ᠠᠰᠤᠨ ᠤ ᠳᠠᠯᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠰᠤᠨ ᠨᠢ ᠶᠥᠭᠢᠫ ᠲᠤ ᠤᠯᠤᠰ ᠤᠨ ᠨᠢᠯ ᠮᠥᠷᠡᠨ ᠳᠦ ᠤᠷᠤᠰᠢᠬᠤ ᠠᠩᠬᠠᠨ ᠤ ᠳᠠᠯᠠᠩᠭ᠎ᠠ ᠶᠢᠨ ᠳᠡᠷᠭᠡᠳᠡᠬᠢ ᠳᠡᠭᠡᠷ᠎ᠡ ᠤᠷᠤᠰᠢᠬᠤ ᠬᠣᠲᠠ ᠶᠤᠮ᠃ ᠭᠣᠣᠯ ᠢ ᠬᠥᠨᠳᠡᠯᠡᠨ ᠬᠠᠭᠠᠭᠰᠠᠨ ᠰᠢᠨ᠎ᠡ ᠠᠰᠤᠨ ᠥᠨᠳᠥᠷ ᠳᠠᠯᠠᠨ ᠪᠠ ᠬᠠᠭᠤᠴᠢᠨ ᠠᠰᠤᠨ ᠨᠠᠮ ᠳᠠᠯᠠᠨ ᠭᠡᠵᠦ ᠬᠣᠶᠠᠷ ᠳᠠᠯᠠᠨ ᠪᠠᠶᠢᠳᠠᠭ᠃ ᠵᠢᠯ ᠪᠣᠯᠭᠠᠨ ᠤ ᠵᠤᠨ ᠵᠡᠭᠦᠨ ᠠᠹᠷᠢᠺᠠ ᠠᠴᠠ ᠤᠰᠤ ᠴᠢᠳᠬᠤᠨ ᠢᠷᠡᠵᠦ ᠦᠶᠡᠷᠯᠡᠳᠡᠭ ᠪᠠᠶᠢᠪᠠ᠃ ᠡᠳᠡᠭᠡᠷ ᠦᠶᠡᠷ ᠦᠳ ᠨᠢ ᠰᠢᠮ᠎ᠡ ᠲᠡᠵᠢᠭᠡᠯ ᠲᠡᠢ ᠮᠢᠨᠧᠷᠢᠠᠯᠯᠢᠭ ᠪᠣᠳᠠᠰ ᠢ ᠨᠢᠯ ᠦᠨ ᠬᠥᠨᠳᠡᠢ ᠳᠤ ᠠᠪᠴᠢᠷᠠᠵᠤ ᠠᠵᠤ ᠠᠬᠤᠢ ᠳᠤ ᠲᠣᠬᠢᠷᠠᠮᠵᠢᠲᠠᠢ ᠬᠥᠷᠦᠰ ᠢ ᠪᠤᠢ ᠪᠣᠯᠭᠠᠭᠰᠠᠨ᠃ ᠭᠣᠣᠯ ᠤᠨ ᠳᠠᠭᠠᠭᠤᠬᠢ ᠬᠦᠮᠦᠨ ᠠᠮᠠ ᠥᠰᠬᠦ ᠶᠢᠨ ᠬᠢᠷᠢ ᠪᠡᠷ ᠬᠥᠪᠥᠩ ᠳᠠᠪᠤᠤᠨ ᠲᠠᠷᠢᠶᠠᠯᠠᠩ ᠪᠣᠯᠤᠨ ᠠᠵᠤ ᠠᠬᠤᠢ ᠶᠢ ᠪᠠᠨ ᠦᠶᠡᠷ ᠦᠨ ᠤᠰᠤᠨ ᠠᠴᠠ ᠬᠠᠮᠠᠭᠠᠯᠠᠬᠤ ᠶᠢᠨ ᠲᠤᠯᠠᠳᠠ ᠦᠶᠡᠷ ᠦᠨ ᠤᠰᠤ ᠶᠢ ᠤᠳᠤᠷᠢᠳᠬᠤ ᠬᠡᠷᠡᠭᠲᠡᠢ ᠪᠣᠯᠤᠭᠰᠠᠨ᠃ ᠶᠡᠬᠡ ᠤᠰᠤ ᠲᠠᠢ ᠵᠢᠯ ᠤᠨᠳ ᠲᠤ ᠪᠦᠬᠦᠢ ᠯᠠ ᠤᠷᠭᠤᠴᠠ ᠪᠠᠨ ᠠᠯᠳᠠᠬᠤ᠂ ᠬᠠᠷᠢᠨ ᠪᠠᠭ᠎ᠠ ᠤᠰᠤ ᠲᠠᠢ ᠵᠢᠯ ᠤᠨᠳ ᠲᠤ ᠣᠯᠠᠨ ᠢ ᠬᠠᠮᠤᠷᠤᠭᠰᠠᠨ ᠥᠯᠥᠰᠬᠦᠯᠡᠩ ᠭᠠᠨ ᠭᠠᠴᠢᠭ ᠲᠣᠬᠢᠶᠠᠳᠠᠭ ᠪᠠᠶᠢᠪᠠ᠃ ᠡᠨᠡ ᠤᠰᠤᠨ ᠤ ᠰᠠᠩ ᠤᠨ ᠲᠥᠰᠥᠯ ᠨᠢ ᠦᠶᠡᠷ ᠦᠨ ᠠᠶᠤᠯ ᠢ ᠠᠷᠢᠯᠭᠠᠬᠤ᠂ ᠴᠠᠬᠢᠯᠭᠠᠨ ᠡᠷᠴᠢᠮ ᠬᠦᠴᠦ ᠦᠢᠯᠡᠳᠪᠦᠷᠢᠯᠡᠬᠦ᠂ ᠬᠥᠳᠡᠭᠡ ᠠᠵᠤ ᠠᠬᠤᠢ ᠶᠢ ᠤᠰᠤ ᠪᠠᠷ ᠬᠠᠩᠭᠠᠬᠤ ᠵᠣᠷᠢᠯᠭ᠎ᠠ ᠲᠠᠢ᠃ml:അസ്വാന്‍ അണക്കെട്ട്

ᠪᠢᠴᠢᠭᠡᠰᠦ