ᠠᠯᠳᠠᠷᠬᠠᠭᠠᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠍ ᠤᠨ ᠭᠤᠷᠪᠠᠨ ᠵᠠᠭᠤᠨ ᠭᠤᠴᠢᠨ ᠰᠤᠮᠤ ᠶᠢᠨ ᠨᠢᠭᠡ
ᠠᠯᠳᠠᠷᠬᠠᠭᠠᠨ ᠰᠤᠮᠤ
ᠤᠯᠤᠰ ᠣᠷᠣᠨ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Zavchan.gif ᠵᠠᠪᠬᠠᠨ
ᠵᠠᠰᠠᠭ ᠵᠠᠬᠢᠷᠭᠠᠨ ᠤ ᠨᠢᠭᠡᠴᠡ ᠰᠤᠮᠤ
ᠵᠠᠰᠠᠭ ᠵᠠᠬᠢᠷᠭᠠᠨ ᠤ ᠲᠥᠪ ᠠᠯᠳᠠᠷ
ᠨᠤᠲᠤᠭ ᠤᠨ ᠬᠤᠪᠢᠶᠠᠷᠢ 6 ᠪᠠᠭ ᠪᠣᠯᠤᠨ᠎ᠠ
ᠭᠠᠵᠠᠷ ᠨᠤᠲᠤᠭ 7,300 ᠺᠦᠸᠠᠳ᠋ ᠺᠢᠯᠣᠮᠧᠲ᠋ᠷ
ᠬᠦᠮᠦᠨ ᠠᠮᠠ (2010) 2,090 ᠬᠦᠮᠦᠨ
ᠨᠢᠭᠲᠠᠴᠠ ᠰᠡᠶᠢᠷᠡᠭ 0.54 ᠬᠦᠮᠦᠨ/км²
ᠠᠯᠳᠠᠷᠬᠠᠭᠠᠨ ᠰᠤᠮᠤ ᠶᠢᠨ ᠬᠢᠨ
ᠠᠯᠳᠠᠷᠬᠠᠭᠠᠨ ᠤ ᠬᠢᠨ
ᠦᠨᠳᠦᠰᠦᠨ ᠳᠦ ᠪᠡᠨ
ᠮᠣᠩᠭᠣᠯ ᠦᠨᠳᠦᠰᠦᠲᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)

ᠠᠯᠳᠠᠷᠬᠠᠭᠠᠨ ᠨᠢ ᠵᠠᠪᠬᠠᠨ ᠠᠶᠢᠮᠠᠭ ᠤᠨ ᠰᠤᠮᠤ ᠶᠤᠮ᠃

ᠠᠯᠳᠠᠷᠬᠠᠭᠠᠨ ᠰᠤᠮᠤ ᠶᠢᠨ ᠲᠡᠦᠬᠡ ᠨᠢ ᠨᠡᠩ ᠥᠪᠡᠷᠮᠢᠴᠡ ᠣᠨᠴᠠᠯᠢᠭ ᠲᠠᠢ ᠶᠤᠮ᠃ ᠲᠤᠰ ᠰᠤᠮᠤ ᠶᠢᠨ ᠬᠦᠮᠦᠨ ᠠᠮᠠ ᠪᠥᠷᠢᠯᠳᠦᠨ ᠪᠤᠢ ᠪᠣᠯᠬᠤ ᠡᠬᠢᠯᠡᠯ ᠲᠡᠷᠲᠡᠭᠡ XVIII ᠵᠠᠭᠤᠨ ᠤ ᠦᠶ᠎ᠡ ᠳᠦ ᠲᠠᠯᠪᠢᠭᠳᠠᠭᠰᠠᠨ ᠪᠠᠶᠢᠨ᠎ᠠ᠃ ᠠᠩᠬ᠎ᠠ 1733 ᠣᠨ ᠳᠤ ᠥᠨᠥ ᠶᠢᠨ ᠴᠢᠭᠢᠰ ᠲᠡᠢ ᠪᠠ ᠪᠣᠭᠳᠠ ᠶᠢᠨ ᠭᠣᠣᠯ ᠤᠨ ᠰᠠᠪᠠ ᠭᠠᠵᠠᠷ ᠤᠯᠢᠶᠠᠰᠤᠲᠠᠢ ᠬᠣᠲᠠ ᠶᠢ ᠡᠭᠦᠰᠬᠡᠨ ᠪᠠᠶᠢᠭᠤᠯᠬᠤ ᠦᠶ᠎ᠡ ᠳᠦ ᠬᠢᠵᠠᠭᠠᠷ ᠳᠠᠬᠢᠨ ᠳᠤ ᠬᠣᠯᠪᠣᠭ᠎ᠠ ᠪᠦᠬᠦᠢ ᠴᠢᠬᠤᠯᠠ ᠬᠡᠷᠡᠭ ᠢ ᠰᠢᠢᠳᠭᠡᠬᠦ᠂ ᠳᠥᠷᠪᠡᠨ ᠠᠶᠢᠮᠠᠭ ᠤᠨ ᠴᠡᠷᠢᠭ ᠦᠨ ᠪᠡᠯᠡᠳᠬᠡᠯ ᠬᠡᠷᠡᠭ ᠢ ᠵᠠᠬᠢᠷᠬᠤ᠂ ᠥᠷᠲᠡᠭᠡ ᠬᠠᠷᠠᠭᠤᠯ ᠢ ᠴᠠᠭᠳᠠᠬᠤ ᠡᠭᠦᠷᠭᠡ ᠪᠦᠬᠦᠢ ᠤᠯᠢᠶᠠᠰᠤᠲᠠᠢ ᠶᠢᠨ ᠵᠠᠩᠵᠤᠨ ᠤ ᠭᠠᠵᠠᠷ ᠢ ᠪᠠᠶᠢᠭᠤᠯᠵᠤ ᠲᠡᠷᠬᠡᠦ ᠠᠯᠪᠠ ᠶᠢ ᠬᠠᠭᠠᠯᠭᠠᠬᠤ ᠪᠠᠷ ᠬᠠᠯᠬ᠎ᠠ ᠶᠢᠨ ᠣᠯᠠᠨ ᠬᠣᠰᠢ ᠨᠤᠭᠤᠳ ᠠᠴᠠ 200 ᠭᠠᠷᠤᠢ ᠡᠷᠦᠬᠡ ᠴᠡᠷᠢᠭ ᠢ ᠳᠠᠶᠢᠴᠢᠯᠠᠨ ᠢᠷᠡᠭᠦᠯᠦᠭᠰᠡᠨ ᠪᠠᠶᠢᠨ᠎ᠠ᠃ ᠤᠯᠠᠮ ᠢᠶᠠᠷ 1736 ᠣᠨ ᠳᠤ ᠤᠯᠢᠶᠠᠰᠤᠲᠠᠢ ᠶᠢᠨ ᠴᠡᠷᠢᠭ ᠦᠨ ᠪᠡᠯᠡᠳᠬᠡᠯ ᠲᠦᠮᠡᠲ ᠮᠣᠷᠢ ᠠᠳᠤᠭᠤᠯᠠᠬᠤ ᠮᠥᠨ ᠦᠷᠡᠵᠢᠭᠦᠯᠬᠦ ᠰᠦᠷᠦᠭ ᠢ ᠠᠳᠤᠭᠤᠯᠠᠬᠤ 100 ᠭᠠᠷᠤᠢ ᠡᠷᠦᠬᠡ᠂ 1869 ᠣᠨ ᠳᠤ ᠤᠯᠢᠶᠠᠰᠤᠲᠠᠢ ᠶᠢᠨ ᠰᠠᠯᠪᠤᠷᠢ ᠴᠣᠬᠣᠷ ᠥᠷᠲᠡᠭᠡᠨ ᠦ 30 ᠍ ᠦᠨ ᠡᠷᠦᠬᠡ᠂ ᠬᠠᠪᠰᠤᠷᠭ᠎ᠠ 10 ᠍ ᠦᠨ ᠡᠷᠦᠬᠡ᠂ ᠭᠠᠵᠠᠷᠴᠢ 13 ᠍ ᠦᠨ ᠡᠷᠦᠬᠡ ᠵᠡᠷᠭᠡ ᠨᠡᠶᠢᠲᠡ 160 ᠣᠷᠴᠢᠮ ᠡᠷᠦᠬᠡ ᠶᠢ ᠬᠠᠯᠬ᠎ᠠ ᠶᠢᠨ ᠣᠯᠠᠨ ᠬᠣᠰᠢ ᠨᠤᠭᠤᠳ ᠠᠴᠠ ᠨᠡᠭᠦᠯᠭᠡᠨ ᠠᠪᠴᠢᠷᠠᠵᠤ ᠤᠯᠢᠶᠠᠰᠤᠲᠠᠢ ᠬᠣᠲᠠ ᠶᠢᠨ ᠣᠷᠴᠢᠮ ᠰᠠᠭᠤᠷᠢᠰᠢᠭᠤᠯᠤᠭᠰᠠᠨ ᠠᠵᠡᠢ᠃ ᠲᠡᠳᠡᠭᠡᠷ ᠡᠷᠦᠬᠡ ᠨᠦᠭᠦᠳ ᠨᠢ XVIII ᠵᠠᠭᠤᠨ ᠤ ᠳᠤᠮᠳᠠ ᠦᠶᠡᠰ 1911 ᠣᠨ ᠬᠦᠷᠲᠡᠯ᠎ᠡ ᠤᠯᠢᠶᠠᠰᠤᠲᠠᠢ ᠶᠢᠨ ᠮᠠᠨᠵᠤ᠂ ᠮᠣᠩᠭᠣᠯ ᠠᠮᠪᠠᠨ᠂ ᠵᠠᠩᠵᠤᠨ ᠤ ᠭᠠᠵᠠᠷ ᠣᠯᠠᠨ ᠲᠥᠷᠥᠯ ᠦᠨ ᠠᠯᠪᠠ ᠬᠠᠱᠠᠩ ᠰᠠᠭᠤᠬᠤ ᠡᠭᠦᠷᠭᠡ ᠲᠡᠢ ᠪᠠᠶᠢᠪᠠ᠃ ᠮᠠᠨᠵᠤ ᠶᠢᠨ ᠡᠷᠬᠡᠰᠢᠶᠡᠯ ᠦᠨ ᠦᠶ᠎ᠡ (1691-1911 ᠣᠨ) ᠍ ᠳᠦ ᠤᠯᠤᠰ ᠤᠨ ᠠᠯᠢᠪᠠ ᠠᠯᠪᠠ (ᠴᠡᠷᠢᠭ ᠦᠨ᠂ ᠬᠠᠷᠠᠭᠤᠯ ᠤᠨ᠂ ᠥᠷᠲᠡᠭᠡᠨ ᠦ᠂ ᠴᠠᠭᠳᠠᠭ᠎ᠠ ᠶᠢᠨ᠂ ᠦᠷᠡᠵᠢᠯ ᠰᠦᠷᠦᠭ ᠦᠨ᠂ ᠶᠠᠮᠤ ᠲᠠᠮᠠᠭ᠎ᠠ ᠶᠢᠨ ᠭᠡᠬᠦ ᠵᠢᠷᠭᠤᠭᠠᠨ ᠠᠯᠪᠠ) ᠍ ᠢ ᠬᠠᠭᠠᠯᠭᠠᠬᠤ ᠳᠤ ᠪᠠᠨ ᠬᠠᠯᠬ᠎ᠠ ᠳᠥᠷᠪᠡᠨ ᠠᠶᠢᠮᠠᠭ ᠤᠨ ᠣᠯᠠᠨ ᠬᠣᠰᠢ ᠨᠤᠭᠤᠳ ᠠᠴᠠ ᠠᠷᠠᠳ ᠤᠳ ᠢ ᠲᠠᠲᠠᠨ ᠠᠪᠴᠢᠷᠠᠵᠤ ᠵᠢᠯ ᠬᠣᠨᠣᠭ ᠲᠣᠪᠯᠠᠨ ᠡᠭᠡᠯᠵᠢᠯᠡᠨ ᠰᠠᠭᠤᠯᠭᠠᠵᠤ ᠬᠠᠭᠠᠯᠭᠠᠳᠠᠭ ᠪᠠᠶᠢᠴᠠᠢ᠃ ХХ ᠵᠠᠭᠤᠨ ᠤ ᠡᠬᠢᠨ ᠦᠶ᠎ᠡ ᠭᠡᠬᠦ ᠳᠦ ᠤᠯᠢᠶᠠᠰᠤᠲᠠᠢ ᠶᠢᠨ ᠠᠯᠢᠪᠠ ᠠᠯᠪᠠ ᠶᠢ ᠬᠠᠭᠠᠳᠠᠭ ᠪᠣᠯᠤᠨ ᠠᠯᠪᠠ ᠳᠠᠭᠤᠰᠤᠭᠰᠠᠨ ᠪᠣᠯᠪᠠᠴᠤ ᠲᠡᠷᠡ ᠣᠷᠴᠢᠮ ᠨᠤᠲᠤᠭᠯᠠᠬᠤ ᠠᠷᠠᠳ ᠤᠨ ᠲᠣᠭ᠎ᠠ ᠨᠡᠯᠢᠶᠡᠳ ᠣᠯᠠᠰᠢᠷᠠᠵᠤ ᠨᠢᠭᠡᠨ ᠬᠣᠰᠢᠭᠤᠨ ᠤ ᠬᠡᠮᠵᠢᠶᠡᠨ ᠳᠦ ᠬᠦᠷᠴᠦ ᠴᠢᠳᠠᠭᠰᠠᠨ ᠪᠠᠶᠢᠨ᠎ᠠ᠃ ᠠᠯᠪᠠᠨ ᠮᠡᠳᠡᠭᠡ ᠪᠡᠷ 1910 ᠣᠨ ᠤ ᠦᠶ᠎ᠡ ᠭᠡᠬᠦ ᠳᠦ ᠤᠯᠢᠶᠠᠰᠤᠲᠠᠢ ᠳᠤ ᠲᠣᠭᠲᠠᠮᠠᠯ 3000 ᠬᠦᠮᠦᠨ ᠣᠷᠣᠰᠢᠨ ᠰᠠᠭᠤᠵᠤ ᠪᠠᠶᠢᠭᠰᠠᠨ ᠤ 2000 ᠣᠷᠴᠢᠮ ᠨᠢ ᠬᠢᠲᠠᠳ᠂ 1000 ᠣᠷᠴᠢᠮ ᠨᠢ ᠮᠣᠩᠭᠣᠯᠴᠤᠳ ᠪᠠᠶᠢᠭᠰᠠᠨ ᠠᠵᠢ᠃ 1912 ᠣᠨ ᠤ I ᠰᠠᠷ᠎ᠠ ᠳᠤ ᠤᠯᠢᠶᠠᠰᠤᠲᠠᠢ ᠶᠢ ᠮᠠᠨᠵᠤ ᠶᠢᠨ ᠡᠷᠬᠡᠰᠢᠶᠡᠯ ᠡᠴᠡ ᠴᠢᠯᠦᠭᠡᠯᠡᠵᠦ ᠰᠢᠨ᠎ᠡ ᠲᠤᠲᠤᠮ ᠪᠠᠶᠢᠭᠤᠯᠤᠭᠳᠠᠭᠰᠠᠨ ᠪᠣᠭᠳᠠ ᠬᠠᠭᠠᠨᠲᠤ ᠮᠣᠩᠭᠣᠯ ᠤᠯᠤᠰ ᠤᠨ ᠨᠢᠭᠡᠭᠡᠬᠡᠨ ᠬᠡᠰᠡᠭ ᠲᠦ ᠬᠠᠮᠢᠶᠠᠷᠤᠭᠤᠯᠰᠤᠨ ᠤ ᠬᠣᠶᠢᠨ᠎ᠠ ᠤᠯᠢᠶᠠᠰᠤᠲᠠᠢ ᠣᠷᠴᠢᠮ ᠤᠨ ᠠᠷᠠᠳ ᠤᠳ ᠢ VIII ᠪᠣᠭᠳᠠ ᠵᠠᠪᠽᠠᠨᠳᠠᠮᠪᠠ ᠬᠤᠲᠤᠭᠲᠤ ᠶᠡᠬᠡ ᠱᠠᠪᠢᠳᠠᠭ᠎ᠠ ᠪᠠᠭᠲᠠᠭᠠᠨ ᠳᠠᠰᠫᠦᠨᠴᠠᠭᠯᠢᠨ ᠪᠤᠶᠤ ᠢᠷᠠᠭᠤ ᠶᠢᠨ ᠬᠡᠶᠢᠳ ᠲᠦ ᠬᠠᠷᠢᠶᠠᠯᠠᠭᠤᠯᠤᠭᠰᠠᠨ ᠢᠶᠠᠷ ᠳᠠᠰᠫᠦᠨᠴᠠᠭᠯᠢᠨ ᠬᠡᠶᠢᠳ ᠦᠨ ᠵᠢᠷᠭᠤᠭᠠᠨ ᠠᠩᠭᠢ ᠶᠢᠨ ᠬᠢᠨ ᠭᠡᠭᠳᠡᠬᠦ ᠪᠣᠯᠵᠠᠢ᠃ ᠠᠷᠠᠳ ᠤᠨ ᠠᠷᠠᠳᠴᠢᠯᠠᠭᠰᠠᠨ ᠬᠤᠪᠢᠰᠬᠠᠯ ᠢᠯᠠᠭᠰᠠᠨ ᠤ ᠳᠠᠷᠠᠭᠠᠬᠠᠨ ᠠᠷᠠᠳ ᠤᠨ ᠵᠠᠰᠠᠭ ᠤᠨ ᠭᠠᠵᠠᠷ ᠠᠴᠠ ᠬᠤᠲᠤᠭᠲᠤ ᠬᠤᠪᠢᠯᠭᠠᠳ ᠤᠨ ᠱᠠᠪᠢ ᠨᠠᠷ ᠢ ᠲᠠᠲᠠᠨ ᠪᠠᠭᠤᠯᠭᠠᠬᠤ ᠰᠢᠢᠳᠪᠦᠷᠢ ᠭᠠᠷᠭᠠᠵᠤ ᠡᠨᠡ ᠰᠢᠢᠳᠪᠦᠷᠢ ᠶᠢᠨ ᠳᠠᠭᠠᠤ 1924 ᠣᠨ ᠳᠤ ᠱᠠᠪᠢᠨᠠᠷ ᠢ ᠲᠠᠲᠠᠨ ᠪᠠᠭᠤᠯᠭᠠᠬᠤ ᠦᠶ᠎ᠡ ᠳᠦ ᠳᠠᠰᠫᠦᠨᠴᠠᠭᠯᠢᠨ ᠬᠡᠶᠢᠳ ᠦᠨ ᠵᠢᠷᠭᠤᠭᠠᠨ ᠠᠩᠭᠢᠢᠬᠠᠨ ᠢᠶᠠᠷ ᠨᠢᠭᠡᠨ ᠬᠣᠰᠢᠭᠤ ᠵᠣᠬᠢᠶᠠᠨ ᠠᠯᠳᠠᠷᠬᠠᠭᠠᠨ ᠤᠤᠯ ᠤᠨ ᠬᠣᠰᠢᠭᠤ ᠬᠡᠮᠡᠨ ᠨᠡᠷᠡᠶᠢᠳᠴᠦ ᠴᠡᠴᠡᠷᠯᠢᠭ ᠮᠠᠨᠳᠤᠯ ᠠᠭᠤᠯᠠ ᠶᠢᠨ ᠠᠶᠢᠮᠠᠭ ᠲᠤ ᠬᠠᠷᠢᠶᠠᠯᠠᠭᠤᠯᠤᠭᠰᠠᠨ ᠪᠠᠶᠢᠨ᠎ᠠ᠃ ᠬᠣᠰᠢᠭᠤᠨ ᠤ ᠠᠩᠬᠠᠨ ᠤ ᠳᠠᠷᠤᠭ᠎ᠠ ᠪᠠᠷ ᠰ᠃ᠪᠠᠭᠠᠲᠤᠷ ᠭᠡᠳᠡᠭ ᠬᠦᠮᠦᠨ ᠠᠵᠢᠯᠯᠠᠵᠤ ᠪᠠᠶᠢᠪᠠ᠃ ᠡᠨᠡ ᠦᠶ᠎ᠡ ᠳᠦ 881 ᠍ ᠦᠨ ᠡᠷᠦᠬᠡ᠂ 4046 ᠍ ᠦᠨ ᠬᠦᠮᠦᠨ ᠠᠮᠠ᠂ 88 ᠍ ᠦᠨ ᠠᠷᠪᠠᠨ ᠭᠡᠷ᠂ ᠥᠭᠭᠢᠶᠡᠮᠦᠷ᠂ ᠮᠠᠨᠳᠠᠭ᠎ᠠ ᠳᠤ᠂ ᠪᠠᠳᠠᠷᠠᠬᠤ᠂ ᠪᠠᠶᠠᠨᠵᠢᠷᠦᠬᠡ᠂ ᠪᠠᠶᠠᠩᠬᠠᠶᠢᠷᠬᠠᠨ᠂ ᠷᠠᠰᠢᠶᠠᠨ ᠳᠤ ᠭᠡᠰᠡᠨ 6 ᠍ ᠦᠨ ᠰᠤᠮᠤ᠂ 18 ᠍ ᠶᠢᠨ ᠪᠠᠭ ᠲᠠᠢ ᠪᠠᠶᠢᠭᠰᠠᠨ ᠮᠡᠳᠡᠭᠡ ᠪᠤᠢ᠃ 1928 ᠣᠨ ᠳᠤ ᠨᠤᠲᠤᠭ ᠣᠶᠢᠷᠠᠯᠴᠠᠭ᠎ᠠ ᠪᠠᠭᠠᠪᠲᠤᠷ ᠬᠣᠱᠤᠳ ᠢ ᠬᠣᠭᠣᠷᠣᠨᠳᠣ ᠨᠢ ᠨᠢᠭᠡᠳᠬᠡᠬᠦ ᠳᠦ ᠠᠯᠳᠠᠷᠬᠠᠭᠠᠨ ᠤᠤᠯ ᠤᠨ ᠬᠣᠰᠢᠭᠤ᠂ ᠣᠳᠬᠣᠨᠤᠬᠠᠶᠢᠷᠬᠠᠨ ᠤᠤᠯ ᠤᠨ ᠬᠣᠰᠢᠭᠤᠨ ᠳᠤ ᠨᠢᠭᠡᠳᠦᠨ ᠤᠯᠠᠮ ᠢᠶᠠᠷ ᠨᠢᠭᠡ ᠵᠢᠯ ᠦᠨ ᠳᠠᠷᠠᠭ᠎ᠠ ᠪᠤᠶᠤ 1929 ᠣᠨ ᠳᠤ ᠣᠳᠬᠣᠨᠤᠬᠠᠶᠢᠷᠬᠠᠨ ᠤᠤᠯ ᠤᠨ ᠬᠣᠰᠢᠭᠤ ᠬᠠᠨᠲᠠᠶᠢᠰᠢᠷᠢ ᠤᠤᠯ ᠤᠨ ᠠᠶᠢᠮᠠᠭ ᠲᠤ ᠬᠠᠷᠢᠶᠠᠯᠠᠭᠳᠠᠬᠤ ᠪᠣᠯᠤᠭᠰᠠᠨ ᠪᠠᠶᠢᠨ᠎ᠠ᠃ ᠴᠢᠩᠭᠢᠭᠡᠳ 1931 ᠣᠨ ᠳᠤ ᠵᠠᠰᠠᠭ ᠵᠠᠬᠢᠷᠭᠠᠨ ᠤ ᠶᠡᠬᠡ ᠥᠭᠡᠷᠡᠴᠢᠯᠡᠯᠲᠡ ᠪᠡᠷ ᠮᠥᠨ ᠬᠣᠰᠢᠭᠤᠨ ᠤ ᠪᠠᠶᠠᠨᠪᠤᠯᠠᠭ᠂ ᠪᠠᠳᠠᠷᠠᠬᠤ ᠰᠤᠮᠤᠳ ᠢ ᠨᠢᠭᠡᠳᠬᠡᠨ ᠪᠠᠶᠠᠨᠪᠤᠯᠠᠭ ᠬᠡᠮᠡᠬᠦ ᠰᠤᠮᠤ ᠶᠢ ᠪᠠᠶᠢᠭᠤᠯᠤᠨ ᠵᠠᠪᠬᠠᠨ ᠠᠶᠢᠮᠠᠭ ᠲᠤ ᠬᠠᠷᠢᠶᠠᠯᠠᠭᠤᠯᠤᠭᠰᠠᠨ ᠠᠵᠡᠢ᠃ ᠰᠢᠨ᠎ᠡ ᠲᠤᠲᠤᠮ ᠪᠠᠶᠢᠭᠤᠯᠤᠭᠳᠠᠭᠰᠠᠨ ᠰᠤᠮᠤ ᠶᠢᠨ ᠳᠠᠷᠤᠭ᠎ᠠ ᠪᠠᠷ ᠼᠧᠩᠳᠠᠮ ᠢᠶᠠᠨ ᠬᠡᠮᠡᠬᠦ ᠡᠮᠡᠭᠲᠡᠢ᠂ ᠨᠠᠷᠢᠨ ᠪᠢᠴᠢᠭ ᠦᠨ ᠳᠠᠷᠤᠭ᠎ᠠ ᠪᠠᠷ ᠭᠣᠲᠤᠪ ᠨᠠᠷ ᠲᠤᠰ ᠲᠤᠰ ᠰᠣᠩᠭᠣᠭᠳᠠᠭᠰᠠᠨ ᠪᠠᠶᠢᠨ᠎ᠠ᠃ ᠡᠶᠢᠨᠬᠦᠦ ᠥᠨᠥ ᠶᠢᠨ ᠠᠯᠳᠠᠷᠬᠠᠭᠠᠨ ᠰᠤᠮᠤ ᠪᠠᠶᠢᠭᠤᠯᠤᠭᠳᠠᠵᠤ᠂ ᠡᠨᠡᠬᠦ ᠰᠤᠮᠤ ᠶᠢᠨ ᠬᠦᠮᠦᠨ ᠠᠮᠠ ᠨᠢ ᠡᠶᠢᠨᠬᠦᠦ ᠲᠥᠯᠥᠪᠰᠢᠨ ᠲᠣᠭᠲᠠᠵᠠᠢ᠃ ᠬᠠᠷᠢᠨ ᠠᠯᠳᠠᠷᠬᠠᠭᠠᠨ ᠨᠡᠷᠡᠶᠢᠳᠦᠯᠭᠡ ᠶᠢᠨ ᠲᠤᠬᠠᠢ ᠳᠤ 1932 ᠣᠨ ᠳᠤ ᠪᠠᠶᠠᠨᠪᠤᠯᠠᠭ ᠨᠡᠷ᠎ᠡ ᠶᠢ ᠥᠭᠡᠷᠡᠴᠢᠯᠡᠨ ᠠᠯᠳᠠᠷᠬᠠᠭᠠᠨ ᠰᠤᠮᠤ ᠬᠡᠮᠡᠨ ᠨᠡᠷᠡᠶᠢᠳᠦᠭᠳᠡᠨ ᠨᠡᠶᠢᠲᠡ ᠮᠥᠨ ᠵᠢᠪᠬᠤᠯᠠᠩᠲᠤ ᠰᠤᠮᠤ ᠠᠴᠠ 2 ᠪᠠᠭ ᠰᠢᠯᠵᠢᠨ ᠢᠷᠡᠵᠦ᠂ ᠠᠷᠪᠠᠨ ᠪᠠᠭ ᠲᠠᠢ ᠪᠠᠷ ᠰᠢᠨᠡᠴᠢᠯᠡᠨ ᠵᠣᠬᠢᠶᠠᠨ ᠪᠠᠶᠢᠭᠤᠯᠤᠭᠳᠠᠵᠠᠢ᠃

ᠬᠠᠩᠭᠠᠢ ᠭᠣᠪᠢ ᠬᠣᠣᠰᠯᠠᠭᠰᠠᠨ ᠨᠤᠲᠤᠭ ᠲᠠᠢ᠃ ᠨᠤᠲᠤᠭ ᠳᠡᠪᠢᠰᠬᠡᠷ ᠦᠨ 87,7 ᠬᠤᠪᠢ ᠶᠢ ᠨᠢ ᠮᠠᠯ ᠤᠨ ᠪᠡᠯᠴᠢᠭᠡᠷ᠂ 4,2 ᠬᠤᠪᠢ ᠶᠢ ᠣᠢ᠂ 0,7 ᠬᠤᠪᠢ ᠶᠢ ᠬᠠᠳᠤᠯᠠᠩ ᠤᠨ ᠲᠠᠯᠠᠪᠠᠢ᠂ 7,4 ᠬᠤᠪᠢ ᠶᠢ ᠭᠣᠣᠯ ᠭᠣᠷᠭᠢ᠂ ᠲᠥᠪ ᠰᠠᠭᠤᠷᠢᠨ ᠭᠠᠵᠠᠷ ᠲᠤᠰ ᠲᠤᠰ ᠡᠵᠡᠯᠡᠳᠡᠭ ᠪᠠᠶᠢᠨ᠎ᠠ᠃ ᠨᠤᠲᠤᠭ ᠤᠨ ᠵᠡᠭᠦᠨ ᠬᠣᠶᠢᠳᠤ ᠬᠡᠰᠡᠭ ᠲᠦ ᠬᠠᠩᠭᠠᠢ ᠶᠢᠨ ᠨᠢᠷᠤᠭᠤᠨ ᠤ ᠨᠣᠶᠠᠨ ᠣᠷᠭᠢᠯ ᠣᠳᠬᠣᠨᠲᠩᠷᠢ ᠠᠭᠤᠯᠠ᠂ ᠮᠥᠨ ᠬᠠᠩᠭᠠᠢ ᠶᠢᠨ ᠨᠢᠷᠤᠭᠤᠨ ᠤ ᠰᠠᠯᠪᠤᠷᠢ ᠪᠠᠶᠠᠨᠵᠢᠷᠦᠬᠡ᠂ ᠬᠠᠲᠠᠪᠴᠢ᠂ ᠬᠠᠭᠠᠯᠭ᠎ᠠ᠂ ᠲᠡᠭᠡᠯᠢ᠂ ᠴᠤᠪᠤᠷᠠᠢ᠂ ᠨᠠᠷᠢᠨ᠂ ᠪᠠᠷᠠᠭᠤᠨ᠂ ᠵᠡᠭᠦᠨ ᠰᠢᠯᠦᠭᠦᠰᠦ ᠲᠡᠢ᠂ ᠪᠣᠷᠬ᠎ᠠ᠂ ᠪᠣᠷᠣ᠂ ᠤᠯᠠᠭᠠᠨᠬᠠᠶᠢᠷᠬᠠᠨ᠂ ᠲᠡᠷᠡᠮᠡᠰ ᠲᠦ᠂ ᠠᠯᠠᠭ᠂ ᠪᠢᠨᠳᠦᠷ ᠵᠡᠷᠭᠡ ᠠᠤᠯᠠᠯᠠᠰ ᠲᠠᠢ᠃ ᠪᠣᠭᠳᠠ᠂ ᠪᠣᠷᠬ᠎ᠠ᠂ ᠴᠢᠭᠢᠲᠦᠭᠰᠡᠢ᠂ ᠢᠷᠠᠭᠤ᠂ ᠴᠤᠪᠤᠷᠠᠢ ᠵᠡᠷᠭᠡ ᠭᠣᠣᠯ ᠭᠣᠷᠭᠢ᠂ ᠣᠳᠬᠠᠨ᠂ ᠬᠠᠭᠠᠯᠭ᠎ᠠ᠂ ᠪᠣᠷᠣ ᠪᠤᠷᠭᠠᠰᠤ ᠵᠡᠷᠭᠡ ᠷᠠᠰᠢᠶᠠᠨ ᠤᠰᠤ᠂ ᠬᠥᠬᠡ᠂ ᠴᠠᠭᠠᠨ ᠨᠠᠭᠤᠷ᠂ ᠰᠡᠨᠵᠢᠲᠦ᠂ ᠴᠣᠬᠢᠶ᠎ᠠ᠂ ᠮᠥᠩᠭᠥ ᠳᠦ ᠬᠢᠰᠤᠭ᠎ᠠ᠂ ᠶᠡᠬᠡ᠂ ᠪᠠᠭ᠎ᠠ ᠢᠮᠠᠭᠠᠲᠤ᠂ ᠲᠣᠭᠯᠠᠭ᠎ᠠ ᠳᠤ᠂ ᠮᠠᠨᠳᠠᠭ᠎ᠠ ᠳᠤ᠂ ᠠᠯᠳᠠᠷᠬᠠᠶᠢᠷᠬᠠᠨ᠂ ᠳᠣᠨᠣᠢ ᠶᠢᠨ ᠬᠥᠨᠳᠡᠢ᠂ ᠳᠣᠨᠣᠢ ᠪᠠᠶᠠᠨ ᠤ ᠪᠠᠭᠤᠷᠢ᠂ ᠱᠣᠩ ᠴᠢᠯᠠᠭᠤ᠂ ᠬᠠᠯᠵᠠᠨ ᠪᠦᠷᠦᠭ ᠲᠡᠢ᠂ ᠶᠡᠬᠡ᠂ ᠪᠠᠭ᠎ᠠ ᠵᠡᠰᠲᠦ᠂ ᠬᠥᠰᠢᠶ᠎ᠡ ᠳᠦ᠂ ᠲᠣᠪᠴᠠᠭ᠂ ᠪᠠᠶᠢᠴᠠ ᠵᠡᠷᠭᠡ ᠲᠡᠦᠬᠡ ᠶᠢᠨ ᠳᠤᠷᠠᠰᠬᠠᠯᠲᠤ ᠪᠣᠯᠤᠨ ᠪᠠᠶᠢᠭᠠᠯᠢ ᠶᠢᠨ ᠦᠵᠡᠰᠬᠦᠯᠡᠩ ᠪᠦᠷᠢᠳᠦᠭᠰᠡᠨ ᠭᠠᠵᠠᠷ ᠤᠳ ᠲᠠᠢ᠃ ᠠᠭᠤᠷ ᠠᠮᠢᠰᠬᠤᠯ ᠤᠨ ᠬᠤᠪᠢ ᠳᠤ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠂ ᠵᠤᠨ ᠳᠤ ᠪᠠᠨ ᠨᠡᠮᠡᠬᠦ 32, ᠡᠪᠦᠯ ᠳᠦ ᠪᠡᠨ ᠬᠠᠰᠤᠬᠤ 42 ᠬᠡᠮ ᠦᠨ ᠬᠡᠯᠪᠡᠯᠵᠡᠯᠲᠡᠢ ᠡᠨᠡ ᠪᠥᠰᠡ ᠨᠤᠲᠤᠭ ᠲᠤ ᠬᠠᠷ᠎ᠠ ᠮᠣᠳᠣ᠂ ᠬᠠᠶᠢᠯᠠᠰᠤ᠂ ᠲᠣᠣᠷᠠᠢ᠂ ᠪᠤᠷᠭᠠᠰᠤ᠂ ᠤᠯᠢᠶᠠᠰᠤ᠂ ᠲᠥᠷᠥᠯ ᠪᠦᠷᠢ ᠶᠢᠨ ᠬᠠᠷᠭᠠᠨ᠎ᠠ ᠵᠡᠷᠭᠡ ᠮᠣᠳᠣᠯᠢᠭ ᠤᠷᠭᠤᠮᠠᠯ᠂ ᠰᠢᠬᠢᠷ ᠡᠪᠡᠰᠦ᠂ ᠯᠢᠳᠡᠷᠢ᠂ ᠳᠡᠭᠲᠦ᠂ ᠴᠠᠷᠪᠠᠨ᠂ ᠰᠢᠷ᠎ᠠ᠂ ᠤᠯᠠᠭᠠᠨ ᠭᠣᠶᠣᠣ᠂ ᠠᠷᠴᠠ᠂ ᠰᠤᠯᠢ᠂ ᠰᠤᠯᠢᠬᠢᠷ᠂ ᠸᠠᠩᠰᠡᠮᠪᠡᠷᠦ᠂ ᠮᠠᠨᠵᠢᠨᠭᠠᠷᠪᠣ᠂ ᠠᠵᠢᠭᠢᠼᠷᠡᠩ᠂ ᠶᠦᠮᠳᠡᠵᠢᠩ᠂ ᠠᠯᠲᠠᠨ ᠭᠠᠩᠨᠠᠭᠤᠷ᠂ ᠵᠡᠷᠭᠡ ᠡᠮ ᠦᠨ ᠤᠷᠭᠤᠮᠠᠯ᠂ ᠬᠢᠶᠠᠭ᠂ ᠠᠭᠢ᠂ ᠲᠠᠭᠠᠨ᠎ᠠ᠂ ᠶᠥᠷᠬᠥᠭ᠂ ᠰᠢᠪᠠᠭ᠂ ᠬᠦᠮᠦᠦᠯᠢ ᠵᠡᠷᠭᠡ ᠪᠡᠯᠴᠢᠭᠡᠷ ᠦᠨ ᠤᠷᠭᠤᠮᠠᠯ᠂ ᠴᠢᠴᠠᠷᠭᠠᠨ᠎ᠠ᠂ ᠦᠬᠡᠷ ᠦᠨ ᠨᠢᠳᠦ᠂ ᠤᠯᠠᠭᠠᠯᠠᠵᠠᠭᠠᠨ᠎ᠠ᠂ ᠲᠣᠰᠢᠯᠣᠢ᠂ ᠬᠠᠳᠠ᠂ ᠮᠥᠭᠥ᠂ ᠨᠣᠬᠠᠢ ᠶᠢᠨ ᠬᠣᠰᠢᠭᠤ ᠵᠡᠷᠭᠡ ᠵᠢᠮᠢᠰ᠂ ᠪᠤᠭᠤ᠂ ᠰᠣᠭᠣ᠂ ᠪᠣᠷᠣ ᠭᠥᠷ ᠡᠴᠡ᠂ ᠶᠠᠩᠭᠢᠷ ᠢᠮᠠᠭ᠎ᠠ᠂ ᠠᠷᠭᠠᠯ᠂ ᠤᠭᠠᠯᠵᠠ᠂ ᠵᠡᠷᠯᠢᠭ ᠭᠠᠬᠠᠢ᠂ ᠢᠷᠪᠢᠰ᠂ ᠰᠢᠯᠦᠭᠦᠰᠦ᠂ ᠦᠨᠡᠭᠡ᠂ ᠴᠢᠨᠣ᠎ᠠ᠂ ᠲᠠᠷᠪᠠᠭ᠎ᠠ᠂ ᠬᠢᠷᠰᠠ᠂ ᠮᠠᠨᠤᠤᠯ᠂ ᠲᠠᠤᠯᠠᠢ ᠵᠡᠷᠭᠡ ᠬᠡᠭᠡᠷ᠎ᠡ ᠶᠢᠨ ᠠᠮᠢᠲᠠᠨ᠂ ᠲᠠᠰ᠂ ᠪᠦᠷᠭᠦᠳ᠂ ᠶᠣᠯᠣ᠂ ᠬᠣᠶᠢᠯᠣᠭ ᠵᠡᠷᠭᠡ ᠰᠢᠪᠠᠭᠤᠳ ᠲᠠᠢ ᠮᠥᠨ ᠭᠠᠵᠠᠷ ᠤᠨ ᠢᠶᠠᠨ ᠬᠡᠪᠡᠯᠢ ᠳᠦ ᠠᠯᠲᠠ᠂ ᠮᠥᠩᠭᠥ᠂ ᠲᠡᠮᠦᠷ᠂ ᠣᠭᠶᠤ᠂ ᠹᠣᠰᠹᠣᠷ᠂ ᠪᠠᠳᠮᠠᠷᠠᠭ᠎ᠠ᠂ ᠬᠠᠰ᠂ ᠮᠠᠨᠤ ᠵᠡᠷᠭᠡ ᠠᠰᠢᠭᠲᠤ ᠮᠠᠯᠲᠠᠮᠠᠯ ᠼᠧᠮᠧᠨᠲ᠂ ᠱᠣᠬᠣᠢ ᠶᠢᠨ ᠴᠢᠯᠠᠭᠤ᠂ ᠲᠣᠭᠣᠰᠬ᠎ᠠ ᠬᠢᠬᠦ ᠳᠦ ᠲᠣᠬᠢᠷᠠᠮᠵᠢᠲᠠᠢ ᠨᠠᠩᠭ᠎ᠠ ᠰᠢᠪᠠᠷ ᠵᠡᠷᠭᠡ ᠪᠠᠶᠢᠭᠠᠯᠢ ᠶᠢᠨ ᠨᠥᠭᠡᠴᠡ ᠲᠡᠢ᠃ ᠪᠠᠶᠢᠭᠠᠯᠢ ᠴᠠᠭ ᠠᠭᠤᠷ ᠤᠨ ᠡᠶᠢᠮᠦ ᠨᠥᠬᠥᠴᠡᠯ ᠪᠠᠶᠢᠳᠠᠯ ᠳᠤ ᠡᠬᠢᠨ ᠡᠴᠡ ᠪᠡᠨ ᠮᠠᠯ ᠠᠵᠤ ᠠᠬᠤᠢ ᠳᠠᠩᠨᠠᠨ ᠮᠥᠨ ᠲᠣᠮᠣᠬᠠᠨ ᠭᠣᠣᠯ ᠮᠥᠷᠡᠨ ᠦ ᠬᠥᠨᠳᠡᠢ ᠪᠡᠷ ᠪᠠᠶᠢᠭᠠᠯᠢ ᠶᠢᠨ ᠬᠠᠳᠤᠯᠠᠩ ᠪᠣᠯᠤᠨ ᠬᠦᠨᠡᠰᠦᠨ ᠦ ᠨᠣᠭᠣᠭ᠎ᠠ ᠲᠠᠷᠢᠶᠠᠯᠠᠵᠤ ᠢᠷᠡᠭᠰᠡᠨ ᠪᠥᠰᠡ ᠨᠤᠲᠤᠭ ᠠᠵᠡᠢ᠃ ᠲᠡᠷᠡ ᠳᠤᠮᠳᠠ ᠪᠠᠨ ᠡᠷᠲᠡᠨ ᠡᠴᠡ ᠤᠯᠢᠶᠠᠰᠤᠲᠠᠢ ᠬᠣᠲᠠ ᠶᠢᠨ ᠬᠦᠮᠦᠨ ᠠᠮᠠ ᠶᠢ ᠮᠢᠬ᠎ᠠ᠂ ᠰᠦ᠋, ᠬᠦᠨᠡᠰᠦᠨ ᠦ ᠨᠣᠭᠣᠭ᠎ᠠ ᠵᠡᠷᠭᠡ ᠪᠡᠷ ᠬᠠᠨᠭᠠᠭᠰᠠᠭᠠᠷ ᠢᠷᠡᠭᠰᠡᠨ ᠲᠤᠯᠠ ᠡᠨᠡ ᠤᠯᠠᠮᠵᠢᠯᠠᠯ ᠳᠡᠭᠡᠷ᠎ᠡ ᠪᠡᠨ ᠲᠤᠯᠭᠠᠭᠤᠷᠢᠯᠠᠭᠰᠠᠨ ᠮᠢᠬ᠎ᠠ ᠰᠦᠨ ᠦ ᠴᠢᠭᠯᠡᠯ ᠦᠨ ᠦᠬᠡᠷ᠂ ᠬᠣᠨᠢ ᠵᠣᠩᠬᠢᠯᠠᠭᠰᠠᠨ МАА ᠍ ᠢ ᠡᠷᠬᠢᠯᠡᠭᠰᠡᠭᠡᠷ ᠢᠷᠡᠭᠰᠡᠨ ᠪᠠᠶᠢᠨ᠎ᠠ᠃ ᠡᠨᠡ ᠪᠥᠰᠡ ᠨᠤᠲᠤᠭ ᠲᠤ ᠣᠷᠣᠰᠢᠵᠤ ᠪᠠᠶᠢᠭᠰᠠᠨ ᠤᠯᠢᠶᠠᠰᠤᠲᠠᠢ ᠶᠢᠨ ᠵᠢᠷᠭᠤᠭᠠᠨ ᠠᠩᠭᠢ ᠶᠢᠨ ᠬᠢᠨ 1733-1920 ᠍ ᠢᠤᠳ᠋ ᠣᠨ ᠤ ᠦᠶ᠎ᠡ ᠬᠦᠷᠲᠡᠯ᠎ᠡ ᠤᠯᠢᠶᠠᠰᠤᠲᠠᠢ ᠶᠢᠨ ᠮᠠᠨᠵᠤ ᠠᠮᠪᠠᠨ ᠤ ᠶᠠᠮᠤ ᠲᠠᠮᠠᠭ᠎ᠠ ᠶᠢᠨ ᠭᠠᠵᠠᠷ ᠤᠨ ᠦᠷᠡᠵᠢᠯ ᠦᠨ ᠮᠠᠯ ᠠᠳᠭᠤᠯᠠᠬᠤ᠂ ᠬᠦᠨᠡᠰᠦᠨ ᠦ ᠮᠠᠯ ᠢ ᠥᠰᠬᠡᠨ ᠮᠢᠬ᠎ᠠ᠂ ᠰᠦ᠋ ᠍ ᠪᠡᠷ ᠬᠠᠩᠭᠠᠬᠤ ᠮᠥᠨ ᠪᠠᠭᠠᠪᠲᠤᠷᠬᠠᠨ ᠴᠡᠷᠢᠭ ᠦᠨ ᠲᠠᠷᠢᠶᠠᠯᠠᠩ ᠤᠨ ᠡᠭᠦᠷᠭᠡ ᠶᠢ ᠭᠦᠢᠴᠡᠳᠭᠡᠭᠰᠡᠭᠡᠷ ᠢᠷᠡᠵᠡᠢ᠃ ᠬᠠᠷᠢᠨ ᠬᠤᠪᠢᠰᠬᠠᠯ ᠤᠨ ᠳᠠᠷᠠᠭ᠎ᠠ ᠦᠶᠡᠰ ᠪᠡᠶ᠎ᠡ ᠳᠠᠭᠠᠭᠰᠠᠨ ᠨᠢᠭᠡᠨ ᠬᠣᠰᠢᠭᠤ᠂ ᠰᠤᠮᠤ ᠶᠢᠨ ᠵᠣᠬᠢᠶᠠᠨ ᠪᠠᠶᠢᠭᠤᠯᠤᠯᠲᠠᠨ ᠳᠤ ᠰᠢᠯᠵᠢᠨ ᠡᠨᠡ ᠪᠥᠰᠡ ᠨᠤᠲᠤᠭ ᠤᠨ ᠬᠦᠮᠦᠨ ᠠᠷᠠᠳ ᠬᠤᠪᠢ ᠤᠨ ᠠᠵᠤ ᠠᠬᠤᠢ ᠡᠷᠬᠢᠯᠡᠬᠦ ᠪᠣᠯᠤᠭᠰᠠᠨ ᠤ ᠳᠡᠭᠡᠷ᠎ᠡ ᠨᠢᠭᠡᠳᠦᠭᠰᠡᠨ ᠵᠣᠬᠢᠶᠠᠨ ᠪᠠᠶᠢᠭᠤᠯᠤᠯᠲᠠᠨ ᠳᠤ ᠴᠤ ᠤᠷᠤᠬᠤ ᠪᠣᠯᠵᠠᠢ᠃ ᠭᠡᠰᠡᠨ ᠬᠡᠳᠦᠢᠴᠤ ᠤᠯᠢᠶᠠᠰᠤᠲᠠᠢ ᠬᠣᠲᠠ ᠶᠢᠨ ᠬᠦᠮᠦᠨ ᠠᠮᠠ ᠶᠢᠨ ᠬᠦᠨᠡᠰᠦᠨ ᠦ ᠬᠡᠷᠡᠭᠴᠡᠭᠡ ᠶᠢ ᠬᠠᠩᠭᠠᠬᠤ ᠡᠭᠦᠷᠭᠡ ᠨᠢ ᠥᠭᠡᠷᠡᠴᠢᠯᠡᠭᠳᠡᠭᠡ ᠦᠭᠡᠢ ᠶᠤᠮ᠃

1920 ᠍ ᠢᠤᠳ᠋ ᠣᠨ ᠤ ᠰᠡᠭᠦᠯ ᠦᠶ᠎ᠡ ᠳᠦ ᠮᠣᠩᠭᠣᠯ ᠣᠷᠣᠨ ᠳᠠᠶᠠᠭᠠᠷ ᠠᠷᠤ ᠠᠷᠤ ᠠᠴᠠ ᠪᠠᠨ ᠳᠠᠭᠠᠯᠳᠤᠨ ᠪᠠᠶᠢᠭᠤᠯᠤᠭᠳᠠᠭᠰᠠᠨ ᠬᠠᠮᠲᠤᠷᠠᠯ ᠤᠳ ᠨᠢ 1932 ᠣᠨ ᠤ ᠦᠶ᠎ᠡ ᠭᠡᠬᠦ ᠳᠦ ᠵᠠᠰᠠᠭ ᠤᠨ ᠭᠠᠵᠠᠷ ᠤᠨ ᠪᠤᠷᠤᠭᠤ ᠪᠣᠳᠣᠯᠭ᠎ᠠ ᠶᠢᠨ ᠦᠷ᠎ᠡ ᠳ᠋ᠦᠩ ᠬᠡᠮᠡᠭᠳᠡᠨ ᠲᠠᠷᠠᠵᠤ ᠬᠠᠷᠢᠨ ᠠᠯᠳᠠᠷᠬᠠᠭᠠᠨ ᠰᠤᠮᠤᠨ ᠳᠤ ᠲᠡᠷᠬᠡᠦ ᠬᠠᠮᠲᠤᠷᠠᠯ ᠤᠨ ᠬᠠᠮᠲᠤᠷᠠᠯ ᠤᠨ ᠰᠠᠭᠤᠷᠢᠨ ᠳᠡᠭᠡᠷ᠎ᠡ 1933 ᠣᠨ ᠳᠤ 《ᠪᠣᠷᠬ᠎ᠠ ᠶᠢᠨ ᠲᠠᠷᠢᠶᠠᠯᠠᠩ ᠤᠨ ᠨᠢᠭᠡᠳᠦᠯ》 ᠬᠡᠮᠡᠬᠦ ᠭᠣᠣᠯ ᠲᠥᠯᠥᠪ ᠮᠠᠯ ᠤᠨ ᠲᠡᠵᠢᠭᠡᠯ᠂ ᠬᠦᠨᠡᠰᠦᠨ ᠦ ᠨᠣᠭᠣᠭ᠎ᠠ᠂ ᠬᠠᠳᠤᠯᠠᠩ ᠤᠨ ᠦᠢᠯᠡ ᠠᠵᠢᠯᠯᠠᠭ᠎ᠠ ᠶᠠᠪᠤᠭᠤᠯᠳᠠᠭ ᠨᠢᠭᠡᠳᠦᠯ ᠪᠠᠶᠢᠭᠤᠯᠤᠭᠳᠠᠭᠰᠠᠨ ᠨᠢ ᠬᠣᠵᠢᠮ ᠢᠶᠠᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠤᠤᠭᠠᠨ ᠨᠢᠭᠡᠳᠦᠯ 《ᠫᠠᠷᠲ᠋ᠢᠽᠠᠨ ᠴᠣᠶᠢᠪᠠᠯᠰᠠᠩ》 ᠨᠢᠭᠡᠳᠦᠯ ᠦᠨ ᠡᠬᠢ ᠡᠭᠦᠰᠬᠡᠯ ᠪᠣᠯᠵᠤ ᠥᠭᠭᠦᠭᠰᠡᠨ ᠠᠵᠡᠢ᠃ ᠡᠨᠡᠬᠦ ᠨᠢᠭᠡᠳᠦᠯ ᠢ ᠳᠠᠭᠠᠯᠳᠤᠨ 1934 ᠣᠨ ᠳᠤ ᠮᠥᠨ ᠪᠣᠷᠣᠬᠠᠳ ᠳᠠᠯᠬ᠎ᠠ ᠪᠠᠨ ᠳᠠᠷᠤᠭ᠎ᠠ ᠲᠠᠢ ᠲᠠᠷᠢᠶᠠᠯᠠᠩ ᠤᠨ II ᠨᠢᠭᠡᠳᠦᠯ᠂ 1935 ᠣᠨ ᠳᠤ ᠲᠠᠷᠢᠶᠠᠯᠠᠩ ᠤᠨ III ᠨᠢᠭᠡᠳᠦᠯ᠂ 1936 ᠣᠨ ᠳᠤ IX ᠪᠠᠭ ᠲᠤ ᠬᠠᠳᠤᠯᠠᠩ ᠤᠨ ᠨᠢᠭᠡᠳᠦᠯ᠂ 1937 ᠣᠨ ᠳᠤ III ᠪᠠᠭ ᠲᠤ ᠲᠠᠷᠢᠶᠠᠯᠠᠩ ᠤᠨ IV ᠨᠢᠭᠡᠳᠦᠯ᠂ 1938 ᠣᠨ ᠳᠤ ᠮᠥᠨ III ᠪᠠᠭ ᠲᠤ ᠲᠠᠷᠢᠶᠠᠯᠠᠩ ᠤᠨ V, VI ᠨᠢᠭᠡᠳᠦᠯ ᠲᠤᠰ ᠲᠤᠰ ᠪᠠᠶᠢᠭᠤᠯᠤᠭᠳᠠᠵᠠᠢ᠃ ᠭᠡᠬᠦ ᠳᠦ ᠪᠡᠨ ᠡᠳᠡᠭᠡᠷ ᠨᠢᠭᠡᠳᠦᠯ ᠦᠳ ᠨᠢ 1954-1992 ᠣᠨ ᠤ ᠦᠶ᠎ᠡ ᠳᠦ ᠣᠷᠣᠰᠢᠨ ᠪᠠᠶᠢᠭᠰᠠᠨ ᠨᠢᠭᠡᠳᠦᠯᠲᠡᠢ ᠣᠭᠲᠣ ᠠᠳᠠᠯᠢ ᠦᠭᠡᠢ ᠵᠥᠪᠬᠡᠨ ᠮᠠᠯ ᠤᠨ ᠲᠡᠵᠢᠭᠡᠯ ᠲᠠᠷᠢᠶᠠᠯᠠᠩ ᠪᠡᠯᠡᠳᠬᠡᠬᠦ᠂ ᠪᠠᠶᠢᠭᠠᠯᠢ ᠶᠢᠨ ᠬᠠᠳᠤᠯᠠᠩ ᠠᠪᠬᠤ᠂ ᠪᠠᠭ᠎ᠠ ᠰᠠᠭ᠎ᠠ ᠬᠦᠨᠡᠰᠦᠨ ᠦ ᠨᠣᠭᠣᠭ᠎ᠠ ᠲᠠᠷᠢᠶᠠᠯᠠᠬᠤ ᠪᠠᠷ ᠯᠠ ᠬᠢᠵᠠᠭᠠᠷᠯᠠᠭᠳᠠᠵᠤ ᠪᠠᠶᠢᠭᠰᠠᠨ ᠠᠴᠠ ᠪᠢᠰᠢ ᠮᠠᠯ ᠢᠶᠠᠨ ᠨᠡᠶᠢᠭᠡᠮᠴᠢᠯᠡᠨ᠂ ᠬᠥᠳᠡᠯᠮᠦᠷᠢ ᠪᠡᠨ ᠨᠢᠭᠡᠳᠬᠡᠭᠰᠡᠨ ᠨᠢ ᠬᠠᠷᠠᠬᠠᠨ ᠦᠭᠡᠢ ᠨᠤᠲᠤᠭ ᠤᠨ ᠶᠡᠬᠡᠩᠬᠢ ᠬᠦᠮᠦᠰ ᠬᠤᠪᠢ ᠤᠨ ᠮᠠᠯ ᠠᠵᠤ ᠠᠬᠤᠢ ᠡᠷᠬᠢᠯᠡᠨ ᠠᠷᠠᠳ ᠤᠨ ᠠᠵᠤ ᠠᠬᠤᠶᠢᠲᠠᠨ ᠤ ᠪᠠᠶᠢᠳᠠᠯ ᠢᠶᠠᠷ ᠣᠷᠣᠰᠢᠨ ᠪᠠᠶᠢᠭᠰᠠᠨ ᠶᠤᠮ᠃ ᠳᠡᠭᠡᠷ᠎ᠡ ᠦᠭᠦᠯᠡᠭᠰᠡᠨ ᠨᠢᠭᠡᠳᠦᠯ ᠦᠳ 1939 ᠣᠨ ᠳᠤ ᠨᠢᠭᠡᠳᠦᠨ ᠬᠠᠳᠤᠯᠠᠩ᠂ ᠲᠠᠷᠢᠶᠠᠯᠠᠩ ᠤᠨ ᠦᠢᠯᠡ ᠠᠵᠢᠯᠯᠠᠭ᠎ᠠ ᠭᠣᠣᠯᠯᠠᠨ ᠡᠷᠬᠢᠯᠡᠬᠦ 《ᠬᠦᠷᠡᠯᠳᠡᠢ》 ᠬᠡᠮᠡᠬᠦ ᠨᠢᠭᠡᠳᠦᠯ ᠢ ᠪᠠᠶᠢᠭᠤᠯᠤᠭᠰᠠᠨ ᠪᠠᠶᠢᠨ᠎ᠠ᠃ 1933 ᠣᠨ ᠤ ᠠᠩᠬᠠᠨ ᠤ ᠨᠢᠭᠡᠳᠦᠯ ᠡᠴᠡ 1939 ᠣᠨ ᠳᠤ ᠨᠢᠭᠡᠳᠦᠨ 《ᠬᠦᠷᠡᠯᠳᠡᠢ》 ᠬᠡᠮᠡᠬᠦ ᠨᠢᠭᠡᠳᠦᠯ ᠪᠠᠶᠢᠭᠤᠯᠬᠤ ᠬᠦᠷᠲᠡᠯ᠎ᠡ ᠨᠢᠭᠡᠳᠦᠯ ᠦᠨ ᠡᠷᠦᠬᠡ ᠶᠢᠨ ᠲᠣᠭ᠎ᠠ ᠭᠤᠷᠪᠠ ᠠᠴᠠ 116 ᠪᠣᠯᠲᠠᠯ᠎ᠠ ᠪᠠᠨ ᠥᠰᠦᠨ᠂ ᠲᠠᠷᠢᠶᠠᠯᠠᠭᠰᠠᠨ ᠭᠠᠵᠠᠷ ᠨᠢ 600-1000 ᠭᠠ᠂ ᠠᠪᠤᠭᠰᠠᠨ ᠤᠷᠭᠤᠴᠠ ᠨᠢ 30-320, 505-1955 ᠫᠦ᠂ ᠪᠣᠷᠣᠨᠠᠢ 2-5, ᠭᠠᠷ ᠬᠠᠳᠤᠭᠤᠷ 20-44, ᠲᠡᠮᠦᠷ ᠬᠦᠷᠵᠡ 15-53, ᠭᠠᠷ ᠲᠡᠭᠡᠷᠮ᠎ᠡ 1-2, ᠬᠠᠳᠤᠭᠰᠠᠨ ᠭᠠᠵᠠᠷ 300-3708 ᠭᠠ᠂ ᠬᠠᠳᠤᠭᠰᠠᠨ ᠡᠪᠡᠰᠦ 2700-18515 ᠫᠦ ᠬᠦᠷᠲᠡᠯ᠎ᠡ ᠲᠤᠰ ᠲᠤᠰ ᠨᠡᠮᠡᠭᠳᠡᠵᠡᠢ᠃ 1943 ᠣᠨ ᠳᠤ ᠪᠣᠷᠬ᠎ᠠ ᠶᠢᠨ 《ᠬᠦᠷᠡᠯᠳᠡᠢ》 ᠨᠢᠭᠡᠳᠦᠯ ᠥᠷᠥᠭᠵᠢᠨ ᠬᠠᠲᠠᠨᠪᠠᠭᠠᠲᠤᠷ ᠮᠠᠭᠰᠤᠷᠵᠠᠪ ᠤᠨ ᠨᠡᠷᠡᠮᠵᠢᠲᠦ 《ᠫᠠᠷᠲ᠋ᠢᠽᠠᠨ》 ᠨᠢᠭᠡᠳᠦᠯ ᠬᠡᠮᠡᠭᠳᠡᠬᠦ ᠪᠣᠯᠵᠤ ᠳᠠᠷᠤᠭ᠎ᠠ ᠪᠠᠷ ᠫ᠃ᠪᠠᠪᠠᠤ ᠶᠢ ᠰᠣᠩᠭᠣᠨ ᠲᠠᠷᠢᠶᠠᠯᠠᠩ᠂ ᠬᠠᠳᠤᠯᠠᠩ ᠤᠨ ᠦᠢᠯᠡ ᠠᠵᠢᠯᠯᠠᠭ᠎ᠠ ᠶᠢ ᠪᠠᠨ ᠤᠯᠠᠮ ᠥᠷᠭᠦᠵᠢᠭᠦᠯᠵᠦ ᠡᠬᠢᠯᠡᠭᠰᠡᠨ ᠪᠠᠶᠢᠨ᠎ᠠ᠃ ᠡᠨᠡ ᠦᠶᠡᠰ ᠬᠠᠳᠤᠯᠠᠩ᠂ ᠲᠠᠷᠢᠶᠠᠯᠠᠩ ᠤᠨ ᠠᠵᠢᠯ ᠤᠨᠨ ᠵᠡᠷᠭᠡᠴᠡᠭᠡ ᠤᠯᠢᠶᠠᠰᠤᠲᠠᠢ ᠬᠣᠳᠠ ᠳᠤ ᠪᠣᠣᠪᠣᠨ ᠤ ᠲᠠᠰᠤᠭ᠂ ᠭᠤᠸᠠᠩᠵᠠ ᠨᠡᠭᠡᠭᠡᠨ ᠠᠰᠢᠭ ᠣᠷᠣᠯᠭ᠎ᠠ ᠨᠡᠯᠢᠶᠡᠳ ᠠᠷᠪᠢᠨ ᠪᠠᠶᠢᠭᠰᠠᠨ ᠲᠤᠯᠠ᠂ ᠳᠠᠷᠠᠭ᠎ᠠ ᠵᠢᠯ ᠡᠴᠡ ᠬᠣᠨᠢᠨ ᠰᠦᠷᠦᠭ᠂ 1946 ᠣᠨ ᠠᠴᠠ ᠠᠳᠤᠭᠤᠨ ᠰᠦᠷᠦᠭ ᠲᠡᠢ ᠪᠣᠯᠵᠤ ᠮᠠᠯ ᠠᠵᠤ ᠠᠬᠤᠢ ᠶᠢᠨ ᠠᠵᠢᠯ ᠳᠠᠪᠬᠤᠷ ᠡᠷᠬᠢᠯᠡᠬᠦ ᠪᠣᠯᠵᠠᠢ᠃ 1948 ᠣᠨ ᠳᠤ ᠪᠣᠷᠣᠬᠠᠳ ᠠᠬᠢᠨ ᠨᠢᠭᠡ ᠨᠢᠭᠡᠳᠦᠯ ᠪᠠᠶᠢᠭᠤᠯᠤᠭᠳᠠᠨ 《ᠤᠯᠠᠭᠠᠨ ᠫᠠᠷᠲ᠋ᠢᠽᠠᠨ》 ᠬᠡᠮᠡᠨ ᠨᠡᠷᠡᠶᠢᠳᠦᠨ ᠮᠥᠨ ᠲᠠᠷᠢᠶᠠᠯᠠᠩ᠂ ᠬᠠᠳᠤᠯᠠᠩ᠂ ᠬᠦᠨᠡᠰᠦᠨ ᠦ ᠪᠦᠲᠦᠭᠡᠭᠳᠡᠬᠦᠨ ᠦ ᠦᠢᠯᠡᠳᠪᠦᠷᠢᠯᠡᠯ ᠪᠣᠷᠣᠯᠠᠭᠤᠯᠤᠯᠲᠠ᠂ ᠪᠠᠭ᠎ᠠ ᠰᠠᠭ᠎ᠠ ᠮᠠᠯ ᠠᠵᠤ ᠠᠬᠤᠢ ᠡᠷᠬᠢᠯᠡᠬᠦ ᠪᠣᠯᠤᠭᠰᠠᠨ ᠪᠠᠶᠢᠨ᠎ᠠ᠃ ᠡᠳᠡᠭᠡᠷ ᠨᠢᠭᠡᠯ ᠦᠳ ᠨᠢ ᠦᠢᠯᠡ ᠠᠵᠢᠯᠯᠠᠭ᠎ᠠ ᠨᠢ ᠵᠢᠭᠳᠡᠷᠡᠭᠰᠡᠨ ᠠᠰᠢᠭᠲᠠᠢ ᠠᠵᠢᠯᠯᠠᠵᠤ ᠪᠠᠶᠢᠭᠰᠠᠨ ᠬᠡᠳᠦᠢ ᠴᠤ ᠮᠣᠩᠭᠣᠯ ᠣᠷᠣᠨ ᠤ ᠦᠢᠯᠡᠳᠪᠦᠷᠢᠯᠡᠯ ᠦᠨ ᠭᠣᠣᠯ ᠴᠥᠮ᠎ᠡ ᠪᠣᠯᠬᠤ МАА ᠍ ᠢ ᠬᠣᠷᠰᠢᠶᠠᠯᠠᠵᠤ ᠬᠠᠷᠠᠬᠠᠨ ᠠᠮᠵᠢᠭ᠎ᠠ ᠦᠭᠡᠢ ᠪᠠᠶᠢᠭᠰᠠᠨ ᠶᠤᠮ᠃ 1954 ᠣᠨ ᠠᠴᠠ ᠮᠣᠩᠭᠣᠯ ᠣᠷᠣᠨ ᠳᠠᠶᠠᠭᠠᠷ ᠠᠷᠠᠳ ᠤᠨ ᠠᠵᠤ ᠠᠬᠤᠶᠢᠲᠠᠨ ᠢ ᠬᠣᠷᠰᠢᠶᠠᠯᠠᠬᠤ ᠦᠢᠯᠡ ᠶᠠᠪᠤᠴᠠ ᠥᠷᠨᠢᠨ ᠥᠨᠥ ᠶᠢᠨ ᠠᠯᠳᠠᠷᠬᠠᠭᠠᠨ ᠰᠤᠮᠤ ᠶᠢᠨ ᠨᠤᠲᠤᠭ ᠲᠤ (ᠲᠡᠷᠡ ᠦᠶ᠎ᠡ ᠳᠦ ᠥᠭᠭᠢᠶᠡᠮᠦᠷ ᠭᠡᠵᠦ ᠪᠠᠶᠢᠭᠰᠠᠨ) 《ᠰᠣᠴᠢᠶᠠᠯᠢᠮ ᠤᠨ ᠵᠠᠮ》 ᠨᠢᠭᠡᠳᠦᠯ ᠢ ᠡᠭᠦᠰᠬᠡᠨ ᠪᠠᠶᠢᠭᠤᠯᠵᠤ ᠮᠠᠯ ᠠᠵᠤ ᠠᠬᠤᠢ ᠡᠷᠬᠢᠯᠡᠨ ᠠᠮᠢᠳᠤᠷᠠᠵᠤ ᠪᠠᠶᠢᠭᠰᠠᠨ ᠠᠷᠠᠳ ᠤᠨ ᠠᠵᠤ ᠠᠬᠤᠶᠢᠲᠠᠨ ᠢ ᠥᠪᠡᠷᠲᠡᠭᠡᠨ ᠨᠢᠭᠡᠳᠬᠡᠨ ᠮᠠᠯ ᠠᠵᠤ ᠠᠬᠤᠢ᠂ ᠲᠠᠷᠢᠶᠠᠯᠠᠩ ᠤᠨ ᠠᠵᠢᠯ ᠬᠠᠪᠰᠤᠷᠤᠨ ᠡᠷᠬᠢᠯᠡᠬᠦ ᠪᠣᠯᠤᠭᠰᠠᠨ ᠠᠵᠡᠢ᠃ ᠤᠯᠠᠮ ᠢᠶᠠᠷ 1956 ᠣᠨ ᠳᠤ ᠵᠢᠪᠬᠤᠯᠠᠩᠲᠤ ᠰᠤᠮᠤ ᠶᠢ ᠠᠯᠳᠠᠷᠬᠠᠭᠠᠨ ᠰᠤᠮᠤᠨ ᠳᠤ ᠨᠢᠭᠡᠳᠬᠡᠭᠰᠡᠨ᠂ ᠮᠥᠨ 1960 ᠣᠨ ᠳᠤ ᠥᠭᠭᠢᠶᠡᠮᠦᠷ᠂ ᠴᠣᠭᠲᠤᠵᠢᠷᠭᠠᠯᠠᠩᠲᠤ ᠰᠤᠮᠤᠳ ᠢ ᠲᠠᠲᠠᠨ ᠪᠠᠭᠤᠯᠭᠠᠨ ᠠᠯᠳᠠᠷᠬᠠᠭᠠᠨ ᠰᠤᠮᠤᠨ ᠳᠤ ᠨᠢᠭᠡᠳᠬᠡᠭᠰᠡᠨ ᠪᠠᠶᠢᠨ᠎ᠠ᠃ ᠢᠩᠭᠢᠭᠰᠡᠨ ᠢᠶᠡᠷ ᠨᠢᠭᠡ ᠰᠤᠮᠤ ᠶᠢᠨ ᠭᠤᠷᠪᠠᠨ ᠨᠢᠭᠡᠳᠦᠯ ᠢ ᠨᠢᠭᠡᠳᠬᠡᠬᠦ ᠱᠠᠭᠠᠷᠳᠠᠯᠭ᠎ᠠ ᠵᠦᠢ ᠶᠣᠰᠣᠭᠠᠷ ᠤᠷᠭᠤᠨ ᠭᠠᠷᠴᠤ᠂ ᠮᠥᠨ ᠣᠨ ᠳᠤ ᠮᠥᠨ ᠲᠡᠳᠡᠭᠡᠷ ᠰᠤᠮᠤᠳ ᠤᠨ 601 ᠡᠷᠦᠬᠡ 1902 ᠭᠡᠰᠢᠭᠦᠨ᠂ 2,1 ᠰᠠᠶ᠎ᠠ ᠲᠥᠭᠥᠷᠢᠭ ᠦᠨ ᠦᠨᠳᠦᠰᠦᠨ ᠬᠥᠷᠥᠩᠭᠡ᠂ 1,5 ᠰᠠᠶ᠎ᠠ ᠲᠥᠭᠥᠷᠢᠭ ᠦᠨ ᠣᠷᠣᠯᠢᠭ ᠲᠠᠢ 《ᠤᠯᠠᠭᠠᠨ ᠫᠠᠷᠲ᠋ᠢᠽᠠᠨ》 ᠨᠢᠭᠡᠳᠦᠯ᠂ 497 ᠡᠷᠦᠬᠡ᠂ 1599 ᠭᠡᠰᠢᠭᠦᠨ᠂ 1,4 ᠰᠠᠶ᠎ᠠ ᠲᠥᠭᠥᠷᠢᠭ ᠦᠨ ᠦᠨᠳᠦᠰᠦᠨ ᠬᠥᠷᠥᠩᠭᠡ᠂ 1,2 ᠰᠠᠶ᠎ᠠ ᠲᠥᠭᠥᠷᠢᠭ ᠦᠨ ᠣᠷᠣᠯᠭ᠎ᠠ ᠲᠠᠢ 《ᠰᠣᠴᠢᠶᠠᠯᠢᠮ ᠤᠨ ᠵᠠᠮ》 ᠨᠢᠭᠡᠳᠦᠯ᠂ 388 ᠡᠷᠦᠬᠡ᠂ 575 ᠭᠡᠰᠢᠭᠦᠨ᠂ 0,7 ᠰᠠᠶ᠎ᠠ ᠲᠥᠭᠥᠷᠢᠭ ᠦᠨ ᠦᠨᠳᠦᠰᠦᠨ ᠬᠥᠷᠥᠩᠭᠡ᠂ 0,8 ᠰᠠᠶ᠎ᠠ ᠲᠥᠭᠥᠷᠢᠭ ᠦᠨ ᠣᠷᠣᠯᠭ᠎ᠠ ᠲᠠᠢ 《ᠴᠣᠶᠢᠪᠠᠯᠰᠠᠩ ᠤᠨ ᠵᠠᠮ》 ᠨᠢᠭᠡᠳᠦᠯ ᠦᠳ ᠢ ᠲᠠᠲᠠᠨ ᠪᠠᠭᠤᠯᠭᠠᠨ ᠰᠢᠨ᠎ᠡ ᠨᠢᠭᠡᠳᠦᠯ ᠢᠶᠡᠨ 《ᠫᠠᠷᠲ᠋ᠢᠽᠠᠨ ᠴᠣᠶᠢᠪᠠᠯᠰᠠᠩ》 ᠬᠡᠮᠡᠨ ᠨᠡᠷᠡᠯᠡᠵᠡᠢ᠃ ᠨᠢᠭᠡᠳᠦᠯ ᠦᠨ ᠳᠠᠷᠤᠭ᠎ᠠ ᠪᠠᠷ ᠵ᠃ᠳᠠᠯᠬᠠᠵᠠᠪ᠂ ᠨᠢ ᠪᠣ ᠪᠠᠷ ᠴᠤ᠃ᠰᠦᠬᠡ ᠪᠡᠨ ᠨᠠᠷ ᠢ ᠪᠠᠲᠤᠯᠠᠭᠰᠠᠨ ᠪᠠᠶᠢᠨ᠎ᠠ᠃ 1963 ᠣᠨ ᠳᠤ ᠠᠯᠳᠠᠷᠬᠠᠭᠠᠨ ᠰᠤᠮᠤ ᠥᠪᠡᠷ ᠦᠨ ᠨᠢᠭᠡᠨ ᠲᠣᠮᠣᠬᠠᠨ ᠪᠠᠷᠢᠭᠠᠳᠠ ᠪᠣᠯᠬᠤ ᠴᠣᠭᠲᠤ ᠪᠠᠷᠢᠭᠠᠳᠠ ᠶᠢ ᠳᠥᠷᠪᠡᠯᠵᠢᠨ ᠰᠤᠮᠤ ᠶᠢᠨ 《II ᠲᠠᠪᠤᠨ ᠵᠢᠯ》 ᠨᠢᠭᠡᠳᠦᠯ ᠳᠦ ᠰᠢᠯᠵᠢᠭᠦᠯᠦᠨ ᠥᠭᠭᠦᠭᠰᠡᠨ ᠢᠶᠡᠷ ᠬᠦᠮᠦᠨ ᠠᠮᠠ ᠮᠠᠯ ᠰᠦᠷᠦᠭ ᠨᠢ ᠤᠷᠢᠳᠬᠢ ᠠᠴᠠ ᠪᠠᠨ ᠨᠡᠯᠢᠶᠡᠨ ᠪᠠᠭᠠᠰᠤᠭᠰᠠᠨ ᠠᠵᠡᠢ᠃ 1960 ᠍ ᠊ᠭᠠᠳ ᠣᠨ ᠤ ᠰᠡᠭᠦᠯ ᠦᠶ᠎ᠡ ᠳᠦ 《35 ᠵᠢᠯ》 ᠨᠢᠭᠡᠳᠦᠯ ᠢ ᠮᠥᠨ ᠲᠠᠲᠠᠨ ᠪᠠᠭᠤᠯᠭᠠᠵᠤ 《ᠤᠯᠠᠭᠠᠨ ᠫᠠᠷᠲ᠋ᠢᠽᠠᠨ》 ᠨᠢᠭᠡᠳᠦᠯ ᠳᠦ ᠨᠢᠭᠡᠲᠡᠭᠡᠭᠰᠡᠨ ᠢᠶᠡᠷ ᠡᠯ᠎ᠡ ᠨᠢᠭᠡᠳᠦᠯ ᠦᠨ ᠡᠳ᠋ ᠍ ᠦᠨ ᠵᠠᠰᠠᠭ ᠤᠨ ᠬᠦᠴᠦᠨ ᠴᠢᠳᠠᠯ ᠨᠡᠯᠢᠶᠡᠳ ᠨᠡᠮᠡᠭᠳᠡᠵᠡᠢ᠃ ᠡᠨᠡ ᠦᠶ᠎ᠡ ᠳᠦ ᠠᠷᠭᠠᠯᠠᠩ ᠳᠤ᠂ ᠪᠣᠭᠳᠠ ᠶᠢᠨ ᠭᠣᠣᠯ᠂ ᠮᠠᠨᠳᠠᠭ᠎ᠠ ᠳᠤ᠂ ᠴᠢᠭᠢᠰ ᠲᠡᠢ ᠭᠡᠰᠡᠨ ᠮᠠᠯ ᠠᠵᠤ ᠠᠬᠤᠢ᠂ ᠭᠠᠵᠠᠷ ᠲᠠᠷᠢᠶᠠᠯᠠᠩ ᠤᠨ 4 ᠍ ᠶᠢᠨ ᠪᠠᠷᠢᠭᠠᠳᠠ᠂ ᠰᠤᠮᠤ ᠶᠢᠨ ᠲᠥᠪ ᠲᠦ ᠤᠷᠤᠰᠢᠬᠤ ᠦᠢᠯᠡᠳᠪᠦᠷᠢ ᠪᠠᠷᠢᠭᠠᠳᠠ ᠭᠡᠰᠡᠨ ᠲᠠᠪᠤᠨ ᠪᠠᠷᠢᠭᠠᠳᠠ ᠲᠠᠢ ᠪᠠᠷ ᠣᠷᠣᠰᠢᠨ ᠪᠠᠶᠢᠪᠠ᠃ ᠡᠨᠡ ᠬᠤᠭᠤᠴᠠᠭᠠᠨ ᠳᠤ 《ᠫᠠᠷᠲ᠋ᠢᠽᠠᠨ ᠴᠣᠶᠢᠪᠠᠯᠰᠠᠩ》 ᠨᠢᠭᠡᠳᠦᠯ ᠠᠵᠢᠯ ᠤᠨᠨ ᠢᠶᠠᠨ ᠠᠮᠵᠢᠯᠲᠠ ᠦᠵᠡᠭᠦᠯᠦᠯᠲᠡ ᠪᠡᠷ ᠢᠶᠡᠨ ᠤᠯᠤᠰ ᠲᠤ ᠰᠢᠯᠭᠠᠷᠠᠨ 1969 ᠣᠨ ᠳᠤ 《ᠠᠯᠲᠠᠨ ᠭᠠᠳᠠᠰᠤ ᠣᠳᠣᠨ》 ᠍ ᠪᠠᠷ ᠱᠠᠩᠨᠠᠭᠳᠠᠭᠰᠠᠨ ᠪᠠᠶᠢᠨ᠎ᠠ᠃ ᠮᠥᠨ ᠲᠤᠰ ᠨᠢᠭᠡᠳᠦᠯ ᠥᠪᠡᠷ ᠦᠨ ᠦᠢᠯᠡ ᠠᠵᠢᠯᠯᠠᠭ᠎ᠠ ᠶᠢ ᠥᠷᠭᠦᠵᠢᠭᠦᠯᠦᠨ 1961 ᠣᠨ ᠳᠤ ᠮᠠᠯ ᠡᠮᠨᠡᠯᠭᠡ ᠶᠢᠨ ᠶᠡᠬᠡ ᠡᠮᠴᠢ ᠶᠢᠨ ᠰᠠᠯᠪᠤᠷᠢ ᠨᠡᠭᠡᠭᠡᠭᠳᠡᠨ᠂ 1976 ᠣᠨ ᠠᠴᠠ ᠨᠢᠭᠲᠠᠯᠠᠨ ᠪᠣᠳᠣᠬᠤ ᠪᠦᠷᠢᠳᠬᠡᠯ ᠦᠨ ᠲᠣᠭᠠᠴᠠᠭᠠᠨ ᠤ ᠰᠢᠨ᠎ᠡ ᠰᠢᠰᠲ᠋ᠧᠮ ᠨᠡᠪᠲᠡᠷᠡᠭᠦᠯᠦᠨ᠂ 1980 ᠍ ᠊ᠭᠠᠳ ᠣᠨ ᠭᠡᠬᠦ ᠳᠦ ᠠᠭᠤᠷᠬᠠᠢ ᠶᠢᠨ ᠬᠤᠳᠳᠤᠭ 31, ᠥᠷᠥᠮᠳᠡᠯᠭᠡ ᠶᠢᠨᠬᠤᠳᠳᠤᠭ᠂ 42, ᠰᠠᠭᠤᠷᠢᠨ ᠸᠠᠩᠨ᠂ ᠭᠠᠰ ᠺᠠᠮᠧᠷ᠂ ᠵᠣᠬᠢᠶᠠᠮᠠᠯ ᠬᠡᠭᠡᠯᠲᠦᠭᠦᠯᠭᠡ ᠶᠢᠨ ᠴᠡᠭ᠂ ᠴᠠᠬᠢᠯᠭᠠᠨ ᠢᠶᠠᠷ ᠬᠣᠨᠢ ᠬᠢᠷᠭᠠᠬᠤ᠂ ᠦᠨᠢᠶ᠎ᠡ ᠰᠠᠭᠠᠬ᠎ᠠ᠂ ᠥᠨᠳᠡᠭᠡ ᠶᠢ ᠢᠨᠺᠦᠶᠢᠪᠠᠲ᠋ᠤᠷ ᠲᠤ ᠳᠠᠷᠤᠬᠤ᠂ ᠬᠦᠯᠡᠮᠵᠢ ᠲᠡᠢ ᠨᠣᠭᠣᠭᠠᠨ ᠤ ᠲᠠᠯᠠᠪᠠᠢ ᠳᠤ ᠨᠠᠷᠢᠨ ᠨᠣᠭᠣᠭ᠎ᠠ ᠲᠠᠷᠢᠬᠤ ᠭᠡᠬᠦ ᠵᠡᠷᠭᠡ ᠪᠡᠷ ᠲᠥᠷᠥᠯ ᠪᠦᠷᠢ ᠶᠢᠨ ᠦᠢᠯᠡᠴᠢᠯᠡᠭᠡ ᠶᠠᠪᠤᠭᠤᠯᠳᠠᠭ ᠲᠣᠮᠣᠬᠠᠨ ᠨᠢᠭᠡᠳᠦᠯ ᠪᠣᠯᠤᠨ ᠥᠷᠭᠡᠵᠢᠭᠰᠡᠨ ᠪᠠᠶᠢᠨ᠎ᠠ᠃ 1973 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ ᠵᠠᠷᠯᠢᠭ ᠢᠶᠠᠷ 《ᠠᠯᠲᠠᠨ ᠭᠠᠳᠠᠰᠤ》 ᠣᠳᠣᠨ ᠢᠶᠠᠷ ᠱᠠᠩᠨᠠᠭᠳᠠᠭᠰᠠᠨ ᠠᠵᠡᠢ᠃ 1990 ᠍ ᠊ᠭᠡᠳ ᠣᠨ ᠤ ᠦᠶ᠎ᠡ ᠭᠡᠬᠦ ᠳᠦ 16 ᠰᠠᠶ᠎ᠠ ᠭᠠᠷᠤᠢ ᠲᠥᠭᠥᠷᠢᠭ ᠦᠨ ᠦᠨᠳᠦᠰᠦᠨ ᠬᠥᠷᠥᠩᠭᠡ ᠲᠡᠢ᠂ 100 ᠭᠠᠷᠤᠢ ᠮᠢᠩᠭᠠᠨ ᠲᠣᠯᠣᠭᠠᠢ ᠮᠠᠯ ᠲᠠᠢ ᠲᠣᠮᠣᠬᠠᠨ ᠨᠢᠭᠡᠳᠦᠯ ᠪᠣᠯᠵᠠᠢ᠃ 1992 ᠣᠨ ᠳᠤ 《ᠫᠠᠷᠲ᠋ᠢᠽᠠᠨ ᠴᠣᠶᠢᠪᠠᠯᠰᠠᠩ》 ᠨᠢᠭᠡᠳᠦᠯ ᠦᠨ ᠮᠠᠯ ᠰᠦᠷᠦᠭ᠂ ᠦᠨᠳᠦᠰᠦᠨ ᠬᠥᠷᠥᠩᠭᠡ ᠶᠢᠨ ᠶᠡᠬᠡᠩᠬᠢ ᠬᠡᠰᠡᠭ ᠢ ᠬᠤᠪᠢᠴᠢᠯᠠᠨ ᠮᠥᠨ ᠦᠯᠡᠳᠡᠭᠳᠡᠯ ᠬᠥᠷᠥᠩᠭᠡ ᠪᠡᠷ ᠨᠢ ᠬᠡᠳᠦ ᠬᠡᠳᠦᠨ ᠬᠤᠪᠢᠴᠠᠭᠠᠲᠤ ᠺᠣᠮᠫᠠᠨᠢ ᠪᠠᠶᠢᠭᠤᠯᠤᠭᠰᠠᠨ ᠪᠠᠶᠢᠨ᠎ᠠ᠃ ᠡᠭᠦᠨ ᠳᠦ 2928,4 ᠮᠢᠩᠭᠠᠨ ᠲᠥᠭᠦᠷᠢᠭᠡᠨ ᠦ ᠦᠨᠳᠦᠰᠦᠨ ᠬᠥᠷᠥᠩᠭᠡ ᠲᠡᠢ 《ᠪᠣᠭᠳᠠ ᠶᠢᠨ ᠭᠣᠣᠯ》 ХХК, 1660,9 ᠮᠢᠩᠭᠠᠨ ᠲᠥᠭᠥᠷᠢᠭ᠂ 7018 ᠲᠣᠯᠣᠭᠠᠢ ᠮᠠᠯ ᠲᠠᠢ 《ᠪᠠᠶᠠᠨᠪᠦᠷ ᠲᠦ》 ХХК, 3400,0 ᠮᠢᠩᠭᠠᠨ ᠲᠥᠭᠦᠷᠢᠭᠡᠨ ᠦ ᠦᠨᠳᠦᠰᠦᠨ ᠬᠥᠷᠥᠩᠭᠡ᠂ 2 ᠰᠠᠶ᠎ᠠ 21,4 ᠮᠢᠩᠭᠠᠨ ᠲᠥᠭᠦᠷᠢᠭᠡᠨ ᠦ 8480 ᠲᠣᠯᠣᠭᠠᠢ ᠮᠠᠯ ᠪᠦᠬᠦᠢ 《ᠪᠠᠶᠠᠨᠪᠦᠷ ᠲᠦ》 ХХК ᠭᠡᠰᠡᠨ ᠺᠣᠮᠫᠠᠨᠢ ᠨᠤᠭᠤᠳ ᠪᠣᠯᠤᠨ ᠲᠠᠷᠠᠭᠰᠠᠨ ᠠᠵᠢ᠃

ᠡᠳᠦᠭᠡ ᠠᠯᠳᠠᠷᠬᠠᠭᠠᠨ ᠰᠤᠮᠤ ᠨᠢ ᠭᠣᠪᠢ-ᠠᠯᠲᠠᠢ ᠠᠶᠢᠮᠠᠭ ᠤᠨ ᠵᠢᠷᠭᠠᠯᠠᠩ᠂ ᠵᠠᠪᠬᠠᠨ ᠠᠶᠢᠮᠠᠭ ᠤᠨ ᠢᠷᠠᠭᠤ᠂ ᠢᠳᠡᠷ᠂ ᠴᠠᠭᠠᠨᠬᠠᠶᠢᠷᠬᠠᠨ᠂ ᠣᠳᠬᠣᠨ᠂ ᠡᠷᠳᠡᠨᠢᠬᠠᠶᠢᠷᠬᠠᠨ᠂ ᠳᠥᠷᠪᠡᠯᠵᠢᠨ ᠰᠤᠮᠤ ᠨᠤᠭᠤᠳ ᠲᠠᠢ ᠬᠢᠯᠢᠯᠡᠨ ᠵᠠᠪᠬᠠᠨ ᠠᠶᠢᠮᠠᠭ ᠤᠨ ᠲᠥᠪ ᠬᠡᠰᠡᠭ ᠲᠦ ᠣᠷᠣᠰᠢᠨ᠎ᠠ᠃ 715828 ᠭᠠ ᠨᠤᠲᠤᠭ ᠳᠡᠪᠢᠰᠬᠡᠷ ᠲᠡᠢ᠂ ᠰᠤᠮᠤ ᠶᠢᠨ ᠲᠥᠪ ᠨᠢ ᠠᠯᠳᠠᠷ᠂ ᠠᠶᠢᠮᠠᠭ ᠤᠨ ᠲᠥᠪ ᠡᠴᠡ 32 ᠺᠢᠯᠣᠮᠧᠲ᠋ᠷ ᠳᠦ ᠣᠷᠣᠰᠢᠨ᠎ᠠ᠃ ᠠᠷᠭᠠᠯᠠᠩ ᠳᠤ᠂ ᠠᠯᠳᠠᠷ᠂ ᠪᠣᠭᠳᠠ ᠶᠢᠨ ᠭᠣᠣᠯ᠂ ᠴᠢᠭᠢᠰ ᠲᠡᠢ᠂ ᠥᠭᠭᠢᠶᠡᠮᠦᠷ᠂ ᠮᠠᠨᠳᠠᠭ᠎ᠠ ᠳᠤ ᠭᠡᠰᠡᠨ ᠵᠢᠷᠭᠤᠭᠠᠨ ᠪᠠᠭ 1056 ᠡᠷᠦᠬᠡ᠂ 4281 ᠬᠦᠮᠦᠨ ᠠᠮᠠ᠂ 106,8 ᠮᠢᠩᠭᠠᠨ ᠲᠣᠯᠣᠭᠠᠢ ᠮᠠᠯ ᠲᠠᠢ᠃

ᠪᠢᠴᠢᠭᠡᠰᠦ