ᠠᠵᠢᠯᠴᠢᠨ ᠠᠩᠭᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠵᠢᠯᠴᠢᠨ ᠠᠩᠭᠢ ᠨᠢ ᠬᠦᠮᠦᠨ ᠦ ᠨᠡᠶᠢᠭᠡᠮ ᠦᠨ ᠨᠢᠭᠡ ᠬᠡᠰᠡᠭ ᠪᠥᠭᠡᠳ ᠮᠠᠷᠺᠰ ᠤᠨ ᠣᠨᠣᠯ ᠢᠶᠠᠷ ᠬᠤᠪᠢ ᠤᠨ ᠥᠮᠴᠢ ᠦᠭᠡᠢ᠂ ᠦᠢᠯᠡᠳᠪᠦᠷᠢ ᠶᠢᠨ ᠡᠵᠡᠨ ᠳᠦ ᠬᠥᠯᠰᠡᠷ᠎ᠡ ᠠᠵᠢᠯ ᠬᠢᠳᠡᠭ ᠬᠦᠮᠦᠰ ᠦᠨ ᠪᠦᠯᠦᠭ ᠢ ᠬᠡᠯᠡᠳᠡᠭ᠃ ᠮᠠᠷᠺᠰ ᠤᠨ ᠦᠵᠡᠭᠰᠡᠨ ᠢᠶᠡᠷ ᠬᠦᠮᠦᠨ ᠪᠣᠯ ᠶᠠᠭᠤᠨ ᠤ ᠡᠮᠦᠨ᠎ᠡ ᠦᠢᠯᠡᠳᠪᠦᠷᠢᠯᠡᠭᠴᠢ ᠶᠤᠮ᠃ ᠦᠢᠯᠡᠳᠪᠦᠷᠢᠯᠡᠨ ᠪᠦᠲᠦᠭᠡᠭᠴᠢ ᠬᠥᠳᠡᠯᠮᠦᠷᠢ ᠯᠠ ᠬᠦᠮᠦᠨ ᠢ ᠠᠮᠢᠲᠠᠨ ᠠᠴᠠ ᠢᠯᠭᠠᠵᠤ ᠪᠠᠶᠢᠳᠠᠭ᠃ ᠮᠠᠷᠺᠰ ᠬᠦᠨᠡᠶᠢᠰᠢᠯ ᠤᠨ ᠳᠠᠷᠠᠭᠠᠬᠢ ᠳᠥᠷᠪᠡᠨ ᠢᠯᠡᠷᠡᠯ ᠢ ᠲᠣᠳᠣᠷᠠᠭᠤᠯᠵᠠᠢ᠃

  • 1. ᠠᠵᠢᠯᠴᠢᠨ ᠤ ᠬᠥᠳᠡᠯᠮᠦᠷᠢ ᠶᠢᠨ ᠪᠦᠲᠦᠭᠡᠭᠳᠡᠬᠦᠨ ᠢ ᠥᠭᠡᠷ᠎ᠡ ᠬᠦᠮᠦᠰ ᠵᠠᠪᠰᠢᠳᠠᠭ ᠤᠴᠢᠷ ᠠᠴᠠ ᠲᠡᠷᠡ ᠥᠪᠡᠷ ᠦᠨ ᠢᠶᠡᠨ ᠬᠥᠳᠡᠯᠮᠦᠷᠢ ᠶᠢᠨ ᠪᠦᠲᠦᠭᠡᠭᠳᠡᠬᠦᠨ ᠡᠴᠡ ᠬᠠᠭᠴᠠᠳᠠᠭ᠃
  • 2. ᠠᠵᠢᠯᠴᠢᠨ ᠦᠢᠯᠡᠳᠪᠦᠷᠢᠯᠡᠯ ᠦᠨ ᠦᠢᠯᠡ ᠶᠠᠪᠤᠴᠠ ᠠᠴᠠ ᠬᠦᠨᠡᠶᠢᠰᠢᠳᠡᠭ᠃ ᠠᠵᠢᠯ ᠨᠢ ᠳᠣᠲᠣᠭᠠᠳᠤ ᠰᠡᠳᠬᠢᠯ ᠦᠨ ᠬᠠᠩᠭᠠᠮᠵᠢ ᠥᠭᠳᠡᠭ ᠦᠭᠡᠢ ᠬᠠᠷᠰᠢ ᠦᠢᠯᠡ ᠠᠵᠢᠯᠯᠠᠭ᠎ᠠ ᠪᠣᠯᠵᠤ ᠭᠠᠳᠠᠨ᠎ᠠ ᠠᠴᠠ ᠲᠤᠯᠭᠠᠭᠰᠠᠨ ᠵᠦᠢᠯ ᠪᠣᠯᠳᠠᠭ᠃ ᠬᠡᠨ ᠨᠢᠭᠡᠨ ᠦ ᠲᠤᠰᠢᠶᠠᠯ ᠢᠶᠠᠷ ᠬᠢᠵᠦ ᠪᠠᠶᠢᠭ᠎ᠠ ᠠᠯᠪᠠᠳᠠᠯ ᠤᠨ ᠬᠥᠳᠡᠯᠮᠦᠷᠢ ᠪᠣᠯᠳᠠᠭ᠃ ᠠᠵᠢᠯ ᠨᠢ ᠴᠤᠬᠤᠮ ᠳᠠᠭᠠᠨ ᠬᠤᠳᠠᠯᠳᠤᠬᠤ ᠲᠠᠸᠠᠷ ᠪᠣᠯᠵᠤ ᠠᠵᠢᠯᠴᠢᠨ ᠤ ᠬᠤᠪᠢ ᠳᠤ ᠲᠡᠷᠡ ᠲᠠᠸᠠᠷ ᠤᠨ ᠬᠠᠮᠤᠭ ᠥᠷᠲᠡᠭ ᠨᠢ ᠲᠡᠭᠦᠨ ᠦ ᠬᠤᠳᠠᠯᠳᠤᠭᠠᠴᠢᠯᠠᠬᠤ ᠪᠣᠯᠤᠯᠴᠠᠭ᠎ᠠ ᠪᠣᠯᠳᠠᠭ᠃
  • 3. ᠠᠵᠢᠯᠴᠢᠨ ᠥᠪᠡᠷ ᠦᠨ ᠢᠶᠡᠨ ᠬᠦᠮᠦᠨ ᠦ ᠤᠭ ᠴᠢᠨᠠᠷ ᠶᠠᠭᠤᠮᠤ ᠥᠪᠡᠷ ᠦᠨ ᠢᠶᠡᠨ 《ᠲᠥᠷᠦᠯᠬᠢᠲᠡᠨ ᠦ ᠠᠬᠤᠢ ᠠᠴᠠ》 ᠬᠦᠨᠡᠶᠢᠰᠢᠳᠡᠭ᠃
  • 4. ᠺᠠᠫᠢᠲ᠋ᠠᠯᠢᠰᠮ ᠨᠡᠶᠢᠭᠡᠮ ᠤᠨ ᠬᠠᠷᠢᠯᠴᠠᠭ ᠵᠠᠬ᠎ᠠ ᠵᠡᠭᠡᠯᠢ ᠳᠦ ᠡᠵᠡᠯᠡᠵᠦ ᠪᠠᠶᠢᠭ᠎ᠠ ᠪᠠᠶᠢᠷᠢ ᠰᠠᠭᠤᠷᠢ ᠪᠠᠷ ᠨᠢ ᠬᠦᠮᠦᠰ ᠢ ᠦᠨᠡᠯᠡᠳᠡᠭ ᠴᠡᠪᠡᠷ ᠵᠠᠬ᠎ᠠ ᠵᠡᠭᠡᠯᠢ ᠶᠢᠨ ᠬᠠᠷᠢᠯᠴᠠᠭ᠎ᠠ ᠪᠣᠯᠭᠠᠨ ᠬᠤᠪᠢᠷᠠᠭᠠᠳᠠᠭ ᠤᠴᠢᠷ ᠠᠴᠠ ᠠᠵᠢᠯᠴᠢᠨ ᠪᠤᠰᠤᠳ ᠬᠦᠮᠦᠰ ᠡᠴᠡ ᠬᠦᠨᠡᠶᠢᠰᠢᠳᠡᠭ᠃ ᠡᠶᠢᠨᠬᠦᠦ ᠬᠦᠨᠡᠶᠢᠰᠢᠯ ᠪᠣᠯ ᠠᠩᠭᠢᠲᠤ ᠨᠡᠶᠢᠭᠡᠮ ᠤᠨ ᠳᠠᠭᠠᠤ ᠪᠣᠯᠤᠭᠰᠠᠨ ᠦᠵᠡᠭᠳᠡᠯ  ᠪᠥᠭᠡᠳ ᠳᠠᠷᠠᠭᠠᠯᠠᠯ ᠮᠥᠯᠵᠢᠯᠭᠡ ᠤᠰᠠᠳᠤᠭᠰᠠᠨ ᠪᠠᠶᠢᠬᠤ ᠢᠷᠡᠭᠡᠳᠦᠢ ᠶᠢᠨ ᠡᠪ ᠬᠠᠮᠳᠣ ᠨᠡᠶᠢᠭᠡᠮ ᠳᠦ ᠬᠦᠨᠡᠶᠢᠰᠢᠯ ᠤᠰᠠᠳᠴᠤ ᠬᠦᠮᠦᠨ ᠥᠪᠡᠷᠲᠡᠭᠡᠨ ᠡᠷᠭᠢᠵᠦ ᠢᠷᠡᠬᠦ ᠠᠵᠡᠢ᠃

ᠪᠢᠴᠢᠭᠡᠰᠦ