ᠠᠯᠵᠢᠷᠢᠶ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠠᠷᠠᠳᠴᠢᠯᠠᠭᠰᠠᠨ
ᠠᠯᠵᠧᠷᠢᠶ᠎ᠠ ᠠᠷᠠᠳ ᠤᠯᠤᠰ
الجمهورية الجزائرية الديمقراطية الشعبية
ᠤᠷᠢᠶ᠎ᠠ: ᠠᠷᠠᠪ ᠶᠢᠡᠷ بالشّعب وللشّعب
«ᠬᠦᠮᠦᠰ ᠡᠴᠡ ᠬᠦᠮᠦᠰ ᠲᠦ»
ᠲᠥᠷᠥ ᠶᠢᠨ ᠳᠠᠭᠤᠯᠠᠯ ᠤᠨ ᠨᠡᠷ᠎ᠡ:
ᠠᠷᠠᠪ ᠶᠢᠡᠷ قَسَمًا
Kaᠰᠰᠠᠮᠠᠨ
«ᠲᠠᠩᠭᠠᠷᠢᠭ»
ᠨᠡᠶᠢᠰᠯᠡᠯ 
(ᠶᠡᠬᠡ ᠬᠣᠲᠠ)
ᠠᠯᠵᠧᠷᠢᠶ᠎ᠠ
ᠠᠯᠪᠠᠨ ᠬᠡᠯᠡ ᠠᠷᠠᠪ[1]
ᠵᠥᠪᠰᠢᠶᠡᠷᠡᠭᠳᠡᠭᠰᠡᠨ ᠣᠷᠣᠨ ᠨᠤᠲᠤᠭ ᠤᠨ ᠬᠡᠯᠡ ᠪᠧᠷᠪᠧᠷ
ᠲᠥᠷᠥ ᠵᠠᠰᠠᠭ ᠶᠡᠷᠦᠩᠬᠡᠶᠢᠯᠡᠭᠴᠢ ᠶᠢᠨ ᠪᠦᠭᠦᠳᠡ ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠠᠪᠳᠧᠯᠠᠽᠢᠽ ᠪᠤᠲ᠋ᠧᠹᠯᠢᠺᠠ
 -  ᠶᠡᠷᠦᠩᠬᠡᠢ ᠰᠠᠶᠢᠳ ᠠᠬᠠᠮᠧᠳ ᠤᠶᠠᠬᠢᠶ᠎ᠠ
ᠲᠡᠦᠬᠡᠨ ᠰᠠᠭᠤᠷᠢ
 -  ᠬᠠᠮ ᠢᠶᠠᠳ ᠤᠨ ᠤᠯᠤᠰ 1014 ᠣᠨ 
 -  ᠽᠠᠶᠠᠨ ᠤ ᠤᠯᠤᠰ 1235 ᠣᠨ 
 -  ᠣᠰᠤᠮᠠᠨ ᠭᠦᠷᠦᠨ ᠦ ᠡᠷᠬᠡᠨ ᠳᠦ 1516 ᠣᠨ 
 -  ᠹᠷᠠᠨᠼᠢ ᠍ ᠤᠨ ᠡᠷᠬᠡᠨ ᠳᠦ 1830 ᠣᠨ 
 -  ᠲᠤᠰᠠᠭᠠᠷ ᠲᠣᠭᠲᠠᠨᠢᠭᠰᠠᠨ 1962 ᠣᠨ ᠤ 7 ᠰᠠᠷ᠎ᠠ ᠶᠢᠨ 5 
ᠨᠤᠲᠤᠭ ᠳᠡᠪᠢᠰᠬᠡᠷ
 -  ᠪᠦᠬᠦ ᠲᠠᠯᠠᠪᠠᠢ 2,381,741 km2 
 -  ᠭᠠᠳᠠᠷᠭᠤ ᠶᠢᠨ ᠤᠰᠤ (%) ᠶᠠᠯᠢᠬᠤ ᠦᠭᠡᠢ
ᠬᠦᠮᠦᠨ ᠠᠮᠠ
 -  ᠲᠣᠭᠠᠴᠠᠭ᠎ᠠ (2012) 37,100,000 
 -  ᠲᠣᠭᠠᠯᠠᠯᠭ᠎ᠠ (1998) 29,100,867 
 -  ᠨᠢᠭᠲᠠᠴᠠ ᠰᠡᠶᠢᠷᠡᠭ 14.6 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $263.321 ᠲᠡᠷᠪᠤᠮ[2] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 47  ᠳᠦ
 -  ᠨᠢᠭᠡ ᠬᠦᠨᠳᠦ $7,179[2] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ100 ᠳᠦ
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $192.384 ᠲᠡᠷᠪᠤᠮ[2]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ49 ᠳᠦ
 -  ᠨᠢᠭᠡ ᠬᠦᠨᠳᠦ $5,245[2] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ93]])
Gini (1995) 35.3[3] (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2011) 0.698[4] (ᠳᠤᠮᠳᠠᠴᠢ) (96)
ᠮᠥᠩᠭᠥᠨ ᠦ ᠨᠢᠭᠡᠴᠡ ᠠᠯᠵᠧᠷᠢᠶ᠎ᠠ ᠳ᠋ᠢᠨᠠᠷ (DZD)
ᠴᠠᠭ ᠤᠨ ᠪᠥᠰᠡ +1
ᠵᠠᠮ ᠤᠨ ᠬᠥᠳᠡᠯᠭᠡᠭᠡᠨ ᠪᠠᠷᠠᠭᠤᠨ[5]
ᠳ᠋ᠦᠮᠠᠢᠨ ᠤ ᠨᠡᠷ᠎ᠡ .dz, الجزائر᠃
ᠤᠲᠠᠰᠤᠨ ᠤ ᠲᠣᠮᠢᠶ᠎ᠠ +213

ᠠᠯᠵᠧᠷᠢᠶ᠎ᠠ ᠶᠢ ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠠᠯᠵᠧᠷᠢᠶ᠎ᠠ ᠠᠷᠠᠳ ᠤᠯᠤᠰ (ᠬᠢᠲᠠᠳ ᠶᠢᠡᠷ 阿尔及利亚民主人民共和国᠂ ᠠᠨᠭᠭᠯᠢ   ᠪᠠᠷ People's Democratic Republic of Algeria) ᠭᠡᠵᠤ᠂ ᠲᠡᠷᠡ ᠨᠢ ᠬᠣᠶᠢᠳᠤ ᠠᠹᠷᠢᠺᠠ ᠲᠢᠪ ᠳᠤ ᠤᠷᠤᠰᠢᠬᠤ ᠤᠯᠤᠰ ᠶᠤᠮ᠃ ᠭᠠᠵᠠᠷ ᠨᠤᠲᠤᠭ ᠢᠶᠠᠷ ᠢᠶᠠᠨ ᠲᠢᠪ ᠲᠦ ᠪᠡᠨ 2 ᠳ᠋ᠤᠭᠠᠷ ᠲᠤ᠂ ᠳᠡᠯᠡᠬᠡᠢ ᠳᠦ 11 ᠍ᠳ᠋ᠤᠭᠡᠷ ᠲᠤ ᠵᠢᠭ᠌ᠰᠠᠳᠠᠭ᠃ ᠵᠡᠭᠦᠨ ᠬᠣᠶᠢᠳᠤ ᠲᠠᠯ᠎ᠠ ᠪᠠᠷ ᠢᠶᠠᠨ ᠲᠤᠨᠢᠰ᠂ ᠵᠡᠭᠦᠨ ᠲᠠᠯ᠎ᠠ ᠪᠠᠷ ᠢᠶᠠᠨ ᠯᠢᠪᠢᠶ ᠠ᠂ ᠵᠡᠭᠦᠨ ᠡᠮᠦᠨᠡᠲᠦ ᠲᠠᠯ᠎ᠠ ᠪᠠᠷ ᠢᠶᠠᠨ ᠨᠢᠭᠧᠷ᠂ ᠪᠠᠷᠠᠭᠤᠨ ᠡᠮᠦᠨᠡᠲᠦ ᠲᠠᠯ᠎ᠠ ᠪᠠᠷ ᠢᠶᠠᠨ ᠮᠠᠯᠢᠮᠠᠸᠷᠢᠲ᠋ᠠᠨ᠂ ᠪᠠᠷᠠᠭᠤᠨ ᠬᠣᠶᠢᠳᠤ ᠲᠠᠯ᠎ᠠ ᠪᠠᠷ ᠢᠶᠠᠨ ᠮᠠᠷᠣᠺᠺᠣ ᠤᠯᠤᠰ ᠤᠳ ᠲᠠᠢ ᠲᠤᠰ ᠲᠤᠰ ᠬᠢᠯᠢᠯᠡᠨ᠎ᠡ᠃ ᠪᠠᠷᠠᠭᠤᠨ ᠲᠠᠯ᠎ᠠ ᠳᠤ ᠨᠢ ᠮᠠᠷᠭᠤᠭᠠᠨ ᠲᠠᠢ ᠭᠠᠵᠠᠷ ᠨᠤᠲᠤᠭ ᠪᠣᠯᠬᠤ ᠪᠠᠷᠠᠭᠤᠨ ᠰᠠᠬᠠᠷᠠ ᠤᠷᠤᠰᠢᠬᠤ ᠪᠥᠭᠡᠳ ᠬᠣᠶᠢᠳᠤ ᠲᠠᠯ᠎ᠠ ᠳᠤ ᠨᠢ ᠭᠠᠵᠠᠷ ᠤᠨ ᠳᠤᠮᠳᠠᠳᠤ ᠲᠡᠩᠭᠢᠰ ᠪᠠᠶᠢᠷᠢᠯᠠᠨ᠎ᠠ᠃ ᠤᠯᠤᠰ ᠤᠨ ᠬᠡᠯᠡ ᠨᠢ ᠠᠷᠠᠪ ᠬᠡᠯᠡ ᠪᠠᠶᠢᠵᠤ᠂ ᠪᠠᠰᠠ ᠹᠷᠠᠨᠽᠢ ᠬᠡᠯᠡ ᠶᠢ ᠨᠡᠶᠢᠳᠡ ᠳᠦ ᠪᠠᠨ ᠬᠡᠷᠡᠭᠯᠡᠳᠡᠭ᠃

ᠠᠯᠵᠧᠷᠢᠶ᠎ᠠ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠᠠᠹᠷᠢᠺᠠ ᠶᠢᠨ ᠬᠣᠯᠪᠣᠭ᠎ᠠ᠂ ᠴᠢᠯᠠᠭᠣᠨ ᠲᠣᠰᠣ ᠡᠺᠰᠫᠣᠷᠲᠯᠠᠭᠴᠢ ᠣᠷᠣᠨ ᠨᠤᠭᠤᠳ ᠤᠨ ᠪᠠᠶᠢᠭᠤᠯᠤᠯᠭ᠎ᠠ (ОПЕК) ᠵᠡᠷᠭᠡ ᠪᠠᠶᠢᠭᠤᠯᠤᠯᠭ᠎ᠠ ᠨᠤᠭᠤᠳ ᠤᠨ ᠭᠡᠰᠢᠭᠦᠨ ᠣᠷᠣᠨ ᠶᠤᠮ᠃ ᠮᠥᠨ ᠴᠤ ᠮᠠᠭᠠᠷᠠᠪ ᠤᠨ ᠠᠷᠠᠪ ᠬᠣᠯᠪᠣᠭ᠎ᠠ ᠶᠢ ᠪᠠᠶᠢᠭᠤᠯᠤᠯᠬᠤ ᠳᠤ ᠶᠡᠬᠡ ᠬᠤᠪᠢ ᠨᠡᠮᠡᠷᠢ ᠦᠵᠡᠭᠦᠯᠦᠭᠰᠡᠨ ᠶᠤᠮ᠃ ᠠᠯᠵᠧᠷᠢᠶ᠎ᠠ ᠨᠢ ᠦᠨᠳᠦᠰᠦᠨ ᠬᠠᠤᠯᠢᠨ ᠳᠤ ᠪᠠᠨ ᠢᠰᠯᠠᠮᠠᠷᠠᠪ ᠪᠠ ᠠᠮᠠᠽᠢᠭ (ᠪᠧᠷᠪᠧᠷ) ᠤᠯᠤᠰ ᠭᠡᠵᠦ ᠲᠣᠳᠣᠷᠬᠠᠶᠢᠯᠠᠭᠳᠠᠭᠰᠠᠨ ᠪᠠᠶᠢᠳᠠᠭ᠃

ᠨᠡᠷ᠎ᠡ ᠶᠢᠨ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠤᠯᠤᠰ ᠤᠨ ᠨᠡᠷ᠎ᠡ ᠨᠢ ᠠᠯᠵᠧᠷᠢᠶ᠎ᠠ ᠬᠣᠲᠠ ᠶᠢᠨ ᠨᠡᠷ᠎ᠡ ᠡᠴᠡ ᠭᠠᠷᠤᠯ ᠲᠠᠢ᠃ ᠬᠠᠷᠢᠨ ᠬᠣᠲᠠ ᠶᠢᠨ ᠨᠡᠷ᠎ᠡ ᠨᠢ jazā’ir banī mazghanā (ᠠᠷᠠᠪ ᠢᠶᠠᠷ "(ᠪᠧᠷᠪᠧᠷ ᠦᠨ ᠠᠶᠢᠮᠠᠭ) ᠠᠶᠢᠲ ᠮᠠᠵᠠᠭᠠᠨᠠᠭ ᠤᠨ ᠠᠷᠠᠯ ᠤᠳ" ᠭᠡᠰᠡᠨ ᠦᠭᠡ) ᠭᠡᠬᠦ ᠬᠣᠲᠠ ᠶᠢᠨ ᠬᠠᠭᠤᠴᠢᠨ ᠨᠡᠷ ᠠ ᠦ ᠲᠣᠪᠴᠢᠯᠠᠭᠰᠠᠨ ᠬᠡᠯᠪᠡᠷᠢ Al-jazā’ir ᠭᠡᠰᠡᠨ ᠦᠭᠡᠨ ᠡᠴᠡ ᠭᠠᠷᠤᠯ ᠲᠠᠢ᠃ ᠳᠤᠮᠳᠠᠳᠤ ᠵᠠᠭᠤᠨ ᠤ ᠡᠬᠢᠨ ᠦᠶ᠎ᠡ ᠶᠢᠨ ᠭᠠᠵᠠᠷ ᠵᠦᠶᠴᠢᠳ al-Idrisi ᠪᠣᠯᠤᠨ Yaqut al-Hamawi ᠭᠡᠵᠦ ᠪᠢᠴᠢᠭᠰᠡᠨ ᠪᠠᠶᠢᠳᠠᠭ᠃

ᠰᠣᠩᠭᠣᠳᠠᠭ ᠦᠶ᠎ᠡ ᠳᠦ ᠠᠯᠵᠧᠷᠢᠶ᠎ᠠ   ᠶᠢᠨ ᠬᠣᠶᠢᠳᠤ ᠨᠤᠲᠤᠭ ᠢ ᠨᠤᠮᠤᠳᠢ ᠭᠡᠳᠡᠭ ᠪᠠᠶᠢᠭᠰᠠᠨ ᠪᠥᠭᠡᠳ ᠥᠨᠥ ᠶᠢᠨ ᠲᠤᠨᠢᠰ ᠍ ᠤᠨ ᠪᠠᠷᠠᠭᠤᠨ ᠨᠤᠲᠤᠭ᠂ ᠮᠠᠷᠣᠺᠺᠣ  ᠶᠢᠨ ᠵᠡᠭᠦᠨ ᠨᠤᠲᠤᠭ ᠬᠠᠮᠤᠷᠤᠭᠳᠠᠳᠠᠭ ᠪᠠᠶᠢᠵᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠵᠢᠷᠢᠶ ᠠ ᠦᠨ ᠲᠠᠮᠤᠭᠠᠳᠢ ᠳ᠋ᠠᠬᠢ ᠷᠤᠮᠠᠨᠢᠶ ᠠ ᠲᠷᠠᠵᠠᠨ ᠤ ᠬᠠᠭᠠᠯᠭ᠎ᠠ

ᠬᠠᠮᠤᠭ ᠤᠷᠤᠢ ᠳᠤ ᠪᠠᠨ ᠪᠠᠷᠤᠭ ᠨᠡᠶᠢᠲᠡ ᠶᠢᠨ ᠤᠨ ᠲᠤᠭᠠᠯᠠᠯ ᠡᠴᠡ 10000 ᠵᠢᠯ ᠤᠨ ᠡᠮᠦᠨ᠎ ᠡ ᠠᠴᠠ ᠠᠯᠵᠢᠷᠢᠶ ᠠ ᠲᠤ ᠪᠧᠷᠪᠧᠷ ᠦᠳ ᠨᠤᠲᠤᠭᠯᠠᠵᠤ ᠪᠠᠶᠢᠵᠠᠢ᠃[6][7][8][9][10][11][12] ᠨᠡᠶᠢᠲᠡ ᠶᠢᠨ ᠤᠨ ᠲᠤᠭᠠᠯᠠᠯ ᠡᠴᠡ 1000 ᠵᠢᠯ ᠠᠴᠠ ᠬᠣᠶᠢᠰᠢ ᠺᠠᠷᠹᠠᠩᠨᠴᠢ ᠨᠦᠭᠦᠳ ᠳᠠᠯᠠᠢ ᠶᠢᠨ ᠡᠷᠭᠢ ᠶᠢᠨ ᠳᠠᠭᠠᠤ ᠰᠠᠭᠤᠷᠢᠨ ᠪᠠᠶᠢᠭᠤᠯᠵᠤ ᠡᠬᠢᠯᠡᠭᠰᠡᠨ ᠪᠢᠯᠡ᠃ ᠪᠧᠷᠪᠧᠷ ᠦᠳ ᠫᠦᠨ᠎ᠡ ᠶᠢᠨ ᠳᠠᠶᠢᠨ ᠢᠶᠠᠷ ᠡᠭᠦᠰᠦᠭᠰᠡᠨ ᠪᠣᠯᠤᠮᠵᠢ ᠶᠢ ᠠᠰᠢᠭᠯᠠᠨ ᠺᠠᠷᠹᠠᠭᠡᠨ ᠡᠴᠡ ᠲᠤᠰᠠᠭᠠᠷ ᠲᠣᠭᠲᠠᠨᠢᠵᠤ᠂ ᠪᠧᠷᠪᠧᠷ ᠦᠨ ᠬᠠᠭᠠᠨᠳᠤ ᠭᠦᠷᠦᠨ ᠤᠳ ᠡᠭᠦᠰᠴᠦ ᠡᠬᠢᠯᠡᠵᠡᠢ᠃ ᠲᠡᠭᠦᠨ ᠤ ᠲᠤᠳᠤᠷ ᠠ ᠡᠴᠡ ᠬᠠᠮᠤᠭ ᠤᠨ ᠠᠯᠳᠠᠷᠲᠠᠢ ᠨᠢ ᠨᠤᠮᠤᠳᠢ ᠪᠤᠯᠤᠨ᠎ ᠠ᠃

ᠭᠡᠪᠡᠴᠦ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 200 ᠣᠨ ᠳᠤ ᠪᠧᠷᠪᠧᠷ ᠦᠳ ᠷᠤᠮᠠᠨᠢᠶ ᠠ ᠪᠦᠭᠦᠳᠡ ᠨᠠᠶᠢᠷᠠᠮᠳᠠᠬᠤ ᠤᠯᠤᠰ ᠤᠯᠤᠰ ᠲᠤ ᠡᠵᠡᠯᠡᠭᠳᠡᠵᠤ ᠲᠡᠳᠡᠨᠤᠰ ᠤᠨ ᠬᠠᠷᠢᠶᠠᠨ ᠳᠤ ᠣᠷᠣᠵᠠᠢ᠃ ᠳᠡᠬᠢᠨ ᠪᠠᠷᠠᠭᠤᠨ ᠷᠤᠮᠠᠨᠢᠶ ᠠ ᠡᠵᠡᠨᠲᠦ ᠤᠯᠤᠰ ᠵᠠᠳᠠᠷᠠᠨ ᠤᠨᠠᠬᠰᠠᠨ ᠤ ᠪᠧᠷᠪᠧᠷ ᠦᠳ ᠣᠯᠠᠨ ᠭᠠᠵᠠᠷ ᠳᠠᠬᠢᠨ ᠲᠤᠰᠠᠭᠠᠷ ᠲᠣᠭᠲᠠᠨᠢᠭᠰᠠᠨ ᠤᠯᠤᠰ ᠢᠶᠠᠨ ᠪᠠᠶᠢᠭᠤᠯᠤᠭᠰᠠᠨ ᠪᠣᠯ ᠦᠯᠡᠳᠡᠭᠰᠡᠨ ᠬᠡᠰᠡᠭ ᠲᠦ ᠨᠢ ᠪᠠᠨᠳᠠᠯ ᠤᠳ ᠬᠢᠨᠠᠯᠲᠠ ᠪᠠᠨ ᠲᠣᠭᠲᠠᠭᠠᠵᠤ᠂ ᠸᠢᠰᠠᠩᠲᠤ ᠶᠢᠨ ᠡᠵᠡᠨ ᠬᠠᠭᠠᠨ I ᠶᠤᠶᠢᠰᠲ᠋ᠢᠨᠢᠶᠠᠨ ᠶᠢᠨ ᠴᠡᠷᠢᠭ ᠲᠦ ᠴᠣᠬᠢᠭᠳᠠᠨ ᠬᠥᠭᠡᠭᠡᠭᠳᠡᠬᠦ ᠬᠦᠷᠲᠡᠯ᠎ᠡ ᠲᠡᠨᠳᠡ ᠪᠡᠨ ᠪᠠᠶᠢᠵᠠᠢ᠃ ᠸᠢᠰᠠᠩᠲᠤ ᠶᠢᠨ ᠡᠵᠡᠨᠲᠦ ᠭᠦᠷᠦᠨ ᠤᠯᠠᠮ ᠢᠶᠠᠷ ᠲᠤᠰ ᠣᠷᠣᠨ ᠤ ᠵᠡᠭᠦᠨ ᠬᠡᠰᠡᠭ ᠢ 8 ᠳ᠋ᠦᠭᠡᠷ ᠵᠠᠭᠤᠨ ᠳᠤ ᠠᠷᠠᠪᠴᠤᠳ ᠬᠦᠭᠵᠢᠨ ᠮᠠᠨᠳᠤᠬᠤ ᠬᠦᠷᠲᠡᠯ᠎ᠡ ᠬᠠᠲᠠᠭᠤ ᠴᠢᠩᠭ᠎ᠠ ᠶᠢᠡᠷ ᠭᠠᠷ ᠲᠣᠣᠷ᠎ᠠ ᠪᠠᠨ ᠪᠠᠷᠢᠵᠤ ᠪᠠᠶᠢᠪᠠ᠃

ᠨᠡᠶᠢᠲᠡ ᠶᠢᠨ ᠤᠨ ᠲᠤᠭᠠᠯᠠᠯ ᠤᠨ 3 ᠳ᠋ᠤᠭᠠᠷ ᠵᠠᠭᠤᠨ ᠳᠤ ᠠᠷᠠᠪ ᠤᠨ ᠬᠤᠶᠢᠲᠤ ᠬᠡᠰᠡᠭ ᠲᠤ ᠬᠤᠶᠠᠷ ᠪᠧᠷᠪᠧᠷ ᠦᠨ ᠬᠠᠭᠠᠨᠳᠤ ᠭᠦᠷᠦᠨ ᠪᠠᠶᠢᠭᠤᠯᠤᠭᠳᠠᠵᠤ ᠦᠩᠭᠡᠷᠡᠪᠡ᠃

ᠳᠤᠮᠳᠠᠳᠤ ᠵᠠᠭᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠠᠷ ᠰᠠᠯᠪᠤᠷᠢ ᠪᠣᠯᠬᠤ ᠰᠠᠩᠬᠠᠳᠵᠠ ᠪᠣᠯᠤᠨ ᠵᠠᠨᠲᠠ ᠨᠢ ᠴᠠᠰᠢ ᠪᠠᠨ ᠣᠯᠠᠨ ᠠᠶᠢᠮᠠᠭ ᠲᠤ ᠬᠤᠪᠢᠶᠠᠭᠳᠠᠵᠤ ᠪᠠᠶᠢᠭᠰᠠᠨ ᠪᠥᠭᠡᠳ ᠮᠠᠭᠠᠷᠠᠪ ᠤᠨ ᠪᠥᠰᠡ ᠪᠦᠷ ᠬᠡᠳᠦ ᠬᠡᠳᠦᠨ ᠠᠶᠢᠮᠠᠭ ᠠᠴᠠ ᠪᠥᠷᠢᠳᠴᠦ ᠪᠠᠶᠢᠪᠠ᠃[13][14] ᠳᠤᠮᠳᠠᠳᠤ ᠵᠠᠭᠤᠨ ᠤ ᠦᠶ᠎ᠡ ᠳᠦ ᠪᠧᠷᠪᠧᠷ ᠦᠨ ᠬᠡᠳᠦ ᠬᠡᠳᠦᠨ ᠴᠠᠭ ᠡᠷᠡᠨ ᠡᠭᠦᠰᠦᠨ ᠭᠠᠷᠴᠤ ᠢᠷᠡᠵᠦ ᠪᠠᠶᠢᠯ᠎ᠠ᠃[13][15] 8 ᠳ᠋ᠤᠭᠠᠷ ᠵᠠᠭᠤᠨ ᠳᠤ ᠠᠷᠠᠪᠴᠤᠳ ᠨᠦᠷᠢᠵᠤ ᠤᠷᠤᠭᠰᠠᠨ ᠶᠢᠡᠷ ᠂ ᠡᠬᠢᠯᠡᠨ ᠢᠰᠯᠠᠮ ᠤᠨ ᠱᠠᠰᠢᠨ ᠤ ᠨᠦᠯᠦᠭᠡ ᠶᠢ ᠬᠦᠷᠲᠡᠪᠡ᠃ 17 ᠳ᠋ᠤᠭᠠᠷ ᠵᠠᠭᠤᠨ ᠳᠤ ᠡᠸᠥᠷᠥᠫᠡ᠂ ᠠᠽᠢᠶ ᠠ᠂ ᠠᠹᠡᠷᠢᠺᠠ ᠭᠤᠷᠪᠠᠨ ᠲᠢᠪ ᠢ ᠰᠤᠨᠳᠠᠯᠠᠵᠤ ᠦᠩᠭᠡᠷᠡᠭᠰᠡᠨ ᠤᠰᠮᠠᠨ ᠤᠯᠤᠰ ᠤᠨ ᠳᠠᠯᠠᠢ ᠳᠠᠭᠠᠤ ᠨᠢᠭᠡ ᠬᠡᠰᠡᠭ ᠢ᠂ 1830 ᠤᠨ ᠳᠤ ᠹᠷᠠᠨᠽᠢ ᠤᠯᠤᠰ ᠨᠢ ᠭᠠᠳᠠᠭᠠᠳᠤ ᠬᠠᠷᠢᠯᠴᠠᠭᠠᠨ ᠤ ᠭᠡᠷᠡᠭ ᠶᠢᠡᠷ ᠰᠢᠯᠲᠠᠭᠯᠠᠵᠤ ᠪᠠᠶᠢᠭᠠᠳ ᠡᠵᠡᠯᠡᠪᠡ᠃ ᠡᠭᠦᠨ ᠡᠴᠡ ᠡᠬᠢᠯᠡᠨ ᠹᠷᠠᠨᠽᠢ ᠶᠢᠨ ᠺᠤᠯᠤᠨᠢᠴᠢᠯᠠᠯ ᠨᠢ ᠢᠳᠡᠭ ᠢᠳᠡᠭ ᠶᠢᠡᠷ ᠡᠮᠦᠨᠡᠰᠢᠯᠡᠨ᠂ ᠲᠤᠬᠠᠢ ᠶᠢᠨ ᠤᠷᠤᠨ ᠤ ᠬᠦᠮᠦᠰ ᠤᠨ ᠡᠷᠡᠰ ᠡᠰᠡᠷᠭᠦᠴᠡᠯ ᠢ ᠤᠯᠵᠤ ᠪᠠᠶᠢᠭᠰᠠᠨ ᠴᠤ 1905 ᠤᠨ ᠳᠤ ᠡᠴᠦᠰ ᠲᠤ ᠪᠠᠨ ᠪᠦᠬᠦ ᠠᠯᠵᠧᠷᠢᠶ᠎ᠠ ᠶᠢ ᠡᠵᠡᠯᠡᠵᠠᠢ᠃ 1954 ᠤᠨ ᠡᠴᠡ ᠡᠬᠢᠯᠡᠨ ᠠᠯᠵᠧᠷᠢᠶ᠎ᠠ  ᠶᠢᠨ ᠦᠨᠳᠦᠰᠦᠲᠡᠨ ᠤ ᠴᠢᠯᠦᠭᠡᠯᠡᠯᠲᠠ ᠶᠢᠨ ᠡᠮᠦᠨ᠎ ᠡ ᠹᠠᠷᠠᠨᠲ ᠲᠤ ᠠᠯᠵᠧᠷᠢᠶ᠎ᠠ  ᠶᠢᠨ  ᠲᠤᠰᠭᠠᠷ ᠲᠤᠭᠲᠠᠨᠢᠬᠤ ᠳᠠᠶᠢᠨ ᠦᠷᠨᠢᠵᠤ᠂ ᠠᠷᠪᠠᠨ ᠬᠡᠳᠤᠨ ᠵᠢᠯ ᠤᠨ ᠲᠡᠮᠡᠴᠡᠯᠳᠤᠭᠡᠨ ᠤ ᠡᠴᠦᠰ ᠲᠤ᠂ 1962 ᠤᠨ  ᠳᠤ ᠠᠯᠵᠧᠷᠢᠶ᠎ᠠ ᠨᠢ ᠲᠤᠰᠭᠠᠷ ᠲᠤᠭᠲᠠᠨᠢᠵᠠᠢ᠃

ᠯᠠᠯᠤ ᠶᠢᠨ ᠱᠠᠰᠢᠨ ᠨᠡᠪᠲᠡᠷᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠵᠢᠷᠢᠶ ᠠ ᠤᠨ ᠶᠡᠬᠡ ᠮᠧᠴᠡᠲ

ᠯᠠᠯᠤ ᠶᠢᠨ ᠱᠠᠰᠢᠨᠲᠤ ᠠᠷᠠᠪ ᠤᠨ ᠠᠷᠮᠢ ᠨᠤᠭᠤᠳ ᠠᠯᠵᠧᠷᠢᠶ᠎ᠠ  ᠶᠢ  ᠪᠠᠶᠢᠯᠳᠤᠨ ᠳᠠᠭᠠᠭᠤᠯᠵᠤ᠂ ᠪᠧᠷᠪᠧᠷ ᠤᠨ ᠤᠳᠤᠷᠢᠳᠤᠭᠴᠢᠳ ᠢ ᠨᠢ ᠮᠣᠬᠤᠭᠠᠵᠤ᠂ ᠤᠮᠠᠷᠠᠲᠤ ᠠᠷᠠᠪ ᠤᠨ ᠬᠠᠭᠠᠨᠲᠤ ᠡᠷᠡᠨ ᠨᠢ ᠵᠠᠳᠠᠷᠠᠨ ᠤᠨᠠᠭᠰᠠᠨ ᠤ ᠳᠠᠷᠠᠭ᠎ᠠ ᠮᠠᠰᠢ ᠣᠯᠠᠨ ᠬᠠᠭᠠᠨᠲᠤ ᠡᠷᠡᠨ ᠤᠳ ᠪᠥᠷᠢᠯᠳᠦᠨ ᠪᠤᠢ ᠪᠣᠯᠵᠠᠢ᠃ ᠡᠳᠡᠭᠡᠷ ᠤᠨ ᠳᠣᠲᠣᠷ᠎ᠠ ᠠᠯᠮᠣᠬᠣᠳᠤᠠᠯᠮᠣᠷᠠᠪᠢᠳᠠ᠂ ᠶᠸᠵᠠᠫᠲ ᠤᠨ ᠹᠠᠲ᠋ᠢᠮᠡᠳ᠂ ᠠᠪ ᠲᠦᠯᠪᠠᠳᠢᠳᠤ ᠨᠢ ᠬᠠᠮᠤᠭ ᠤᠨ ᠠᠯᠳᠠᠷᠲᠠᠢ ᠨᠢ ᠶᠤᠮ᠃

ᠺᠠᠪᠢᠯᠢ ᠶᠢᠨ ᠺᠦᠶᠲ᠋ᠠᠮᠠᠭ ᠥᠪᠡᠷ ᠦᠨ ᠦᠢᠯᠡ ᠬᠡᠷᠡᠭ ᠲᠦ ᠪᠡᠨ ᠤᠷᠪᠠᠭᠤᠯᠤᠭᠰᠠᠨ ᠯᠠᠯᠤ ᠶᠢᠨ ᠰᠢᠳ᠋ ᠱᠠᠰᠢᠨᠳᠤ ᠹᠠᠲ᠋ᠢᠮᠡᠳ ᠦᠳ ᠷᠦᠰᠲ᠋ᠠᠮᠢᠳ ᠍ ᠢ ᠲᠦᠯᠬᠢᠨ ᠤᠨᠠᠭᠠᠵᠤ᠂ ᠶᠸᠵᠠᠫᠲ ᠢ ᠡᠵᠡᠯᠡᠵᠦ᠂ ᠠᠯᠵᠧᠷᠢᠶ᠎ᠠ᠂ ᠲᠤᠨᠢᠰ ᠢ ᠽᠢᠷᠢᠳ ᠤᠭᠰᠠᠭᠠᠨ ᠤ ᠸᠠᠰᠰᠠᠯ ᠤᠳ ᠲᠠᠭᠠᠨ ᠦᠯᠡᠳᠡᠭᠡᠪᠡ᠃ ᠽᠢᠷᠢᠳ ᠦᠳ ᠪᠣᠰᠤᠯᠭ᠎ᠠ ᠭᠠᠷᠬᠤ ᠳᠤ ᠹᠠᠲ᠋ᠢᠮᠡᠳ ᠳ᠋ᠢᠨᠠᠰᠲ᠋ᠢ ᠬᠦᠮᠦᠨ ᠠᠮᠠ ᠣᠯᠠᠨ ᠲᠠᠢ ᠠᠷᠠᠪ ᠤᠨ ᠨᠢᠭᠡᠨ ᠠᠶᠢᠮᠠᠭ ᠪᠣᠯᠬᠤ ᠪᠠᠨᠤᠬᠢᠯᠠᠯ ᠍ ᠢ ᠢᠯᠡᠭᠡᠵᠦ ᠲᠡᠳᠡᠨ ᠦ ᠬᠦᠴᠦ ᠶᠢ ᠰᠤᠯᠠᠷᠠᠭᠤᠯᠵᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. (28 November 1996). Constitution of Algeria Art. 3. Office of President of Algeria. Retrieved 21 September 2011.
 2. 2.0 2.1 2.2 2.3 Database (September 2011). “5. Report for Selected Countries and Subjects”, World Economic Outlook Database. International Monetary Fund. Retrieved on 8 October 2011. 
 3. Staff (undated). Distribution of Family Income – Gini Index. The World Factbook. Central Intelligence Agency. the original on 23 July 2010 ᠍ ᠰ ᠠᠷᠬᠢᠸᠯᠠᠭᠳᠠᠭᠰᠠᠨ᠃ 1 September 2009 ᠍ ᠳᠦ ᠬᠠᠨᠳᠤᠭᠰᠠᠨ᠃
 4. Human Development Report 2011. Human Development Index Trends. United Nations. 2 November 2011 ᠍ ᠳᠦ ᠬᠠᠨᠳᠤᠭᠰᠠᠨ᠃
 5. Could the UK drive on the right? map at the BBC
 6. TripAtlas.com - About Algeria
 7. Arab Index - Country Info
 8. Africa-Investor.com - News
 9. http://www.grconsultants.org/Country/Algeria_Expat_Relocation_Mobility_Management_GRC_2009.pdf
 10. Snapshot, Africa: Algeria
 11. Algeria at AllExperts
 12. VOYAGES - Small ship expeditions to historic shores of Africa
 13. 13.0 13.1 Histoire des Berbères et des dynasties musulmanes de l'Afrique Septentrionale De Ibn Khaldūn, William MacGuckin
 14. Histoire des Berbères et des dynasties musulmanes de l'Afrique Septentrionale Par Ibn Khaldūn, William MacGuckin Slane (French хэлээр), XV. Retrieved on 2009-02-28. 
 15. Histoire des Berbères et des dynasties musulmanes de l'Afrique Septentrionale Par Ibn Khaldūn, William MacGuckin Slane (French) X. 2009-02-28 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: الجزائ
ml:അള്‍ജീറിയ

no:Algerie simple:Algeria

ᠪᠢᠴᠢᠭᠡᠰᠦ