ᠠᠰᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠰᠤᠳ ᠠᠶᠢᠮᠠᠭ ᠪᠣᠯ ᠮᠣᠩᠭᠣᠯ ᠍ ᠤᠨ ᠨᠢᠭᠡᠨ ᠣᠪᠤᠭ ᠠᠶᠢᠮᠠᠭ ᠶᠤᠮ᠃ ᠠᠰᠤᠳ ᠤᠨ ᠡᠪᠦᠭᠡ ᠳᠡᠭᠡᠳᠦᠰ ᠨᠢ ᠠᠯᠠᠨ ᠨᠠᠷ ᠪᠣᠯᠤᠨ᠎ᠠ᠃ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠠᠯᠠᠨ ᠨᠠᠷ ᠤᠨ ᠵᠠᠷᠢᠮ ᠬᠡᠰᠡᠭ ᠢ ᠮᠣᠩᠭᠣᠯ ᠳᠤ ᠠᠪᠴᠢᠷᠠᠨ ᠰᠠᠭᠤᠯᠭᠠᠭᠰᠠᠨ ᠢᠶᠠᠷ ᠠᠰᠤᠳ ᠠᠶᠢᠮᠠᠭ ᠪᠥᠷᠢᠯᠳᠦᠨ ᠪᠤᠢ ᠪᠣᠯᠵᠠᠢ᠃ ᠣᠳᠣ ᠦᠶ᠎ᠡ ᠳᠦ ᠠᠰᠤᠳ ᠨᠠᠷ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠤ ᠰᠠᠭᠤᠳᠠᠭ᠃

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠰᠤᠳ ᠨᠠᠷ ᠤᠨ ᠡᠪᠦᠭᠡ ᠳᠡᠭᠡᠳᠦᠰ ᠨᠢ ᠠᠯᠠᠨ ᠨᠠᠷᠠ ᠶᠤᠮ᠃ ᠠᠯᠢᠨᠴᠤᠳ ᠺᠠᠸᠬᠠᠰ ᠤᠨ ᠨᠢᠷᠤᠭᠤᠨ ᠤ ᠬᠣᠢ ᠳᠤ ᠲᠠᠯ᠎ᠠ ᠶᠢᠨ ᠨᠤᠲᠤᠭ ᠲᠤ ᠠᠮᠢᠳᠤᠷᠠᠳᠠᠭ ᠪᠠᠶᠢᠴᠠᠢ᠃ ᠪᠠᠲᠤ ᠬᠠᠨᠢ ᠪᠠᠶᠢᠯᠳᠤᠨ ᠳᠠᠭᠠᠭᠤᠯᠤᠯᠲᠠ ᠶᠢᠨ ᠦᠶ᠎ᠡ ᠳᠦ ᠠᠯᠢᠨᠴᠤᠳ ᠮᠣᠩᠭᠣᠯ ᠤᠨ ᠵᠠᠬᠢᠷᠭᠠᠨ ᠳᠤ ᠣᠷᠣᠭᠰᠠᠨ ᠪᠠᠶᠢᠨ᠎ᠠ᠃ ᠣᠯᠵᠠᠯᠠᠭᠳᠠᠭᠰᠠᠨ ᠠᠯᠠᠩᠴᠢ ᠨᠤᠭᠤᠳ ᠢ ᠮᠣᠩᠭᠣᠯ ᠷᠤ ᠢᠯᠡᠭᠡᠵᠦ᠂ ᠴᠡᠷᠢᠭ᠂ ᠠᠵᠤ ᠠᠬᠤᠢ ᠶᠢᠨ ᠠᠵᠢᠯ ᠬᠢᠯᠭᠡᠬᠦ ᠪᠣᠯᠵᠠᠢ᠃ ᠤᠯᠠᠮ ᠢᠶᠠᠷ ᠡᠳᠡᠭᠡᠷ ᠠᠯᠢᠨᠴᠤᠳ ᠨᠢ ᠮᠣᠩᠭᠣᠯᠴᠤᠳ ᠲᠠᠢ ᠴᠢᠰᠤ ᠬᠣᠯᠢᠯᠳᠤᠵᠤ᠂ ᠠᠰᠤᠳ ᠬᠡᠮᠡᠬᠦ ᠠᠶᠢᠮᠠᠭ ᠢ ᠪᠦᠷᠢᠳᠦᠭᠦᠯᠵᠡᠢ᠃ ᠺᠠᠸᠬᠠᠰ ᠤᠨ ᠨᠢᠷᠤᠭᠤᠨ ᠳᠤ ᠦᠯᠡᠳᠡᠭᠰᠡᠨ ᠠᠯᠢᠨᠴᠤᠳ ᠨᠢ ᠤᠯᠠᠮ ᠢᠶᠠᠷ ᠣᠰᠧᠲᠴᠤᠳ ᠤᠨ ᠡᠪᠦᠭᠡ ᠳᠡᠭᠡᠳᠦᠰ ᠪᠣᠯᠵᠠᠢ᠃

ᠨᠡᠷᠡᠨ ᠦ ᠲᠤᠬᠠᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠠᠯᠠᠩᠴᠢ ᠨᠤᠭᠤᠳ ᠢ ᠠᠰ ᠬᠡᠮᠡᠨ ᠨᠡᠷᠡᠯᠡᠳᠡᠭ ᠪᠠᠶᠢᠴᠠᠢ᠃ ᠠᠰ ᠭᠡᠳᠡᠭ ᠨᠢ ᠠᠷᠠᠪ ᠬᠡᠯᠡᠡᠭᠡᠷᠡ ᠠᠯᠠᠩᠴᠢ ᠨᠤᠭᠤᠳ ᠢ ᠨᠡᠷᠡᠯᠡᠭᠰᠡᠨ ᠨᠡᠷ᠎ᠡ ᠶᠤᠮ᠃ ᠮᠣᠩᠭᠣᠯ ᠳᠤ ᠪᠠᠶᠢᠭᠰᠠᠨ ᠠᠯᠠᠩᠴᠢ ᠨᠤᠭᠤᠳ ᠢ ᠮᠣᠩᠭᠣᠯᠴᠤᠳ ᠠᠰ ᠤᠳ ᠭᠡᠳᠡᠭ ᠪᠠᠶᠢᠪᠠ᠃ ᠠᠰ ᠤᠳ ᠭᠡᠳᠡᠭ ᠨᠢ ᠠᠰ ᠨᠠᠷ ᠭᠡᠰᠡᠨ ᠦᠭᠡ ᠶᠤᠮ᠃ ᠡᠨᠡᠬᠦ ᠠᠰ ᠤᠳ ᠨᠢ ᠮᠣᠩᠭᠣᠯ ᠤᠨ ᠠᠰᠤᠳ ᠠᠶᠢᠮᠠᠭ ᠤᠨ ᠨᠡᠷ᠎ᠡ ᠪᠣᠯᠤᠭᠰᠠᠨ ᠠᠵᠡᠢ᠃

XIII-ᠠᠷᠪᠠᠨ ᠳᠥᠷᠪᠡᠳᠦᠭᠡᠷ ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠭᠤᠷᠪᠠᠳᠤᠭᠠᠷ ᠵᠠᠭᠤᠨ ᠤ ᠰᠡᠭᠦᠯ ᠦᠶ᠎ᠡ ᠳᠦ ᠠᠰᠤᠳ ᠤᠳ ᠶᠤᠸᠠᠨ ᠤᠯᠤᠰ ᠤᠨ ᠵᠠᠬᠢᠷᠭᠠᠨ ᠳᠤ ᠬᠠᠮᠤᠷᠤᠭᠳᠠᠬᠤ ᠪᠣᠯᠤᠭᠰᠠᠨ ᠪᠠᠶᠢᠨ᠎ᠠ᠃ ᠠᠷᠪᠠᠨ ᠳᠥᠷᠪᠡᠳᠦᠭᠡᠷ ᠵᠠᠭᠤᠨ ᠤ ᠦᠶ᠎ᠡ ᠳᠦ ᠮᠥᠨ ᠶᠤᠸᠠᠨ ᠤᠯᠤᠰ ᠤᠨ ᠵᠠᠬᠢᠷᠭᠠᠨ ᠳᠤ ᠬᠠᠮᠤᠷᠤᠭᠳᠠᠵᠤ ᠪᠠᠶᠢᠴᠠᠢ᠃ 1368 ᠣᠨ ᠳᠤ ᠶᠤᠸᠠᠨ ᠤᠯᠤᠰ ᠤᠨ ᠵᠠᠬᠢᠷᠭ᠎ᠠ ᠬᠢᠲᠠᠳ ᠲᠤ ᠤᠨᠠᠭᠰᠠᠨ ᠤ ᠳᠠᠷᠠᠭ᠎ᠠ ᠮᠣᠩᠭᠣᠯᠴᠤᠳ ᠣᠯᠠᠨ ᠨᠣᠶᠠᠳ ᠤᠨ ᠡᠵᠡᠮᠰᠢᠯ ᠳᠦ ᠬᠤᠪᠢᠶᠠᠭᠳᠠᠬᠤ ᠦᠶ᠎ᠡ ᠪᠡᠷ ᠠᠰᠤᠳ ᠠᠶᠢᠮᠠᠭ ᠬᠦᠴᠦᠷᠬᠡᠭᠵᠢᠵᠦ ᠡᠬᠢᠯᠡᠵᠡᠢ᠃

ᠠᠷᠪᠠᠨ ᠲᠠᠪᠤᠳᠤᠭᠠᠷ ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠲᠠᠪᠤᠳᠤᠭᠠᠷ ᠵᠠᠭᠤᠨ ᠤ ᠦᠶ᠎ᠡ ᠳᠦ ᠠᠰᠤᠳ ᠠᠶᠢᠮᠠᠭ ᠤᠨ ᠠᠷᠤᠭ ᠲᠠᠢ ᠲᠠᠶᠢᠰᠢ ᠬᠦᠴᠦᠷᠬᠡᠭᠵᠢᠵᠦ᠂ ᠣᠶᠢᠷᠠᠳ ᠤᠨ ᠲᠠᠶᠢᠰᠢ ᠦᠭᠡᠴᠢ ᠬᠠᠱᠠᠬ᠎ᠠ ᠶᠢᠨ ᠳᠡᠷᠭᠡᠳᠡ ᠨᠢᠭᠡᠨ ᠬᠡᠰᠡᠭ ᠪᠠᠶᠢᠴᠠᠢ᠃ ᠦᠭᠡᠴᠢ ᠬᠠᠱᠠᠬᠠ ᠠᠯᠠᠭᠳᠠᠭᠰᠠᠨ ᠤ ᠳᠠᠷᠠᠭ᠎ᠠ ᠠᠷᠤᠭ ᠲᠠᠢ ᠲᠠᠶᠢᠰᠢ ᠣᠶᠢᠷᠠᠳ ᠤᠨ ᠪᠠᠲᠤᠯ ᠴᠢᠩᠰᠠᠩ ᠳᠤ ᠣᠯᠵᠠᠯᠠᠭᠳᠠᠵᠤ᠂ ᠨᠢᠭᠡᠨ ᠬᠡᠰᠡᠭ ᠪᠠᠶᠢᠵᠤ ᠪᠠᠶᠢᠭᠠᠳ ᠤᠯᠠᠮ ᠢᠶᠠᠷ ᠰᠤᠯᠠᠯᠠᠭᠳᠠᠵᠤ᠂ ᠡᠯᠪᠡᠭ ᠨᠢᠭᠦᠯᠡᠰᠦᠭᠴᠢ ᠬᠠᠭᠠᠨ ᠤ ᠬᠦᠦ ᠥᠯᠵᠡᠶᠢᠲᠡᠮᠦᠷ ᠢ ᠳᠣᠭᠣᠯᠠᠩ ᠲᠡᠮᠦᠷ ᠦᠨ ᠣᠷᠳᠣᠨ ᠠᠴᠠ ᠵᠠᠯᠠᠵᠤ ᠠᠪᠴᠤ ᠢᠷᠡᠭᠡᠳ ᠪᠤᠶᠠᠨᠰᠢᠷ ᠬᠡᠮᠡᠬᠦ ᠴᠣᠯᠠ ᠣᠯᠭᠤᠨ ᠮᠣᠩᠭᠣᠯ ᠤᠨ ᠬᠠᠭᠠᠨ ᠳᠤ ᠡᠷᠭᠦᠮᠵᠢᠯᠡᠵᠦ᠂ ᠣᠶᠢᠷᠠᠳ ᠤᠨ ᠪᠠᠲᠤᠯ ᠴᠢᠩᠰᠠᠩ ᠲᠠᠢ ᠲᠡᠮᠡᠴᠡᠯᠳᠦᠬᠦ ᠪᠣᠯᠵᠠᠢ᠃ ᠮᠢᠩ ᠤᠯᠤᠰ ᠤᠨ ᠬᠠᠭᠠᠨ ᠶᠦᠩᠯᠠ ᠪᠤᠶᠠᠨᠰᠢᠷ ᠬᠠᠭᠠᠨ ᠳᠤ ᠪᠠᠭᠤᠵᠤ ᠥᠭᠬᠦ ᠶᠢ ᠲᠤᠯᠭᠠᠨ ᠱᠠᠭᠠᠷᠳᠠᠭᠰᠠᠨ ᠵᠠᠬᠢᠳᠠᠯ ᠢᠯᠡᠭᠡᠭᠰᠡᠨ ᠳᠦ ᠪᠤᠶᠠᠨᠰᠢᠷ ᠬᠠᠭᠠᠨ ᠲᠡᠭᠦᠨ ᠢ ᠡᠰᠡ ᠲᠣᠭᠤᠪᠠ᠃ ᠲᠡᠭᠦᠨ ᠦ ᠤᠯᠠᠮ ᠠᠴᠠ ᠮᠢᠩ ᠤᠯᠤᠰ ᠤᠨ ᠬᠠᠭᠠᠨ ᠶᠦᠩᠯᠠ ᠮᠣᠩᠭᠣᠯ ᠷᠤ 100000 ᠴᠡᠷᠢᠭ ᠢᠯᠡᠭᠡᠪᠡ᠃ ᠪᠤᠶᠠᠨᠰᠢᠷ ᠬᠠᠭᠠᠨ᠂ ᠠᠷᠤᠭ ᠲᠠᠢ ᠲᠠᠶᠢᠰᠢ ᠨᠠᠷ ᠮᠢᠩ ᠤᠯᠤᠰ ᠤᠨ ᠴᠡᠷᠢᠭ ᠢ ᠪᠤᠲᠠ ᠴᠣᠬᠢᠵᠤ᠂ ᠲᠡᠳᠡᠨ ᠦ ᠲᠡᠷᠢᠭᠦᠯᠡᠭᠴᠢ ᠲᠠᠪᠤᠨ ᠲᠣᠮᠣ ᠵᠠᠩᠵᠤᠨ ᠢ ᠠᠯᠠᠭᠰᠠᠨ ᠪᠠᠶᠢᠨ᠎ᠠ᠃ ᠮᠣᠩᠭᠣᠯᠴᠤᠳ ᠡᠨᠡ ᠢᠯᠠᠯᠲᠠ ᠶᠢᠨ ᠢᠶᠠᠨ ᠡᠷᠴᠢ ᠪᠡᠷ ᠮᠢᠩ ᠤᠯᠤᠰ ᠷᠤ ᠳᠣᠪᠲᠣᠯᠵᠤ᠂ ᠳᠠᠲ᠋ᠦᠶᠢᠨ ᠵᠡᠷᠭᠡ ᠮᠤᠵᠢᠭᠤᠳᠠ ᠶᠢ ᠨᠢ ᠴᠥᠯᠮᠥᠨ ᠰᠦᠢᠳᠬᠡᠵᠡᠢ᠃ ᠡᠭᠦᠨ ᠢ ᠰᠣᠨᠣᠰᠤᠭᠠᠳ ᠮᠢᠩ ᠤᠯᠤᠰ ᠤᠨ ᠬᠠᠭᠠᠨ ᠶᠦᠩᠯᠠ ᠥᠪᠡᠷ ᠦᠨ ᠪᠡᠶ᠎ᠡ ᠪᠡᠷ 500000 ᠴᠡᠷᠢᠭ ᠤᠳᠤᠷᠢᠳᠤᠨ ᠮᠣᠩᠭᠣᠯ ᠷᠤ ᠳᠣᠪᠲᠣᠯᠵᠠᠢ᠃ ᠮᠢᠩ ᠤᠯᠤᠰ ᠤᠨ ᠶᠡᠬᠡ ᠴᠡᠷᠢᠭ ᠢᠷᠡᠵᠦ ᠶᠠᠪᠤᠭ᠎ᠠ ᠲᠤᠬᠠᠢ ᠮᠡᠳᠡᠭᠡ ᠶᠢ ᠠᠪᠤᠭᠠᠳ ᠪᠤᠶᠠᠨᠰᠢᠷ ᠬᠠᠭᠠᠨ ᠪᠠᠷᠠᠭᠤᠨ ᠵᠦᠭ ᠷᠦᠦ ᠳᠣᠭᠣᠯᠠᠩ ᠲᠡᠮᠦᠷ ᠦᠨ ᠳᠡᠷᠭᠡᠳᠡ ᠣᠴᠢᠬᠤ ᠰᠠᠨᠠᠯ ᠲᠠᠯᠪᠢᠬᠤ ᠳᠤ ᠠᠷᠤᠭ ᠲᠠᠢ ᠲᠠᠶᠢᠰᠢ ᠲᠡᠭᠦᠨ ᠢ ᠡᠰᠡ ᠵᠥᠪᠰᠢᠶᠡᠷᠡᠴᠢ ᠮᠠᠷᠭᠤᠯᠳᠤᠭᠰᠠᠨ ᠲᠤᠯᠠ ᠠᠷᠤᠭ ᠲᠠᠢ ᠲᠠᠶᠢᠰᠢ ᠴᠡᠷᠢᠭ ᠢᠶᠡᠨ ᠠᠪᠴᠤ ᠵᠡᠭᠦᠨ ᠵᠦᠭ ᠷᠦᠦ ᠶᠠᠪᠤᠵᠠᠢ᠃ ᠪᠤᠶᠠᠨᠰᠢᠷ ᠬᠠᠭᠠᠨ ᠬᠡᠷᠡᠯᠦᠨ ᠮᠥᠷᠡᠨ ᠦ ᠣᠷᠴᠢᠮ ᠮᠢᠩ ᠤᠯᠤᠰ ᠤᠨ ᠴᠡᠷᠢᠭ ᠲᠡᠢ ᠲᠤᠯᠤᠯᠳᠤᠵᠤ ᠢᠯᠠᠭᠳᠠᠭᠠᠳ ᠪᠠᠷᠠᠭᠤᠨ ᠵᠦᠭ ᠷᠦᠦ ᠵᠤᠭᠠᠲᠠᠵᠠᠢ᠃ ᠲᠡᠭᠦᠨ ᠢ ᠳᠣᠭᠣᠯᠠᠩ ᠲᠡᠮᠦᠷ ᠦᠨ ᠵᠦᠭ ᠲᠤ ᠶᠠᠪᠤᠵᠤ ᠪᠠᠶᠢᠲᠠᠯ᠎ᠠ ᠨᠢ ᠪᠠᠲᠤᠯ ᠴᠢᠩᠰᠠᠩ ᠳᠣᠪᠲᠣᠯᠵᠤ ᠠᠯᠠᠭᠠᠳ ᠲᠠᠮᠠᠭ᠎ᠠ ᠶᠢ ᠨᠢ ᠣᠯᠵᠠᠯᠠᠨ ᠠᠪᠴᠤ᠂ ᠲᠡᠭᠦᠨ ᠦ ᠬᠦᠦ ᠳᠡᠯᠪᠡᠭᠡ ᠶᠢ ᠮᠣᠩᠭᠣᠯ ᠤᠨ ᠬᠠᠭᠠᠨ ᠳᠤ ᠡᠷᠭᠦᠮᠵᠢᠯᠡᠵᠡᠢ᠃ ᠠᠷᠤᠭ ᠲᠠᠢ ᠲᠠᠶᠢᠰᠢ ᠲᠡᠭᠦᠨ ᠦ ᠡᠰᠡᠷᠬᠦ ᠠᠳᠠᠢ ᠲᠠᠶᠢᠵᠢ ᠶᠢ ᠬᠠᠭᠠᠨ ᠳᠤ ᠡᠷᠭᠦᠮᠵᠢᠯᠡᠵᠦ ᠪᠠᠲᠤᠯ ᠴᠢᠩᠰᠠᠩ ᠲᠠᠢ ᠲᠡᠮᠡᠴᠡᠯᠳᠦᠬᠦ ᠪᠣᠯᠪᠠ᠃ ᠳᠡᠯᠪᠡᠭ ᠬᠠᠭᠠᠨ᠂ ᠪᠠᠲᠤᠯ ᠴᠢᠩᠰᠠᠩ ᠨᠠᠷ ᠲᠤᠭᠤᠯ ᠭᠣᠣᠯ ᠤᠨ ᠣᠷᠴᠢᠮ ᠮᠢᠩ ᠤᠯᠤᠰ ᠤᠨ ᠴᠡᠷᠢᠭ ᠲᠡᠢ ᠳᠠᠶᠢᠲᠤᠵᠤ ᠶᠡᠬᠡ ᠬᠣᠬᠢᠷᠠᠯ ᠠᠮᠰᠠᠭᠰᠠᠨ ᠪᠠᠶᠢᠨ᠎ᠠ᠃ ᠠᠳᠠᠢ ᠬᠠᠭᠠᠨ᠂ ᠠᠷᠤᠭ ᠲᠠᠢ ᠲᠠᠶᠢᠰᠢ ᠨᠠᠷ ᠡᠭᠦᠨ ᠢ ᠠᠰᠢᠭᠯᠠᠨ ᠣᠶᠢᠷᠠᠳ ᠷᠤ ᠳᠣᠪᠲᠣᠯᠵᠤ᠂ ᠪᠠᠲᠤᠯ ᠴᠢᠩᠰᠠᠩ ᠢ ᠠᠯᠠᠵᠤ᠂ ᠡᠬᠡᠨᠡᠷ᠂ ᠬᠡᠦᠬᠡᠳ᠂ ᠠᠯᠪᠠᠲᠤ᠂ ᠬᠥᠷᠥᠩᠭᠡ ᠶᠢ ᠨᠢ ᠣᠯᠵᠠᠯᠠᠨ ᠠᠪᠴᠠᠢ᠃ ᠪᠠᠲᠤᠯ ᠴᠢᠩᠰᠠᠨ ᠤ ᠬᠦᠦ ᠪᠠᠬᠠᠮᠤᠭ ᠠᠷᠤᠭ ᠲᠠᠢ ᠲᠠᠶᠢᠰᠢ ᠤᠷᠢᠳᠤ ᠪᠠᠲᠤᠯ ᠴᠢᠩᠰᠠᠩ ᠳᠤ ᠣᠯᠵᠠᠯᠠᠭᠳᠠᠵᠤ᠂ ᠠᠷᠭᠠᠨ ᠳᠣᠣᠷ᠎ᠠ ᠬᠥᠮᠦᠷᠢᠭᠦᠯᠵᠦ᠂ ᠠᠷᠤᠭ ᠲᠠᠢ ᠬᠡᠮᠡᠬᠦ ᠨᠡᠷ᠎ᠡ ᠠᠪᠤᠭᠰᠠᠨ ᠥᠰᠢᠶ᠎ᠡ ᠪᠡᠨ ᠠᠪᠴᠤ᠂ ᠲᠣᠭᠣᠭᠠᠨ ᠳᠣᠣᠷ᠎ᠠ ᠬᠥᠮᠦᠷᠢᠴᠢ ᠲᠣᠭᠣᠭᠠᠨ ᠬᠡᠮᠡᠬᠦ ᠨᠡᠷ᠎ᠡ ᠥᠭᠴᠡᠢ᠃ ᠤᠳᠠᠯ ᠦᠭᠡᠢ ᠠᠳᠠᠢ ᠬᠠᠭᠠᠨ ᠲᠣᠭᠣᠭᠠᠨ ᠤ ᠡᠬᠡ ᠰᠠᠮᠤᠷ ᠬᠠᠲᠤᠨ ᠤ ᠢᠳᠬᠠᠯᠭ᠎ᠠ ᠪᠠᠷ ᠲᠣᠭᠣᠭᠠᠨ ᠢ ᠰᠤᠯᠠᠯᠠᠵᠤ᠂ ᠣᠶᠢᠷᠠᠳ ᠷᠤ ᠪᠤᠴᠠᠭᠠᠴᠠᠢ᠃ ᠲᠣᠭᠣᠭᠠᠨ ᠣᠶᠢᠷᠠᠳ ᠲᠤ ᠣᠴᠢᠭᠠᠳ ᠡᠴᠢᠭᠡ ᠶᠢᠨ ᠢᠶᠡᠨ ᠰᠠᠭᠤᠷᠢ ᠶᠢ ᠵᠠᠯᠭᠠᠮᠵᠢᠯᠠᠵᠤ᠂ ᠤᠯᠠᠮ ᠢᠶᠠᠷ ᠪᠦᠬᠦ ᠣᠶᠢᠷᠠᠳ ᠢ ᠨᠢᠭᠡᠳᠬᠡᠵᠡᠢ᠃ ᠮᠥᠨ ᠴᠢᠩᠭᠢᠰ ᠬᠠᠭᠠᠨ ᠤ ᠤᠭᠰᠠᠭᠠᠨ ᠤ ᠲᠣᠳᠣᠪᠤᠬ᠎ᠠ ᠶᠢ ᠲᠠᠶᠢᠰᠤᠩ ᠴᠣᠯᠠᠲᠠᠢ ᠪᠠᠷ ᠮᠣᠩᠭᠣᠯ ᠤᠨ ᠬᠠᠭᠠᠨ ᠳᠤ ᠡᠷᠭᠦᠮᠵᠢᠯᠡᠭᠰᠡᠨ ᠲᠤᠯᠠ ᠠᠳᠠᠢ ᠬᠠᠭᠠᠨ᠂ ᠠᠷᠤᠭ ᠲᠠᠢ ᠲᠠᠶᠢᠰᠢ ᠨᠠᠷ ᠤᠨ ᠡᠵᠡᠮᠰᠢᠯ ᠡᠴᠡ ᠪᠤᠰᠤᠳ ᠮᠣᠩᠭᠣᠯ ᠤᠨ ᠭᠠᠵᠠᠷ ᠨᠤᠲᠤᠭ ᠲᠣᠭᠣᠭᠠᠨ ᠲᠠᠶᠢᠰᠢ ᠶᠢᠨ ᠵᠠᠬᠢᠷᠭᠠᠨ ᠳᠤ ᠣᠷᠣᠵᠠᠢ᠃ ᠠᠳᠠᠢ ᠬᠠᠭᠠᠨ᠂ ᠠᠷᠤᠭ ᠲᠠᠢ ᠲᠠᠶᠢᠰᠢ ᠨᠠᠷ ᠲᠠᠶᠢᠰᠤᠩ ᠬᠠᠭᠠᠨ᠂ ᠲᠣᠭᠣᠭᠠᠨ ᠲᠠᠶᠢᠰᠢ ᠨᠠᠷᠠᠲᠠᠢ ᠲᠡᠮᠡᠴᠡᠯᠳᠦᠭᠰᠡᠭᠡᠷ ᠪᠠᠶᠢᠭᠰᠠᠨ ᠪᠥᠭᠡᠳ ᠡᠩ ᠲᠡᠮᠡᠴᠡᠯ ᠦᠨ ᠶᠠᠪᠤᠴᠠ ᠳᠤ ᠠᠷᠤᠭ ᠲᠠᠢ ᠲᠠᠶᠢᠰᠢ ᠥᠪᠡᠷ ᠦᠨ ᠬᠦ ᠶᠢᠨ ᠬᠠᠮᠲᠤ ᠲᠣᠭᠣᠭᠠᠨ ᠲᠠᠶᠢᠰᠢ ᠳᠤ ᠠᠯᠠᠭᠳᠠᠭᠰᠠᠨ ᠶᠤᠮ᠃ ᠠᠷᠤᠭ ᠲᠠᠢ ᠲᠠᠶᠢᠰᠢ ᠶᠢᠨ ᠬᠠᠷᠢᠶᠠᠲᠤ ᠠᠯᠪᠠᠲᠤ ᠨᠤᠭᠤᠳ ᠢ ᠣᠶᠢᠷᠠᠳ ᠤᠳ ᠬᠣᠭᠣᠷᠣᠨᠳᠣ ᠪᠠᠨ ᠬᠤᠪᠢᠶᠠᠵᠤ ᠠᠪᠤᠭᠰᠠᠨ ᠪᠠ ᠠᠷᠤᠭ ᠲᠠᠢ ᠲᠠᠶᠢᠰᠢ ᠶᠢᠨ ᠵᠠᠷᠢᠮ ᠠᠯᠪᠠᠲᠤ ᠨᠤᠭᠤᠳ ᠨᠢ ᠠᠷᠤᠭ ᠲᠠᠢ ᠲᠠᠶᠢᠰᠢ ᠶᠢᠨ ᠨᠢᠭᠡ ᠬᠦᠦᠭᠡᠷ᠎ᠡ ᠤᠳᠤᠷᠢᠳᠤᠭᠤᠯᠤᠨ ᠪᠠᠷᠠᠭᠤᠨ ᠵᠦᠭ ᠷᠦᠦ ᠨᠡᠭᠦᠵᠦ᠂ ᠳᠣᠭᠣᠯᠠᠩ ᠲᠡᠮᠦᠷ ᠦᠨ ᠤᠯᠤᠰ ᠲᠤ ᠣᠴᠢᠵᠤ ᠰᠠᠭᠤᠴᠠᠢ᠃ ᠠᠳᠠᠢ ᠬᠠᠭᠠᠨ ᠳᠣᠷᠣᠵᠤᠪᠠᠢ ᠴᠢᠩᠰᠠᠨ ᠤ ᠬᠠᠮᠲᠤ ᠣᠶᠢᠷᠠᠳ ᠤᠳ ᠲᠠᠢ ᠲᠡᠮᠡᠴᠡᠯᠳᠦᠭᠰᠡᠭᠡᠷ ᠪᠠᠶᠢᠭᠰᠠᠨ ᠪᠠ ᠤᠯᠠᠮ ᠢᠶᠠᠷ ᠮᠢᠩ ᠤᠯᠤᠰ᠂ ᠣᠶᠢᠷᠠᠳ ᠤᠨ ᠬᠠᠮᠲᠤᠷᠠᠭᠰᠠᠨ ᠴᠡᠷᠢᠭ ᠲᠦ ᠢᠯᠠᠭᠳᠠᠵᠤ ᠠᠯᠠᠭᠳᠠᠵᠠᠢ᠃ ᠲᠣᠭᠣᠭᠠᠨ ᠲᠠᠶᠢᠰᠢ ᠨᠠᠰᠤ ᠪᠠᠷᠠᠭᠰᠠᠨ ᠤ ᠳᠠᠷᠠᠭ᠎ᠠ ᠲᠡᠭᠦᠨ ᠦ ᠬᠦᠦ ᠡᠰᠡᠨ ᠲᠠᠶᠢᠱᠢ ᠶᠢᠨ ᠰᠠᠭᠤᠷᠢᠨ ᠳᠤ ᠰᠠᠭᠤᠵᠤ᠂ ᠪᠦᠬᠦ ᠮᠣᠩᠭᠣᠯ ᠢ ᠲᠠᠶᠢᠰᠤᠩ ᠬᠠᠭᠠᠨ ᠤ ᠮᠠᠩᠯᠠᠶᠢᠯᠠᠯ ᠳᠣᠣᠷ᠎ᠠ ᠨᠢᠭᠡᠳᠬᠡᠪᠡ᠃ ᠭᠡᠪᠡᠴᠦ 1450 ᠍ ᠊ᠭᠠᠳ ᠣᠨ ᠠᠴᠠ ᠨᠢᠭᠡᠳᠦᠭᠰᠡᠨ ᠮᠣᠩᠭᠣᠯ ᠤᠯᠤᠰ ᠳᠣᠲᠣᠭᠠᠳᠤ ᠶᠢᠨ ᠬᠢᠮᠤᠷᠠᠯ ᠳᠤ ᠠᠪᠲᠠᠭᠳᠠᠵᠤ᠂ ᠲᠠᠶᠢᠰᠤᠩ ᠬᠠᠭᠠᠨ᠂ ᠡᠰᠡᠨ ᠲᠠᠶᠢᠱᠢ ᠵᠡᠷᠭᠡ ᠲᠥᠷᠥ ᠶᠢᠨ ᠲᠣᠮᠣ ᠵᠢᠳᠬᠦᠯᠲᠡᠨ ᠨᠦᠭᠦᠳ ᠪᠦᠭᠦᠳᠡ ᠠᠯᠠᠭᠳᠠᠪᠠ᠃ ᠡᠨᠡ ᠬᠢᠮᠤᠷᠠᠯ ᠤᠨ ᠤᠯᠠᠮ ᠠᠴᠠ ᠣᠶᠢᠷᠠᠳ ᠤᠨ ᠨᠢᠭᠡᠳᠦᠯ ᠰᠤᠯᠠᠷᠠᠵᠤ᠂ ᠬᠡᠳᠦᠨ ᠬᠡᠰᠡᠭ ᠪᠣᠯᠤᠨ ᠵᠠᠳᠠᠷᠠᠵᠠᠢ᠃ ᠡᠨᠡ ᠦᠶ᠎ᠡ ᠳᠦ ᠠᠰᠤᠳ ᠠᠶᠢᠮᠠᠭ ᠣᠶᠢᠷᠠᠳ ᠤᠨ ᠪᠦᠷᠢᠯᠳᠦᠬᠦᠨ ᠳᠦ ᠪᠠᠶᠢᠵᠤ ᠪᠠᠶᠢᠭᠠᠳ ᠤᠯᠠᠮ ᠢᠶᠠᠷ ᠵᠡᠭᠦᠨ ᠮᠣᠩᠭᠣᠯ ᠤᠨ ᠵᠠᠬᠢᠷᠭᠠᠨ ᠳᠤ ᠣᠷᠣᠵᠠᠢ᠃ 1480 ᠣᠨ ᠳᠤ ᠪᠠᠲᠤᠮᠦ᠋ᠩᠬᠡ ᠳᠠᠶᠠᠩ ᠬᠠᠭᠠᠨ ᠮᠣᠩᠭᠣᠯᠴᠤᠳ ᠢ ᠵᠠᠬᠢᠷᠬᠤ ᠪᠣᠯᠤᠭᠰᠠᠨ ᠦᠶᠡᠰ ᠬᠣᠶᠢᠰᠢ ᠠᠰᠤᠳ ᠤᠳ ᠭᠣᠪᠢ ᠶᠢᠨ ᠡᠮᠦᠨᠡᠬᠢ ᠮᠣᠩᠭᠣᠯᠴᠤᠳ ᠤᠨ ᠳᠣᠲᠣᠷ᠎ᠠ ᠪᠠᠭᠠᠳᠬᠤ ᠪᠣᠯᠵᠠᠢ᠃

XVI-XVIII ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

Xᠵᠢᠷᠭᠤᠳᠤᠭᠠᠷ ᠵᠠᠭᠤᠨ ᠤ ᠦᠶ᠎ᠡ ᠳᠦ ᠠᠰᠤᠳ ᠤᠳ ᠪᠠᠲᠤᠮᠦ᠋ᠩᠬᠡ ᠳᠠᠶᠠᠩ ᠬᠠᠭᠠᠨ ᠤ ᠤᠳᠤᠮ ᠤᠨ ᠨᠣᠶᠠᠳ ᠢᠶᠠᠷ ᠤᠳᠤᠷᠢᠳᠤᠭᠤᠯᠬᠤ ᠪᠣᠯᠵᠠᠢ᠃ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠭᠣᠪᠢ ᠶᠢᠨ ᠡᠮᠦᠨᠡᠬᠢ ᠮᠣᠩᠭᠣᠯᠴᠤᠳ ᠮᠠᠨᠵᠤ ᠳᠤ ᠳᠠᠭᠠᠷ᠎ᠠ ᠣᠷᠣᠬᠤ ᠳᠤ ᠠᠰᠤᠳ ᠤᠳ ᠮᠥᠨ ᠮᠠᠨᠵᠤ ᠳᠤ ᠳᠠᠭᠠᠷ᠎ᠠ ᠤᠷᠤᠪᠠ᠃ XVIII ᠵᠠᠭᠤᠨ ᠤ ᠲᠤᠷᠰᠢᠳᠠ ᠠᠰᠤᠳ ᠤᠳ ᠮᠠᠨᠵᠤ ᠶᠢᠨ ᠵᠠᠬᠢᠷᠭᠠᠨ ᠳᠤ ᠪᠠᠶᠢᠭᠰᠠᠨ ᠶᠤᠮ᠃

19 ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

19 ᠵᠠᠭᠤᠨ ᠤ ᠦᠶ᠎ᠡ ᠳᠦ ᠥᠪᠥᠷ ᠮᠣᠩᠭᠣᠯ ᠳᠤ ᠬᠢᠲᠠᠳ᠂ ᠶᠠᠫᠣᠨ᠂ ᠠᠩᠭᠯᠢ᠂ ᠹᠷᠠᠨᠼᠢ᠂ ᠠᠮᠧᠷᠢᠺᠠ ᠶᠢᠨ ᠨᠢᠭᠡᠳᠦᠭᠰᠡᠨ ᠤᠯᠤᠰ᠂ ᠣᠷᠣᠰ ᠵᠡᠷᠭᠡ ᠭᠠᠳᠠᠭᠠᠳᠤ ᠶᠢᠨ ᠤᠯᠤᠰ ᠤᠳ ᠤᠨ ᠨᠥᠯᠥᠭᠡ ᠬᠦᠴᠦᠲᠡᠢ ᠪᠣᠯᠵᠠᠢ᠃ ᠢᠯᠠᠩᠭᠤᠢᠶ᠎ᠠ ᠬᠢᠲᠠᠳ ᠲᠠᠷᠢᠶᠠᠴᠢᠳ ᠣᠯᠠᠨ ᠢᠶᠠᠷ ᠢᠶᠠᠨ ᠥᠪᠥᠷ ᠮᠣᠩᠭᠣᠯ ᠳᠤ ᠣᠷᠣᠵᠤ ᠢᠷᠡᠵᠦ ᠰᠠᠭᠤᠬᠤ ᠪᠣᠯᠪᠠ᠃ ᠮᠠᠨᠵᠤ ᠶᠢᠨ 《ᠰᠢᠨ᠎ᠡ ᠵᠠᠰᠠᠭ ᠤᠨ ᠪᠣᠳᠣᠯᠭ᠎ᠠ》 ᠶᠠᠪᠤᠭᠳᠠᠬᠤ ᠪᠣᠯᠤᠭᠰᠠᠨ ᠠᠴᠠ ᠬᠣᠶᠢᠰᠢ ᠡᠨᠡ ᠶᠠᠪᠤᠳᠠᠯ ᠤᠯᠠᠮ ᠡᠷᠴᠢᠮᠵᠢᠪᠡ᠃ ᠡᠨᠡ ᠶᠠᠪᠤᠳᠠᠯ ᠤᠨ ᠡᠰᠡᠷᠬᠦ ᠥᠪᠥᠷ ᠮᠣᠩᠭᠣᠯᠴᠤᠳ ᠣᠯᠠᠨ ᠤᠳᠠᠭ᠎ᠠ ᠪᠣᠰᠤᠯᠭ᠎ᠠ ᠭᠠᠷᠭᠠᠵᠤ ᠪᠠᠶᠢᠴᠠᠢ᠃ ᠠᠰᠤᠳ ᠤᠳ ᠴᠤ ᠮᠥᠨ ᠪᠣᠰᠤᠯᠭ᠎ᠠ ᠭᠠᠷᠭᠠᠵᠤ ᠪᠠᠶᠢᠪᠠ᠃

ᠠᠷᠪᠠᠨ ᠲᠠᠪᠤᠳᠤᠭᠠᠷ ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

1912 ᠣᠨ ᠳᠤ ᠮᠠᠨᠵᠤ ᠴᠢᠨ ᠤᠯᠤᠰ ᠮᠥᠬᠥᠵᠦ᠂ ᠳᠤᠮᠳᠠᠳᠤ ᠢᠷᠭᠡᠨ ᠤᠯᠤᠰ ᠪᠠᠭᠤᠯᠤᠭᠳᠠᠪᠠ᠃ 1911 ᠣᠨ ᠳᠤ ᠣᠯᠠᠨ᠎ᠠ ᠡᠷᠭᠦᠭᠳᠡᠭᠰᠡᠨ ᠮᠣᠩᠭᠣᠯ ᠤᠯᠤᠰ ᠪᠠᠶᠢᠭᠤᠯᠤᠭᠳᠠᠵᠤ᠂ ᠥᠪᠥᠷ ᠮᠣᠩᠭᠣᠯ ᠢ ᠥᠪᠡᠷᠲᠡᠭᠡᠨ ᠨᠢᠭᠡᠳᠬᠡᠬᠦ ᠶᠢᠨ ᠲᠤᠯᠠᠳᠠ ᠣᠯᠠᠨ ᠲᠠᠯ᠎ᠠ ᠶᠢᠨ ᠣᠷᠣᠯᠳᠤᠯᠭ᠎ᠠ ᠬᠢᠬᠦ ᠪᠣᠯᠤᠯ᠎ᠠ᠃ ᠳᠤᠮᠳᠠᠳᠤ ᠢᠷᠭᠡᠨ ᠤᠯᠤᠰ ᠥᠪᠥᠷ ᠮᠣᠩᠭᠣᠯ ᠢ ᠵᠠᠬᠢᠷᠭᠠᠨ ᠳᠤ ᠪᠠᠨ ᠪᠠᠷᠢᠵᠤ ᠪᠠᠶᠢᠬᠤ᠂ ᠮᠣᠩᠭᠣᠯ ᠤᠯᠤᠰ ᠢ ᠥᠪᠡᠷᠲᠡᠭᠡᠨ ᠨᠢᠭᠡᠳᠬᠡᠬᠦ ᠪᠣᠳᠣᠯᠭ᠎ᠠ ᠶᠠᠪᠤᠭᠤᠯᠬᠤ ᠪᠣᠯᠪᠠ᠃ 1912 ᠣᠨ ᠳᠤ ᠮᠣᠩᠭᠣᠯ ᠤᠯᠤᠰ ᠤᠨ ᠲᠠᠪᠤᠨ ᠵᠠᠮ ᠤᠨ ᠶᠡᠬᠡ ᠴᠡᠷᠢᠭ ᠥᠪᠥᠷ ᠮᠣᠩᠭᠣᠯ ᠳᠤ ᠳᠠᠪᠰᠢᠨ ᠣᠷᠣᠵᠤ᠂ ᠬᠢᠲᠠᠳ ᠤᠨ ᠴᠡᠷᠢᠭ ᠦᠳ ᠲᠡᠢ ᠲᠤᠯᠤᠯᠳᠤᠵᠤ ᠡᠬᠢᠯᠡᠪᠡ᠃ ᠥᠪᠥᠷ ᠮᠣᠩᠭᠣᠯᠴᠤᠳ ᠮᠣᠩᠭᠣᠯ ᠤᠨ ᠴᠡᠷᠢᠭ ᠢ ᠡᠯᠳᠡᠪ ᠢᠶᠡᠷ ᠳᠡᠮᠵᠢᠵᠦ᠂ ᠥᠪᠡᠷᠰᠡᠳ ᠢᠶᠡᠨ ᠴᠡᠷᠢᠭ ᠲᠦ ᠡᠯᠰᠡᠬᠦ ᠨᠢ ᠤᠯᠠᠮ ᠶᠡᠬᠡ ᠪᠣᠯᠤᠭᠰᠠᠭᠠᠷ ᠪᠠᠶᠢᠪᠠ᠃ ᠭᠡᠪᠡᠴᠦ ᠣᠷᠣᠰ ᠤᠯᠤᠰ ᠮᠣᠩᠭᠣᠯ ᠳᠤ ᠰᠢᠬᠠᠯᠲᠠ ᠦᠵᠡᠭᠦᠯᠦᠭᠰᠡᠨ ᠲᠤᠯᠠ ᠮᠣᠩᠭᠣᠯ ᠤᠯᠤᠰ ᠴᠡᠷᠢᠭ ᠢᠶᠡᠨ ᠪᠤᠴᠠᠭᠠᠵᠤ ᠲᠠᠲᠠᠵᠠᠢ᠃ ᠲᠡᠭᠦᠨ ᠦ ᠳᠠᠷᠠᠭ᠎ᠠ ᠥᠪᠥᠷ ᠮᠣᠩᠭᠣᠯ ᠳᠤ ᠪᠣᠰᠤᠯᠭ᠎ᠠ ᠬᠥᠳᠡᠯᠭᠡᠭᠡᠨ ᠭᠠᠷᠤᠭᠰᠠᠭᠠᠷ ᠪᠠᠶᠢᠪᠠ᠃ 1930 ᠍ ᠊ᠭᠠᠳ ᠣᠨ ᠳᠤ ᠶᠠᠫᠣᠨ ᠤ ᠴᠡᠷᠢᠭ ᠥᠪᠥᠷ ᠮᠣᠩᠭᠣᠯ ᠢ ᠡᠵᠡᠯᠡᠵᠦ᠂ ᠵᠠᠬᠢᠷᠭᠠᠨ ᠳᠤ ᠪᠠᠨ ᠣᠷᠣᠭᠤᠯᠤᠨ ᠮᠠᠨᠵᠢᠭᠣ ᠤᠯᠤᠰ ᠢ ᠪᠠᠶᠢᠭᠤᠯᠵᠠᠢ᠃ ᠮᠠᠨᠵᠢᠭᠣ ᠤᠯᠤᠰ ᠤᠨ ᠮᠣᠷᠢᠨ ᠴᠡᠷᠢᠭ ᠨᠢ ᠮᠠᠨᠵᠤ᠂ ᠮᠣᠩᠭᠣᠯ ᠴᠡᠷᠢᠭ ᠦᠳ ᠪᠠᠶᠢᠪᠠ᠃ 1945 ᠣᠨ ᠳᠤ ᠶᠠᠫᠣᠨ ᠤᠯᠤᠰ ᠳᠡᠯᠡᠬᠡᠢ ᠶᠢᠨ II ᠳᠠᠶᠢᠨ ᠳᠤ ᠢᠯᠠᠭᠳᠠᠭᠰᠠᠨ ᠤ ᠳᠠᠷᠠᠭ᠎ᠠ ᠥᠪᠥᠷ ᠮᠣᠩᠭᠣᠯᠴᠤᠳ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠬᠢᠷᠭᠠᠨ ᠳᠤ ᠣᠷᠣᠵᠠᠢ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠥᠪᠡᠷ ᠦᠨ ᠵᠠᠬᠢᠷᠭᠠᠨ ᠳᠠᠬᠢ ᠴᠥᠭᠡᠨ ᠲᠣᠭᠠᠲᠤ ᠦᠨᠳᠦᠰᠦᠲᠡᠨ ᠨᠦᠭᠦᠳ ᠢ ᠠᠶᠢᠮᠠᠭᠯᠠᠨ ᠤᠰᠠᠳᠬᠠᠬᠤ ᠪᠣᠳᠣᠯᠭ᠎ᠠ ᠶᠠᠪᠤᠭᠤᠯᠤᠭᠰᠠᠨ ᠠᠴᠠ ᠪᠣᠯᠵᠤ᠂ 2 ᠰᠠᠶ᠎ᠠ ᠭᠠᠷᠤᠢ ᠥᠪᠥᠷ ᠮᠣᠩᠭᠣᠯᠴᠤᠳ ᠠᠯᠠᠭᠳᠠᠵᠠᠢ᠃ 1960 ᠍ ᠊ᠭᠠᠳ ᠣᠨ ᠳᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠵᠠᠢ᠃

ᠣᠳᠣ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠰᠤᠳ ᠤᠳ ᠣᠳᠣ ᠦᠶ᠎ᠡ ᠳᠦ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠤ ᠰᠠᠭᠤᠳᠠᠭ᠃

http://wiki.uhaan.com/index.php?title=ᠠᠰᠤᠳ&oldid=400903》 ᠍  ᠡᠴᠡ ᠠᠪᠤᠭᠰᠠᠨ

ᠪᠢᠴᠢᠭᠡᠰᠦ