ᠠᠰᠠᠮᠤᠠ ᠭᠠᠶᠠᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠰᠠᠮᠤᠠ ᠭᠠᠶᠠᠩ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠠᠰᠠᠮᠤᠠ ᠭᠠᠶᠠᠩ ᠷᠧᠨ ᠪᠠᠭ ᠲᠤ᠂ 2008 ᠣᠨ᠃
ᠬᠤᠪᠢ ᠶᠢᠨ ᠮᠡᠳᠡᠭᠡᠯᠡᠯ
ᠪᠦᠲᠦᠨ ᠨᠡᠷ᠎ᠡᠠᠰᠠᠮᠤᠠ ᠭᠠᠶᠠᠩ
ᠲᠦᠷᠦᠭᠰᠡᠨ ᠣᠩᠨᠠᠭ᠎ᠠ1985 ᠣᠨ ᠤ 11 ᠰᠠᠷ᠎ᠠ ᠶᠢᠨ 22 (1985-11-22) (33 ᠨᠠᠰᠣᠳᠠᠢ)
ᠲᠦᠷᠦᠭᠰᠡᠨ ᠭᠠᠵᠠᠷᠭᠠᠨᠠᠠᠺᠺᠷᠠ
ᠥᠨᠳᠥᠷ1.80
ᠪᠠᠶᠢᠷᠢᠯᠠᠯᠳᠣᠪᠲᠣᠯᠤᠭᠴᠢ
ᠪᠠᠭ ᠤᠨ ᠮᠡᠳᠡᠭᠡᠯᠡᠯ
ᠣᠳᠣ ᠶᠢᠨ ᠪᠠᠭᠠᠯᠢ ᠠᠶᠤᠨ
ᠳ᠋ᠤᠭᠠᠷ3
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
2003ᠯᠢᠪᠧᠷᠲᠤ16(10)
2003–2008ᠤᠳᠢᠨᠧᠽᠧ39(11)
2004–2006ᠮᠣᠳᠧᠨᠠ
(ᠵᠡᠭᠡᠯᠢ)
53(15)
2008–2010ᠷᠧᠨ48(14)
2010–2012ᠰᠠᠨᠳᠧᠷᠯᠧᠨᠳ34(10)
2011–2012ᠠᠯᠢ ᠠᠶᠤᠨ
(ᠵᠡᠭᠡᠯᠢ)
18(22)
2012–ᠠᠯᠢ ᠠᠶᠤᠨ47(59)
ᠰᠢᠭᠰᠢᠭᠡ ᠪᠠᠭ
2003–ᠭᠠᠨᠠ77(39)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃ ᠰᠡᠭᠦᠯ ᠳᠦ ᠰᠢᠨᠡᠴᠢᠯᠡᠭᠰᠡᠨ: 2014 ᠣᠨ ᠤ 5 ᠰᠠᠷ᠎ᠠ ᠶᠢᠨ 3.

† ᠭᠠᠷ ᠢᠶᠠᠨ (ᠭᠣᠣᠯ).

‡ ᠰᠢᠭᠰᠢᠭᠡ ᠪᠠᠭ ᠤᠨ ᠭᠠᠷ ᠢᠶᠠᠨ ᠪᠣᠯᠤᠨ ᠭᠣᠣᠯ ᠢ ᠰᠡᠭᠦᠯ ᠳᠦ ᠰᠢᠨᠡᠴᠢᠯᠡᠭᠰᠡᠨ: 2013 ᠣᠨ ᠤ 8 ᠰᠠᠷ᠎ᠠ ᠶᠢᠨ 14

ᠠᠰᠠᠮᠤᠠ ᠭᠠᠶᠠᠩ (ᠠᠩᠭᠯᠢ ᠪᠠᠷ Asamoah Gyan, 1985 ᠣᠨ ᠤ ᠠᠷᠪᠠᠨ ᠨᠢᠭᠡᠳᠦᠭᠡᠷ ᠰᠠᠷ᠎ᠠ ᠶᠢᠨ 15 ᠍ ᠳᠦ ᠲᠦᠷᠦᠭᠰᠡᠨ) ᠨᠢ ᠭᠠᠨ᠎ᠠ ᠶᠢᠨ ᠬᠥᠯ ᠪᠥᠮᠪᠥᠭᠡᠴᠢᠨ ᠪᠥᠭᠡᠳ ᠠᠩᠭᠯᠢ ᠍ ᠶᠢᠨ ᠫᠷᠧᠮᠢᠶᠧᠷ ᠯᠢᠭ ᠦᠨ ᠰᠠᠨᠳᠧᠷᠯᠡᠨ ᠳᠦ ᠪᠠᠭ ᠪᠣᠯᠤᠨ ᠭᠠᠨᠠ ᠶᠢᠨ ᠰᠢᠭᠰᠢᠭᠡ ᠪᠠᠭ ᠤᠨ ᠳᠣᠪᠲᠣᠯᠤᠭᠴᠢ ᠶᠤᠮ᠃ ᠤᠯᠤᠰ ᠤᠨ ᠢᠶᠠᠨ ᠨᠡᠶᠢᠰᠯᠡᠯ ᠠᠺᠺᠷᠠ ᠳᠠᠬᠢ ᠥᠰᠪᠦᠷᠢ ᠦᠶ᠎ᠡ ᠶᠢ ᠪᠡᠶ᠎ᠡ ᠶᠢᠨ ᠲᠠᠮᠢᠷ ᠍ ᠤᠨ ᠰᠤᠷᠭᠠᠭᠤᠯᠢ ᠳᠤ ᠬᠥᠩᠭᠡᠨ ᠠᠲᠯᠧᠲ᠋ᠢᠭ ᠢᠶᠠᠷ ᠬᠢᠴᠢᠶᠡᠯᠯᠡᠵᠦ ᠪᠠᠶᠢᠬᠤ ᠳᠤ ᠪᠠᠨ 100 ᠪᠣᠯᠤᠨ 200 ᠮᠧᠲ᠋ᠷᠡᠶᠢᠨ ᠵᠠᠢ ᠶᠢᠨ ᠤᠷᠤᠯᠳᠤᠳᠠᠭ ᠪᠠᠶᠢᠭᠰᠠᠨ ᠪᠠ 100 ᠮᠧᠲ᠋ᠷ ᠦᠨ ᠵᠠᠢ ᠶᠢ 9.81 ᠰᠧᠺᠦᠶᠢᠨᠳ᠋ᠡᠳ᠋ ᠲᠤᠭᠤᠯᠵᠤ ᠬᠤᠪᠢ ᠤᠨ ᠪᠣᠯᠤᠨ ᠤᠯᠤᠰ ᠤᠨ ᠰᠢᠭᠰᠢᠭᠡ ᠪᠠᠭ ᠤᠨ ᠳᠡᠭᠡᠳᠦ ᠠᠮᠵᠢᠯᠲᠠ ᠶᠢ ᠲᠣᠭᠲᠠᠭᠠᠵᠤ ᠪᠠᠶᠢᠭᠰᠠᠨ ᠭᠠᠶᠠᠩ 2003 ᠣᠨ ᠳᠤ ᠭᠠᠨᠠ ᠶᠢᠨ ᠬᠥᠯ ᠪᠥᠮᠪᠥᠭᠡ ᠶᠢᠨᠫᠷᠧᠮᠢᠶᠧᠷ ᠯᠢᠭ ᠦᠨ ᠯᠢᠪᠧᠷᠲᠤ ᠫᠷᠣᠹᠧᠱᠢᠤᠨᠠᠯᠠᠰ ᠪᠠᠭ ᠲᠤ ᠡᠯᠰᠡᠨ ᠣᠷᠣᠵᠤ ᠬᠥᠯ ᠪᠥᠮᠪᠥᠭᠡ ᠶᠢᠨᠰᠫᠣᠷᠲᠣᠳᠣ ᠡᠷᠭᠢᠯᠲᠡ ᠪᠤᠴᠠᠯ ᠦᠭᠡᠢ ᠪᠡᠷ ᠣᠷᠣᠵᠤ ᠪᠠᠶᠢᠪᠠ᠃

ᠺᠯᠥ᠋ᠪ ᠤᠨ ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠳᠢᠨᠧᠽᠧ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠧᠨ[ᠵᠠᠰᠠᠪᠤᠷᠢᠯᠠᠬᠤ | ᠺᠣᠳ᠋ ᠢᠶᠠᠷ ᠵᠠᠰᠠᠬᠣ]

2008 ᠣᠨ ᠤᠳᠣᠯᠣᠭ᠎ᠠ ᠳᠤᠭᠠᠷ ᠰᠠᠷ᠎ᠠ ᠶᠢᠨ 1 ᠍ ᠳᠦ ᠠᠰᠠᠮᠤᠠ ᠹᠷᠠᠨᠼᠢ ᠍ ᠤᠨ ᠳᠡᠭᠡᠳᠦ ᠯᠢᠭ ᠦᠨ ᠷᠧᠨ ᠪᠠᠭ ᠲᠤ 4 ᠵᠢᠯ ᠦᠨ ᠭᠡᠷ᠎ᠡ ᠶᠢ 8 ᠰᠠᠶ᠎ᠠ ᠧᠦ᠋ᠷᠣ ᠶᠢ ᠢᠶᠠᠷ ᠪᠠᠶᠢᠭᠤᠯᠤᠨ ᠡᠯᠰᠡᠵᠦ ᠪᠠᠶᠢᠪᠠ᠃[1][2] ᠭᠠᠶᠠᠩ ᠡᠨᠡ ᠪᠠᠭ ᠤᠨ ᠨᠡᠷ᠎ᠡ ᠶᠢᠨ ᠡᠮᠦᠨ᠎ᠡ ᠡᠴᠡ 48 ᠤᠳᠠᠭ᠎ᠠ ᠭᠠᠷᠠᠭᠠᠨ ᠳᠤ ᠭᠠᠷᠴᠤ 14 ᠭᠣᠣᠯ ᠣᠷᠣᠭᠤᠯᠵᠠᠢ᠃

ᠰᠠᠨᠳᠧᠷᠯᠡᠨ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠣᠨ ᠤ ᠨᠠᠶᠢᠮᠠᠳᠤᠭᠠᠷ ᠰᠠᠷ᠎ᠠ ᠶᠢᠨ 31 ᠍ ᠳᠦ ᠭᠠᠶᠠᠩ ᠰᠠᠨᠳᠧᠷᠯᠡᠨ ᠳᠦ ᠪᠠᠭ ᠲᠠᠢ ᠳᠥᠷᠪᠡᠨ ᠵᠢᠯ ᠦᠨ ᠭᠡᠷ᠎ᠡ ᠶᠢ ᠪᠠᠶᠢᠭᠤᠯᠤᠭᠰᠠᠨ ᠪᠠ ᠢᠩᠭᠦᠬᠦ ᠳᠦ ᠪᠡᠨ ᠪᠠᠭ ᠤᠨ ᠲᠡᠦᠬᠡᠨ ᠳᠦ ᠲᠣᠳᠲ᠋ᠧᠨᠭᠡᠮ ᠬᠣᠲᠠᠰᠫᠦ᠋ᠷ ᠪᠠᠭ᠎ᠠ ᠠᠴᠠ ᠬᠤᠳᠠᠯᠳᠤᠭᠳᠠᠨ ᠢᠷᠡᠵᠦ ᠪᠠᠶᠢᠭᠰᠠᠨ ᠳᠣᠪᠲᠣᠯᠤᠭᠴᠢ ᠳᠠᠷᠤᠷᠧᠨ ᠪᠧᠨ᠋ᠲᠡᠶᠢᠨ ᠦᠨ᠎ᠡ ᠶᠢ ᠳᠠᠪᠠᠵᠤ 13 ᠰᠠᠶ᠎ᠠ ᠹᠦᠨᠲ ᠰᠲ᠋ᠧᠷᠯᠢᠨ ᠢᠡᠶᠢᠨ ᠦᠨ᠎ᠡ ᠳᠦ ᠬᠦᠷᠦᠭᠰᠡᠨ ᠶᠤᠮ᠃[3] ᠭᠠᠶᠠᠩ ᠲᠤᠰ ᠪᠠᠭ ᠲᠤ 33 ᠳ᠋ᠤᠭᠠᠷ ᠤᠨ ᠥᠰᠬᠡᠯᠲᠡᠢ ᠪᠡᠷ ᠠᠩᠬᠠᠨ ᠤ ᠭᠠᠷᠤᠭ᠎ᠠ ᠪᠠᠨ 2010 ᠣᠨ ᠤ ᠶᠢᠰᠦᠳᠦᠭᠡᠷ ᠰᠠᠷ᠎ᠠ ᠶᠢᠨ 11 ᠍ ᠳᠦ 1-1 ᠬᠠᠷᠢᠴᠠᠭ᠎ᠠ ᠪᠠᠷ ᠤᠤᠭᠠᠨ ᠠᠲᠯᠧᠲ᠋ᠢᠭ ᠪᠠᠭ ᠲᠠᠢ ᠲᠡᠩᠴᠡᠭᠰᠡᠨ ᠲᠣᠭᠯᠠᠯᠲᠠᠨ ᠳᠤ ᠬᠢᠵᠦ ᠪᠠᠶᠢᠪᠠ᠃[4] ᠰᠠᠨᠳᠧᠷᠯᠡᠨ ᠳᠦ ᠳ᠋ᠡᠬᠢ ᠠᠩᠬᠠᠨ ᠤ ᠭᠣᠣᠯᠠᠭ᠎ᠠ ᠯᠢᠭ ᠦᠨ ᠴᠣᠮᠣ ᠶᠢᠨ 2010 ᠣᠨ ᠤ ᠶᠢᠰᠦᠳᠦᠭᠡᠷ ᠰᠠᠷ᠎ᠠ ᠶᠢᠨ 21 ᠍ ᠳᠦ ᠸᠧᠰᠲ ᠬᠡᠮ ᠶᠤᠨ ᠠᠲ᠋ᠧᠳ ᠪᠠᠭ ᠲᠠᠢ ᠲᠣᠭᠯᠠᠭᠰᠠᠨ ᠲᠣᠭᠯᠠᠯᠲᠠᠨ ᠳᠤ ᠣᠷᠣᠭᠤᠯᠵᠠᠢ᠃[5] ᠬᠠᠷᠢᠨ ᠲᠡᠭᠦᠨ ᠦ ᠬᠣᠶᠠᠷ ᠳ᠋ᠡᠬᠢ ᠪᠣᠯᠤᠨ ᠫᠷᠧᠮᠢᠶᠧᠷ ᠯᠢᠭ ᠦᠨ ᠠᠩᠬᠠᠨ ᠤ ᠭᠣᠣᠯ ᠨᠢ 2-0 ᠬᠠᠷᠢᠴᠠᠭ᠎ᠠ ᠪᠠᠷ ᠰᠲ᠋ᠣᠺ ᠰᠢᠲ᠋ᠢ ᠪᠠᠭ ᠢ ᠬᠣᠵᠢᠭ᠌ᠰᠠᠨ ᠲᠣᠭᠯᠠᠯᠲᠠᠨ ᠳᠤ ᠣᠷᠣᠭᠰᠠᠨ ᠶᠤᠮ᠃[6]

ᠰᠢᠭᠰᠢᠭᠡ ᠪᠠᠭ ᠤᠨ ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠶᠠᠩ ᠰᠢᠭᠰᠢᠭᠡ ᠪᠠᠭ ᠤᠨ ᠠᠩᠬᠠᠨ ᠤ ᠭᠠᠷᠤᠭ᠎ᠠ ᠪᠠᠨ 2003 ᠣᠨ ᠤ ᠠᠷᠪᠠᠨ ᠨᠢᠭᠡᠳᠦᠭᠡᠷ ᠰᠠᠷ᠎ᠠ ᠶᠢᠨ 19 ᠍ ᠳᠦ ᠰᠣᠮᠠᠯ ᠤᠨ ᠰᠢᠭᠰᠢᠭᠡ ᠪᠠᠭ ᠢ 5-0 ᠬᠠᠷᠢᠴᠠᠭ᠎ᠠ ᠪᠠᠷ ᠬᠣᠵᠢᠭ᠌ᠰᠠᠨ ᠲᠣᠭᠯᠠᠯᠲᠠᠨ ᠳᠤ ᠬᠢᠵᠦ ᠪᠠᠶᠢᠪᠠ᠃[7] ᠴᠢᠨᠠᠭᠰᠢᠯᠠᠭᠠᠳ ᠲᠡᠷᠡ ᠪᠡᠷ 2004 ᠣᠨ ᠤ ᠵᠤᠨ ᠤ ᠣᠯᠢᠮᠫᠢᠺ2008 ᠪᠣᠯᠤᠨ 2010 ᠣᠨ ᠤ ᠠᠹᠷᠢᠺᠠ ᠦᠨᠳᠦᠰᠦᠲᠡᠨ ᠨᠦᠭᠦᠳ ᠦᠨ ᠴᠣᠮᠣ᠂ ᠮᠥᠨ 2006 ᠪᠣᠯᠤᠨ 2010 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲᠤᠰ ᠲᠤᠰ ᠣᠷᠣᠯᠴᠠᠵᠤ ᠪᠠᠶᠢᠪᠠ᠃ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠲᠣᠪᠴᠢᠬᠠᠨ ᠣᠨᠴᠠᠯᠠᠪᠠᠯ ᠭᠧᠷᠮᠠᠨ ᠤᠯᠤᠰ ᠲᠤ ᠵᠣᠬᠢᠶᠠᠭᠳᠠᠭᠰᠠᠨ 2006 ᠣᠨ ᠤ ᠡᠭᠡᠯᠵᠢᠲᠦ ᠲᠡᠮᠡᠴᠡᠭᠡᠨ ᠳᠦ ᠭᠠᠶᠠᠩ E ᠬᠡᠰᠡᠭ ᠦᠨ ᠣᠨᠣᠭᠠᠯᠲᠠᠴᠧᠬᠡ ᠶᠢᠨ ᠰᠢᠭᠰᠢᠭᠡ ᠪᠠᠭ ᠤᠨ ᠬᠠᠭᠠᠯᠭᠠᠨ ᠳᠤ ᠲᠣᠭᠯᠠᠯᠲᠠ ᠶᠢᠨ 68 ᠳᠠᠬᠢ ᠰᠧᠺᠦᠶᠢᠨᠳ᠋ ᠍ ᠲᠦ ᠭᠣᠣᠯ ᠣᠷᠣᠭᠤᠯᠤᠨ «ᠲᠡᠮᠡᠴᠡᠭᠡᠨ ᠦ ᠬᠠᠮᠤᠭ ᠤᠨ ᠪᠣᠭᠣᠨᠢ ᠬᠤᠭᠤᠴᠠᠭᠠᠨ ᠳᠤ ᠣᠷᠣᠭᠤᠯᠤᠭᠰᠠᠨ ᠭᠣᠣᠯ ᠤᠨ ᠡᠵᠡᠨ» ᠪᠣᠯᠵᠤ ᠪᠠᠶᠢᠪᠠ᠃ ᠬᠠᠷᠢᠨ ᠡᠮᠦᠨᠡᠲᠦ ᠠᠹᠷᠢᠺᠠ ᠤᠯᠤᠰ ᠲᠤ ᠵᠣᠬᠢᠶᠠᠭᠳᠠᠭᠰᠠᠨ 2010 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲᠡᠷᠡ ᠪᠡᠷ ᠰᠧᠷᠪᠢ[8], ᠠᠦᠢᠰᠲ᠋ᠷᠯᠢᠶ᠎ᠠ[9], ᠠᠮᠧᠷᠢᠺᠠ ᠶᠢᠨ ᠨᠢᠭᠡᠳᠦᠭᠰᠡᠨ ᠤᠯᠤᠰ ᠤᠨ[10] ᠪᠠᠭ ᠤᠳ ᠲᠠᠢ ᠬᠢᠭᠰᠡᠨ ᠲᠣᠭᠯᠠᠯᠲᠠ ᠨᠤᠭᠤᠳ ᠲᠤ ᠨᠢᠭᠡ ᠨᠢᠭᠡ ᠭᠣᠣᠯ ᠣᠷᠣᠭᠤᠯᠵᠤ ᠪᠠᠶᠢᠯ᠎ᠠ᠃ ᠲᠤᠰ ᠲᠡᠮᠡᠴᠡᠭᠡᠨ ᠳᠦ ᠭᠠᠶᠠᠩ ᠪᠠᠭ᠎ᠠ ᠪᠠᠨ ᠳᠥᠷᠪᠡᠨ ᠦ ᠨᠢᠭᠡ ᠰᠢᠭᠰᠢᠭᠡ ᠳᠦ ᠰᠢᠯᠭᠠᠷᠠᠬᠤ ᠳᠤ ᠣᠨᠴᠠᠭᠠᠢ ᠭᠠᠪᠢᠶ᠎ᠠ ᠪᠠᠶᠢᠭᠤᠯᠤᠭᠰᠠᠨ ᠴᠤ ᠰᠢᠢᠳᠪᠦᠷᠢᠯᠡᠬᠦ ᠤᠷᠤᠭᠸᠠᠢ ᠶᠢᠨ ᠰᠢᠭᠰᠢᠭᠡ ᠲᠡᠢ ᠬᠢᠭᠰᠡᠨ ᠲᠣᠭᠯᠠᠯᠲᠠᠨ ᠳᠤ ᠦᠨᠳᠦᠰᠦᠨ ᠴᠠᠭ ᠳᠠᠭᠤᠰᠬᠤ ᠠᠴᠠ ᠡᠮᠦᠨ᠎ᠡ ᠣᠯᠵᠤ ᠠᠪᠤᠭᠰᠠᠨ ᠪᠣᠯᠤᠮᠵᠢᠲᠤ ᠲᠣᠷᠭᠠᠭᠤᠯᠢ ᠶᠢᠨ ᠴᠣᠬᠢᠶᠠᠯᠲᠤ ᠶᠢ ᠠᠯᠳᠠᠵᠤ ᠪᠠᠭ᠎ᠠ ᠪᠠᠨ ᠬᠣᠵᠢᠭᠳᠠᠯ ᠳᠤ ᠬᠦᠷᠭᠡᠭᠰᠡᠨ ᠭᠣᠣᠯᠯᠠᠬᠤ ᠪᠤᠷᠤᠭᠤᠲᠠᠨ ᠪᠣᠯᠵᠤ ᠪᠠᠶᠢᠪᠠ᠃[11]

ᠦᠵᠡᠭᠦᠯᠦᠯᠲᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠣᠨ ᠤ ᠠᠷᠪᠠᠨ ᠨᠢᠭᠡᠳᠦᠭᠡᠷ ᠰᠠᠷ᠎ᠠ ᠶᠢᠨ 14 ᠍ ᠦ ᠪᠠᠶᠢᠳᠠᠯ ᠢᠶᠠᠷ᠃
ᠪᠠᠭ ᠤᠯᠠᠷᠢᠯ ᠯᠢᠭ[A] ᠠᠩᠭᠯᠢ ᠶᠢᠨ ᠴᠣᠮᠣ ᠯᠢᠭ ᠦᠨ ᠴᠣᠮᠣ ᠧᠦ᠋ᠷᠣᠫᠠ ᠪᠤᠰᠤᠳ[B] ᠪᠦᠭᠦᠳᠡ
ᠭᠠᠷ ᠢᠶᠠᠨ ᠭᠣᠣᠯ ᠭᠠᠷ ᠢᠶᠠᠨ ᠭᠣᠣᠯ ᠭᠠᠷ ᠢᠶᠠᠨ ᠭᠣᠣᠯ ᠭᠠᠷ ᠢᠶᠠᠨ ᠭᠣᠣᠯ ᠭᠠᠷ ᠢᠶᠠᠨ ᠭᠣᠣᠯ ᠭᠠᠷ ᠢᠶᠠᠨ ᠭᠣᠣᠯ
ᠰᠠᠨᠳᠧᠷᠯᠡᠨ ᠳᠦ 2010-11[12] 10 5 0 0 1 1 0 0 0 0 11 6

ᠬᠤᠪᠢ ᠤᠨ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠢᠶᠠᠨ ᠤ ᠠᠬ᠎ᠠ ᠪᠠᠹᠹᠦᠷ ᠭᠠᠶᠠᠩ ᠨᠢ ᠬᠥᠯᠪᠥᠮᠪᠥᠭᠡ ᠶᠢᠨ ᠭᠠᠨᠠ ᠶᠢᠨ ᠰᠢᠭᠰᠢᠭᠡ ᠪᠣᠯᠤᠨ ᠠᠰᠠᠨᠲ᠋ᠧ ᠺᠣᠲ᠋ᠣᠺᠣ ᠭᠡᠬᠦ ᠪᠠᠭ ᠲᠤ ᠲᠣᠭᠯᠠᠳᠠᠭ᠃

ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠪᠣᠯᠤᠨ ᠱᠠᠩᠨᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠨᠠ

ᠬᠤᠪᠢ ᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. "Rennes : Asamoah Gyan signe 4 ans", Football365.fr, 11 July 2008. 11 July 2008 ᠍ ᠳᠦ ᠠᠪᠤᠭᠰᠠᠨ᠃ 
 2. "Udinese: Asamoah al Rennes per 8 milioni", Il Tempo, 11 July 2008. 11 July 2008 ᠍ ᠳᠦ ᠠᠪᠤᠭᠰᠠᠨ᠃ 
 3. Asamoah Gyan joins Sunderland for record £13m fee. BBC Sport (31 August 2010). 31 August 2010 ᠍ ᠳᠦ ᠬᠠᠨᠳᠤᠭᠰᠠᠨ᠃
 4. Wigan 1 – 1 Sunderland. BBC Sport. 11 September 2010 ᠍ ᠳᠦ ᠬᠠᠨᠳᠤᠭᠰᠠᠨ᠃
 5. Scott Parker's dominance helps take the pressure off Avram Grant. The Guardian (21 September 2010). 9 November 2010 ᠍ ᠳᠦ ᠬᠠᠨᠳᠤᠭᠰᠠᠨ᠃
 6. Sunderland 2 - 0 Stoke. BBC Sport (6 November 2010). 9 November 2010 ᠍ ᠳᠦ ᠬᠠᠨᠳᠤᠭᠰᠠᠨ᠃
 7. "Ghana 5 Somalia 0", Ghanaweb, 16 November 2003 
 8. Serbia 0–1 Ghana BBC Sport, 13 June 2010
 9. Ghana 1–1 Australia. BBC Sport (19 June 2010). 19 June 2010 ᠍ ᠳᠦ ᠬᠠᠨᠳᠤᠭᠰᠠᠨ᠃
 10. USA 1–2 Ghana (aet). BBC Sport (26 June 2010). 5 July 2010 ᠍ ᠳᠦ ᠬᠠᠨᠳᠤᠭᠰᠠᠨ᠃
 11. Uruguay 1–1 Ghana (4–2 pens). BBC Sport (2 July 2010). 5 July 2010 ᠍ ᠳᠦ ᠬᠠᠨᠳᠤᠭᠰᠠᠨ᠃
 12. Asamoah Gyan. Sunderland FC. 14 November 2010 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


ᠵᠠᠭᠪᠤᠷ:2006 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠭᠠᠨᠠ ᠶᠢᠨ ᠬᠥᠯᠪᠥᠮᠪᠥᠭᠡ ᠶᠢᠨ ᠰᠢᠭᠰᠢᠭᠡ ᠵᠠᠭᠪᠤᠷ:2010 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠭᠠᠨᠠ ᠶᠢᠨ ᠬᠥᠯᠪᠥᠮᠪᠥᠭᠡ ᠶᠢᠨ ᠰᠢᠭᠰᠢᠭᠡ

ᠪᠢᠴᠢᠭᠡᠰᠦ