ᠠᠳᠠᠨᠠᠨ ᠶᠠᠩᠭᠤᠵᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠳᠠᠨᠠᠨ ᠶᠠᠩᠭᠤᠵᠠᠢ
Adnan Januzaj 24-11-13.jpg
ᠶᠠᠩᠭᠤᠵᠠᠢ ᠮᠠᠴᠧᠰᠲ᠋ᠧᠷ ᠶᠤᠨ ᠠᠲ᠋ᠧᠳᠡᠳ᠋, 2013 ᠣᠨ᠃
ᠬᠤᠪᠢ ᠶᠢᠨ ᠮᠡᠳᠡᠭᠡᠯᠡᠯ
ᠪᠦᠲᠦᠨ ᠨᠡᠷ᠎ᠡᠠᠳᠠᠨᠠᠨ ᠶᠠᠩᠭᠤᠵᠠᠢ[1]
ᠲᠦᠷᠦᠭᠰᠡᠨ ᠣᠩᠨᠠᠭ᠎ᠠ1995 ᠣᠨ ᠤ 2 ᠰᠠᠷ᠎ᠠ ᠶᠢᠨ 5 (1995-02-05) (24 ᠨᠠᠰᠣᠳᠠᠢ)
ᠲᠦᠷᠦᠭᠰᠡᠨ ᠭᠠᠵᠠᠷᠪᠧᠯᠬᠢᠪᠷᠣᠰᠸᠸᠯ
ᠥᠨᠳᠥᠷ1.80 ᠮᠧᠲ᠋ᠷ[2]
ᠪᠠᠶᠢᠷᠢᠯᠠᠯᠳᠣᠪᠲᠣᠯᠭᠠᠨ ᠤ ᠬᠠᠭᠠᠰ ᠬᠠᠮᠠᠭᠠᠯᠠᠭᠴᠢ (ᠵᠢᠭᠦᠷ)
ᠪᠠᠭ ᠤᠨ ᠮᠡᠳᠡᠭᠡᠯᠡᠯ
ᠣᠳᠣ ᠶᠢᠨ ᠪᠠᠭᠮᠠᠴᠧᠰᠲ᠋ᠧᠷ ᠶᠤᠨ ᠠᠲ᠋ᠧᠳ
ᠳ᠋ᠤᠭᠠᠷ44
ᠥᠰᠪᠦᠷᠢ ᠶᠢᠨ ᠪᠠᠭ
2001–2005ᠪᠶᠦ᠋ᠰᠰᠧᠯ
2005–2011ᠠᠨᠳᠧᠷᠯᠧᠬᠡ ᠳᠦ
2011–2013ᠮᠠᠴᠧᠰᠲ᠋ᠧᠷ ᠶᠤᠨ ᠠᠲ᠋ᠧᠳ
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
2013–ᠮᠠᠴᠧᠰᠲ᠋ᠧᠷ ᠶᠤᠨ ᠠᠲ᠋ᠧᠳ27(4)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃ ᠰᠡᠭᠦᠯ ᠳᠦ ᠰᠢᠨᠡᠴᠢᠯᠡᠭᠰᠡᠨ: 2014 ᠣᠨ ᠤ 5 ᠰᠠᠷ᠎ᠠ ᠶᠢᠨ 11.
† ᠭᠠᠷ ᠢᠶᠠᠨ (ᠭᠣᠣᠯ).

ᠠᠳᠠᠨᠠᠨ ᠶᠠᠩᠭᠤᠵᠠᠢ (ᠠᠯᠪᠠᠨᠢ ᠪᠡᠷ Adnan Januzaj, 1995 ᠣᠨ ᠤ ᠬᠣᠶᠠᠳᠤᠭᠠᠷ ᠰᠠᠷ᠎ᠠ ᠶᠢᠨ 5 ᠍ ᠳᠦ ᠪᠷᠣᠰᠸᠸᠯ ᠬᠣᠲᠠᠣᠳᠣ ᠲᠦᠷᠦᠭᠰᠡᠨ) — ᠺᠣᠰᠪᠣ-ᠠᠯᠪᠠᠨᠢ ᠭᠠᠷᠤᠯ ᠲᠠᠢ ᠪᠧᠯᠬᠢ ᠍ ᠶᠢᠨ ᠬᠥᠯ ᠪᠥᠮᠪᠥᠭᠡᠴᠢᠨ ᠪᠥᠭᠡᠳ ᠮᠠᠴᠧᠰᠲ᠋ᠧᠷ ᠶᠤᠨ ᠠᠲ᠋ᠧᠳ ᠪᠠᠭ ᠤᠨ ᠬᠠᠭᠠᠰ ᠬᠠᠮᠠᠭᠠᠯᠠᠭᠴᠢ ᠶᠤᠮ᠃

ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠳᠠᠨᠠᠨ ᠶᠠᠩᠭᠤᠵᠠᠢ ᠲᠦᠷᠦᠭᠰᠡᠨ ᠪᠷᠣᠰᠸᠸᠯ ᠬᠣᠲᠠ ᠶᠢᠨ ᠢᠶᠠᠨ ᠪᠠᠭ ᠲᠤ 6 ᠨᠠᠰᠤᠲᠠᠢ ᠳᠤ ᠪᠠᠨ ᠡᠯᠰᠡᠵᠦ ᠬᠥᠯ ᠪᠥᠮᠪᠥᠭᠡ ᠲᠤ ᠰᠤᠷᠤᠯᠴᠠᠵᠠᠢ᠃ 2005 ᠣᠨ ᠳᠤ ᠠᠨᠳᠧᠷᠯᠧᠬᠡᠲᠦ ᠳᠦ ᠤᠷᠢᠭᠳᠠᠪᠠ᠃ ᠲᠤᠩ ᠢᠷᠡᠭᠡᠳᠦᠶᠢ ᠲᠡᠢ ᠪᠡᠨ ᠪᠠᠲᠤᠯᠠᠭᠰᠠᠨ ᠶᠠᠩᠤᠵᠠᠢ ᠶᠢ ᠪᠤᠰᠤᠳ ᠠᠴᠠ ᠤᠷᠢᠲᠤᠵᠤ ᠮᠠᠴᠧᠰᠲ᠋ᠧᠷ ᠶᠤᠨ ᠠᠲ᠋ᠧᠳ 300 ᠮᠢᠩᠭᠠᠨ ᠹᠦᠨᠲ ᠢᠶᠡᠷ ᠡᠯᠰᠡᠭᠦᠯᠵᠡᠢ᠃[3] ᠳᠠᠰᠬᠠᠯᠵᠢᠭᠤᠯᠤᠭᠴᠢ ᠠᠰᠠᠨ ᠠᠯᠧᠺᠰ ᠹᠧᠷᠶᠠᠭᠰᠠᠨ ᠢᠲᠡᠭᠡᠯ ᠬᠦᠯᠢᠶᠡᠯᠭᠡᠳᠡᠭ ᠢᠶᠡᠨ ᠨᠢᠭᠤᠭ᠎ᠠ ᠦᠭᠡᠢ ᠪᠢᠯᠡ᠃

2012-2013 ᠣᠨ ᠳᠤ ᠮᠠᠴᠧᠰᠲ᠋ᠧᠷ ᠶᠤᠨ ᠠᠲ᠋ᠧᠳ ᠤᠨ ᠨᠥᠭᠡᠴᠡ ᠡᠴᠡ ᠳᠧᠨ᠋ᠽᠢᠯ ᠬᠠᠷᠤᠨ ᠤ ᠨᠡᠷᠡᠮᠵᠢᠲᠦ ᠱᠠᠩᠨᠠᠯ ᠢ ᠬᠦᠷᠢᠲᠦᠪᠡ᠃[4] ᠮᠠᠴᠧᠰᠲ᠋ᠧᠷ ᠶᠤᠨ ᠠᠲ᠋ᠧᠳ ᠤᠨ ᠪᠦᠷᠢᠯᠳᠦᠬᠦᠨ ᠳᠦ ᠠᠳᠠᠨᠠᠨ ᠠᠩᠬ᠎ᠠ ᠤᠳᠤᠭ᠎ᠠ ᠪᠠᠨ 2013 ᠣᠨ ᠤ ᠲᠠᠪᠤᠳᠤᠭᠠᠷ ᠰᠠᠷ᠎ᠠ ᠶᠢᠨ 19 ᠍ ᠳᠤ ᠫᠷᠧᠮᠢᠶᠧᠷ ᠯᠢᠭ ᠦᠨ 38 ᠳ᠋ᠠᠬᠢ ᠲᠣᠭᠣᠷᠢᠭ ᠲᠤ ᠸᠧᠰᠲ ᠪᠷᠣᠮᠸᠢᠴᠢ ᠲᠠᠢ ᠲᠤᠯᠬᠤ ᠳᠤ ᠪᠠᠭᠠᠳᠪᠠ᠃[5] ᠳᠣᠯᠣᠭ᠎ᠠ ᠳᠤᠭᠠᠷ ᠰᠠᠷ᠎ᠠ ᠶᠢᠨ 13 ᠍ ᠳᠤ ᠠᠩᠬᠠᠨ ᠤ ᠲᠣᠭᠯᠠᠯᠲᠠ ᠪᠠᠨ[6], ᠳᠣᠯᠣᠭ᠎ᠠ ᠳᠤᠭᠠᠷ ᠰᠠᠷ᠎ᠠ ᠶᠢᠨ 29 ᠍ ᠳᠤ ᠠᠩᠬᠠᠨ ᠤ ᠪᠥᠮᠪᠥᠭᠡ ᠪᠡᠨ ᠣᠷᠣᠭᠤᠯᠤᠭᠰᠠᠨ᠃[7] ᠤᠯᠠᠮ ᠢᠶᠠᠷ ᠨᠠᠶᠢᠮᠠᠳᠤᠭᠠᠷ ᠰᠠᠷ᠎ᠠ ᠶᠢᠨ 11 ᠍ ᠳᠤ ᠠᠩᠭᠯᠢ ᠶᠢᠨ ᠰᠤᠫᠧᠷ ᠴᠣᠮᠣ ᠳᠤ[8], ᠨᠠᠶᠢᠮᠠᠳᠤᠭᠠᠷ ᠰᠠᠷ᠎ᠠ ᠶᠢᠨ 14 ᠍ ᠳᠦ ᠫᠷᠧᠮᠢᠶᠧᠷ ᠯᠢᠭ ᠲᠦ ᠲᠤᠰ ᠲᠤᠰ ᠡᠬᠢᠨ ᠦ ᠭᠠᠷᠤᠭ᠎ᠠ ᠪᠠᠨ ᠬᠡᠶᠢᠵᠢᠭᠡ᠃[9] ᠭᠠᠷᠠᠭᠠᠨ ᠤ ᠪᠦᠷᠢᠯᠳᠦᠬᠦᠨ ᠳᠦ ᠠᠷᠪᠠᠳᠤᠭᠠᠷ ᠰᠠᠷ᠎ᠠ ᠶᠢᠨ 5 ᠍ ᠳᠦ ᠫᠷᠧᠮᠢᠶᠧᠷ ᠯᠢᠭ ᠲᠦ ᠰᠠᠨᠳᠧᠷᠯᠧᠨᠳ᠋ ᠍ ᠲᠠᠢ ᠲᠣᠭᠯᠠᠬᠤ ᠳᠤ ᠠᠩᠬ᠎ᠠ ᠪᠠᠭᠠᠳᠴᠤ᠂ ᠬᠣᠵᠢᠯ ᠤᠨᠨ ᠬᠣᠶᠠᠷ ᠪᠥᠮᠪᠥᠭᠡ ᠶᠢᠨ ᠳᠠᠮᠵᠢᠭᠤᠯᠤᠯᠲᠠ ᠶᠢ ᠬᠠᠩᠭᠠᠵᠠᠢ᠃[10]

2013 ᠣᠨ ᠤ ᠠᠷᠪᠠᠳᠤᠭᠠᠷ ᠰᠠᠷ᠎ᠠ ᠶᠢᠨ 19 ᠍ ᠳᠦ ᠠᠳᠠᠨᠠᠨ ᠶᠠᠩᠤᠵᠠᠢ ᠲᠠᠢ ᠮᠠᠴᠧᠰᠲ᠋ᠧᠷ ᠶᠤᠨ ᠠᠲ᠋ᠧᠳ ᠲᠠᠪᠤᠨ ᠵᠢᠯ ᠦᠨ ᠭᠡᠷ᠎ᠡ ᠪᠠᠶᠢᠭᠤᠯᠤᠭᠰᠠᠨ᠃[11]

ᠰᠢᠭᠰᠢᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠳᠠᠨᠠᠨ ᠶᠠᠩᠤᠵᠠᠢ ᠳᠤ ᠪᠧᠯᠬᠢᠠᠩᠭᠯᠢᠠᠯᠪᠠᠨᠢᠲᠦᠷᠺ ᠪᠣᠯᠤᠨ ᠺᠣᠰᠪᠣᠭᠡᠶᠢᠨ ᠬᠣᠯᠪᠣᠭᠠᠳ ᠠᠴᠠ ᠰᠠᠨᠠᠯ ᠲᠠᠯᠪᠢᠵᠠᠢ᠃ ᠬᠠᠷᠢᠨ ᠶᠠᠩᠭᠤᠵᠠᠢ 2014 ᠣᠨ ᠤ ᠳᠥᠷᠪᠡᠳᠦᠭᠡᠷ ᠰᠠᠷ᠎ᠠ ᠳᠤ ᠪᠧᠯ ᠶᠢᠨ ᠰᠢᠭᠰᠢᠭᠡ ᠳᠦ ᠲᠣᠭᠯᠠᠬᠤ ᠪᠠᠷ ᠰᠢᠢᠳᠴᠦ᠂[12] ᠲᠠᠪᠤᠳᠤᠭᠠᠷ ᠰᠠᠷ᠎ᠠ ᠶᠢᠨ 13 ᠍ ᠳᠤ ᠳᠠᠰᠬᠠᠯᠵᠢᠭᠤᠯᠤᠭᠴᠢ ᠮᠠᠷᠺ ᠸᠢᠯᠢᠮᠠᠲᠠᠰ 2014 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠲᠤ ᠠᠪᠴᠤ ᠶᠠᠪᠤᠬᠤ ᠪᠠᠨ ᠵᠠᠷᠯᠠᠭᠰᠠᠨ ᠶᠤᠮ᠃[13]

ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠴᠧᠰᠲ᠋ᠧᠷ ᠶᠤᠨ ᠠᠲ᠋ᠧᠳ
ᠬᠤᠪᠢ ᠶᠢᠨ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Barclays Premier League Squad Numbers 2013/14", premierleague.com, Premier League, 16 August 2013. 17 August 2013 ᠍ ᠳᠦ ᠠᠪᠤᠭᠰᠠᠨ᠃ 
  2. Adnan Januzaj. ESPN FC. ESPN Internet Ventures. 12 January 2014 ᠍ ᠳᠦ ᠬᠠᠨᠳᠤᠭᠰᠠᠨ᠃
  3. Sky Sports Scout - Adnan Januzaj. Sky Sports (2013-10-16).
  4. Marshall, Adam (2013-05-15). Januzaj voted U21s' star man. ManUtd.com.
  5. West Brom 5-5 Man Utd. BBC Sport (2013-05-19).
  6. Singha All Stars 1 Utd 0. ManUtd.com (2013-07-13).
  7. Kitchee 2 United 5. ManUtd.com (2013-07-29).
  8. Man Utd 2-0 Wigan. BBC Sport (2013-08-11).
  9. Man Utd 2-0 Crystal Palace. BBC Sport (2013-09-14).
  10. Sunderland 1-2 Man Utd. BBC Sport (2013-10-05).
  11. Januzaj signs new United deal. ManUtd.com (2013-10-19).
  12. Hibbs, Ben (2014-04-23). Januzaj ready for Belgium. ManUtd.com.
  13. Adnan Januzaj included in Belgium's World Cup squad. BBC Sport (2014-05-13).
  14. Blue Stars/FIFA Youth Cup Fact Sheet. FIFA.com.
  15. Adnan Januzaj: Manchester United midfielder named as the best teenager in European football by Italian newspaper Gazetta Dello Sport. The Independent (2014-04-01).
  16. Gazzetta Dello Sport: ᠶᠠᠩᠭᠤᠵᠠᠢ — ᠯᠤᠴᠰᠢ ᠮᠣᠯᠣᠳᠣᠢ ᠢᠭᠷᠣᠺ ᠧᠦᠢᠷᠣᠫ ᠤ. ᠰᠣᠸᠧᠲ᠋ᠰᠺ ᠦ ᠰᠫᠣᠷᠲ (2014-04-01).

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠠᠳᠠᠨᠠᠨ ᠶᠠᠩᠭᠤᠵᠠᠢ»


ᠪᠢᠴᠢᠭᠡᠰᠦ