ᠠᠲ᠋ᠯᠠᠨᠲ ᠤᠨ ᠳᠠᠯᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠯᠡᠬᠡᠢ ᠶᠢᠨᠳᠠᠯᠠᠢ ᠨᠤᠭᠤᠳ
ᠠᠲ᠋ᠯᠠᠨᠲ ᠤᠨ ᠳᠠᠯᠠᠢ
Danmark O, Fohn Fjord, Renodde.70°N 26°W (76566707).jpg

ᠠᠲ᠋ᠯᠠᠨᠲ ᠤᠨ ᠳᠠᠯᠠᠢ - ᠨᠣᠮᠣᠬᠠᠨ ᠳᠠᠯᠠᠢᠨ ᠤᠳᠠᠭᠠᠬᠢ ᠬᠣᠶᠠᠳᠤᠭᠠᠷ ᠲᠣᠮᠣ ᠳᠠᠯᠠᠢ. 91,6 ᠰᠠᠶ᠎ᠠ км² ᠲᠠᠯᠠᠪᠠᠢ ᠳᠤ᠂ ᠳᠡᠯᠡᠬᠡᠢ ᠶᠢᠨ ᠳᠠᠯᠠᠢ ᠶᠢᠨ ᠤᠰᠤᠨ ᠤ 25% ᠪᠣᠯᠬᠤ 329.7 ᠰᠠᠶ᠎ᠠ ᠺᠮ³ ᠡᠵᠡᠯᠡᠬᠦᠨ ᠲᠡᠢ᠃ ᠳᠤᠮᠳᠠᠴᠢ ᠭᠦᠨ - 3736 ᠮ᠂ ᠭᠦᠨᠵᠡᠭᠡᠶᠢᠳᠡᠭᠡ - 8742 ᠮᠧᠲ᠋ᠷ (ᠫᠦ᠋ᠷᠲ᠋ᠣ ᠷᠢᠺᠣ ᠶᠢᠨ ᠬᠣᠩᠬᠣᠷ).

ᠭᠷᠧᠺ ᠳᠣᠮᠣᠭ ᠤᠨ ᠠᠲᠯᠠᠰ (ᠠᠲ᠋ᠯᠠᠨᠲ᠋ᠠ) ᠭᠡᠬᠦ ᠳᠦᠷᠢ ᠡᠴᠡ ᠶᠤᠮ ᠤᠤ ᠠᠲᠯᠠᠨ᠋ᠲᠤᠳᠠ ᠭᠡᠬᠦ ᠳᠣᠮᠣᠭ ᠤᠨ ᠠᠷᠠᠯ ᠤᠨ ᠨᠡᠷ᠎ᠡ ᠶᠢᠨ ᠠᠯᠢ ᠨᠢᠭᠡᠨ ᠡᠴᠡ ᠡᠭᠦᠰᠴᠦ ᠨᠡᠷᠡᠯᠡᠭᠳᠡᠵᠡᠢ᠃

ᠲᠤᠰ ᠳᠠᠯᠠᠢ ᠨᠢ S ᠬᠡᠯᠪᠡᠷᠢ ᠪᠡᠷ ᠬᠣᠶᠢᠨ᠎ᠠ ᠠᠴᠠ ᠤᠷᠤᠭᠰᠢ ᠴᠢᠭᠯᠡᠭᠰᠡᠨ ᠪᠠᠶᠢᠷᠢᠯᠠᠯ ᠢᠶᠠᠷ ᠣᠷᠣᠰᠢᠳᠠᠭ᠃ ᠡᠺᠸᠠᠲ᠋ᠣᠷ ᠤᠨ ᠱᠤᠭᠤᠮ ᠢᠶᠠᠷ ᠤᠮᠠᠷᠠᠳᠤ ᠪᠠ ᠡᠮᠦᠨᠡᠲᠦ ᠠᠲ᠋ᠯᠠᠨᠲ ᠤᠨ ᠳᠠᠯᠠᠢ ᠪᠣᠯᠵᠤ ᠬᠤᠪᠢᠶᠠᠭᠳᠠᠨ᠎ᠠ᠃ ᠪᠠᠷᠠᠭᠤᠨ ᠲᠠᠯ᠎ᠠ ᠪᠠᠷ ᠢᠶᠠᠨ ᠠᠮᠧᠷᠢᠺᠠ ᠲᠢᠪ᠂ ᠵᠡᠭᠦᠨ ᠲᠠᠯ᠎ᠠ ᠪᠠᠷ ᠢᠶᠠᠨ ᠧᠦᠢᠷᠣᠫᠠ ᠪᠣᠯᠤᠨ ᠠᠹᠷᠢᠺᠠ ᠢᠶᠠᠷ ᠬᠠᠰᠢᠭᠳᠠᠵᠤ᠂ ᠨᠣᠮᠣᠬᠠᠨ ᠳᠠᠯᠠᠢ ᠲᠠᠢ ᠬᠣᠶᠢᠳᠤ ᠲᠠᠯ᠎ᠠ ᠪᠠᠷ ᠢᠶᠠᠨ ᠤᠮᠠᠷᠠᠳᠤ ᠮᠥᠰᠦᠨ ᠳᠠᠯᠠᠢᠭᠠ ᠪᠠᠷ᠂ ᠡᠮᠦᠨ᠎ᠡ ᠲᠠᠯ᠎ᠠ ᠪᠠᠷ ᠢᠶᠠᠨ ᠳᠷᠧᠢᠺ ᠤᠨ ᠭᠠᠷᠴᠠ ᠪᠠᠷ ᠬᠣᠯᠪᠣᠭᠳᠠᠨ᠎ᠠ᠃ ᠮᠥᠨ ᠬᠣᠶᠢᠳᠤ ᠪᠠ ᠡᠮᠦᠨᠡᠲᠦ ᠠᠮᠧᠷᠢᠺᠠᠡᠶᠢᠨ ᠬᠣᠭᠣᠷᠣᠨᠳᠣ ᠪᠠᠶᠢᠭᠤᠯᠤᠭᠰᠠᠨ ᠫᠠᠨᠠᠮᠠ ᠤᠨ ᠰᠤᠪᠠᠭ ᠢᠶᠠᠷ ᠨᠣᠮᠣᠬᠠᠨ ᠳᠠᠯᠠᠢ ᠲᠠᠢ ᠬᠣᠯᠪᠣᠭᠳᠠᠨ᠎ᠠ᠃

ᠮᠠᠨ ᠤ ᠭᠠᠷᠠᠭ ᠤᠨ ᠭᠠᠳᠠᠷᠭᠤᠨ 20% ᠍ ᠢ ᠡᠵᠡᠯᠡᠬᠦ ᠠᠲ᠋ᠯᠠᠨᠲ ᠤᠨ ᠳᠠᠯᠠᠢ ᠨᠢ ᠬᠡᠮᠵᠢᠶ᠎ᠡ ᠪᠡᠷ ᠢᠶᠡᠨ ᠵᠥᠪᠬᠡᠨ ᠨᠣᠮᠣᠬᠠᠨ ᠳᠠᠯᠠᠢ ᠶᠢᠨ ᠳᠠᠷᠠᠭ᠎ᠠ ᠣᠷᠣᠳᠠᠭ᠃ ᠣᠶᠢᠷᠠᠯᠴᠠᠭᠠᠬᠢ ᠲᠡᠩᠭᠢᠰ ᠦᠳ ᠢ ᠬᠠᠮᠤᠷᠤᠭᠤᠯᠪᠠᠯ 106,400,000 ᠺᠦᠸᠠᠳ᠋ ᠺᠢᠯᠣᠮᠧᠲ᠋ᠷ᠂ ᠬᠠᠮᠤᠷᠤᠭᠤᠯᠬᠤ ᠦᠭᠡᠢ ᠪᠣᠯ 82,400,000 ᠺᠦᠸᠠᠳ᠋ ᠺᠢᠯᠣᠮᠧᠲ᠋ᠷ ᠲᠠᠯᠠᠪᠠᠢ ᠡᠵᠡᠯᠡᠨ᠎ᠡ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ