ᠠᠳ᠋ᠢᠶ᠎ᠠ ᠶᠢᠨ ᠰᠡᠩᠭᠡᠴᠣᠬᠢᠶ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠳ᠋ᠢᠶ᠎ᠠ ᠶᠢᠨ ᠰᠡᠩᠭᠡᠴᠣᠬᠢᠶ᠎ᠠ
ᠲᠥᠷᠦᠭᠰᠡᠨ ᠤᠨ 1917 ᠣᠨ
ᠲᠥᠷᠦᠭᠰᠡᠨ ᠭᠠᠵᠠᠷ ᠮᠣᠩᠭᠣᠯ ᠤᠯᠤᠰ ᠍ ᠤᠨ ᠥᠪᠦᠷᠬᠠᠩᠭᠠᠢ ᠠᠶᠢᠮᠠᠭ ᠤᠨ ᠨᠠᠷᠢᠨᠲᠡᠯ ᠰᠤᠮᠤ
 ᠨᠠᠰᠤ ᠪᠠᠷᠠᠭᠰᠠᠨ 1986 ᠣᠨ ᠤ 7 ᠰᠠᠷ᠎ᠠ ᠶᠢᠨ 23
(69 ᠨᠠᠰᠤᠯᠠᠭᠰᠠᠨ)
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠵᠢᠷᠤᠭᠠᠴᠢ

ᠠᠳ᠋ᠢᠶ᠎ᠠ ᠶᠢᠨ ᠰᠡᠩᠭᠡᠴᠣᠬᠢᠶ᠎ᠠ ᠮᠣᠩᠭᠣᠯ ᠤᠯᠤᠰ ᠤᠨ ᠠᠷᠠᠳ ᠤᠨ ᠵᠢᠷᠤᠭᠠᠴᠢᠤᠷᠠᠯᠢᠭ ᠤᠨ ᠭᠠᠪᠢᠶᠠᠲᠤ ᠵᠢᠳᠬᠦᠯᠲᠡᠨ ᠵᠢᠷᠤᠭᠠᠴᠢ ᠶᠤᠮ᠃

ᠥᠪᠦᠷᠬᠠᠩᠭᠠᠢ ᠠᠶᠢᠮᠠᠭ ᠤᠨ ᠤᠶᠠᠩᠭ᠎ᠠ ᠰᠤᠮᠤ ᠶᠢᠨ ᠭᠠᠷ ᠦᠢᠯᠡᠳᠪᠦᠷᠢ ᠶᠢᠨ ᠠᠷᠲ᠋ᠧᠯᠢ ᠳᠤ 1936-1940 ᠣᠨ ᠳᠤ ᠮᠤᠵᠢᠶᠠᠩ᠂ ᠭᠤᠲᠤᠯᠴᠢᠨ᠂ ᠴᠢᠳᠬᠤᠮᠠᠯᠴᠢᠨ᠂ ᠮᠠᠰᠲ᠋ᠸᠷ᠂ ᠬᠢᠯᠢ ᠶᠢᠨ ᠪᠠ ᠳᠣᠲᠣᠭᠠᠳᠤ ᠶᠢᠨ ᠴᠡᠷᠢᠭ ᠦᠨ ᠳᠠᠭᠤᠤ ᠪᠦᠵᠢᠭ ᠦᠨ ᠴᠢᠭᠤᠯᠭ᠎ᠠ ᠳᠤ 1940-1953 ᠪᠠᠶᠢᠯᠳᠤᠭᠴᠢ᠂ ᠪᠠᠭ᠎ᠠ ᠳᠠᠷᠤᠭ᠎ᠠ᠂ ᠲᠠᠰᠤᠭ ᠤᠨ ᠲᠤᠰᠯᠠᠬᠤ᠂ ᠤᠯᠤᠰ ᠤᠨ ᠴᠠᠭᠳᠠᠨ ᠰᠡᠷᠭᠡᠶᠢᠯᠡᠬᠦ ᠶᠡᠷᠦᠩᠬᠡᠢ ᠭᠠᠵᠠᠷ ᠲᠤ 1953-1956 ᠣᠨ ᠳᠤ ᠺᠯᠥ᠋ᠪ ᠤᠨ ᠡᠷᠬᠢᠯᠡᠭᠴᠢ᠂ ᠤᠯᠤᠰ ᠤᠨ ᠲᠥᠪ ᠮᠦᠽᠧᠢ ᠳᠦ 1956-1962 ᠣᠨ ᠳᠤ ᠲᠠᠶᠢᠯᠪᠤᠷᠢᠯᠠᠭᠴᠢ᠂ ᠵᠢᠷᠤᠭᠠᠴᠢ᠂ ᠮᠣᠩᠭᠣᠯ ᠤᠨ ᠤᠷᠠᠴᠤᠳ ᠤᠨ ᠡᠪᠯᠡᠯ ᠦᠨ ᠬᠣᠷᠢᠶᠠᠨ ᠳᠤ 1962-1978 ᠵᠢᠷᠤᠭᠠᠴᠢ ᠪᠠᠷ ᠠᠵᠢᠯᠯᠠᠭᠠᠳ ᠨᠠᠰᠤᠨ ᠤ ᠲᠡᠳᠬᠦᠪᠦᠷᠢ ᠳᠦ ᠭᠠᠷᠴᠠᠢ᠃ 《ᠠᠷᠤ ᠳᠤ ᠠᠶᠤᠱᠢ》, 《ᠤᠯᠢᠶᠠᠰᠤᠲᠠᠢ ᠶᠢᠨ ᠴᠡᠷᠢᠭ ᠦᠨ ᠪᠣᠰᠤᠯᠭ᠎ᠠ》, 《ᠰᠡᠭᠦᠯᠴᠢ ᠶᠢᠨ ᠬᠡᠷᠡᠮ》, 《ᠴᠢᠩᠭᠦᠩᠵᠠᠪ》, 《ᠰᠢᠨ᠎ᠡ ᠲᠥᠷᠥ ᠶᠢᠨ ᠡᠵᠡᠳ》, 《ᠮᠣᠩᠭᠣᠯ ᠤᠨ ᠲᠥᠯᠥᠭᠡᠯᠡᠭᠴᠢᠳ ᠸ᠃ᠢ᠃ᠯᠧᠨᠢᠨ ᠳᠦ ᠪᠠᠷᠠᠭᠠᠯᠬᠠᠭᠰᠠᠨ ᠨᠢ》, 《ᠲᠦᠷᠢ ᠴᠠᠭ ᠤᠨ ᠬᠤᠷᠠᠯ》 ᠵᠡᠷᠭᠡ ᠲᠡᠦᠬᠡᠨ᠂ 《ᠬᠠᠷ᠎ᠠ ᠪᠤᠤᠷ᠎ᠠ》, 《ᠠᠭᠤᠯᠵᠠᠯᠲᠠ》 ᠭᠡᠬᠦᠴᠢᠯᠡᠨ ᠠᠵᠤ ᠪᠠᠶᠢᠳᠠᠯ ᠤᠨ ᠰᠡᠳᠦᠪᠲᠦ ᠣᠯᠠᠨ ᠰᠢᠯᠢᠳᠡᠭ ᠪᠦᠲᠦᠭᠡᠯ ᠲᠤᠭᠤᠷᠪᠢᠵᠤ᠂ ᠰᠡᠶᠢᠯᠪᠦᠷᠢ᠂ ᠣᠶᠣᠮᠠᠯ᠂ ᠬᠠᠳᠬᠤᠮᠠᠯ᠂ ᠲᠣᠷᠭᠠᠨ ᠵᠢᠷᠤᠭ ᠤᠨ ᠡᠬᠡ ᠵᠠᠭᠪᠤᠷ ᠢ ᠵᠣᠬᠢᠶᠠᠵᠤ ᠣᠷᠴᠢᠨ ᠦᠶ᠎ᠡ ᠶᠢᠨ ᠮᠣᠩᠭᠣᠯ ᠤᠨ ᠳᠦᠷᠰᠦᠯᠡᠬᠦ ᠤᠷᠠᠯᠢᠭ ᠲᠤ ᠮᠣᠩᠭᠣᠯ ᠵᠢᠷᠤᠭ᠂ ᠴᠢᠮᠡᠭᠯᠡᠬᠦ ᠤᠷᠠᠯᠢᠭ ᠤᠨ ᠪᠦᠲᠡᠭᠡᠯᠢ ᠨᠦᠭᠦᠳ ᠢᠶᠡᠷ ᠢᠶᠡᠨ ᠦᠨᠡᠲᠡᠢ ᠬᠤᠪᠢ ᠨᠡᠮᠡᠷᠢ ᠣᠷᠣᠭᠤᠯᠤᠭᠰᠠᠨ ᠪᠠᠶᠢᠨ᠎ᠠ᠃

《ᠠᠯᠲᠠᠨ ᠭᠠᠳᠠᠰᠤ》 ᠣᠳᠣᠨ᠂ ᠬᠥᠳᠡᠯᠮᠦᠷᠢ ᠶᠢᠨ ᠬᠦᠨᠳᠦᠲᠦ ᠮᠧᠳᠠᠯ᠂ ᠪᠤᠰᠤᠳ ᠮᠧᠳᠠᠯ ᠤᠳ᠂ ᠮᠣᠩᠭᠣᠯ ᠤᠨ ᠤᠷᠠᠴᠤᠳ ᠤᠨ ᠡᠪᠯᠡᠯ ᠦᠨ ᠨᠡᠷᠡᠮᠵᠢᠲᠦ ᠱᠠᠩᠨᠠᠯ ᠢᠶᠠᠷ ᠱᠠᠩᠨᠠᠭᠳᠠᠵᠠᠢ᠃

ᠪᠢᠴᠢᠭᠡᠰᠦ