ᠠᠲᠲ᠋ᠢᠯ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠾᠦᠩᠨᠦ ᠪᠣᠯ ᠮᠣᠩᠭᠣᠯ ᠍ ᠴᠤᠳ ᠤᠨ ᠡᠪᠦᠭᠡ ᠳᠡᠭᠡᠳᠦᠰ ᠪᠥᠭᠡᠳ ᠵᠣᠩᠬᠢᠯᠠᠬᠤ ᠣᠪᠤᠭ ᠠᠶᠢᠮᠠᠭ ᠤᠳᠤᠷᠢᠳᠤᠭᠴᠢᠳ ᠨᠢ ᠴᠥᠮ ᠮᠣᠩᠭᠣᠯ ᠬᠦᠮᠦᠰ ᠪᠠᠶᠢᠭᠰᠠᠨ ᠬᠡᠮᠡᠨ ᠲᠡᠦᠬᠡᠴᠢᠳ ᠰᠠᠨᠠᠯ ᠨᠢᠭᠡᠲᠡᠢ ᠳᠡᠮᠵᠢᠳᠡᠭ ᠪᠣᠯᠪᠠᠴᠤ᠃ᠵᠠᠷᠢᠮ ᠲᠡᠦᠬᠡᠴᠢᠳ ᠦᠭᠡᠢ=ᠰᠡᠭᠳᠡᠭ ᠨᠢ ᠲᠡᠳᠡᠨ ᠦ ᠬᠠᠷᠢᠶᠠᠨ ᠳᠤ ᠪᠠᠶᠢᠭᠰᠠᠨ ᠲᠦᠷᠦᠭ ᠠᠶᠢᠮᠠᠭ ᠤᠳ ᠲᠠᠢ ᠬᠣᠯᠪᠣᠵᠤ ᠦᠵᠡᠳᠡᠭ ᠲᠡᠢ ᠬᠣᠯᠪᠣᠭ᠎ᠠ ᠲᠠᠢ ᠶᠤᠮ᠃ ᠪᠠᠷᠠᠭᠤᠨ ᠵᠦᠭ ᠣᠳᠤᠭᠰᠠᠨ ᠾᠦᠩᠨᠦᠴᠦᠦ ᠳᠦ ᠪᠠᠭᠠᠲᠤᠷ ᠭᠠᠪᠢᠶ᠎ᠠ ᠶᠡᠬᠡ ᠶᠢ ᠪᠠᠶᠢᠭᠤᠯᠵᠠᠢ᠃ ᠭᠠᠯ ᠮᠡᠰᠡᠨ ᠳᠤᠮᠳᠠᠭᠤᠷ ᠨᠡᠭᠦᠳᠡᠯᠯᠡᠨ ᠶᠠᠪᠤᠭᠰᠠᠭᠠᠷ ᠢᠵᠢᠯ ᠬᠠᠪᠢ ᠳᠤ ᠬᠦᠮᠦᠨ ᠭᠦᠷᠦᠨ ᠢᠶᠡᠨ ᠪᠠᠶᠢᠭᠤᠯᠤᠨ ᠰᠠᠭᠤᠭᠰᠠᠨ᠃ ᠳᠠᠷᠠᠭ᠎ᠠ ᠨᠢ ᠠᠬᠢᠨ ᠨᠡᠭᠦᠳᠡᠯᠯᠡᠵᠦ᠂ ᠳᠤᠨᠠᠢᠨ ᠬᠦᠮᠦᠨ ᠢ ᠪᠠᠶᠢᠭᠤᠯᠤᠭᠰᠠᠨ ᠶᠤᠮ᠃ ᠴᠢᠩᠭᠢᠬᠦ ᠵᠠᠮ ᠳᠤ ᠪᠠᠨ ᠲᠦᠷᠦᠭᠢᠷᠡᠨᠤᠭᠣᠷ ᠣᠯᠠᠨ ᠬᠦᠮᠦᠨ ᠠᠷᠠᠳ ᠢ ᠳᠠᠭᠠᠭᠤᠯᠤᠨ ᠠᠭᠤᠰᠬᠠᠵᠠᠢ᠃

Attila

ᠭᠧᠷᠮᠠᠨᠺᠧᠯᠲᠹᠷᠠᠨᠺᠰᠯᠠᠪᠠᠯᠠᠨᠯᠧᠰᠬᠢᠨ ᠵᠡᠷᠭᠡ ᠣᠳᠣ ᠶᠢᠨ ᠧᠦ᠋ᠷᠣᠫᠠ ᠨᠠᠷ ᠤᠨ ᠡᠪᠦᠭᠡ ᠣᠪᠤᠭ ᠠᠶᠢᠮᠠᠭ ᠤᠳ ᠲᠠᠢ ᠳᠠᠶᠢᠲᠤᠵᠤ ᠲᠡᠳᠡᠨ ᠢ ᠪᠠᠭᠤᠯᠭᠠᠨ ᠠᠪᠤᠭᠠᠳ (ᠡᠨᠡ ᠲᠤᠬᠠᠢ ᠨᠢᠪᠯᠦᠩᠭᠡ ᠨᠦᠭᠦᠳ ᠦᠨ ᠳᠠᠭᠤᠯᠠᠯ ᠵᠣᠬᠢᠶᠠᠭᠳᠠᠵᠠᠢ᠃) ᠤᠯᠠᠮ ᠢᠶᠠᠷ ᠲᠡᠦᠬᠡᠨ ᠳᠦ ᠪᠡᠨ᠂ ᠳᠡᠯᠡᠬᠡᠢ ᠶᠢᠨ ᠨᠣᠶᠠᠨ ᠭᠡᠭᠳᠡᠵᠦ ᠬᠠᠨᠳᠤᠭᠰᠠᠨ ᠵᠦᠭ ᠲᠤ ᠪᠡᠨ ᠳᠠᠶᠢᠯᠠᠵᠤ ᠥᠷᠥᠨ᠎ᠡ ᠳᠠᠬᠢᠨ ᠤ ᠰᠤᠶᠤᠯ ᠢᠷᠭᠡᠨᠰᠢᠯ ᠦᠨ ᠥᠯᠥᠭᠡᠢ ᠭᠡᠭᠡ ᠳᠦ ᠬᠢ ᠪᠠᠭ᠎ᠠ-ᠠᠽᠢᠶ᠎ᠠ᠂ ᠧᠦ᠋ᠷᠣᠫᠠ᠂ ᠠᠹᠷᠢᠺᠠᠡᠶᠢᠨ ᠬᠣᠶᠢᠳᠤ ᠡᠷᠭᠢ ᠶᠢᠨ ᠤᠯᠤᠰ ᠦᠨᠳᠦᠰᠦᠲᠡᠨ ᠢ ᠢᠷᠲᠦ ᠮᠡᠰᠡ᠂ ᠢᠰᠭᠡᠷᠬᠦ ᠰᠤᠮᠤ ᠪᠠᠷ ᠪᠠᠭᠤᠯᠭᠠᠨ ᠠᠪᠴᠤ ᠬᠦᠮᠦᠨ ᠠᠷᠠᠳ ᠢ ᠪᠣᠭᠣᠯ ᠪᠣᠯᠭᠠᠵᠤ ᠠᠰᠠᠨ ᠬᠣᠵᠢᠮ ᠨᠢ ᠸᠢᠽᠠᠨᠲᠷᠤᠮᠠ ᠬᠡᠮᠡᠨ 2 ᠬᠤᠪᠢᠶᠠᠭᠳᠠᠭᠰᠠᠨ ᠬᠦᠴᠦᠷᠬᠡᠭ ᠭᠦᠷᠦᠨ ᠨᠦᠭᠦᠳ ᠲᠡᠢ ᠨᠢᠭᠤᠷ ᠲᠤᠯᠵᠤ᠂ ᠥᠪᠡᠷᠰᠡᠳ ᠢ ᠨᠢ ᠪᠠᠶᠢᠯᠳᠤᠨ ᠳᠠᠭᠠᠭᠤᠯᠵᠤ᠂ ᠠᠯᠢ ᠠᠯᠢᠨ ᠢᠶᠠᠷ ᠨᠢ ᠠᠯᠪᠠ ᠪᠠᠷᠢᠭᠤᠯᠪᠠ᠃ ᠲᠩᠷᠢ ᠶᠢᠨ ᠲᠠᠰᠢᠭᠤᠷ ᠭᠡᠭᠳᠡᠭᠰᠡᠨ ᠠᠭᠤᠤ ᠪᠠᠶᠢᠯᠳᠤᠨ ᠳᠠᠭᠠᠭᠤᠯᠤᠭᠴᠢ ᠠᠲᠲ᠋ᠢᠯ ᠬᠠᠭᠠᠨ ᠧᠦ᠋ᠷᠣᠫᠠ ᠶᠢᠨ ᠤᠯᠤᠰ ᠲᠥᠷᠥ ᠳᠦ ᠪᠠᠭ᠎ᠠ ᠦᠭᠡᠢ ᠨᠡᠷ᠎ᠡ ᠨᠥᠯᠥᠭᠡ ᠲᠡᠢ ᠪᠠᠶᠢᠪᠠ᠃ ᠣᠷᠳᠣᠨ ᠤ ᠬᠤᠤᠪᠢᠯᠳᠤᠭᠠᠨ ᠠᠴᠠ ᠪᠣᠯᠵᠤ᠂ ᠸᠢᠽᠠᠨᠲ᠋ᠢᠳ᠋ ᠴᠥᠯᠡᠭᠳᠡᠭᠰᠡᠨ᠂ ᠷᠤᠮᠠᠨᠢᠶ ᠠ ᠬᠣᠨᠣᠷᠢᠶ᠎ᠠ ᠭᠦᠨᠵᠡ ᠥᠪᠡᠷ ᠢ ᠨᠢ ᠴᠢᠯᠦᠭᠡᠯᠡᠪᠡᠯ ᠬᠠᠲᠤᠨ ᠨᠢ ᠪᠣᠯᠬᠤ ᠪᠠᠨ ᠢᠯᠡᠷᠬᠡᠶᠢᠯᠡᠵᠦ ᠠᠰᠠᠨ᠃ ᠬᠡᠷᠪᠡ ᠬᠣᠨᠣᠷᠢᠶ᠎ᠠ ᠭᠦᠨᠵᠡ ᠲᠡᠢ ᠭᠡᠷᠯᠡᠪᠡᠯ᠂ ᠷᠣᠮ᠂ ᠸᠢᠽᠠᠨᠲ᠋ᠢᠳ᠋ ᠨᠣᠶᠠᠷᠬᠠᠬᠤ ᠪᠣᠯᠤᠮᠵᠢ ᠨᠡᠭᠡᠭᠡᠭᠳᠡᠬᠦ ᠪᠠᠶᠢᠯ᠎ᠠ᠃ ᠡᠨᠡ ᠠᠰᠠᠭᠤᠳᠠᠯ ᠠᠴᠠ ᠪᠣᠯᠵᠤ᠂ ᠠᠲᠲ᠋ᠢᠯ ᠷᠤᠮᠠ ᠲᠠᠢ ᠡᠪᠳᠡᠷᠡᠯᠴᠡᠵᠦ᠂ ᠶᠡᠬᠡ ᠳᠠᠶᠢᠨ ᠳᠤ ᠮᠣᠷᠳᠠᠬᠤ ᠠᠶᠠᠨ ᠰᠢᠯᠲᠠᠭ ᠪᠣᠯᠪᠠ᠃ ᠵᠠᠷᠢᠮ ᠲᠡᠦᠬᠡᠨ ᠳᠦ ᠦᠭᠦᠯᠡᠭᠰᠡᠨ ᠢᠶᠡᠷ ᠬᠡᠷᠪᠡ ᠬᠦᠮᠦᠨᠴᠢ ᠨᠦᠭᠦᠳ ᠦᠨ ᠳᠤᠮᠳᠠ ᠡᠪᠡᠳᠴᠢᠨ ᠭᠠᠷᠤᠭ᠎ᠠ ᠦᠭᠡᠢ ᠪᠣᠯ ᠢᠯᠠᠬᠤ ᠪᠠᠶᠢᠴᠠᠢ᠃ ᠶᠠᠭᠤᠲᠠᠢ ᠤᠷᠢᠳᠤ ᠳᠡᠭᠡᠷᠡᠬᠢ ᠣᠪᠤᠭ ᠠᠶᠢᠮᠠᠭ ᠤᠳ ᠥᠭᠡᠷ᠎ᠡ ᠬᠣᠣᠷᠣᠨᠣ ᠶᠢᠨ ᠳᠠᠶᠢᠰᠤᠩᠨᠠᠯ ᠢᠶᠠᠨ ᠵᠣᠭᠰᠣᠭᠠᠨ᠂ ᠬᠦᠮᠦᠨ ᠨᠠᠷ ᠤᠨ ᠡᠰᠡᠷᠬᠦ ᠨᠢᠭᠡᠳᠦᠨ ᠠᠲ᠋ᠢᠯᠯᠠ ᠬᠠᠭᠠᠨ ᠢ ᠣᠳᠣ ᠶᠢᠨ ᠪᠧᠯ ᠶᠢᠨ ᠵᠡᠭᠦᠨ ᠨᠤᠲᠤᠭ ᠲᠤ ᠪᠤᠲᠠ ᠴᠣᠬᠢᠭᠰᠠᠨ ᠠᠵᠡᠢ᠃ ᠷᠤᠮᠠᠨᠢᠶ ᠠ ᠫᠠᠫ ᠲᠡᠷᠢᠭᠦᠲᠡᠢ ᠲᠥᠯᠥᠭᠡᠯᠡᠭᠴᠢᠳ ᠢᠷᠡᠵᠦ ᠬᠦᠨᠳᠦᠯᠡᠯ ᠦᠵᠡᠭᠦᠯᠦᠭᠰᠡᠨ ᠢᠶᠡᠷ᠂ ᠨᠠᠶᠢᠷᠠᠮᠳᠠᠯ ᠤᠨ ᠭᠡᠷ᠎ᠡ ᠲᠣᠭᠲᠠᠭᠠᠭᠳᠠᠵᠤ ᠠᠰᠠᠨ᠃ ᠳᠤᠨᠠᠶᠢᠨ ᠬᠦᠮᠦᠨᠴᠢ ᠨᠦᠭᠦᠳ ᠹᠷᠠᠨᠼᠢ ᠶᠢᠨ ᠨᠤᠲᠤᠭ ᠲᠤ ᠴᠤ ᠴᠥᠮᠥᠷᠡᠨ ᠣᠷᠣᠵᠤ ᠪᠠᠶᠢᠪᠠ᠃ ᠠᠲᠲ᠋ᠢᠯ ᠬᠠᠭᠠᠨ ᠢ ᠶᠡᠬᠡ ᠡᠷᠳᠡᠨᠢᠰ ᠦᠨ ᠬᠢ ᠨᠢ ᠬᠠᠮᠲᠤ ᠨᠢᠭᠡᠨ ᠭᠣᠣᠯ ᠤᠨ ᠤᠰᠤᠨ ᠳᠣᠣᠷ᠎ᠠ ᠣᠷᠣᠰᠢᠭᠤᠯᠵᠠᠢ᠃ ᠲᠡᠷᠡ ᠨᠢᠭᠤᠴᠠᠯᠢᠭ ᠭᠠᠵᠠᠷ ᠣᠳᠣ ᠬᠦᠷᠲᠡᠯ᠎ᠡ ᠲᠣᠳᠣᠷᠬᠠᠢ ᠦᠭᠡᠢ᠃ ᠤᠮᠠᠷᠠᠳᠤ ᠬᠦᠮᠦᠨ ᠨᠠᠷ ᠠᠷᠠᠳ ᠲᠦᠮᠡᠨ ᠨᠦᠭᠦᠳ ᠦᠨ ᠶᠡᠬᠡ ᠨᠡᠭᠦᠳᠡᠯ ᠦᠨ ᠡᠬᠢ ᠶᠢ ᠲᠠᠯᠪᠢᠵᠤ᠂ ᠧᠦ᠋ᠷᠠᠽᠢ ᠶᠢᠨ ᠤᠯᠤᠰ ᠲᠥᠷᠥ᠂ ᠤᠭᠰᠠᠭᠠᠲᠠᠨ ᠤ ᠳᠦᠷᠢ ᠵᠢᠷᠤᠭ ᠢ ᠪᠠᠭ᠎ᠠ ᠦᠭᠡᠢ ᠥᠭᠡᠷᠡᠴᠢᠯᠡᠭᠰᠡᠨ᠂ ᠷᠤᠮᠠᠨᠢᠶ ᠠ ᠳᠠᠷᠤᠩᠭᠤᠶᠢᠯᠠᠯ ᠢ ᠤᠨᠠᠭᠠᠯᠴᠠᠵᠤ᠂ ᠣᠯᠠᠨ ᠠᠷᠠᠳ ᠲᠦᠮᠡᠨ ᠢ ᠴᠢᠯᠦᠭᠡᠯᠡᠭᠰᠡᠨ ᠠᠪᠴᠤ ᠡᠨᠡ ᠦᠶᠡᠰ ᠥᠷᠥᠨ᠎ᠡ ᠳᠠᠬᠢᠨ ᠢ ᠮᠤᠩᠬᠠᠷᠠᠭᠤᠯᠤᠭᠰᠠᠨ 1000 ᠵᠢᠯ ᠦᠨ ᠱᠠᠰᠢᠨ ᠤ ᠨᠣᠶᠠᠷᠬᠠᠯ ᠪᠤᠶᠤ ᠳᠤᠮᠳᠠᠳᠤ ᠵᠠᠭᠤᠨ ᠤ ᠡᠬᠢᠯᠡᠵᠡᠢ᠃ᠶᠠᠭᠤᠲᠠᠢ ᠴᠤ ᠲᠡᠷᠲᠡᠭᠡ ᠳᠣᠷᠣᠨ᠎ᠠ ᠵᠦᠭ ᠲᠤ ᠰᠦᠮᠪᠦ ᠨᠠᠷ ᠲᠤ ᠴᠣᠬᠢᠭᠳᠠᠨ ᠰᠠᠷᠨᠢᠭᠰᠠᠨ ᠥᠪᠥᠷ ᠾᠦᠩᠨᠦ ᠨᠠᠷ 10 000 ᠺᠢᠯᠣᠮᠧᠲ᠋ᠷ ᠦᠨ ᠠᠯᠤᠰ ᠲᠤ ᠥᠪᠡᠷᠰᠡᠳ ᠨᠢ ᠴᠣᠬᠢᠭᠳᠠᠨ ᠤᠬᠤᠷᠢᠭᠰᠠᠨ ᠰᠠᠳᠤᠨ ᠲᠥᠷᠥᠯ ᠭᠤᠵᠢ ᠠᠷᠤ ᠾᠦᠩᠨᠦ ᠨᠠᠷ ᠥᠷᠥᠨ᠎ᠡ ᠳᠠᠬᠢᠨ ᠳᠤ ᠠᠯᠳᠠᠷ ᠨᠡᠷ᠎ᠡ ᠪᠡᠨ ᠳᠠᠭᠤᠷᠢᠰᠬᠠᠵᠤ ᠪᠠᠶᠢᠭ᠎ᠠ ᠶᠢ ᠮᠡᠳᠡᠭᠰᠡᠨ ᠦᠭᠡᠢ᠃

ᠪᠢᠴᠢᠭᠡᠰᠦ