ᠠᠯᠲᠠᠨ ᠲᠢᠲᠢᠮ ᠳᠦ ᠰᠠᠷᠢᠰᠤᠨ ᠪᠠᠭᠪᠠᠬᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠨ ᠲᠢᠲᠢᠮ ᠳᠦ ᠰᠠᠷᠢᠰᠤᠨ ᠪᠠᠭᠪᠠᠬᠠᠢ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠬᠣᠪᠣᠷᠳᠠᠯᠲᠠ ᠶᠢᠨ ᠵᠡᠷᠭᠡᠯᠡᠯ
200px
ᠬᠣᠪᠣᠷ (IUCN3.1)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠬᠥᠬᠥᠲᠡᠨ
ᠪᠠᠭ: ᠭᠠᠷ ᠳᠠᠯᠠᠪᠴᠢᠲᠠᠨ
ᠣᠪᠤᠭ: ᠪᠠᠭᠪᠠᠬᠠᠢ ᠶᠢᠨ
ᠲᠥᠷᠥᠯ: Acerodon
ᠵᠦᠢᠯ: A. jubatus
ᠯᠠᠲ᠋ᠢᠨ ᠨᠡᠷ᠎ᠡ
Acerodon jubatus
(Eschscholtz, 1831)


ᠠᠯᠲᠠᠨ ᠲᠢᠲᠢᠮ ᠳᠦ ᠰᠠᠷᠢᠰᠤᠨ ᠪᠠᠭᠪᠠᠬᠠᠢ (Acerodon jubatus), ᠨᠢ ᠬᠣᠪᠣᠷ ᠵᠢᠮᠢᠰᠦᠨ ᠦ ᠰᠠᠷᠢᠰᠤᠨ ᠪᠠᠭᠪᠠᠬᠠᠢ ᠪᠠ ᠳᠡᠯᠡᠬᠡᠢ ᠶᠢᠨ ᠬᠠᠮᠤᠭ ᠤᠨ ᠲᠣᠮᠣ ᠰᠠᠷᠢᠰᠤᠨ ᠪᠠᠭᠪᠠᠬᠠᠢ ᠳᠤ ᠲᠣᠭᠠᠴᠠᠭᠳᠠᠨ᠎ᠠ᠃ ᠡᠨᠡᠬᠦ ᠠᠮᠢᠲᠠᠨ ᠨᠢ ᠵᠥᠪᠬᠡᠨ ᠹᠢᠯᠢᠫᠫᠢᠨ ᠤᠯᠤᠰ ᠤᠨ ᠣᠢ ᠰᠢᠷᠢᠩᠭᠢ ᠳᠦ ᠬᠢ ᠠᠭᠤᠢ ᠳᠤ ᠠᠮᠢᠳᠤᠷᠠᠳᠠᠭ ᠠᠵᠢ᠃

ᠭᠠᠳᠠᠭᠠᠳᠤ ᠲᠥᠷᠬᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠨ ᠲᠢᠲᠢᠮ ᠳᠦ ᠰᠠᠷᠢᠰᠤᠨ ᠪᠠᠭᠪᠠᠬᠠᠢ ᠶᠢᠨ ᠨᠢᠭᠤᠷ ᠨᠢ ᠦᠨᠦᠭᠦ ᠲᠡᠢ ᠶᠡᠬᠡ ᠲᠥᠰᠲᠡᠢ ᠲᠤᠯᠠ ᠠᠩᠭᠯᠢ ᠨᠡᠷ᠎ᠡ ᠨᠢ ᠠᠪᠤᠷᠭᠤ ᠠᠯᠲᠠᠨ ᠲᠢᠲᠢᠮ ᠳᠦ ᠨᠢᠰᠳᠡᠭ ᠦᠨᠡᠭᠡ ᠭᠡᠭᠳᠡᠳᠡᠭ᠃ ᠲᠡᠳᠡ ᠤᠷᠲᠤ ᠱᠥᠨᠲᠥᠭᠡᠷ ᠬᠠᠮᠠᠷ᠂ ᠵᠢᠵᠢᠭ ᠴᠢᠬᠢ ᠲᠡᠢ ᠪᠥᠭᠡᠳ ᠲᠣᠯᠣᠭᠠᠢ ᠨᠢ ᠰᠢᠷᠭᠠᠯ ᠦᠰᠦᠲᠡᠢ᠂ ᠪᠡᠶ᠎ᠡ ᠨᠢ ᠬᠠᠷ᠎ᠠ ᠥᠩᠭᠡᠲᠡᠢ ᠪᠠᠶᠢᠨ᠎ᠠ᠃ ᠪᠤᠰᠤᠳ ᠵᠢᠮᠢᠰᠦᠨ ᠦ ᠰᠠᠷᠢᠰᠤᠨ ᠪᠠᠭᠪᠠᠬᠠᠢ ᠶᠢᠨ ᠠᠳᠠᠯᠢ ᠰᠡᠭᠦᠯ ᠦᠭᠡᠢ᠃ ᠳᠠᠯᠠᠪᠴᠢ ᠪᠠᠨ ᠳᠡᠯᠭᠡᠬᠦ ᠳᠦ ᠳᠤᠮᠳᠠᠴᠢ ᠪᠠᠷ 1.5 ᠮ ᠪᠠ ᠪᠡᠶ᠎ᠡ ᠶᠢᠨ ᠵᠢᠩ ᠨᠢ 1.2 ᠺᠢᠯᠣᠭ᠍ᠷᠠᠮ ᠬᠦᠷᠡᠳᠡᠭ᠃

ᠢᠳᠡᠰᠢ ᠲᠡᠵᠢᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠰᠠᠷᠢᠰᠤᠨ ᠪᠠᠭᠪᠠᠬᠠᠢ ᠨᠢ ᠰᠥᠨᠢ ᠶᠢᠨ ᠠᠮᠢᠳᠤᠷᠠᠯ ᠲᠠᠢ ᠪᠠ ᠢᠳᠡᠰᠢ ᠬᠣᠭᠣᠯᠠ ᠬᠠᠶᠢᠨ ᠨᠢᠭᠡ ᠣᠷᠣᠢ ᠳᠤ 40 ᠭᠠᠷᠤᠢ km ᠭᠠᠵᠠᠷ ᠲᠤᠭᠤᠯᠳᠠᠭ ᠠᠵᠢ᠃ ᠭᠣᠣᠯ ᠢᠳᠡᠰᠢ ᠨᠢ ᠢᠨᠵᠢᠷ ᠵᠢᠮᠢᠰ ᠪᠥᠭᠡᠳ ᠣᠯᠠᠳᠬᠤ ᠦᠭᠡᠢ ᠦᠶ᠎ᠡ ᠳᠦ ᠥᠪᠡᠷ ᠵᠢᠮᠢᠰ ᠢᠶᠡᠷ ᠬᠣᠭᠣᠯᠠᠯᠠᠨ᠎ᠠ᠃ ᠲᠡᠳᠡ ᠨᠢᠰᠴᠦ ᠪᠠᠶᠢᠬᠤ ᠳᠤ ᠪᠠᠨ ᠵᠢᠮᠢᠰ ᠪᠣᠯᠤᠨ ᠤᠷᠭᠤᠮᠠᠯ ᠤᠨ ᠦᠷ᠎ᠡ ᠶᠢ ᠡᠨᠳᠡ ᠲᠡᠨᠳᠡ ᠤᠨᠠᠭᠠᠳᠠᠭ ᠲᠤᠯᠠ ᠣᠢ ᠶᠢᠨ ᠤᠷᠭᠤᠯᠲᠠ᠂ ᠨᠥᠬᠦᠯᠲᠡᠳ ᠴᠢᠬᠤᠯᠠ ᠡᠭᠦᠷᠭᠡ ᠭᠦᠢᠴᠡᠳᠭᠡᠳᠡᠭ ᠪᠠᠶᠢᠨ᠎ᠠ᠃


ᠦᠷᠡᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠨ ᠲᠢᠲᠢᠮ ᠳᠦ ᠰᠠᠷᠢᠰᠤᠨ ᠪᠠᠭᠪᠠᠬᠠᠢ ᠶᠢᠨ ᠦᠷᠡᠵᠢᠯ ᠦᠨ ᠲᠤᠬᠠᠢ ᠮᠡᠳᠡᠭᠡᠯᠡᠯ ᠪᠠᠭ᠎ᠠ ᠶᠤᠮ᠃ ᠲᠡᠳᠡ ᠦᠷᠡᠵᠢᠯ ᠦᠨ 2 ᠦᠶ᠎ᠡ ᠲᠡᠢ ᠪᠣᠯᠪᠠᠴᠤ᠂ ᠡᠮᠡᠭᠴᠢᠨ ᠵᠥᠪᠬᠡᠨ ᠠᠯᠢ ᠨᠢᠭᠡᠨ ᠳᠦ ᠨᠢ ᠬᠡᠭᠡᠯᠲᠦᠵᠦ ᠵᠤᠯᠵᠠᠭᠠᠯᠠᠬᠤ ᠠᠵᠤ᠃ ᠭᠣᠣᠯᠳᠠᠭᠤ ᠭᠠᠭᠴᠠ ᠵᠤᠯᠵᠠᠭ᠎ᠠ ᠭᠠᠷᠭᠠᠨ᠎ᠠ᠃ ᠡᠮᠡᠭᠴᠢᠨ ᠰᠠᠷᠢᠰᠤᠨ ᠪᠠᠭᠪᠠᠬᠠᠢ 2 ᠨᠠᠰᠤ ᠬᠦᠷᠢᠶ᠎ᠡ ᠳᠦ ᠦᠷᠡᠵᠢᠯ ᠦᠨ ᠨᠠᠰᠤ ᠪᠡᠶ᠎ᠡ ᠭᠦᠢᠴᠡᠳᠡᠭ᠃

ᠪᠢᠴᠢᠭᠡᠰᠦ