ᠠᠵᠢᠯ ᠦᠭᠡᠢᠳᠡᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠵᠢᠯ ᠦᠭᠡᠢᠳᠡᠯ ᠴᠢᠨᠢ ᠮᠠᠨ ᠤ ᠳᠤ ᠶᠡᠬᠡ ᠪᠠᠶᠢᠳᠠᠭ (ᠠᠩᠭᠯᠢ: Unemployment; ᠣᠷᠣᠰ: ᠪᠧᠽᠠᠪᠣᠲ᠋ᠢᠴᠠ) ᠭᠡᠳᠡᠭ ᠨᠢ ᠠᠵᠢᠯ ᠦᠭᠡᠢ ᠪᠠᠶᠢᠬᠤ ᠶᠠᠪᠤᠳᠠᠯ ᠶᠠᠭᠤᠮ᠎ᠠ ᠪᠠᠨ᠃ ᠠᠵᠢᠯ ᠦᠭᠡᠢ ᠪᠠᠶᠢᠭᠰᠠᠨ ᠠᠴᠠ ᠥᠪᠡᠷ ᠦᠨ ᠬᠡᠷᠡᠭᠴᠡᠭᠡᠲᠦ ᠵᠦᠢᠯᠡᠰ ᠢᠶᠡᠨ ᠠᠪᠬᠤ ᠳᠤ ᠬᠡᠴᠡᠭᠦᠦ᠂ ᠡᠰᠡᠪᠡᠯ ᠪᠣᠯᠤᠮᠵᠢ ᠦᠭᠡᠢ ᠪᠣᠯᠳᠠᠭ ᠪᠠ ᠡᠭᠦᠨ ᠡᠴᠡ ᠪᠣᠯᠵᠤ ᠰᠡᠳᠬᠢᠯ ᠰᠠᠨᠠᠭᠠᠨ ᠤ ᠬᠢᠮᠤᠷᠠᠯ ᠳᠤ ᠣᠷᠣᠵᠤ᠂ ᠡᠷᠡᠭᠦᠯ ᠮᠡᠨᠳᠦ ᠳᠦ ᠰᠥᠷᠭᠦ ᠪᠡᠷ ᠨᠥᠯᠦᠭᠡᠯᠡᠵᠦ ᠪᠣᠯᠤᠨ᠎ᠠ᠃ ᠠᠵᠢᠯ ᠦᠭᠡᠢ ᠬᠦᠮᠦᠨ ᠭᠡᠳᠡᠭ ᠲᠦ ᠠᠯᠪᠠᠨ ᠶᠣᠰᠣᠭᠠᠷ ᠬᠢᠭᠰᠡᠨ ᠠᠵᠢᠯ ᠦᠭᠡᠢ ᠪᠣᠯᠪᠠᠴᠤ ᠠᠵᠢᠯ ᠢᠳᠡᠪᠬᠢᠲᠡᠢ ᠬᠠᠶᠢᠵᠤ ᠪᠠᠶᠢᠭ᠎ᠠ ᠬᠦᠮᠦᠨ ᠢ ᠬᠡᠯᠡᠬᠦ ᠪᠥᠭᠡᠳ ᠠᠵᠢᠯ ᠬᠠᠶᠢᠬᠤ ᠦᠭᠡᠢ ᠪᠡᠷ ᠰᠠᠭᠤᠵᠤ ᠪᠠᠶᠢᠭ᠎ᠠ ᠬᠦᠮᠦᠨ ᠢ ᠠᠯᠪᠠᠨ ᠶᠣᠰᠣᠨ ᠤ ᠠᠵᠢᠯ ᠦᠭᠡᠢ ᠬᠦᠮᠦᠨ ᠦ ᠲᠣᠭᠠᠨ ᠳᠤ ᠣᠷᠣᠭᠤᠯᠳᠠᠭ ᠦᠭᠡᠢ᠃


ᠠᠵᠢᠯ ᠦᠭᠡᠢᠳᠡᠯ ᠪᠤᠢ ᠪᠣᠯᠬᠤ ᠰᠢᠯᠲᠠᠭᠠᠨ᠂ ᠠᠵᠢᠯ ᠦᠭᠡᠢᠳᠡᠯ ᠦᠨ ᠲᠥᠷᠥᠯ


1. ᠡᠳ᠋ ᠍ ᠍ ᠍ ᠦᠨ ᠵᠠᠰᠠᠭ ᠤᠨᠠᠯᠲᠠ᠂ ᠪᠠᠭᠤᠷᠠᠯᠲᠠ᠂ ᠬᠢᠮᠤᠷᠠᠯ ᠳᠤ᠂ ᠥᠰᠦᠯᠲᠡ ᠶᠢᠨ ᠪᠠᠶᠢᠳᠠᠯ ᠢᠶᠠᠷ ᠬᠥᠭᠵᠢᠳᠡᠭ ᠤᠴᠢᠷ ᠦᠢᠯᠡᠳᠪᠦᠷᠢᠯᠡᠯ ᠦᠨ ᠤᠨᠠᠯᠲᠠ ᠶᠢᠨ ᠦᠶ᠎ᠡ ᠳᠦ ᠠᠵᠢᠯ ᠦᠭᠡᠢᠳᠡᠯ ᠪᠤᠢ ᠪᠣᠯᠬᠤ ᠪᠥᠭᠡᠳ ᠥ᠃ᠬ ᠨᠡᠶᠢᠲᠡ ᠡᠷᠦᠯᠲᠡ ᠶᠢᠨ ᠪᠠᠭᠤᠷᠠᠯᠲᠠ ᠠᠴᠠ ᠬᠠᠮᠢᠶᠠᠷᠤᠭᠠᠳ ᠠᠵᠢᠯ ᠦᠭᠡᠢᠳᠡᠯ ᠪᠤᠢ ᠪᠣᠯᠤᠨ᠎ᠠ᠃ 2. ᠨᠡᠶᠢᠲᠡ ᠨᠡᠶᠢᠯᠡᠭᠦᠯᠦᠯᠲᠡ ᠶᠢᠨ ᠪᠠᠭᠤᠷᠠᠯᠲᠠ ᠠᠴᠠ ᠬᠠᠮᠢᠶᠠᠷᠤᠭᠠᠳ ᠬᠡᠷᠪᠡ ᠦᠢᠯᠡᠳᠪᠦᠷᠢᠯᠡᠯ ᠤᠨᠠᠯᠲᠠ ᠶᠢᠨ ᠦᠶ᠎ᠡ ᠳᠦ ᠪᠠᠶᠢᠬᠤ ᠶᠤᠮ ᠪᠣᠯ ᠬᠦᠮᠦᠨ ᠠᠮᠠ᠂ ᠦᠢᠯᠡᠳᠪᠦᠷᠢ᠂ ᠠᠵᠤ ᠠᠬᠤᠢ ᠶᠢᠨ ᠭᠠᠵᠠᠷ ᠤᠳ ᠪᠦᠲᠦᠭᠡᠭᠳᠡᠬᠦᠨ ᠪᠠ ᠦᠢᠯᠡᠴᠢᠯᠡᠭᠡ ᠶᠢ ᠬᠤᠳᠠᠯᠳᠤᠨ ᠠᠪᠬᠤ ᠳᠤ ᠵᠠᠷᠤᠴᠠᠭᠤᠯᠬᠤ ᠬᠥᠷᠥᠩᠭᠡ ᠶᠢᠨ ᠬᠡᠮᠵᠢᠶ᠎ᠡ ᠪᠠᠭᠠᠰᠠᠨ᠎ᠠ᠃ ᠡᠨᠡ ᠦᠶ᠎ᠡ ᠳᠦ ᠤᠳᠠᠭᠠᠨ ᠡᠳ᠋ᠯᠡᠭᠡ ᠲᠡᠢ ᠪᠠᠷ᠎ᠠ ᠶᠢ ᠬᠤᠳᠠᠯᠳᠤᠨ ᠠᠪᠬᠤ ᠶᠠᠪᠤᠳᠠᠯ ᠪᠠᠭᠠᠰᠬᠤ ᠪᠥᠭᠡᠳ ᠦᠢᠯᠡᠳᠪᠦᠷᠢ ᠠᠵᠤ ᠠᠬᠤᠢ ᠶᠢᠨ ᠭᠠᠵᠠᠷ ᠤᠳ ᠤᠨ ᠬᠥᠷᠥᠩᠭᠡ ᠣᠷᠣᠭᠤᠯᠤᠯᠲᠠ ᠶᠢᠨ ᠬᠡᠮᠵᠢᠶ᠎ᠡ ᠪᠠᠭᠠᠰᠴᠢ᠂ ᠬᠠᠭᠤᠴᠢᠨ ᠲᠣᠨᠣᠭ ᠲᠥᠬᠥᠭᠡᠷᠦᠮᠵᠢ ᠨᠦᠭᠦᠳ ᠢᠶᠡᠷ ᠦᠢᠯᠡᠳᠪᠦᠷᠢᠯᠡᠯ ᠶᠠᠪᠤᠭᠤᠯᠬᠤ ᠶᠢ ᠬᠢᠴᠢᠶᠡᠨ᠎ᠡ᠃ ᠡᠭᠦᠨ ᠦ ᠦᠷ᠎ᠡ ᠳ᠋ᠦᠩ ᠳᠦ ᠦᠢᠯᠡᠳᠪᠦᠷᠢᠯᠡᠯ ᠦᠨ ᠪᠣᠳᠠᠲᠤ ᠬᠡᠮᠵᠢᠶ᠎ᠡ᠂ ᠲᠦᠪᠰᠢᠨ ᠪᠠᠭᠤᠷᠴᠢ ᠠᠵᠢᠯ ᠦᠭᠡᠢᠳᠡᠯ ᠪᠣᠯᠵᠤ ᠡᠬᠢᠯᠡᠨ᠎ᠡ᠃ ᠡᠨᠡ ᠠᠵᠢᠯ ᠦᠭᠡᠢᠳᠡᠯ ᠡᠳ᠋ ᠍ ᠍ ᠍ ᠦᠨ ᠵᠠᠰᠠᠭ ᠤᠨ ᠤᠨᠠᠯᠲᠠ ᠪᠠᠭᠤᠷᠠᠯᠲᠠ ᠶᠢᠨ ᠦᠶ᠎ᠡ ᠳᠦ ᠵᠠᠶᠢᠯᠠᠰᠢ ᠦᠭᠡᠢ ᠪᠤᠢ ᠪᠣᠯᠳᠠᠭ ᠪᠠᠶᠢᠨ᠎ᠠ᠃

ᠴᠠᠯᠢᠩ ᠤᠨ ᠲᠤᠬᠠᠢ ᠶᠢᠨ ᠲᠦᠪᠰᠢᠨ ᠳᠦ ᠬᠦᠳᠡᠯᠮᠦᠷᠢᠯᠡᠬᠦ ᠡᠷᠡᠮᠡᠯᠵᠡᠯ ᠲᠡᠢ᠂ ᠠᠵᠢᠯ ᠢᠳᠡᠪᠬᠢᠲᠡᠢ ᠡᠷᠢᠵᠦ ᠬᠠᠶᠢᠵᠤ ᠪᠠᠶᠢᠭ᠎ᠠ ᠬᠦᠮᠦᠨ ᠢ ᠠᠵᠢᠯ ᠦᠭᠡᠢ ᠬᠦᠮᠦᠨ ᠭᠡᠨ᠎ᠡ᠃ ᠬᠡᠰᠡᠭᠴᠢᠯᠡᠭᠰᠡᠨ ᠠᠵᠢᠯ ᠦᠭᠡᠢᠳᠡᠯ ᠪᠠᠶᠢᠵᠤ ᠪᠣᠯᠬᠤ ᠪᠠ ᠡᠭᠦᠨ ᠢ ᠪᠦᠷᠢᠨ ᠠᠵᠢᠯ ᠡᠷᠬᠢᠯᠡᠯᠲᠡ ᠭᠡᠳᠡᠭ᠃

ᠠᠵᠢᠯ ᠦᠭᠡᠢᠳᠡᠯ ᠤᠨ ᠲᠥᠷᠥᠯ ᠦᠳ 1. ᠲᠦᠷᠢ ᠵᠠᠭᠤᠷ᠎ᠠ ᠶᠢᠨ ᠠᠵᠢᠯᠭᠦᠶᠢᠳᠡᠯ᠃ ( ᠵᠠᠪᠰᠠᠷ ᠤᠨ᠂ ᠰᠢᠯᠵᠢᠯᠲᠡ ᠶᠢᠨ᠂ ᠰᠠᠶᠢᠨ ᠳᠤᠷ᠎ᠠ ᠶᠢᠨ)

— ᠠᠵᠢᠯ ᠤᠨᠨ ᠪᠠᠶᠢᠷᠢ ᠬᠣᠮᠰᠠᠳᠠᠭᠰᠠᠨ ᠠᠴᠠ ᠰᠢᠨ᠎ᠡ ᠠᠵᠢᠯ ᠤᠨᠨ ᠪᠠᠶᠢᠷᠢ ᠬᠠᠶᠢᠬᠤ ᠦᠶ᠎ᠡ ᠳᠦ — ᠬᠦᠮᠦᠰ ᠰᠣᠨᠢᠷᠬᠠᠯᠲᠠᠢ ᠠᠵᠢᠯ ᠳᠤ ᠰᠢᠯᠵᠢᠬᠦ ᠦᠶ᠎ᠡ ᠳᠦ — ᠤᠯᠠᠷᠢᠯ ᠤᠨ ᠰᠢᠨᠵᠢ ᠴᠢᠨᠠᠷᠲᠠᠢ ᠠᠵᠢᠯ ᠭᠦᠢᠴᠡᠳᠭᠡᠵᠦ ᠪᠠᠶᠢᠭᠰᠠᠨ ᠠᠴᠠ — ᠬᠦᠮᠦᠰ ᠪᠣᠭᠣᠨᠢ ᠬᠤᠭᠤᠴᠠᠭᠠᠨ ᠤ ᠰᠤᠷᠭᠠᠯᠲᠠᠨ ᠳᠤ ᠬᠠᠮᠤᠷᠤᠭᠳᠠᠬᠤ ᠦᠶ᠎ᠡ ᠳᠦ — ᠵᠠᠷᠢᠮ ᠫᠦᠰᠡ ᠬᠠᠭᠠᠭᠳᠠᠵᠤ᠂ ᠵᠠᠷᠢᠮ ᠨᠢ ᠰᠢᠨ᠎ᠡ ᠪᠡᠷ ᠪᠠᠶᠢᠭᠤᠯᠤᠭᠳᠠᠵᠤ ᠬᠦᠮᠦᠰ ᠨᠢᠭᠡ ᠡᠴᠡ ᠨᠥᠭᠥᠭᠡ ᠳᠦ ᠰᠢᠯᠵᠢᠬᠦ ᠦᠶ᠎ᠡ ᠳᠦ ᠰᠢᠯᠵᠢᠯᠲᠡ ᠶᠢᠨ ᠤᠯᠠᠮ ᠠᠴᠠ ᠡᠭᠦᠰᠦᠭᠰᠡᠨ ᠠᠵᠢᠯ ᠦᠭᠡᠢᠳᠡᠯ ᠦᠨ ᠮᠡᠷᠭᠡᠵᠢᠯ ᠳᠠᠳᠤᠯᠭ᠎ᠠ ᠨᠢ ᠤᠷᠢᠳᠤ ᠶᠢᠨ ᠠᠳᠠᠯᠢ ᠡᠷᠢᠯᠲᠡ ᠬᠡᠷᠡᠭᠴᠡᠭᠡᠲᠡᠢ ᠪᠠᠶᠢᠭ᠎ᠠ ᠤᠴᠢᠷ ᠠᠴᠠ ᠠᠵᠢᠯᠯᠠᠬᠤ ᠬᠦᠴᠦ ᠪᠡᠨ ᠰᠢᠭᠤᠳ ᠬᠤᠳᠠᠯᠳᠤᠬᠤ ᠪᠣᠯᠤᠮᠵᠢ ᠲᠠᠢ ᠪᠠᠶᠢᠬᠤ ᠪᠠ ᠪᠣᠭᠣᠨᠢ ᠬᠤᠭᠤᠴᠠᠭ᠎ᠠ ᠲᠠᠢ ᠰᠠᠶᠢᠨ ᠳᠤᠷ᠎ᠠ ᠶᠢᠨ ᠪᠠ ᠲᠦᠷ ᠵᠠᠭᠤᠷ᠎ᠠ ᠶᠢᠨ ᠰᠢᠨᠵᠢᠲᠡᠢ ᠪᠠᠶᠢᠨ᠎ᠠ᠃

ᠶᠡᠬᠡᠩᠬᠢ ᠬᠦᠮᠦᠰ ᠠᠵᠢᠯ ᠰᠣᠯᠢᠬᠤ ᠦᠶ᠎ᠡ ᠳᠦ ᠡᠭᠦᠰᠬᠦ ᠲᠦᠷ ᠵᠠᠭᠤᠷ᠎ᠠ ᠶᠢᠨ ᠠᠵᠢᠯ ᠦᠭᠡᠢᠳᠡᠯ ᠢ ᠵᠠᠪᠰᠠᠷ ᠤᠨ ᠠᠵᠢᠯ ᠦᠭᠡᠢᠳᠡᠯ ᠭᠡᠬᠦ ᠪᠥᠭᠡᠳ ᠭᠡᠬᠦ ᠳᠦ ᠪᠡᠨ ᠠᠵᠢᠯᠴᠢᠳ ᠰᠢᠨ᠎ᠡ ᠠᠵᠢᠯ ᠳᠤ ᠣᠷᠣᠬᠤ ᠳᠤ ᠲᠣᠳᠣᠷᠬᠠᠢ ᠬᠤᠭᠤᠴᠠᠭ᠎ᠠ ᠱᠠᠭᠠᠷᠳᠠᠳᠠᠭ ᠲᠤᠯᠠ ᠲᠦᠷ ᠵᠠᠭᠤᠷ᠎ᠠ ᠶᠢᠨ ᠠᠵᠢᠯ ᠦᠭᠡᠢᠳᠡᠯ ᠡᠭᠦᠰᠳᠡᠭ ᠪᠠᠶᠢᠨ᠎ᠠ᠃ ᠶᠡᠬᠡᠩᠬᠢ ᠳᠦ ᠪᠡᠨ ᠥᠪᠡᠷᠰᠡᠳ ᠦᠨ ᠬᠦᠰᠡᠯᠲᠦ ᠪᠡᠷ ᠠᠵᠢᠯ ᠢᠶᠠᠨ ᠰᠤᠯᠢᠵᠤ ᠪᠠᠶᠢᠭ᠎ᠠ ᠬᠦᠮᠦᠰ ᠬᠠᠮᠤᠷᠤᠭᠳᠠᠬᠤ ᠤᠴᠢᠷ ᠰᠠᠶᠢᠨ ᠳᠤᠷ᠎ᠠ ᠶᠢᠨ ᠰᠢᠨᠵᠢ ᠲᠡᠢ ᠵᠦᠢ ᠶᠣᠰᠣᠨ ᠤ ᠠᠵᠢᠯ ᠦᠭᠡᠢᠳᠡᠯ ᠪᠠᠶᠢᠨ᠎ᠠ᠃ 2. ᠪᠦᠲᠦᠴᠡ ᠶᠢᠨ ᠪᠠ ᠠᠯᠪᠠᠳᠠᠯᠭ᠎ᠠ ᠶᠢᠨ ᠠᠵᠢᠯᠭᠦᠶᠢᠳᠡᠯ᠃ ᠲᠤᠬᠠᠢ ᠶᠢᠨ ᠬᠦᠮᠦᠨ ᠦ ᠠᠵᠢᠯ ᠮᠡᠷᠭᠡᠵᠢᠯ᠂ ᠠᠮᠢᠳᠤᠷᠠᠯ ᠳᠤ ᠡᠷᠢᠯᠲᠡ ᠭᠦᠢ ᠪᠣᠯᠬᠤ ᠡᠰᠡᠪᠡᠯ ᠳᠠᠳᠤᠯᠭ᠎ᠠ ᠴᠢᠳᠠᠪᠤᠷᠢ ᠳᠤᠲᠠᠬᠤ ᠦᠶ᠎ᠡ ᠳᠦ ᠭᠠᠷᠴᠤ ᠪᠠᠶᠢᠭ᠎ᠠ ᠠᠵᠢᠯ ᠦᠭᠡᠢᠳᠡᠯ ᠢ ᠪᠦᠲᠦᠴᠡ ᠶᠢᠨ ᠪᠠ ᠠᠯᠪᠠᠳᠠᠯᠭ᠎ᠠ ᠶᠢᠨ ᠠᠵᠢᠯ ᠦᠭᠡᠢᠳᠡᠯ ᠭᠡᠨ᠎ᠡ᠃ ᠡᠨᠡ ᠨᠢ ᠳᠠᠷᠠᠭᠠᠬᠢ ᠬᠦᠴᠦᠨ ᠵᠦᠢᠯ ᠡᠴᠡ ᠬᠠᠮᠢᠶᠠᠷᠤᠨ᠎ᠠ᠃

— ᠬᠡᠷᠡᠭᠯᠡᠭᠴᠢᠳ ᠦᠨ ᠬᠡᠷᠡᠭᠴᠡᠭᠡ᠂ ᠲᠣᠭ᠎ᠠ᠂ ᠴᠢᠨᠠᠷ ᠤᠨ ᠬᠤᠪᠢ ᠳᠤ ᠪᠠᠶᠢᠩᠭᠤ ᠥᠭᠡᠷᠡᠴᠢᠯᠡᠭᠳᠡᠵᠦ ᠪᠠᠶᠢᠳᠠᠭ ᠤᠴᠢᠷ — ᠦᠢᠯᠡᠳᠪᠦᠷᠢᠯᠡᠯ ᠦᠨ ᠲᠧᠭᠨᠣᠯᠣᠭᠢ ᠶᠢᠨ ᠰᠢᠨᠡᠴᠢᠯᠡᠯ ᠦᠨ ᠤᠯᠠᠮ ᠠᠴᠠ — ᠦᠢᠯᠡᠳᠪᠦᠷᠢᠯᠡᠯ ᠦᠨ ᠪᠦᠲᠦᠭᠡᠮᠵᠢ ᠶᠢ ᠳᠡᠭᠡᠭᠰᠢᠯᠡᠭᠦᠯᠬᠦ ᠰᠢᠨ᠎ᠡ ᠰᠢᠨ᠎ᠡ ᠪᠦᠲᠦᠭᠡᠯᠴᠢ ᠨᠡᠭᠡᠭᠡᠯᠲᠡ ᠨᠦᠭᠦᠳ ᠪᠤᠢ ᠪᠣᠯᠤᠭᠰᠠᠨ ᠠᠴᠠ ᠦᠢᠯᠡᠳᠪᠦᠷᠢ ᠶᠢᠨ ᠲᠧᠭᠨᠣᠯᠣᠭᠢ ᠶᠢ ᠥᠭᠡᠷᠡᠴᠢᠯᠡᠬᠦ ᠱᠠᠭᠠᠷᠳᠠᠯᠭ᠎ᠠ ᠲᠠᠢ ᠤᠴᠢᠷ᠃

ᠨᠡᠶᠢᠭᠡᠮ ᠤᠨ ᠬᠥᠭᠵᠢᠯ᠂ ᠰᠢᠨᠵᠢᠯᠡᠬᠦ ᠤᠬᠠᠭᠠᠨ ᠲᠧᠭᠨᠣᠯᠣᠭᠢ ᠶᠢᠨ ᠳᠡᠪᠰᠢᠯ ᠦᠨ ᠦᠷ᠎ᠡ ᠳ᠋ᠦᠩ ᠳᠦ ᠬᠡᠷᠡᠭᠯᠡᠭᠴᠢᠳ ᠦᠨ ᠡᠷᠢᠯᠲᠡ᠂ ᠲᠡᠭᠦᠨ ᠦ ᠪᠦᠲᠦᠴᠡ᠂ ᠲᠧᠭᠨᠢᠭ ᠲᠧᠭᠨᠣᠯᠣᠭᠢ ᠪᠠᠶᠢᠩᠭᠤ ᠥᠭᠡᠷᠡᠴᠢᠯᠡᠭᠳᠡᠵᠦ ᠪᠠᠶᠢᠳᠠᠭ᠃ ᠡᠶᠢᠮᠦ ᠳᠦ ᠬᠠᠭᠤᠴᠢᠨ ᠮᠡᠷᠭᠡᠵᠢᠯ ᠱᠠᠭᠠᠷᠳᠠᠯᠭ᠎ᠠ ᠦᠭᠡᠢ ᠪᠣᠯᠵᠤ ᠰᠢᠨ᠎ᠡ ᠮᠡᠷᠭᠡᠵᠢᠯ ᠦᠳ ᠱᠠᠭᠠᠷᠳᠠᠯᠭ᠎ᠠ ᠲᠠᠢ ᠪᠣᠯᠳᠠᠭ ᠤᠴᠢᠷ ᠪᠦᠲᠦᠴᠡ ᠶᠢᠨ ᠠᠵᠢᠯ ᠦᠭᠡᠢᠳᠡᠯ ᠪᠤᠢ ᠪᠣᠯᠳᠠᠭ ᠪᠠᠶᠢᠨ᠎ᠠ᠃ 3. ᠮᠥᠴᠡᠯᠭᠡ ᠶᠢᠨ ᠠᠵᠢᠯᠭᠦᠶᠢᠳᠡᠯ᠃ ᠦᠢᠯᠡᠳᠪᠦᠷᠢᠯᠡᠯ ᠦᠨ ᠤᠨᠠᠯᠲᠠ ᠶᠢᠨ ᠦᠶ᠎ᠡ ᠳᠦ ᠪᠤᠶᠤ ᠨᠡᠶᠢᠲᠡ ᠭᠠᠷᠴᠠ ᠶᠢᠨ ᠪᠠᠭᠤᠷᠠᠯᠲᠠ ᠶᠢᠨ ᠦᠶ᠎ᠡ ᠳᠦ ᠭᠠᠷᠴᠤ ᠪᠠᠶᠢᠭ᠎ᠠ ᠠᠵᠢᠯ ᠦᠭᠡᠢᠳᠡᠯ ᠢ ᠮᠥᠴᠡᠯᠭᠡ ᠶᠢᠨ ᠠᠵᠢᠯ ᠦᠭᠡᠢᠳᠡᠯ ᠭᠡᠨ᠎ᠡ᠃ — ᠤᠯᠤᠰ ᠣᠷᠣᠨ ᠤ ᠡᠳ᠋ ᠍ ᠍ ᠍ ᠦᠨ ᠵᠠᠰᠠᠭ ᠬᠢᠮᠤᠷᠠᠯ ᠳᠤ ᠤᠷᠤᠬᠤ — ᠦᠢᠯᠡᠳᠪᠦᠷᠢᠯᠡᠯ ᠦᠨ ᠤᠨᠠᠯᠲᠠ ᠪᠠ ᠪᠠᠭᠤᠷᠠᠯᠲᠠ ᠠᠴᠠ ᠬᠠᠮᠢᠶᠠᠷᠤᠭᠠᠳ — ᠪᠦᠲᠦᠭᠡᠭᠳᠡᠬᠦᠨ ᠦᠢᠯᠡᠴᠢᠯᠡᠭᠡᠨ ᠦ ᠡᠷᠢᠯ ᠳᠦ ᠡᠷᠡᠰ ᠪᠠᠭᠤᠷᠠᠭᠰᠠᠨ ᠤᠴᠢᠷ ᠭᠡᠬᠦ ᠮᠡᠲᠦ

ᠪᠦᠷᠢᠨ ᠠᠵᠢᠯ ᠡᠷᠬᠢᠯᠡᠯᠲᠡ — ᠡᠨᠡ ᠨᠢ ᠨᠡᠶᠢᠭᠡᠮ ᠤᠨ ᠠᠵᠢᠯᠯᠠᠬᠤ ᠬᠦᠴᠦ ᠶᠢ ᠪᠦᠷᠢᠨ ᠳᠦᠭᠦᠷᠡᠩ 100% ᠠᠰᠢᠭᠯᠠᠵᠤ ᠪᠠᠶᠢᠭ᠎ᠠ ᠭᠡᠰᠡᠨ ᠦᠭᠡ ᠪᠢᠰᠢ᠃ — ᠲᠦᠷ ᠵᠠᠭᠤᠷ᠎ᠠ ᠶᠢᠨ ᠪᠤᠶᠤ ᠪᠦᠲᠦᠴᠡ ᠶᠢᠨ ᠠᠵᠢᠯᠭᠦᠶᠢᠳᠡᠯ᠂ ᠬᠡᠰᠡᠭᠴᠢᠯᠡᠭᠰᠡᠨ ᠠᠵᠢᠯ ᠦᠭᠡᠢᠳᠡᠯ ᠦᠨ ᠬᠡᠯᠪᠡᠷᠢ ᠪᠡᠷ ᠪᠠᠶᠢᠭ᠎ᠠ ᠦᠶ᠎ᠡ ᠳᠦ ᠪᠦᠷᠢᠨ ᠠᠵᠢᠯ ᠡᠷᠬᠢᠯᠡᠯᠲᠡ ᠲᠡᠢ ᠪᠠᠶᠢᠨ᠎ᠠ ᠭᠡᠵᠦ ᠲᠣᠭᠠᠴᠠᠨ᠎ᠠ᠃

ᠠᠵᠢᠯᠯᠠᠬᠤ ᠬᠦᠴᠦ ᠤᠯᠤᠰ ᠣᠷᠣᠨ ᠤ ᠠᠵᠢᠯᠯᠠᠬᠤ ᠬᠦᠴᠦ ᠨᠢ 16 ᠍ ᠍ ᠍ ᠠᠴᠠ ᠳᠡᠭᠡᠭᠰᠢ ᠨᠠᠰᠤᠨ ᠤ ᠬᠥᠳᠡᠯᠮᠦᠷᠢ ᠶᠢᠨ ᠴᠢᠳᠠᠪᠤᠷᠢ ᠲᠠᠢ ᠠᠵᠢᠯ ᠡᠷᠬᠢᠯᠡᠭᠴᠢᠳ ᠪᠠ ᠠᠵᠢᠯᠭᠦᠶᠢᠴᠦᠳ ᠡᠴᠡ ᠪᠥᠷᠢᠳᠦᠨ᠎ᠡ᠃ ᠡᠶᠢᠮᠦ ᠳᠦ ᠠᠵᠢᠯᠯᠠᠬᠤ ᠬᠦᠴᠦ ᠶᠢ ᠡᠳ᠋ ᠍ ᠍ ᠍ ᠦᠨ ᠵᠠᠰᠠᠭ ᠤᠨ ᠢᠳᠡᠪᠬᠢᠲᠡᠢ ᠬᠦᠮᠦᠨ ᠠᠮᠠ ᠴᠤ ᠭᠡᠵᠦ ᠨᠡᠷᠡᠯᠡᠳᠡᠭ᠃ ᠡᠳ᠋ ᠍ ᠍ ᠍ ᠦᠨ ᠵᠠᠰᠠᠭ ᠤᠨ ᠢᠳᠡᠪᠬᠢᠲᠡᠢ ᠬᠦᠮᠦᠨ ᠠᠮᠠ ᠳᠤ ᠬᠥᠳᠡᠯᠮᠦᠷᠢ ᠶᠢᠨ ᠴᠢᠳᠠᠪᠤᠷᠢᠲᠠᠢ ᠪᠣᠯᠪᠠᠴᠤ ᠠᠵᠢᠯ ᠬᠠᠶᠢᠳᠠᠭ ᠦᠭᠡᠢ ᠬᠦᠮᠦᠰ ᠬᠠᠮᠢᠶᠠᠷᠤᠭᠳᠠᠳᠠᠭ ᠦᠭᠡᠢ᠂ ᠪᠦᠷᠢᠳᠭᠡᠯ ᠲᠤ ᠢᠷᠭᠡᠨ ᠦ ᠠᠵᠢᠯᠯᠠᠬᠤ ᠬᠦᠴᠦ ᠭᠡᠰᠡᠨ ᠨᠡᠷ᠎ᠡ ᠲᠣᠮᠢᠶ᠎ᠠ ᠶᠢ ᠪᠠᠶᠢᠭ᠎ᠠ ᠦᠭᠡᠢ ᠬᠡᠷᠡᠭᠯᠡᠭᠳᠡᠳᠡᠭ᠃ ᠡᠭᠦᠨ ᠢ ᠡᠳ᠋ ᠍ ᠍ ᠍ ᠦᠨ ᠵᠠᠰᠠᠭ ᠤᠨ ᠢᠳᠡᠪᠬᠢᠲᠡᠢ ᠬᠦᠮᠦᠨ ᠠᠮᠠ ᠠᠴᠠ ᠴᠡᠷᠢᠭ ᠦᠨ ᠠᠯᠪᠠᠨ ᠬᠠᠭᠠᠭᠴᠢᠳ ᠢ ᠬᠠᠰᠴᠢ ᠲᠣᠭᠠᠴᠠᠨ᠎ᠠ᠃

ᠠᠵᠢᠯ ᠡᠷᠬᠢᠯᠡᠭᠴᠢᠳ ᠲᠦ᠃ ᠪᠦᠬᠦ ᠠᠵᠢᠯ ᠡᠷᠡᠬᠯᠡᠭᠴᠢᠳ ᠢ — ᠪᠦᠷᠢᠨ — ᠪᠦᠷᠢᠨ ᠪᠤᠰᠤ ᠠᠵᠢᠯ ᠤᠨᠨ ᠡᠳᠦᠷ ᠲᠡᠢ ᠠᠵᠢᠯᠯᠠᠭᠰᠠᠳ ᠭᠡᠵᠦ ᠠᠩᠭᠢᠯᠠᠨ᠎ᠠ᠃

ᠨᠡᠶᠢᠲᠡ ᠬᠦᠮᠦᠨ ᠠᠮᠠ ᠶᠢ ᠠ᠃ ᠡᠳ᠋ ᠍ ᠍ ᠍ ᠦᠨ ᠵᠠᠰᠠᠭ ᠤᠨ ᠢᠳᠡᠪᠬᠢᠲᠡᠢ ᠬᠦᠮᠦᠨ ᠠᠮᠠ ( ᠠᠵᠢᠯᠯᠠᠬᠤ ᠬᠦᠴᠦ ) — ᠠᠵᠢᠯᠯᠠᠭᠰᠠᠳ — ᠠᠵᠢᠯᠭᠦᠶᠢᠴᠦᠳ ᠪ᠃ ᠡᠳ᠋ ᠍ ᠍ ᠍ ᠦᠨ ᠵᠠᠰᠠᠭ ᠤᠨ ᠢᠳᠡᠪᠬᠢᠲᠡᠢ ᠪᠤᠰᠤ ᠬᠦᠮᠦᠨ ᠠᠮᠠ — 16 ᠬᠦᠷᠲᠡᠯᠡᠬᠢ ᠨᠠᠰᠤᠨ ᠤ ᠬᠡᠦᠬᠡᠳ ᠦᠳ — ᠲᠡᠳᠬᠦᠪᠦᠷᠢ ᠶᠢᠨ ᠨᠠᠰᠤᠨ ᠤ ᠬᠦᠮᠦᠨ ᠠᠮᠠ — ᠠᠵᠢᠯ ᠡᠷᠢᠵᠦ ᠬᠠᠶᠢᠬᠤ ᠪᠠᠨ ᠪᠣᠯᠢᠭᠰᠠᠨ ᠬᠦᠮᠦᠰ᠃

ᠠᠵᠢᠯ ᠦᠭᠡᠢᠳᠡᠯ ᠡᠴᠡ ᠪᠤᠢ ᠪᠣᠯᠬᠤ ᠡᠳ᠋ ᠍ ᠍ ᠍ ᠦᠨ ᠵᠠᠰᠠᠭ ᠤᠨ ᠪᠠ ᠨᠡᠶᠢᠭᠡᠮ ᠤᠨ ᠰᠥᠷᠭᠦ ᠦᠷ᠎ᠡ ᠳᠠᠭᠠᠪᠤᠷᠢ ᠡᠳ᠋ ᠍ ᠍ ᠍ ᠦᠨ ᠵᠠᠰᠠᠭ ᠤᠨ ᠰᠥᠷᠭᠦ ᠦᠷ᠎ᠡ ᠳᠠᠭᠠᠪᠤᠷᠢ᠃ — ᠠᠵᠢᠯ ᠦᠭᠡᠢᠳᠡᠯ ᠦᠨ ᠤᠯᠠᠮ ᠠᠴᠠ ᠦᠢᠯᠡᠳᠪᠦᠷᠢᠯᠡᠯ ᠦᠨ ᠬᠦᠴᠦᠨ ᠴᠢᠳᠠᠯ ᠢ ᠳᠤᠲᠠᠭᠤ ᠠᠰᠢᠭᠯᠠᠵᠤ᠂ ДНБ ᠍ ᠍ ᠍ ᠦ ᠦᠢᠯᠡᠳᠪᠦᠷᠢᠯᠡᠯ ᠢ ᠨᠡᠮᠡᠭᠳᠡᠭᠦᠯᠬᠦ ᠪᠣᠯᠤᠮᠵᠢ ᠠᠯᠳᠠᠬᠤ᠃ ᠬᠡᠴᠢᠨᠡᠨ ᠬᠡᠮᠵᠢᠶᠡᠨ ᠦ ᠪᠦᠲᠦᠭᠡᠭᠳᠡᠬᠦᠨ᠂ ᠪᠣᠯᠤᠮᠵᠢ ᠠᠯᠳᠠᠵᠤ ᠪᠠᠶᠢᠭ᠎ᠠ ᠶᠢ ᠠᠷ ᠲᠤᠷ ᠣᠦᠺᠧᠷ ᠤᠨ ᠬᠠᠤᠯᠢ ᠪᠠᠷ ᠢᠯᠡᠷᠬᠡᠶᠢᠯᠡᠨ᠎ᠡ᠃ ᠥ᠃ᠬ ᠠᠵᠢᠯ ᠦᠭᠡᠢᠳᠡᠯ ᠦᠨ ᠲᠦᠪᠰᠢᠨ ᠬᠡᠪ ᠦᠨ ᠠᠵᠢᠯ ᠦᠭᠡᠢᠳᠡᠯ ᠦᠨ ᠲᠦᠪᠰᠢᠨ ᠡᠴᠡ 1% ᠍ ᠍ ᠍ ᠢ ᠪᠠᠷ ᠶᠡᠬᠡ ᠪᠠᠶᠢᠬᠤ ᠶᠤᠮ ᠪᠣᠯ :ДНБ ᠍ ᠍ ᠍ ᠦ ᠬᠡᠮᠵᠢᠶ᠎ᠡ ᠶᠢ 2.5% ᠍ ᠍ ᠍ ᠢ ᠪᠠᠷ ᠨᠡᠮᠡᠵᠦ ᠦᠢᠯᠡᠳᠪᠦᠷᠢᠯᠡᠬᠦ ᠪᠣᠯᠤᠮᠵᠢ ᠠᠯᠠᠳᠠᠳᠠᠭ ᠭᠡᠵᠦ ᠦᠵᠡᠳᠡᠭ ᠪᠠᠶᠢᠨ᠎ᠠ᠃ ᠵᠢᠱᠢᠶ᠎ᠡ ᠨᠢ: ᠠᠵᠢᠯ ᠦᠭᠡᠢᠳᠡᠯ ᠦᠨ ᠲᠦᠪᠰᠢᠨ ᠬᠡᠪ ᠦᠨ ᠠᠵᠢᠯ ᠦᠭᠡᠢᠳᠡᠯ ᠦᠨ ᠲᠦᠪᠰᠢᠨ ᠡᠴᠡ 3.5% ᠍ ᠍ ᠍ ᠢ ᠪᠠᠷ ᠶᠡᠬᠡ ᠪᠠᠶᠢᠪᠠᠯ ДНБᠨᠢᠭᠢ ᠦᠢᠯᠡᠳᠪᠦᠷᠢᠯᠡᠯ 8.75% ᠍ ᠍ ᠍ ᠢ ᠪᠠᠷ ᠬᠣᠴᠣᠷᠤᠭᠰᠠᠨ ᠭᠡᠰᠡᠨ ᠦᠭᠡ᠃ (2.5% ᠬ 3.5%) — ᠬᠦᠮᠦᠰ ᠣᠷᠣᠯᠭ᠎ᠠ ᠦᠭᠡᠢ ᠪᠣᠯᠵᠤ ᠨᠠᠭᠠᠳᠤ ᠵᠠᠬ᠎ᠠ ᠶᠢᠨ ᠬᠡᠷᠡᠭᠴᠡᠭᠡᠲᠦ ᠵᠦᠢᠯ ᠢᠶᠡᠨ ᠬᠠᠩᠭᠠᠵᠤ ᠴᠢᠳᠠᠬᠤ ᠦᠭᠡᠢ ᠪᠣᠯᠬᠤ (ᠡᠷᠡᠭᠦᠯ ᠮᠡᠨᠳᠦ ᠪᠡᠨ ᠬᠠᠮᠠᠭᠠᠯᠠᠬᠤ᠂ ᠪᠣᠯᠪᠠᠰᠤᠷᠠᠯ ᠢᠶᠠᠨ ᠳᠡᠭᠡᠭᠰᠢᠯᠡᠭᠦᠯᠬᠦ) — ᠬᠦᠮᠦᠨ ᠠᠮᠠ ᠶᠢᠨ ᠳᠤᠮᠳᠠ ᠠᠵᠢᠯ ᠦᠭᠡᠢᠳᠡᠯ ᠡᠴᠡ ᠬᠠᠮᠢᠶᠠᠷᠤᠭᠠᠳ ᠶᠠᠳᠠᠭᠤᠷᠠᠯ ᠤᠨ ᠬᠡᠮᠵᠢᠶ᠎ᠡ ᠶᠡᠬᠡᠰᠬᠦ — ᠲᠤᠬᠠᠢ ᠶᠢᠨ ᠬᠦᠮᠦᠨ ᠠᠵᠢᠯ ᠦᠭᠡᠢ ᠪᠠᠶᠢᠨ᠎ᠠ ᠭᠡᠳᠡᠭ ᠨᠢ ᠥᠪᠡᠷᠲᠡᠭᠡᠨ ᠪᠣᠯᠤᠨ ᠨᠡᠶᠢᠲᠡ ᠳᠦ ᠣᠷᠣᠯᠭ᠎ᠠ ᠤᠯᠬᠤ ᠪᠣᠯᠤᠮᠵᠢ ᠪᠠᠨ ᠠᠯᠳᠠᠬᠤ

ᠠᠵᠢᠯ ᠦᠭᠡᠢᠳᠡᠯ ᠦᠨ ᠲᠦᠪᠰᠢᠨ ᠳᠦ ᠨᠦᠯᠦᠭᠡᠯᠡᠬᠦ ᠬᠦᠴᠦᠨ ᠵᠦᠢᠯ᠃ ᠠᠵᠢᠯ ᠦᠭᠡᠢᠳᠡᠯ ᠥᠰᠦᠭᠰᠡᠨ ᠢᠶᠡᠷ ᠨᠡᠶᠢᠭᠡᠮ ᠳᠦ ᠶᠡᠬᠡᠬᠡᠨ ᠬᠡᠮᠵᠢᠶᠡᠨ ᠦ ᠪᠦᠲᠦᠭᠡᠭᠳᠡᠬᠦᠨ ᠦᠢᠯᠡᠴᠢᠯᠡᠭᠡ ᠦᠢᠯᠡᠳᠪᠦᠷᠢᠯᠡᠬᠦ ᠪᠣᠯᠤᠮᠵᠢ ᠠᠯᠳᠠᠭᠳᠠᠬᠤ ᠠᠴᠠ ᠭᠠᠳᠠᠨ᠎ᠠ ᠨᠡᠶᠢᠭᠡᠮ ᠤᠨ ᠣᠯᠠᠨ ᠰᠥᠷᠭᠦ ᠦᠷ᠎ᠡ ᠳᠠᠭᠠᠪᠤᠷᠢ ᠶᠢ ᠪᠤᠢ ᠪᠣᠯᠭᠠᠳᠠᠭ ᠤᠴᠢᠷ ᠠᠴᠠ ᠠᠯᠢ ᠴᠤ ᠤᠯᠤᠰ ᠤᠨ ᠲᠥᠷᠥ᠂ ᠵᠠᠰᠠᠭ ᠤᠨ ᠭᠠᠵᠠᠷ ᠠᠴᠠ ᠠᠵᠢᠯ ᠦᠭᠡᠢᠳᠡᠯ ᠦᠨ ᠠᠯᠢ ᠪᠣᠯᠬᠤ ᠪᠠᠭᠤᠷᠠᠭᠤᠯᠬᠤ ᠵᠣᠷᠢᠯᠭ᠎ᠠ ᠶᠢ ᠡᠮᠦᠨ᠎ᠡ ᠪᠡᠨ ᠠᠵᠢᠯᠯᠠᠳᠠᠭ᠃ ᠭᠡᠬᠦ ᠳᠦ ᠪᠡᠨ ᠰᠢᠯᠵᠢᠯᠲᠡ ᠶᠢᠨ ᠪᠠ ᠪᠠ ᠪᠦᠲᠦᠴᠡ ᠶᠢᠨ ᠠᠵᠢᠯ ᠦᠭᠡᠢᠳᠡᠯ ᠨᠢ ᠨᠡᠶᠢᠭᠡᠮ ᠳᠦ ᠵᠠᠶᠢᠯᠠᠰᠢ ᠦᠭᠡᠢ ᠪᠠᠶᠢᠬᠤ ᠶᠣᠰᠣᠲᠠᠢ ᠵᠦᠢ ᠶᠣᠰᠣᠨ ᠤ ᠦᠵᠡᠭᠳᠡᠯ  ᠤᠴᠢᠷ ᠠᠴᠠ ᠠᠵᠢᠯ ᠦᠭᠡᠢᠳᠡᠯ ᠤᠨᠲᠦᠪᠰᠢᠨ ᠢ ᠲᠡᠭᠯᠡᠬᠦ ᠲᠤᠬᠠᠢ ᠠᠰᠠᠭᠤᠳᠠᠯ ᠪᠠᠶᠢᠵᠤ ᠪᠣᠯᠬᠤ ᠦᠭᠡᠢ ᠶᠤᠮ᠃ ᠠᠵᠢᠯ ᠦᠭᠡᠢᠳᠡᠯ ᠦᠨ ᠶᠡᠷᠦᠩᠬᠡᠢ ᠪᠣᠯᠤᠨ ᠵᠦᠢ ᠶᠣᠰᠣᠨ ᠤ ᠲᠦᠪᠰᠢᠨ ᠨᠢ ᠤᠯᠤᠰ ᠣᠷᠣᠨ ᠤ ᠰᠢᠨᠵᠢᠯᠡᠬᠦ ᠤᠬᠠᠭᠠᠨ ᠲᠧᠭᠨᠢᠭ ᠦᠨ ᠳᠡᠪᠰᠢᠯ ᠡᠳ᠋ ᠍ ᠍ ᠍ ᠦᠨ ᠵᠠᠰᠠᠭ ᠤᠨ ᠬᠥᠭᠵᠢᠯ ᠦᠨ ᠲᠦᠪᠰᠢᠨ ᠪᠣᠯᠤᠨ ᠪᠤᠰᠤᠳ ᠣᠯᠠᠨ ᠬᠦᠴᠦᠨ ᠵᠦᠢᠯ ᠡᠴᠡ ᠰᠢᠯᠲᠠᠭᠠᠯᠠᠨ ᠣᠷᠣᠨ ᠪᠦᠷᠢ ᠳᠦ ᠬᠠᠷᠢᠯᠴᠠᠨ ᠠᠳᠠᠯᠢ ᠦᠭᠡᠢ ᠪᠠᠶᠢᠨ᠎ᠠ᠃

ᠠᠵᠢᠯ ᠦᠭᠡᠢᠳᠡᠯ ᠦᠨ ᠲᠡᠳᠬᠦᠮᠵᠢ᠃ ᠡᠨᠡ ᠨᠢ ᠨᠢᠭᠡ ᠲᠠᠯ᠎ᠠ ᠠᠴᠠ ᠠᠵᠢᠯ ᠦᠭᠡᠢᠳᠡᠯ ᠦᠨ ᠤᠯᠠᠮ ᠠᠴᠠ ᠭᠠᠷᠬᠤ ᠨᠡᠶᠢᠭᠡᠮ ᠤᠨ ᠰᠥᠷᠭᠦ ᠦᠷ᠎ᠡ ᠳᠠᠭᠠᠪᠤᠷᠢ ᠶᠢ ᠪᠠᠭᠤᠷᠠᠭᠤᠯᠬᠤ ᠠᠴᠢ ᠬᠣᠯᠪᠣᠭᠳᠠᠯ ᠲᠠᠢ ᠪᠣᠯᠪᠠᠴᠤ ᠨᠥᠭᠥᠭᠡ ᠲᠠᠯ᠎ᠠ ᠠᠴᠠ ᠰᠢᠯᠵᠢᠯᠲᠡ ᠶᠢᠨ ᠠᠵᠢᠯ ᠦᠭᠡᠢᠳᠡᠯ ᠢ ᠨᠡᠮᠡᠭᠳᠡᠭᠦᠯᠬᠦ ᠲᠠᠯ᠎ᠠ ᠲᠠᠢ᠃ ᠲᠡᠳᠬᠦᠯᠭᠡ ᠠᠪᠴᠤ ᠪᠠᠶᠢᠭ᠎ᠠ ᠠᠵᠢᠯᠭᠦᠶᠢᠴᠦᠳ ᠨᠢ ᠪᠣᠭᠣᠨᠢ ᠬᠤᠭᠤᠴᠠᠭᠠᠨ ᠳᠤ ᠠᠵᠢᠯ ᠲᠠᠢ ᠪᠣᠯᠬᠤ ᠶᠢᠨ ᠲᠤᠯᠠᠳᠠ ᠠᠵᠢᠯ ᠡᠷᠢᠵᠦ ᠬᠠᠶᠢᠬᠤ ᠢᠳᠡᠪᠬᠢ ᠨᠢ ᠰᠤᠯᠠᠷᠠᠳᠠᠭ᠃

ᠴᠠᠯᠢᠩ᠃ ᠬᠥᠳᠡᠯᠮᠦᠷᠢ ᠶᠢᠨ ᠵᠠᠬ᠎ᠠ ᠵᠡᠭᠡᠯᠢ ᠶᠢᠨ ᠪᠤᠰᠤᠳ ᠵᠠᠬ᠎ᠠ ᠵᠡᠭᠡᠯᠢ ᠡᠴᠡ ᠢᠯᠭᠠᠭᠳᠠᠬᠤ ᠨᠢᠭᠡ ᠣᠨᠴᠠᠯᠢᠭ ᠪᠣᠯ ᠤᠭ ᠵᠠᠬ᠎ᠠ ᠵᠡᠭᠡᠯᠢ ᠳ᠋ᠡᠬᠢ ᠬᠥᠳᠡᠯᠮᠦᠷᠢ ᠶᠢᠨ ᠦᠨ᠎ᠡ ᠪᠤᠶᠤ ᠴᠠᠯᠢᠩ ᠨᠢ ᠪᠠᠷᠠᠭ᠎ᠠ ᠦᠢᠯᠡᠴᠢᠯᠡᠭᠡᠨ ᠦ ᠦᠨ᠎ᠡ ᠶᠢ ᠪᠣᠳᠣᠪᠠᠯ ᠬᠠᠷᠢᠴᠠᠩᠭᠤᠢ ᠪᠠᠷ ᠲᠣᠭᠲᠠᠪᠤᠷᠢᠲᠠᠢ᠂ ᠤᠶᠠᠨ ᠬᠠᠲᠠᠨ ᠪᠤᠰᠤ ᠰᠢᠨᠵᠢ ᠲᠡᠢ ᠪᠠᠶᠢᠳᠠᠭᠡ᠃ᠬ ᠪᠠᠷᠠᠭ᠎ᠠ ᠦᠢᠯᠡᠴᠢᠯᠡᠭᠡᠨ ᠦ ᠵᠠᠬ᠎ᠠ ᠵᠡᠭᠡᠯᠢ ᠳᠦ ᠦᠨ᠎ᠡ ᠨᠢ ᠡᠷᠢᠯᠲᠡ᠂ ᠨᠡᠶᠢᠯᠡᠭᠦᠯᠦᠯᠲᠡ ᠶᠢᠨ ᠲᠡᠩᠴᠡᠪᠦᠷᠢ ᠳᠡᠭᠡᠷ᠎ᠡ ᠶᠡᠬᠡᠩᠬᠢ ᠳᠦ ᠪᠡᠨ ᠲᠣᠭᠲᠠᠵᠤ ᠪᠠᠶᠢᠳᠠᠭ ᠪᠣᠯ ᠬᠥᠳᠡᠯᠮᠦᠷᠢ ᠶᠢᠨ ᠵᠠᠬ᠎ᠠ ᠵᠡᠭᠡᠯᠢ ᠳᠦ ᠦᠨ᠎ᠡ ᠪᠣᠯᠤᠨ ᠴᠠᠯᠢᠩ ᠨᠢ ᠢᠮᠠᠭᠲᠠ ᠡᠷᠢᠯᠲᠡ ᠨᠡᠶᠢᠯᠡᠭᠦᠯᠦᠯᠲᠡ ᠶᠢᠨ ᠲᠡᠩᠴᠡᠪᠦᠷᠢ ᠶᠢᠨ ᠴᠡᠭ ᠡᠴᠡ ᠳᠡᠭᠡᠭᠦᠷ ᠲᠣᠭᠲᠠᠳᠠᠭ᠃ ᠡᠭᠦᠨ ᠦ ᠤᠯᠠᠮ ᠠᠴᠠ ᠬᠥᠳᠡᠯᠮᠦᠷᠢ ᠶᠢᠨ ᠡᠷᠢᠯ ᠳᠦ ᠪᠠᠭᠤᠷᠴᠢ᠂ ᠨᠡᠶᠢᠯᠡᠭᠦᠯᠦᠯᠲᠡ ᠨᠢ ᠡᠷᠢᠯᠲᠡ ᠡᠴᠡ ᠪᠡᠨ ᠳᠠᠪᠠᠨ᠎ᠠ᠃

ᠴᠠᠯᠢᠩ ᠥᠰᠬᠦ ᠳᠦ ᠬᠥᠳᠡᠯᠮᠦᠷᠢ ᠶᠢᠨ ᠨᠡᠶᠢᠯᠡᠭᠦᠯᠦᠯᠲᠡ ᠨᠡᠮᠡᠭᠳᠡᠬᠦ ᠪᠣᠯᠪᠠᠴᠤ ᠬᠥᠳᠡᠯᠮᠦᠷᠢ ᠶᠢᠨ ᠨᠥᠭᠡᠴᠡ ᠶᠢᠨ ᠬᠡᠮᠵᠢᠶ᠎ᠡ ᠪᠡᠷ ᠬᠢᠵᠠᠭᠠᠷᠯᠠᠭᠳᠠᠬᠤ ᠤᠴᠢᠷ ᠴᠠᠯᠢᠩ ᠬᠡᠴᠢᠨᠡᠨ ᠨᠡᠮᠡᠭᠳᠡᠯ᠎ᠡ ᠴᠤ ᠨᠡᠶᠢᠯᠡᠭᠦᠯᠦᠯᠲᠡ ᠨᠢ L2 ᠴᠡᠭ ᠡᠴᠡ ᠴᠠᠰᠢ ᠨᠡᠮᠡᠭᠳᠡᠬᠦ ᠦᠭᠡᠢ᠃

ᠡᠶᠢᠮᠦ ᠡᠴᠡ S2 ᠨᠢ ᠪᠣᠰᠤᠭ᠎ᠠ ᠲᠡᠩᠬᠡᠯᠢᠭ ᠲᠡᠢ ll ᠰᠢᠯᠤᠭᠤᠨ ᠬᠡᠯᠪᠡᠷᠢᠲᠡᠢ ᠪᠣᠯᠤᠨ᠎ᠠ᠃

ᠠᠵᠢᠯ ᠦᠭᠡᠢᠳᠡᠯ ᠦᠨ ᠬᠡᠮᠵᠢᠶ᠎ᠡ ᠨᠢ ᠡᠷᠢᠯᠲᠡ ᠨᠡᠶᠢᠯᠡᠭᠦᠯᠦᠯᠲᠡ ᠶᠢᠨ ᠵᠥᠷᠢᠭᠦᠦ ᠪᠡᠷ ᠲᠣᠳᠣᠷᠬᠠᠶᠢᠯᠠᠭᠳᠠᠨ᠎ᠠ᠃ ᠥ᠃ᠬ ᠠᠵᠢᠯ ᠦᠭᠡᠢᠳᠡᠯ ᠨᠢ ᠬᠥᠳᠡᠯᠮᠦᠷᠢ ᠶᠢᠨ ᠵᠠᠬ᠎ᠠ ᠵᠡᠭᠡᠯᠢ ᠳ᠋ᠡᠬᠢ ᠡᠷᠢᠯᠲᠡ ᠡᠴᠡ ᠳᠠᠪᠠᠭᠰᠠᠨ ᠨᠡᠶᠢᠯᠡᠭᠦᠯᠦᠯᠲᠡ ᠶᠤᠮ᠃ ᠴ 1 ᠬᠡᠮᠵᠢᠶᠡᠨ ᠦ ᠴᠠᠯᠢᠩ ᠨᠢ (L1 – L2) ᠬᠡᠮᠵᠢᠶᠡᠨ ᠦ ᠠᠵᠢᠯ ᠦᠭᠡᠢᠳᠡᠯ ᠢ ᠪᠤᠢ ᠪᠣᠯᠭᠠᠵᠤ ᠪᠠᠶᠢᠨ᠎ᠠ᠃

[[ᠠᠩᠬᠢᠯᠠᠯ:ᠡᠳ᠋ ᠍ ᠍ ᠍ ᠦᠨ ᠵᠠᠰᠠᠭ]ᠠᠵᠢᠯ

ᠪᠢᠴᠢᠭᠡᠰᠦ