭᠦᠯᠦᠨ ᠳᠦ ᠤᠲᠠᠰᠤ ᠡᠭᠡᠷᠡᠬᠦ ᠴᠢᠳᠠᠪᠤᠷᠢ ᠲᠠᠢ (ᠬᠣᠵᠢᠮ ᠰᠠᠶᠢᠵᠢᠷᠠᠭᠤᠯᠤᠨ 16 ᠪᠣᠯᠭᠠᠭᠰᠠᠨ), ᠣᠯᠠᠨ ᠲᠡᠩᠬᠡᠯᠢᠭ ᠲᠦ ᠮᠠᠰᠢᠨ ᠪᠠᠶᠢᠯ᠎ᠠ᠃

1769 ᠣᠨ ᠳᠤ ᠷᠢᠴᠠᠷ ᠲᠤ ᠠᠷᠺᠦᠸᠠᠷᠠᠢ ᠳᠤ ᠤᠰᠤ ᠪᠠᠷ ᠠᠵᠢᠯᠯᠠᠳᠠᠭ ᠡᠭᠡᠷᠡᠭᠴᠢ ᠮᠠᠰᠢᠨ ᠵᠣᠬᠢᠶᠠᠨ ᠪᠦᠲᠦᠭᠡᠭᠰᠡᠨ ᠨᠢ ᠠᠶᠢᠯ ᠤᠨ ᠭᠡᠷ ᠲᠦ ᠪᠠᠭᠠᠳᠤᠮ ᠦᠭᠡᠢ ᠠᠪᠤᠷᠭᠤ ᠡᠳ᠋ ᠍ ᠡᠴᠡ ᠭᠠᠳᠠᠨ᠎ᠠ ᠣᠯᠠᠨ ᠬᠦᠮᠦᠨ ᠦ ᠬᠦᠴᠦ ᠱᠠᠭᠠᠷᠳᠠᠭᠳᠠᠳᠠᠭ᠂ ᠲᠡᠷᠡ ᠬᠢᠷᠢ ᠪᠡᠷ ᠢᠶᠡᠨ ᠪᠦᠲᠦᠭᠡᠮᠵᠢ ᠠᠰᠠᠷ ᠥᠨᠳᠥᠷ ᠲᠡᠢ ᠡᠳ᠋ ᠪᠠᠶᠢᠪᠠ᠃ ᠡᠶᠢᠨᠬᠦᠦ ᠬᠡᠳᠦᠨ ᠵᠠᠭᠤᠨ ᠠᠵᠢᠯᠲᠠᠨ ᠲᠠᠢ ᠡᠭᠡᠷᠡᠮᠡᠯ ᠦᠨ ᠦᠢᠯᠡᠳᠪᠦᠷᠢ ᠨᠦᠭᠦᠳ ᠪᠠᠶᠢᠭᠤᠯᠤᠭᠳᠠᠵᠤ ᠡᠬᠢᠯᠡᠪᠡ᠃

ᠭᠡᠬᠦ ᠳᠦ ᠪᠡᠨ ᠡᠭᠡᠷᠡᠭᠴᠢ ᠵᠧᠨᠨᠢ ᠪᠡᠷ ᠡᠭᠡᠷᠡᠭᠰᠡᠨ ᠤᠲᠠᠰᠤ ᠨᠠᠷᠢᠨ ᠪᠣᠯᠪᠠᠴᠤ ᠲᠠᠰᠤᠷᠠᠬᠤ ᠳᠤ ᠪᠠᠨ ᠠᠮᠠᠷᠬᠠᠨ᠂ ᠠᠷᠺᠦᠸᠠᠷᠠᠶᠢᠲᠤ ᠶᠢᠨ ᠮᠠᠰᠢᠨ ᠢᠶᠠᠷ ᠡᠭᠡᠷᠡᠭᠰᠡᠨ ᠤᠲᠠᠰᠤ ᠪᠥᠬᠡ ᠪᠣᠯᠪᠠᠴᠤ ᠪᠦᠳᠦᠭᠦᠨ ᠪᠠᠶᠢᠯ᠎ᠠ᠃ ᠡᠨᠡ ᠠᠰᠠᠭᠤᠳᠠᠯ ᠢ ᠰᠠᠮᠤᠡᠯ ᠺᠷᠣᠮᠫᠲ᠋ᠣᠨ ᠡᠭᠡᠷᠡᠭᠴᠢ ᠯᠠᠭᠤᠰᠠ ᠮᠠᠰᠢᠨ ᠢᠶᠠᠷ ᠢᠶᠠᠨ 1779 ᠣᠨ ᠳᠤ ᠰᠢᠢᠳᠡᠭᠰᠡᠨ ᠶᠤᠮ (ᠠᠳᠤᠭᠤᠡᠯᠵᠢᠭᠡᠨᠢᠭᠢ ᠡᠷᠯᠢᠵᠡ ᠯᠠᠭᠤᠰᠠ ᠨᠢ ᠲᠡᠳᠡᠭᠡᠷ ᠦᠨ ᠰᠠᠶᠢᠨ ᠲᠠᠯ᠎ᠠ ᠶᠢ ᠠᠪᠴᠤ ᠲᠥᠷᠦᠳᠡᠭ ᠲᠤᠯᠠ ᠲᠡᠭᠡᠵᠦ ᠨᠡᠷᠡᠯᠡᠵᠡᠢ).

ᠲᠡᠮᠦᠷᠯᠢᠭ ᠦᠨ ᠲᠧᠭᠨᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠠᠲ ᠤᠨ ᠰᠢᠨᠡᠴᠢᠯᠡᠨ ᠰᠠᠶᠢᠵᠢᠷᠠᠭᠤᠯᠤᠭᠰᠠᠨ ᠠᠭᠤᠷ ᠤᠨ ᠬᠥᠳᠡᠯᠭᠡᠭᠦᠷ

ᠲᠡᠮᠦᠷᠯᠢᠭ ᠦᠨ ᠦᠢᠯᠡᠳᠪᠦᠷᠢᠯᠡᠯ ᠨᠢ ᠬᠠᠭᠤᠴᠢᠨ ᠤ ᠲᠧᠭᠨᠣᠯᠣᠭᠢ ᠪᠣᠯᠬᠤ᠂ ᠠᠩᠭᠯᠢ ᠳᠤ ᠬᠣᠪᠣᠷ ᠪᠠᠶᠢᠳᠠᠭ ᠮᠣᠳᠣᠨ ᠤ ᠨᠡᠭᠦᠷᠡᠰᠦ ᠠᠰᠢᠭᠯᠠᠨ ᠭᠠᠷᠭᠠᠵᠤ ᠠᠪᠳᠠᠭ ᠪᠠᠶᠢᠭᠰᠠᠨ ᠲᠤᠯᠠ 16 ᠍ ᠳᠦᠭᠡᠷ ᠵᠠᠭᠤᠨ ᠠᠴᠠ ᠡᠬᠢ ᠲᠡᠢ ᠥᠨᠳᠥᠷ ᠬᠡᠷᠡᠭᠴᠡᠭᠡ ᠶᠢ ᠬᠠᠩᠭᠠᠵᠤ ᠳᠡᠶᠢᠯᠬᠦ ᠦᠭᠡᠢ ᠪᠠᠶᠢᠯ᠎ᠠ᠃

18 ᠍ ᠳᠦᠭᠡᠷ ᠵᠠᠭᠤᠨ ᠳᠤ ᠠᠪᠷᠠᠬᠤᠮ ᠳᠧᠷᠪᠢ ᠠᠩᠭᠯᠢ ᠳᠤ ᠡᠯᠪᠡᠭ ᠪᠠᠶᠢᠳᠠᠭ ᠴᠢᠯᠠᠭᠤᠨ ᠨᠡᠭᠦᠷᠡᠰᠦᠡᠶᠢᠭ ᠺᠣᠺᠰᠵᠢᠭᠤᠯᠵᠤ ᠲᠡᠮᠦᠷ ᠭᠠᠷᠭᠠᠨ ᠠᠪᠬᠤ ᠠᠷᠭ᠎ᠠ ᠶᠢ ᠨᠡᠭᠡᠭᠡᠭᠰᠡᠨ ᠢᠶᠡᠷ ᠪᠠᠶᠢᠳᠠᠯ ᠣᠭᠲᠣ ᠥᠭᠡᠷ᠎ᠡ ᠪᠣᠯᠪᠠ᠃

ᠬᠥᠳᠡᠯᠭᠡᠭᠦᠷ ᠦᠨ ᠨᠡᠭᠡᠭᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠨᠡᠭᠦᠷᠡᠰᠦ ᠣᠯᠪᠤᠷᠢᠯᠠᠯᠲᠠ ᠨᠡᠮᠡᠭᠳᠡᠬᠦ ᠶᠢᠨ ᠬᠢᠷᠢ ᠪᠡᠷ ᠨᠡᠭᠦᠷᠡᠰᠦᠨ ᠦ ᠠᠭᠤᠷᠬᠠᠢ ᠳᠤ ᠭᠦᠨ ᠦ ᠤᠰᠤ ᠍ ᠢ ᠵᠠᠶᠢᠯᠠᠭᠤᠯᠬᠤ ᠠᠰᠠᠭᠤᠳᠠᠯ ᠪᠣᠰᠴᠢ ᠢᠷᠡᠪᠡ᠃ ᠡᠭᠦᠨ ᠢ ᠰᠢᠢᠳᠬᠦ ᠶᠢᠨ ᠲᠤᠯᠠᠳᠠ 1712 ᠣᠨ ᠳᠤ ᠲᠣᠮᠠᠰ ᠨᠦᠶᠢᠺᠦᠮᠧᠨ ᠠᠭᠤᠷ ᠤᠨ ᠬᠥᠳᠡᠯᠭᠡᠭᠦᠷ ᠠᠰᠢᠭᠯᠠᠭᠰᠠᠨ ᠰᠢᠬᠠᠭᠤᠷᠭ᠎ᠠ ᠪᠦᠲᠦᠭᠡᠪᠡ᠃

1785 ᠣᠨ ᠳᠤ ᠵᠧᠮᠰ ᠸᠠᠲ ᠠᠭᠤᠷ ᠤᠨ ᠬᠥᠳᠡᠯᠭᠡᠭᠦᠷ ᠡᠴᠡ ᠭᠠᠷᠭᠠᠬᠤ ᠡᠨᠧᠷᠭᠢ ᠶᠢ ᠪᠦᠯᠢᠬᠦ ᠬᠥᠳᠡᠯᠭᠡᠭᠡᠨᠥ ᠡᠴᠡ ᠡᠷᠭᠢᠯᠳᠦᠬᠦ ᠬᠥᠳᠡᠯᠭᠡᠭᠡᠨ ᠷᠦᠦ ᠰᠢᠯᠵᠢᠭᠦᠯᠵᠦ ᠴᠢᠳᠠᠭᠰᠠᠨ ᠪᠥᠭᠡᠳ ᠡᠭᠦᠪᠡᠷ ᠢᠶᠡᠨ ᠠᠭᠤᠷ ᠤᠨ ᠬᠥᠳᠡᠯᠭᠡᠭᠦᠷ ᠦᠨ ᠬᠦᠴᠦᠨ ᠴᠢᠳᠠᠯ ᠢ ᠡᠷᠡᠰ ᠰᠠᠶᠢᠵᠢᠷᠠᠭᠤᠯᠵᠤ᠂ ᠲᠥᠷᠥᠯ ᠪᠦᠷᠢ ᠶᠢᠨ ᠮᠠᠰᠢᠨ ᠲᠧᠭᠨᠢᠭ ᠲᠦ ᠬᠡᠷᠡᠭᠯᠡᠬᠦ ᠪᠣᠯᠤᠯᠴᠠᠭ᠎ᠠ ᠲᠠᠢ ᠪᠣᠯᠭᠠᠭᠰᠠᠨ ᠪᠠᠶᠢᠨ᠎ᠠ᠃ ᠡᠶᠢᠨᠬᠦᠦ ᠡᠨᠧᠷᠭᠢ ᠶᠢᠨ ᠡᠬᠢ ᠡᠭᠦᠰᠪᠦᠷᠢ ᠪᠣᠯᠬᠤ ᠭᠣᠣᠯᠣ ᠠᠴᠠ ᠬᠣᠯᠠ ᠵᠠᠢ ᠳᠤ ᠴᠤ ᠦᠢᠯᠡᠳᠪᠦᠷᠢ ᠪᠠᠷᠢᠬᠤ ᠪᠣᠯᠤᠮᠵᠢ ᠲᠠᠢ ᠪᠣᠯᠤᠭᠰᠠᠨ ᠠᠵᠢ᠃

ᠲᠡᠭᠡᠭᠡᠪᠦᠷᠢ ᠶᠢᠨ ᠬᠡᠷᠡᠭᠰᠡᠯ ᠦᠨ ᠬᠥᠭᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1807 ᠣᠨ ᠳᠤ ᠷᠣᠪᠧᠷᠲ ᠹᠦᠯᠲᠠᠨ ᠠᠭᠤᠷ ᠤᠨ ᠬᠥᠳᠡᠯᠭᠡᠭᠦᠷ ᠲᠦ ᠬᠥᠯᠥᠭ ᠣᠩᠭᠣᠴᠠ ᠵᠣᠬᠢᠶᠠᠨ ᠪᠦᠲᠦᠭᠡᠵᠦ᠂ 1804 ᠣᠨ ᠳᠤ ᠷᠢᠴᠠᠷ ᠲᠤ ᠲᠷᠧᠸᠢᠲ᠋ᠢᠭ ᠠᠭᠤᠷ ᠤᠨ ᠬᠥᠳᠡᠯᠭᠡᠭᠦᠷ ᠲᠦ ᠵᠢᠳᠬᠦᠭᠦᠷ ᠨᠡᠭᠡᠭᠡᠭᠰᠡᠨ ᠢ ᠵᠣᠷᠵᠢ ᠰᠲ᠋ᠧᠹᠧᠨᠰᠤᠨ ᠰᠠᠶᠢᠵᠢᠷᠠᠭᠤᠯᠵᠠᠢ᠃

1830 ᠍ ᠊ᠭᠠᠳ ᠣᠨ ᠠᠴᠠ ᠲᠡᠮᠦᠷ ᠵᠠᠮ ᠍ ᠤᠨ ᠰᠦᠯᠵᠢᠶ᠎ᠡ ᠬᠥᠭᠵᠢᠵᠦ᠂ 1850 ᠣᠨ ᠭᠡᠬᠦ ᠳᠦ 6000 ᠮᠢᠯ ᠵᠠᠮ ᠲᠠᠯᠪᠢᠭᠳᠠᠭᠠᠳ ᠪᠠᠶᠢᠪᠠ᠃

ᠨᠡᠶᠢᠭᠡᠮ ᠳᠦ ᠦᠵᠡᠭᠦᠯᠦᠭᠰᠡᠨ ᠨᠥᠯᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠭᠡᠮ ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠷᠲ᠋ᠢᠰᠲ ᠤᠳ ᠤᠨ ᠡᠰᠡᠷᠭᠦᠴᠡᠯ

ᠪᠠᠷ᠎ᠠ ᠪᠦᠲᠦᠭᠡᠭᠳᠡᠬᠦᠨ ᠢ ᠣᠯᠠᠨ ᠢᠶᠠᠷ ᠦᠢᠯᠡᠳᠪᠦᠷᠢᠯᠡᠬᠦ ᠪᠣᠯᠤᠭᠰᠠᠨ ᠲᠠᠢ ᠬᠣᠯᠪᠣᠭᠳᠠᠭᠤᠯᠤᠨ ᠠᠮᠢᠵᠢᠷᠭᠠᠨ ᠤ ᠥᠷᠲᠡᠭ ᠪᠠᠭᠤᠷᠠᠭᠰᠠᠨ ᠶᠤᠮ᠃

ᠦᠢᠯᠡᠳᠪᠦᠷᠢ ᠨᠦᠭᠦᠳ ᠣᠯᠠᠨ ᠢᠶᠠᠷ ᠪᠠᠷᠢᠭᠳᠠᠵᠤ᠂ ᠠᠵᠢᠯᠴᠢᠨ ᠠᠩᠭᠢ ᠭᠡᠬᠦ ᠣᠶᠢᠯᠠᠭᠠᠯᠲᠠ ᠪᠥᠷᠢᠯᠳᠦᠨ ᠲᠣᠭᠲᠠᠭᠰᠠᠨ ᠪᠥᠭᠡᠳ ᠲᠡᠳᠡ ᠲᠣᠭ᠎ᠠ ᠪᠠᠷ ᠣᠯᠠᠨ ᠪᠣᠯᠤᠮᠠᠭᠴᠠ ᠰᠣᠩᠭᠣᠭᠤᠯᠢ ᠶᠢᠨ ᠡᠷᠬᠡ ᠣᠯᠭᠤᠬᠤ ᠶᠢ ᠱᠠᠭᠠᠷᠳᠠᠵᠤ ᠴᠠᠷᠲ᠋ᠢᠰᠮ ᠤᠨ ᠬᠥᠳᠡᠯᠭᠡᠭᠡᠨ ᠥᠷᠨᠢᠭᠦᠯᠵᠦ ᠪᠠᠶᠢᠯ᠎ᠠ᠃

ᠮᠥᠨ ᠬᠥᠷᠥᠩᠭᠡᠲᠡᠨ ᠦ ᠨᠡᠶᠢᠭᠡᠮ ᠢ ᠮᠠᠭᠤ ᠮᠠᠭᠤᠬᠠᠢ ᠶᠢᠨ ᠡᠭᠦᠷ ᠭᠡᠵᠦ ᠦᠵᠡᠳᠡᠭ ᠰᠣᠴᠢᠶᠠᠯᠢᠮ ᠍ ᠤᠨ ᠣᠨᠣᠯ ᠴᠤ ᠲᠡᠷᠡ ᠦᠶ᠎ᠡ ᠳᠦ ᠡᠭᠦᠰᠴᠢ ᠪᠤᠢ ᠪᠣᠯᠵᠠᠢ᠃ ᠴᠠᠷᠲ᠋ᠢᠰᠮ ᠲᠡᠷᠡ ᠦᠶᠡᠳᠡᠭᠡ ᠠᠮᠵᠢᠯᠲᠠ ᠣᠯᠤᠭ᠎ᠠ ᠦᠭᠡᠢ ᠴᠤ ᠤᠷᠲᠤ ᠤᠳᠠᠭᠠᠨ ᠲᠡᠮᠡᠴᠡᠯ ᠦᠨ ᠦᠷ᠎ᠡ ᠳ᠋ᠦᠩ ᠳᠦ 1867 ᠣᠨ ᠳᠤ ᠠᠵᠢᠯᠴᠢᠳ ᠰᠣᠩᠭᠣᠭᠤᠯᠢ ᠶᠢᠨ ᠡᠷᠬᠡ ᠲᠡᠢ ᠪᠣᠯᠤᠭᠰᠠᠨ ᠶᠤᠮ᠃

ᠬᠣᠲᠠᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠢᠯᠡᠳᠪᠦᠷᠢᠵᠢᠯᠲᠡ ᠶᠢᠨ ᠤᠯᠠᠮ ᠠᠴᠠ ᠬᠦᠮᠦᠨ ᠠᠮᠠ ᠶᠢᠨ ᠲᠥᠪᠯᠡᠷᠡᠯᠲᠡ᠂ ᠬᠣᠲᠠᠵᠢᠯᠲᠠ ᠬᠤᠷᠳᠤᠰᠤᠭᠰᠠᠨ ᠶᠤᠮ᠃

ᠡᠳ᠋ ᠍ ᠦᠨ ᠵᠠᠰᠠᠭ ᠤᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠰᠤᠷᠤ ᠶᠡᠬᠡ ᠬᠡᠮᠵᠢᠶᠡᠨ ᠦ ᠦᠢᠯᠡᠳᠪᠦᠷᠢᠯᠡᠯ ᠨᠢ ᠡᠷᠭᠢᠭᠡᠳ ᠠᠰᠤᠷᠤ ᠶᠡᠬᠡ ᠬᠡᠷᠡᠭᠯᠡᠭᠡ᠂ ᠵᠠᠬ᠎ᠠ ᠵᠡᠭᠡᠯᠢ ᠶᠢ ᠱᠠᠭᠠᠷᠳᠠᠵᠤ ᠢᠷᠡᠭᠰᠡᠨ ᠲᠤᠯᠠ ᠺᠣᠯᠣᠨᠢᠴᠢᠯᠠᠯ ᠢ ᠳᠠᠬᠢᠨ ᠰᠡᠷᠭᠦᠭᠡᠵᠦ᠂ ᠶᠡᠬᠡ ᠭᠦᠷᠦᠨ ᠨᠦᠭᠦᠳ ᠵᠡᠪᠰᠡᠭ ᠪᠠᠷᠢᠨ ᠲᠤᠯᠬᠤ ᠪᠣᠯᠪᠠ᠃ ᠢᠮᠫᠧᠷᠢᠶᠠᠯᠢᠰᠮ ᠍ ᠤᠨ ᠡᠭᠦᠰᠦᠯ ᠨᠢ ᠡᠭᠦᠨ ᠲᠡᠢ ᠬᠣᠯᠪᠣᠭ᠎ᠠ ᠲᠠᠢ ᠭᠡᠵᠦ ᠬᠡᠯᠡᠵᠦ ᠪᠣᠯᠬᠤ ᠪᠥᠭᠡᠳ ᠡᠨᠡ ᠨᠢ ᠳᠠᠭᠠᠭᠠᠮᠵᠢᠷᠠᠭᠰᠠᠭᠠᠷ ᠳᠡᠯᠡᠬᠡᠢ ᠶᠢᠨ ᠴᠢᠨᠠᠷᠲᠠᠢ ᠳᠠᠢ ᠨᠤᠭᠤᠳ 20 ᠍ ᠳᠦᠭᠡᠷ ᠵᠠᠭᠤᠨ ᠳᠤ 2 ᠰᠢᠬᠢᠷ ᠤᠳᠠᠭ᠎ᠠ ᠭᠠᠷᠤᠭᠰᠠᠨ ᠪᠢᠯᠡ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠠᠵᠤ ᠦᠢᠯᠡᠳᠪᠦᠷᠢ ᠶᠢᠨ ᠬᠤᠪᠢᠰᠬᠠᠯ»

ᠪᠢᠴᠢᠭᠡᠰᠦ