ᠠᠴᠲ᠋ᠧᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠴᠲ᠋ᠧᠺ ᠤᠨ ᠡᠵᠡᠨᠲᠦ ᠭᠦᠷᠦᠨ
ᠠᠴᠲ᠋ᠧᠺ ᠤᠳ ᠲᠠᠬᠢᠯ ᠡᠷᠭᠦᠵᠦ ᠪᠤᠢ ᠨᠢ

ᠠᠴᠲ᠋ᠧᠺ (ᠠᠩᠭᠯᠢ ᠪᠠᠷ Aztec) ᠨᠢ ᠲᠥᠪ ᠮᠸᠺᠰᠢᠺᠣᠡᠶᠢᠨ ᠤᠭᠰᠠᠭᠠᠲᠠᠨ ᠤ ᠪᠦᠲᠦᠴᠡ ᠳᠦ ᠵᠣᠩᠬᠢᠯᠠᠬᠤ ᠪᠠᠶᠢᠷᠢ ᠰᠠᠭᠤᠷᠢ ᠡᠵᠡᠯᠡᠬᠦ᠂ ᠨᠬᠤ᠎ᠠ ᠳᠤᠯ ᠬᠡᠯᠡᠲᠡᠨ ᠦᠨᠳᠦᠰᠦᠲᠡᠨ ᠪᠥᠭᠡᠳ XIV-Xᠵᠢᠷᠭᠤᠳᠤᠭᠠᠷ ᠵᠠᠭᠤᠨ ᠤ ᠬᠣᠭᠣᠷᠣᠨᠳᠣ ᠪᠤᠶᠤ ᠮᠧᠽᠣᠮᠧᠷᠢᠺᠡᠶᠢᠨ ᠣᠨ ᠲᠣᠭᠠᠯᠠᠯ ᠤᠨ ᠬᠣᠵᠢᠭᠤ ᠰᠣᠩᠭᠣᠳᠠᠭ ᠦᠶ᠎ᠡ ᠶᠢᠨ ᠲᠣᠮᠣ ᠲᠥᠯᠥᠭᠡᠯᠡᠭᠴᠢ ᠪᠣᠯᠵᠤ ᠪᠠᠶᠢᠭᠰᠠᠨ ᠲᠥᠪ ᠮᠸᠺᠰᠢᠺᠣ ᠢ ᠡᠵᠡᠷᠬᠡᠭᠴᠢ ᠤᠯᠤᠰ ᠶᠤᠮ᠃

ᠡᠬᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

МЭ 1100 ᠣᠨ ᠤ ᠣᠷᠴᠢᠮ ᠠᠴᠠ ᠮᠸᠺᠰᠢᠺᠣᠡᠶᠢᠨ ᠲᠥᠪ ᠬᠡᠰᠡᠭ ᠦᠨ ᠬᠦᠮᠦᠨ ᠠᠮᠠ ᠨᠢᠭᠲᠠᠴᠠ ᠰᠠᠭᠤᠷᠢᠰᠢᠭᠰᠠᠨ᠂ ᠬᠥᠳᠡᠭᠡ ᠠᠵᠤ ᠠᠬᠤᠢ ᠡᠷᠬᠢᠯᠡᠬᠦ ᠳᠦ ᠨᠡᠩ ᠲᠣᠬᠢᠷᠠᠮᠵᠢᠲᠠᠢ ᠪᠥᠰᠡ ᠨᠤᠲᠤᠭ ᠲᠤ ᠠᠭᠠᠵᠢᠮ ᠢᠶᠠᠷ ᠵᠠᠰᠠᠭ ᠵᠠᠬᠢᠷᠭᠠᠨ ᠤ ᠬᠤᠪᠢᠶᠠᠷᠢ ᠡᠭᠦᠰᠴᠢ᠂ ᠣᠪᠤᠭ ᠤᠨ ᠪᠠᠶᠢᠭᠤᠯᠤᠯ ᠠᠴᠠ ᠲᠥᠷᠥ ᠤᠯᠤᠰ ᠪᠣᠯᠬᠤ ᠦᠢᠯᠡ ᠶᠠᠪᠤᠴᠠ ᠬᠤᠷᠳᠤᠰᠴᠢ ᠡᠬᠢᠯᠡᠭᠰᠡᠨ ᠪᠠᠶᠢᠨ᠎ᠠ᠃ ᠲᠥᠪ ᠮᠸᠺᠰᠢᠺᠣ ᠲᠤ ᠣᠷᠣᠰᠢᠵᠤ ᠪᠠᠶᠢᠭᠰᠠᠨ ᠠᠶᠢᠮᠠᠭ ᠤᠳ ᠤᠨ ᠳᠤᠮᠳᠠ ᠠᠴᠠ ᠠᠴᠲ᠋ᠧᠺ ᠭᠡᠬᠦ ᠠᠶᠢᠮᠠᠭ ᠬᠦᠴᠦᠷᠬᠡᠭᠵᠢᠵᠦ ᠢᠷᠡᠭᠰᠡᠨ ᠪᠠᠶᠢᠨ᠎ᠠ᠃ ᠲᠡᠳᠡᠨ ᠢ ᠤᠮᠠᠷᠠᠳᠤ ᠮᠸᠺᠰᠢᠺᠣᠡᠶᠢᠨ ᠶᠡᠬᠡ ᠨᠠᠭᠤᠷ ᠦᠳ ᠤᠨ ᠰᠠᠪᠠ ᠭᠠᠵᠠᠷ ᠲᠤ ᠨᠤᠲᠤᠭᠯᠠᠵᠤ ᠪᠠᠶᠢᠭᠠᠳ ᠨᠦᠭᠦᠵᠦ ᠢᠷᠡᠭᠰᠡᠨ ᠤᠮᠠᠷᠠᠳᠤ ᠨᠤᠲᠤᠭ ᠤᠨ ᠬᠦᠮᠦᠰ ᠭᠡᠵᠦ ᠦᠵᠡᠳᠡᠭ᠃ ᠠᠴᠲ᠋ᠧᠺ ᠤᠳ ᠤᠨ ᠬᠤᠪᠢ ᠳᠤ ᠥᠨᠳᠥᠷ ᠵᠣᠬᠢᠶᠠᠨ ᠪᠠᠶᠢᠭᠤᠯᠤᠯᠲᠠ ᠪᠦᠬᠦᠢ ᠨᠡᠶᠢᠭᠡᠮ ᠳᠦ ᠪᠡᠨ ᠲᠦᠰᠢᠭᠯᠡᠭᠰᠡᠨ ᠴᠡᠷᠢᠭ ᠦᠨ ᠬᠦᠴᠦ᠂ ᠤᠷ᠎ᠠ ᠴᠢᠳᠠᠪᠤᠷᠢ ᠪᠠᠷ ᠬᠠᠪᠢ ᠦᠭᠡᠢ ᠢᠯᠡᠭᠦᠦ ᠪᠠᠶᠢᠭᠰᠠᠨ ᠨᠢ ᠲᠥᠪ ᠮᠸᠺᠰᠢᠺᠣ ᠤᠨ ᠪᠤᠰᠤᠳ ᠠᠭᠤᠭᠤᠯ ᠣᠮᠤᠭ ᠤᠳ ᠠᠴᠠ ᠳᠠᠪᠠᠭᠤ ᠪᠠᠶᠢᠳᠠᠯ ᠢ ᠪᠤᠢ ᠪᠣᠯᠭᠠᠵᠤ ᠪᠠᠶᠢᠪᠠ᠃ ᠡᠨᠡ ᠳᠠᠪᠠᠭᠤ ᠲᠠᠯ᠎ᠠ ᠨᠢ ᠠᠴᠲ᠋ᠧᠺ ᠤᠳ ᠢ ᠬᠥᠷᠰᠢ ᠠᠶᠢᠮᠠᠭ ᠤᠳ ᠢᠶᠠᠨ ᠡᠵᠡᠯᠡᠬᠦ ᠵᠠᠮ ᠢᠶᠠᠷ ᠠᠭᠠᠵᠢᠮ ᠬᠦᠷᠢᠶ᠎ᠡ ᠪᠡᠨ ᠲᠡᠯᠡᠬᠦ ᠪᠣᠯᠤᠮᠵᠢ ᠶᠢ ᠣᠯᠭᠤᠭᠰᠠᠨ ᠪᠥᠭᠡᠳ ᠠᠷᠪᠠᠨ ᠲᠠᠪᠤᠳᠤᠭᠠᠷ ᠵᠠᠭᠤᠨ ᠤ ᠲᠡᠭᠦᠰᠬᠡᠯ ᠭᠡᠬᠦ ᠳᠦ ᠲᠥᠪ ᠮᠸᠺᠰᠢᠺᠣ ᠢ ᠪᠦᠬᠦᠯᠢ ᠳᠦ ᠬᠢᠨᠠᠯᠲᠠᠨ ᠳᠤ ᠪᠠᠨ ᠠᠪᠤᠭᠰᠠᠨ ᠬᠦᠴᠦᠷᠬᠡᠭ ᠠᠷᠮᠢ ᠪᠦᠬᠦᠢ᠂ ᠬᠢᠯᠢ ᠵᠠᠯᠭᠠᠭ᠎ᠠ ᠠᠶᠢᠮᠠᠭ ᠤᠳ ᠠᠴᠠ ᠪᠠᠨ ᠠᠯᠪᠠ᠂ ᠭᠤᠪᠴᠢᠭᠤᠷ ᠲᠠᠲᠠᠳᠠᠭ ᠡᠵᠡᠨᠲᠦ ᠭᠦᠷᠦᠨ ᠪᠣᠯᠤᠭᠰᠠᠨ ᠪᠠᠶᠢᠴᠠᠢ᠃

ᠨᠡᠶᠢᠭᠡᠮ᠂ ᠡᠳ᠋ ᠍ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠴᠲ᠋ᠧᠺ ᠤᠳ ᠡᠮᠦᠨᠡᠬᠢ ᠦᠶ᠎ᠡ ᠶᠢᠨ ᠠᠭᠤᠭᠤᠯ ᠢᠨᠳᠢᠶᠠᠨ ᠣᠪᠤᠭ ᠠᠶᠢᠮᠠᠭ ᠤᠳ ᠤᠨ ᠤᠷᠠᠯᠢᠭ ᠰᠤᠶᠤᠯ ᠢ ᠤᠯᠠᠮᠵᠢᠯᠠᠨ᠂ ᠤᠯᠠᠮ ᠬᠥᠭᠵᠢᠭᠦᠯᠵᠡᠢ᠃ ᠲᠡᠳᠡ ᠬᠥᠳᠡᠭᠡ ᠠᠵᠤ ᠠᠬᠤᠢ ᠶᠢᠨ ᠰᠠᠯᠪᠤᠷᠢ ᠳᠤ ᠰᠢᠨ᠎ᠡ ᠳᠡᠪᠰᠢᠯᠲᠡᠲᠦ ᠲᠧᠭᠨᠣᠯᠣᠭᠢ ᠶᠢ ᠨᠡᠪᠲᠡᠷᠡᠭᠦᠯᠵᠦ ᠣᠯᠠᠨ ᠲᠣᠭᠠᠨ ᠤ ᠬᠦᠮᠦᠨ ᠵᠡᠷᠭᠡ ᠠᠵᠢᠯᠯᠠᠬᠤᠶᠢᠴᠠ ᠲᠠᠷᠢᠶᠠᠯᠠᠩ ᠤᠨ ᠲᠠᠯᠠᠪᠠᠢ ᠶᠢ ᠪᠤᠢ ᠪᠣᠯᠭᠠᠪᠠ᠃ ᠠᠴᠲ᠋ᠧᠺ ᠤᠳ ᠤᠨ ᠡᠳ᠋ ᠍ ᠍ ᠍ ᠦᠨ ᠵᠠᠰᠠᠭ ᠨᠢ ᠡᠷᠳᠡᠨᠢ ᠰᠢᠰᠢᠡᠶᠢᠨ ᠲᠠᠷᠢᠶᠠᠯᠠᠩ ᠳᠡᠭᠡᠷ᠎ᠡ ᠲᠣᠭᠲᠠᠵᠤ ᠪᠠᠶᠢᠪᠠ᠃ ᠮᠥᠨ ᠭᠣᠶᠣᠮᠰᠣᠭ ᠴᠢᠮᠡᠭᠯᠡᠯ ᠵᠢᠷᠤᠭ ᠪᠦᠬᠦᠢ ᠠᠪᠤᠷᠭᠤ ᠲᠣᠮᠣ ᠪᠠᠷᠢᠯᠭ᠎ᠠ᠂ ᠪᠠᠶᠢᠭᠤᠯᠤᠮᠵᠢ ᠨᠤᠭᠤᠳ ᠢ ᠪᠠᠷᠢᠭᠤᠯᠵᠤ᠂ ᠥᠪᠡᠷᠰᠡᠳ ᠦᠨ ᠰᠦᠷ ᠬᠦᠴᠦ ᠶᠢ ᠢᠯᠡᠷᠬᠡᠶᠢᠯᠡᠳᠡᠭ ᠪᠠᠶᠢᠯ᠎ᠠ᠃ ᠲᠡᠳᠡ ᠮᠧᠲ᠋ᠠᠯ ᠪᠣᠯᠪᠠᠰᠤᠷᠠᠭᠤᠯᠬᠤ ᠲᠠᠯ᠎ᠠ ᠪᠠᠷ ᠴᠢᠮ᠎ᠠ ᠦᠭᠡᠢ ᠥᠨᠳᠥᠷ ᠮᠡᠳᠡᠯᠭᠡ ᠲᠡᠢ ᠪᠠᠶᠢᠭᠰᠠᠨ ᠴᠤ ᠲᠡᠮᠦᠷ ᠪᠣᠯᠪᠠᠰᠤᠷᠠᠭᠤᠯᠬᠤ ᠲᠠᠯ᠎ᠠ ᠪᠠᠷ ᠶᠠᠮᠠᠷ ᠨᠢᠭᠡᠨ ᠣᠶᠢᠯᠠᠭᠠᠯᠲᠠ ᠦᠭᠡᠢ ᠪᠠᠶᠢᠭᠰᠠᠨ ᠶᠤᠮ᠃ ᠮᠥᠨ ᠪᠠᠶᠢᠭᠠᠯᠢ ᠶᠢᠨ ᠣᠨᠴᠠᠯᠢᠭ ᠠᠴᠠ ᠪᠠᠨ ᠰᠢᠯᠲᠠᠭᠠᠯᠠᠨ ᠤᠨᠤᠯᠭ᠎ᠠ᠂ ᠠᠴᠢᠯᠭᠠᠨ ᠳᠤ ᠠᠰᠢᠭᠯᠠᠬᠤ ᠭᠡᠷ ᠦᠨ ᠲᠡᠵᠢᠭᠡᠮᠡᠯ ᠠᠮᠢᠲᠠᠳ ᠦᠭᠡᠢ ᠪᠠᠶᠢᠭᠰᠠᠨ᠃ ᠲᠡᠶᠢᠮᠦ ᠤᠴᠢᠷ ᠠᠴᠠ ᠲᠡᠳᠡᠨ ᠳᠦ ᠲᠡᠷᠭᠡ ᠬᠢᠬᠦ᠂ ᠠᠰᠢᠭᠯᠠᠬᠤ ᠱᠠᠭᠠᠷᠳᠠᠯᠭ᠎ᠠ ᠭᠠᠷᠤᠭ᠎ᠠ ᠦᠭᠡᠢ ᠶᠤᠮ᠃


ᠰᠢᠲᠦᠯᠭᠡ᠂ ᠡᠷᠭᠦᠯ᠂ ᠲᠠᠬᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠴᠲ᠋ᠧᠺ ᠤᠳ ᠤᠨ ᠨᠢᠭᠡ ᠣᠨᠴᠠᠯᠢᠭ ᠨᠢ ᠪᠤᠷᠬᠠᠨ ᠳᠤ ᠬᠦᠩ ᠢᠶᠡᠷ ᠲᠠᠬᠢᠯ ᠡᠷᠭᠦᠬᠦ ᠨᠢ ᠲᠦᠭᠡᠮᠡᠯ ᠪᠠᠶᠢᠭᠰᠠᠨ ᠶᠠᠪᠤᠳᠠᠯ ᠶᠤᠮ᠃ ᠳᠣᠮᠣᠭ ᠲᠤ ᠨᠠᠷ ᠢ ᠥᠷᠯᠥᠭᠡ ᠪᠦᠷᠢ ᠮᠠᠨᠳᠤᠭᠤᠯᠬᠤ ᠶᠢᠨ ᠲᠤᠯᠠᠳᠠ ᠲᠡᠭᠦᠨ ᠢ ᠬᠦᠮᠦᠨ ᠦ ᠴᠢᠰᠤ ᠪᠠᠷ ᠬᠣᠭᠣᠯᠠᠯᠠᠬᠤ ᠬᠡᠷᠡᠭᠲᠡᠢ ᠬᠡᠮᠡᠨ ᠪᠤᠷᠬᠠᠨ ᠲᠤᠰᠢᠶᠠᠭᠰᠠᠨ ᠲᠤᠯᠠ ᠲᠠᠬᠢᠯ ᠡᠷᠭᠦᠬᠦ ᠬᠡᠷᠡᠭᠲᠡᠢ ᠭᠡᠵᠦ ᠦᠵᠡᠳᠡᠭ ᠪᠠᠶᠢᠭᠰᠠᠨ᠃ ᠬᠦᠩ ᠢᠶᠡᠷ ᠲᠠᠬᠢᠯ ᠡᠷᠭᠦᠬᠦ ᠦᠢᠯᠡ ᠠᠵᠢᠯᠯᠠᠭ᠎ᠠ ᠨᠢ ᠥᠷᠭᠡᠨ ᠬᠦᠷᠢᠶ᠎ᠡ ᠶᠢ ᠬᠠᠮᠤᠷᠳᠠᠭ ᠪᠠᠶᠢᠭᠰᠠᠨ ᠪᠠ ᠨᠢᠭᠡ ᠡᠳᠦᠷ ᠲᠦ 1000 ᠬᠦᠩ ᠢᠶᠡᠷ ᠲᠠᠬᠢᠯ ᠡᠷᠭᠦᠬᠦ ᠨᠢ ᠣᠨᠴᠠᠭᠠᠢ ᠵᠦᠢᠯ ᠪᠢᠰᠢ ᠪᠠᠶᠢᠴᠠᠢ᠃ ᠵᠣᠯᠢᠶᠠᠰᠤᠨ ᠤ ᠬᠦᠮᠦᠰ ᠢᠶᠡᠨ ᠠᠮᠢᠳᠤ ᠪᠠᠷ ᠨᠢ ᠵᠢᠷᠦᠬᠡ ᠶᠢ ᠰᠤᠭᠤᠯᠠᠬᠤ ᠪᠤᠶᠤ ᠲᠣᠯᠣᠭᠠᠢ ᠶᠢ ᠨᠢ ᠠᠪᠴᠤ᠂ ᠥᠪᠴᠢᠳᠡᠭ ᠪᠠᠶᠢᠪᠠ᠃ ᠥᠨᠳᠥᠷ ᠪᠠᠷᠢᠭᠰᠠᠨ ᠫᠢᠷᠠᠮᠢᠳ ᠤᠳ ᠤᠨ ᠣᠷᠣᠢ ᠳᠡᠭᠡᠷ᠎ᠡ ᠡᠴᠡ ᠵᠣᠯᠢᠶᠠᠰᠤᠨ ᠤ ᠬᠦᠮᠦᠰ ᠢᠶᠡᠨ ᠶᠡᠭᠦᠳᠬᠡᠨ ᠲᠣᠯᠣᠭᠠᠢ ᠶᠢ ᠨᠢ ᠠᠪᠴᠤ ᠳᠣᠭᠣᠭᠰᠢ ᠨᠢ ᠰᠢᠳᠡᠳᠡᠭ ᠪᠠ ᠱᠠᠲᠤ ᠳᠠᠭᠠᠨ ᠤᠷᠤᠰᠬᠤ ᠴᠢᠰᠤ ᠪᠠᠷ ᠨᠠᠷ ᠬᠣᠭᠣᠯᠠᠯᠠᠳᠠᠭ ᠪᠠ ᠢᠩᠭᠢᠵᠦ ᠲᠠᠬᠢᠯ ᠡᠷᠭᠦᠭᠰᠡᠨ ᠢᠶᠡᠷ ᠨᠠᠷᠠ ᠲᠡᠳᠡᠨ ᠳᠦ ᠰᠠᠶᠢᠨ ᠤᠷᠭᠤᠴᠠ ᠤᠷᠭᠤᠭᠤᠯᠬᠤ ᠨᠥᠬᠥᠴᠡᠯ ᠢ ᠪᠦᠷᠢᠳᠦᠭᠦᠯᠵᠦ ᠥᠭᠭᠦᠨ᠎ᠡ ᠭᠡᠳᠡᠭ ᠲᠦ ᠦᠨᠡᠨ ᠭᠣᠣᠯ ᠠᠴᠠ ᠪᠠᠨ ᠢᠲᠡᠭᠡᠳᠡᠭ ᠪᠠᠶᠢᠪᠠ᠃ ᠪᠠᠶᠢᠩᠭᠤ ᠶᠢᠨ ᠴᠢᠰᠤᠨ ᠲᠠᠬᠢᠯ ᠳᠤ ᠳᠤᠷᠠᠭᠦᠶᠢᠴᠡᠭᠰᠡᠨ ᠬᠠᠷᠠᠭᠠᠲᠤ ᠳᠠᠭᠠᠭᠤᠯᠢ ᠠᠶᠢᠮᠠᠭ ᠤᠳ ᠪᠣᠰᠤᠯᠭ᠎ᠠ ᠭᠠᠷᠭᠠᠬᠤ ᠨᠢ ᠡᠯᠪᠡᠭ ᠪᠠᠶᠢᠭᠰᠠᠨ ᠴᠤ ᠠᠴᠲ᠋ᠧᠺ ᠤᠳ ᠪᠣᠰᠤᠯᠭ᠎ᠠ ᠶᠢ ᠳᠠᠷᠤᠨ ᠣᠯᠵᠠᠯᠤᠭᠴᠢᠳ ᠢᠶᠠᠷ ᠢᠯᠡᠭᠦᠦ ᠶᠡᠬᠡ ᠬᠡᠮᠵᠢᠶᠡᠨ ᠦ ᠲᠠᠬᠢᠯᠭ᠎ᠠ ᠡᠷᠭᠦᠳᠡᠭ ᠪᠠᠶᠢᠪᠠ᠃ ᠡᠩᠬᠡ ᠴᠠᠭ ᠤᠨ ᠦᠶ᠎ᠡ ᠳᠦ 《ᠴᠡᠴᠡᠭ ᠦᠨ ᠳᠠᠶᠢᠨ》 ᠬᠡᠮᠡᠬᠦ ᠣᠯᠵᠠᠯᠠᠭᠳᠠᠭᠰᠠᠨ ᠬᠦᠮᠦᠰ ᠦᠨ ᠳᠤᠮᠳᠠᠬᠢ ᠢᠷᠡᠭᠦᠯ ᠲᠤᠯᠤᠭᠠᠨ ᠢ ᠬᠢᠳᠡᠭ ᠪᠠᠶᠢᠭᠰᠠᠨ ᠪᠥᠭᠡᠳ ᠢᠯᠠᠭᠳᠠᠭᠰᠠᠳ ᠢᠶᠠᠷ ᠨᠢ ᠲᠠᠬᠢᠯ ᠡᠷᠭᠦᠳᠡᠭ ᠪᠠᠶᠢᠪᠠ᠃


ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠴᠲ᠋ᠧᠺ ᠤᠳ ᠰᠠᠶᠢᠨ ᠬᠥᠭᠵᠢᠭᠰᠡᠨ ᠬᠥᠳᠡᠭᠡ ᠠᠵᠤ ᠠᠬᠤᠢ᠂ ᠤᠷᠠᠯᠢᠭ ᠰᠤᠶᠤᠯ ᠲᠠᠢ ᠪᠠᠶᠢᠭᠰᠠᠨ ᠪᠣᠯᠪᠠᠴᠤ ᠨᠡᠶᠢᠲᠡ ᠶᠢᠨ ᠳᠤᠮᠳᠠ ᠬᠠᠭᠤᠴᠢᠨ ᠨᠡᠶᠢᠭᠡᠮ ᠢᠶᠡᠨ ᠰᠠᠨᠠᠭᠠᠯᠵᠠᠬᠤ ᠶᠠᠪᠤᠳᠠᠯ ᠶᠡᠬᠡᠰᠴᠦ ᠢᠷᠡᠵᠡᠢ᠃ ᠤᠯᠠᠮ ᠢᠶᠠᠷ ᠬᠦᠮᠦᠰ ᠲᠧᠭᠨᠣᠯᠣᠭᠢ ᠶᠢ ᠦᠯᠦ ᠴᠢᠬᠤᠯᠠᠴᠢᠯᠠᠨ᠂ ᠱᠠᠰᠢᠨ᠂ ᠤᠯᠤᠰ ᠲᠥᠷᠥ ᠡᠴᠡ ᠬᠣᠯᠠ ᠪᠠᠶᠢᠬᠤ ᠶᠢ ᠬᠢᠴᠢᠶᠡᠬᠦ ᠪᠣᠯᠵᠠᠢ᠃ ᠶᠠᠭ ᠡᠨᠡ ᠦᠶ᠎ᠡ ᠳᠦ ᠪᠤᠶᠤ Xᠵᠢᠷᠭᠤᠳᠤᠭᠠᠷ ᠵᠠᠭᠤᠨ ᠤ ᠡᠬᠢ ᠪᠡᠷ ᠢᠰᠫᠠᠨᠢᠴᠤᠳ ᠮᠸᠺᠰᠢᠺᠣ ᠤᠨ ᠡᠷᠭᠢ ᠳᠦ ᠪᠠᠭᠤᠴᠠᠢ᠃ ᠬᠡᠳᠦᠬᠡᠨ ᠲᠣᠭᠠᠨ ᠤ ᠮᠣᠷᠢ ᠪᠦᠬᠦᠢ᠂ ᠪᠣᠯᠬᠢ᠂ ᠤᠳᠠᠭᠠᠨ ᠬᠦᠴᠦ ᠪᠠᠭ᠎ᠠ ᠲᠠᠢ ᠴᠥᠭᠡᠨ ᠲᠣᠭᠠᠨ ᠤ ᠭᠠᠯᠲᠤ ᠵᠡᠪᠰᠡᠭ ᠪᠦᠬᠦᠢ ᠴᠡᠷᠢᠭ ᠦᠨ ᠵᠢᠵᠢᠭ ᠠᠩᠭᠢ ᠯᠠ ᠠᠴᠲ᠋ᠧᠺ ᠢ ᠪᠦᠷᠢᠨ ᠰᠦᠢᠷᠡᠭᠦᠯᠵᠦ ᠳᠥᠩᠭᠡᠭᠰᠡᠨ ᠶᠤᠮ᠃ ᠡᠭᠦᠪᠡᠷ ᠴᠤ ᠦᠯᠦ ᠪᠠᠷᠠᠮ ᠪᠦᠬᠦᠯᠢ Mᠶᠡᠵᠣᠮᠧᠷᠢᠺ ᠮᠥᠬᠥᠵᠦ ᠪᠠᠶᠢᠭᠰᠠᠨ ᠶᠤᠮ᠃ ᠠᠴᠲ᠋ᠧᠺ ᠤᠳ ᠤᠨ ᠲᠦᠷᠢᠮᠡᠭᠡᠶᠢᠯᠡᠯ᠂ ᠬᠠᠷᠭᠢᠰᠯᠠᠯ ᠳᠤ ᠲᠤᠶᠢᠯ ᠳᠤ ᠪᠠᠨ ᠬᠦᠷᠲᠡᠯ᠎ᠡ ᠳᠤᠷᠠᠭᠦᠶᠢᠴᠡᠭᠰᠡᠨ ᠬᠥᠷᠰᠢ ᠠᠶᠢᠮᠠᠭ ᠤᠳ ᠨᠢ ᠢᠰᠫᠠᠨᠢᠴᠤᠳ ᠲᠤ ᠵᠦᠢᠯ ᠪᠦᠷᠢ ᠪᠡᠷ ᠲᠤᠰᠠᠯᠠᠵᠤ ᠪᠠᠶᠢᠭᠰᠠᠨ ᠪᠥᠭᠡᠳ ᠳᠤᠷᠠᠲᠠᠶ᠎ᠠ ᠬᠣᠯᠪᠣᠭᠠᠲᠠᠨ ᠨᠢ ᠪᠣᠯᠵᠤ ᠪᠠᠶᠢᠴᠠᠢ᠃

http://wiki.uhaan.com/index.php?title=ᠠᠴᠲ᠋ᠧᠺ&oldid=328742》 ᠍  ᠡᠴᠡ ᠠᠪᠤᠭᠰᠠᠨ

ᠪᠢᠴᠢᠭᠡᠰᠦ