ᠠᠰᠲᠠᠨ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠰᠲᠠᠨ᠎ᠠ ᠬᠣᠲᠠ
ᠤᠯᠤᠰ ᠤᠨ ᠠᠴᠢ ᠬᠣᠯᠪᠣᠭᠳᠠᠯ ᠲᠠᠢ ᠬᠣᠲᠠ

ᠰᠦᠯᠳᠡ ᠲᠤᠭ

ᠰᠦᠯᠳᠡ ᠲᠡᠮᠳᠡᠭ

ᠠᠰᠲᠠᠨ᠎ᠠ
ᠬᠠᠰᠠᠭ ᠣᠷᠣᠨ ᠳᠠᠬᠢ ᠠᠰᠲᠠᠨ᠎ᠠ ᠬᠣᠲᠠ
ᠤᠯᠤᠰ ᠣᠷᠣᠨ ᠬᠠᠰᠠᠭ ᠬᠠᠰᠠᠭ (БНХасУ)
ᠤᠯᠤᠰ ᠤᠨ ᠬᠣᠲᠠ New coat of arms of Astana.svg ᠠᠰᠲᠠᠨ᠎ᠠ
ᠳᠡᠭᠦᠷᠭᠡ (3) ᠨᠡᠷ᠎ᠡ ᠪᠦᠬᠦᠢ 3 ᠳᠡᠭᠦᠷᠭᠡ ᠲᠡᠢ
ᠭᠠᠵᠠᠷ ᠨᠤᠲᠤᠭ 710 ᠺᠦᠸᠠᠳ᠋ ᠺᠢᠯᠣᠮᠧᠲ᠋ᠷ
ᠬᠦᠮᠦᠨ ᠠᠮᠠ 2012 ᠣᠨ ᠳᠤ 742,918 ᠬᠦᠮᠦᠨ
ᠨᠢᠭᠲᠠᠴᠠ ᠰᠡᠶᠢᠷᠡᠭ 958 ᠬᠦᠮᠦᠨ/км²
ᠠᠷᠠᠳ ᠲᠦᠮᠡᠨ 66.8% - ᠬᠠᠰᠠᠭ᠂ 23.4% - ᠣᠷᠣᠰ
ᠨᠤᠲᠤᠭ ᠤᠨ ᠣᠯᠠᠨ ᠠᠰᠲᠠᠨ ᠤ ᠬᠢᠨ
1830 ᠣᠨ ᠣᠷᠣᠰ ᠤᠨ ᠬᠠᠵᠠᠭ ᠴᠡᠷᠢᠭ ᠰᠢᠪᠡᠭᠡᠯᠡᠭᠰᠡᠨ
ᠬᠣᠵᠢᠮ ᠣᠷᠣᠰ ᠢᠶᠠᠷ ᠠᠺᠮᠣᠯᠢᠨᠰᠺ ᠭᠡᠳᠡᠭ ᠪᠣᠯᠪᠠ
1961 ᠣᠨ ᠼᠧᠯᠢᠨᠣᠭᠷᠠᠳ ᠨᠡᠷ᠎ᠡ ᠲᠡᠢ ᠪᠣᠯᠤᠭᠰᠠᠨ
1992 ᠣᠨ ᠠᠺᠮᠠᠯ ᠭᠡᠬᠦ ᠬᠠᠰᠠᠭ ᠨᠡᠷ᠎ᠡ ᠪᠡᠨ ᠡᠷᠭᠦᠭᠰᠡᠨ
1998 ᠣᠨ ᠤᠯᠤᠰ ᠤᠨ ᠨᠡᠶᠢᠰᠯᠡᠯ᠂ ᠠᠰᠲᠠᠨ᠎ᠠ ᠬᠣᠲᠠ ᠪᠣᠯᠪᠠ
ᠴᠠᠭ ᠤᠨ ᠪᠥᠰᠡ ᠠᠯᠮᠠᠲᠤ ᠶᠢᠨ ᠴᠠᠭ (ГЦ+6)
ᠤᠲᠠᠰᠤᠨ ᠳ᠋ᠣᠭᠠᠷ +7 7172
ᠰᠢᠤᠳᠠᠨ ᠳᠤᠭᠠᠷ 010000
ᠮᠠᠰᠢᠨ ᠤ ᠳ᠋ᠣᠭᠠᠷ Z
ᠴᠠᠬᠢᠮ ᠭᠠᠵᠠᠷ astana.kz (ᠬᠠᠰᠠᠭ ᠢᠶᠠᠷ)

ᠠᠰᠲᠠᠨ ᠠ́ (ᠬᠠᠰᠠᠭ ᠶᠢᠡᠷ ᠠᠰᠲᠠᠨ᠎ᠠ, «ᠨᠡᠶᠢᠰᠯᠡᠯ») - ᠪᠦᠭᠦᠳᠡ ᠨᠠᠶᠢᠷᠠᠮᠳᠠᠬᠤ ᠬᠠᠰᠠᠭ ᠤᠯᠤᠰ (ᠬᠠᠰᠠᠭᠰᠲ᠋ᠠᠨ) ᠍ ᠤᠨ ᠨᠡᠶᠢᠰᠯᠡᠯ ᠬᠣᠲᠠ. ᠬᠠᠰᠠᠭᠰᠲ᠋ᠠᠨ ᠤ ᠲᠥᠪ ᠤᠮᠠᠷ᠎ᠠ ᠲᠠᠯ᠎ᠠ ᠳᠤ ᠠᠺᠮᠠᠯ ᠮᠤᠵᠢ ᠪᠠᠷ ᠬᠦᠷᠢᠶᠡᠯᠡᠭᠦᠯᠵᠦ 722 ᠺᠦᠸᠠᠳ᠋ ᠺᠢᠯᠣᠮᠧᠲ᠋ᠷ ᠭᠠᠵᠠᠷ ᠡᠵᠡᠯᠡᠨ ᠪᠠᠶᠢᠷᠢᠯᠠᠳᠠᠭ᠃ 2012 ᠣᠨ ᠤ ᠲᠣᠭᠠᠴᠠᠭ᠎ᠠ ᠪᠠᠷ 743,014 ᠣᠷᠣᠰᠢᠨ ᠰᠠᠭᠤᠭᠴᠢ ᠲᠠᠢ ᠪᠠᠶᠢᠨ᠎ᠠ᠃[1] ᠡᠭᠦᠪᠡᠷ ᠪᠣᠯ ᠠᠯᠮᠠᠲ ᠤ ᠬᠣᠲᠠ ᠶᠢᠨ ᠳᠠᠷᠠᠭᠠᠬᠢ ᠤᠯᠤᠰ ᠤᠨ ᠬᠣᠶᠠᠳᠤᠭᠠᠷ ᠶᠡᠬᠡ ᠬᠣᠲᠠ ᠭᠡᠭᠳᠡᠨ᠎ᠡ᠃

3 ХУ ᠍ ᠶᠢᠨ ᠦᠶ᠎ᠡ ᠳᠦ 1961 ᠣᠨ ᠠᠴᠠ ᠡᠮᠦᠨ᠎ᠡ ᠠᠺᠮᠣᠯᠢᠨᠰᠺ, 1961-1992 ᠣᠨ ᠤ ᠬᠣᠭᠣᠷᠣᠨᠳᠣ ᠼᠧᠯᠢᠨᠣᠭᠷᠠᠳ ᠭᠡᠵᠦ ᠨᠡᠷ᠎ᠡ ᠲᠡᠢ ᠪᠠᠶᠢᠭᠠᠳ ᠬᠠᠰᠠᠭᠰᠲ᠋ᠠᠨ ᠤᠯᠤᠰ ᠲᠤᠰᠠᠭᠠᠷ ᠲᠣᠭᠲᠠᠨᠢᠭᠰᠠᠨ ᠤ ᠳᠠᠷᠠᠭ᠎ᠠ 1992 ᠣᠨ ᠠᠴᠠ "ᠠᠺᠮᠠᠯ" ᠭᠡᠵᠦ ᠨᠡᠷᠡᠯᠡᠭᠳᠡᠭᠰᠡᠨ᠃ 1997 ᠣᠨ ᠳᠤ ᠤᠯᠤᠰ ᠤᠨ ᠨᠡᠶᠢᠰᠯᠡᠯ ᠢ ᠠᠯᠮᠠᠲ ᠤᠭᠠ ᠠᠴᠠ ᠲᠤᠰ ᠬᠣᠳᠠ ᠳᠤ ᠰᠢᠯᠵᠢᠭᠦᠯᠵᠦ "ᠠᠰᠲᠠᠨ᠎ᠠ" («ᠨᠡᠶᠢᠰᠯᠡᠯ») ᠭᠡᠵᠦ ᠨᠡᠷᠡᠶᠢᠳᠴᠡᠢ᠃

1989 ᠣᠨ ᠳᠤ ᠪᠦᠬᠦ ᠬᠦᠮᠦᠨ ᠠᠮᠠ ᠶᠢᠨ ᠲᠣᠭ᠎ᠠ 281 ᠮᠢᠩᠭ᠎ᠠ ᠪᠠᠶᠢᠵᠤ ᠣᠷᠣᠰ ᠤᠳ ᠳᠡᠶᠢᠯᠦᠩᠬᠢ ᠳᠦ ᠪᠡᠨ (ᠬᠦᠮᠦᠨ ᠠᠮᠠ ᠶᠢᠨ 54.1% ᠣᠷᠣᠰ᠂ 17.7% ᠬᠠᠰᠠᠭ) ᠰᠠᠭᠤᠵᠤ ᠪᠠᠶᠢᠭᠰᠠᠨ ᠪᠣᠯ 2010 ᠣᠨ ᠳᠤ ᠨᠡᠶᠢᠲᠡ ᠬᠦᠮᠦᠨ ᠠᠮᠠ ᠶᠢᠨ ᠲᠣᠭ᠎ᠠ 684 ᠮᠢᠩᠭᠠᠳ ᠬᠦᠷᠴᠦ ᠬᠦᠮᠦᠨ ᠠᠮᠠ ᠶᠢᠨ 65.1% ᠍ ᠶᠢ ᠬᠠᠰᠠᠭ ᠤᠳ ᠪᠦᠷᠢᠳᠦᠭᠦᠯᠬᠦ ᠪᠣᠯᠵᠠᠢ᠃[2][3]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠠᠰᠲᠠᠨ᠎ᠠ&oldid=405094》 ᠍  ᠡᠴᠡ ᠠᠪᠤᠭᠰᠠᠨ

ᠪᠢᠴᠢᠭᠡᠰᠦ