ᠠᠯᠲᠠᠨ ᠭᠠᠩᠨᠠᠭᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠨ ᠭᠠᠩᠨᠠᠭᠤᠷ
Rhodiola rosea a2.jpg
ᠪᠢᠣᠯᠣᠭᠢ ᠶᠢᠨ ᠠᠩᠭᠢᠯᠠᠯ
ᠠᠶᠢᠮᠠᠭ: ᠤᠷᠭᠤᠮᠠᠯ
(ᠵᠡᠷᠭᠡᠯᠡᠯ ᠢ) ᠡᠪᠳᠢᠺᠣᠲ᠋
(ᠵᠡᠷᠭᠡᠯᠡᠯ ᠢ) Core eudicots
ᠪᠠᠭ: Saxifragales
ᠣᠪᠤᠭ: Crassulaceae
ᠲᠥᠷᠥᠯ: Rhodiola
ᠵᠦᠢᠯ: R. rosea
ᠯᠠᠲ᠋ᠢᠨ ᠨᠡᠷ᠎ᠡ
Rhodiola rosea
ᠯᠠ᠃[1]
ᠢᠵᠢᠯ ᠤᠳᠬ᠎ᠠ ᠲᠠᠢ ᠨᠡᠷᠡᠰᠢᠯ

Sedum rosea (ᠯᠠ᠃) ᠰᠺᠣᠫ᠃
Sedum rhodiola ДК.
Rhodiola arctica ᠪᠣᠷᠢᠰᠪᠠ
Rhodiola iremelica ᠪᠣᠷᠢᠰᠪᠠ
Rhodiola scopolii ᠰᠢᠮᠣᠨᠺ᠃
Sedum scopolii ᠰᠢᠮᠣᠨᠺ᠃
ᠵᠣᠯᠣ ᠲᠠᠢ ᠺᠣᠷᠧᠨᠢ᠂ Solotoy Koren

ᠠᠯᠲᠠᠨ ᠭᠠᠩᠨᠠᠭᠤᠷ (Rhodiola rosea) ᠨᠢ ᠲᠣᠪᠣᠭᠣᠷ ᠪᠤᠯᠳᠤᠷᠤᠤ ᠪᠦᠬᠦᠢ᠂ ᠭᠠᠳᠠᠭᠤᠷ ᠢᠶᠠᠨ ᠴᠠᠶᠢᠪᠤᠷ ᠪᠣᠷᠣ ᠥᠩᠭᠡ ᠶᠢᠨ ᠬᠠᠶᠢᠷᠰᠤ ᠪᠠᠷ ᠬᠤᠴᠢᠭᠳᠠᠭᠰᠠᠨ᠂ ᠪᠦᠳᠦᠭᠦᠨ ᠦᠨᠳᠦᠰᠦᠯᠢᠭ ᠡᠰᠢᠨ ᠡᠴᠡ ᠰᠠᠯᠠᠭᠠᠯᠠᠭᠰᠠᠨ 5-35 ᠰᠠᠨᠲ᠋ᠢᠮᠧᠲ᠋ᠷ ᠥᠨᠳᠥᠷ᠂ ᠣᠯᠠᠨ ᠨᠠᠰᠤᠲᠤ ᠡᠪᠰᠦᠯᠢᠭ ᠤᠷᠭᠤᠮᠠᠯ ᠶᠤᠮ᠃ ᠠᠷᠺᠲ᠋ᠢᠺᠡᠶᠢᠨ ᠶᠡᠬᠡᠩᠬᠢ ᠬᠡᠰᠡᠭ᠂ ᠲᠥᠪ ᠠᠽᠢᠶ᠎ᠠ ᠍ ᠍ ᠶᠢᠨ ᠠᠭᠤᠯᠠᠷᠬᠠᠭ ᠨᠤᠲᠤᠭ᠂ ᠬᠠᠠᠳ ᠠᠭᠤᠯᠠᠧᠦ᠋ᠷᠣᠫᠠ ᠍ ᠍ ᠤᠨ ᠠᠭᠤᠯᠠᠷᠬᠠᠭ ᠨᠤᠲᠤᠭ ᠢᠶᠠᠷ ᠤᠷᠭᠤᠳᠠᠭ᠃

ᠠᠯᠲᠠᠨ ᠭᠠᠩᠨᠠᠭᠤᠷ ᠤᠨ ᠦᠨᠳᠦᠰᠦ᠂ ᠦᠨᠳᠦᠰᠦᠯᠢᠭ ᠡᠰᠢ ᠶᠢ ᠠᠷᠠᠳ ᠤᠨ ᠡᠮᠨᠡᠯᠭᠡ ᠳᠦ ᠶᠠᠰᠤ ᠪᠡᠷᠲᠡᠬᠦ᠂ ᠪᠤᠯᠴᠢᠩ ᠰᠢᠷᠪᠦᠰᠦ ᠭᠡᠮᠲᠦᠬᠦ ᠳᠦ ᠴᠢᠨᠠᠮᠠᠯ᠂ ᠢᠳᠡᠭᠡᠰᠢᠮᠡᠯ ᠪᠠᠶᠢᠳᠠᠯ ᠢᠶᠠᠷ ᠤᠤᠭᠤᠵᠤ ᠬᠡᠷᠡᠭᠯᠡᠳᠡᠭ᠃ ᠮᠥᠨ ᠬᠦᠮᠦᠨ ᠦ ᠪᠡᠶ᠎ᠡ ᠶᠢᠨ ᠠᠯᠵᠢᠶᠠᠯ ᠶᠠᠳᠠᠷᠠᠭ᠎ᠠ ᠶᠢ ᠲᠠᠶᠢᠯᠬᠤ᠂ ᠲᠠᠮᠢᠷ ᠲᠡᠩᠬᠡᠭᠡ ᠶᠢ ᠰᠠᠶᠢᠵᠢᠷᠭᠠᠭᠤᠯᠬᠤ ᠳᠤ ᠲᠤᠰᠠᠲᠠᠢ ᠭᠡᠵᠦ ᠦᠵᠡᠳᠡᠭ᠃

ᠨᠤᠲᠤᠭ ᠤᠨ ᠨᠡᠷᠡᠰᠢᠯ: ᠮᠦᠭᠡᠵᠡ᠂ ᠠᠯᠲᠠᠨ ᠭᠠᠩᠨᠠᠭᠤᠷ᠂ ᠵᠡᠷᠯᠢᠭ ᠮᠦᠭᠡᠵᠡ᠂ ᠶᠠᠭᠠᠨ ᠮᠦᠭᠡᠵᠡ᠃

ᠲᠠᠷᠬᠠᠴᠠ: ᠬᠥᠪᠰᠥᠭᠥᠯ᠂ ᠬᠡᠨᠲᠡᠢ᠂ ᠬᠠᠩᠭᠠᠢ᠂ ᠮᠣᠩᠭᠣᠯ ᠳᠠᠭᠤᠷ᠂ ᠬᠣᠪᠳᠣ᠂ ᠮᠣᠩᠭᠣᠯ-ᠠᠯᠲᠠᠢ᠂ ᠳᠤᠮᠳᠠᠳᠤ ᠬᠠᠯᠬ᠎ᠠ᠂ ᠭᠣᠪᠢ-ᠠᠯᠲᠠᠢ ᠶᠢᠨ ᠳᠡᠭᠦᠷᠭᠡ ᠶᠢᠨ ᠥᠨᠳᠥᠷ ᠠᠭᠤᠯᠠ ᠶᠢᠨ ᠪᠣᠯᠤᠨ ᠣᠢ ᠶᠢᠨ ᠪᠦᠰᠡᠯᠡᠭᠦᠷ ᠦᠨ ᠬᠠᠳᠠ᠂ ᠴᠢᠯᠠᠭᠤᠷᠬᠠᠭ᠂ ᠡᠩᠭᠡᠷ᠂ ᠴᠣᠬᠢᠶ᠎ᠠ᠂ ᠭᠣᠷᠭᠢᠨ ᠤ ᠬᠠᠶᠢᠷᠭᠤ᠂ ᠴᠢᠯᠠᠭᠤ ᠲᠠᠢ ᠡᠷᠭᠢ ᠳᠠᠭᠠᠨ ᠤᠷᠭᠤᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Rhodiola rosea - Plants For A Future database report. www.pfaf.org. 2008-02-23 ᠍ ᠳᠦ ᠬᠠᠨᠳᠤᠭᠰᠠᠨ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠠᠯᠲᠠᠨ ᠭᠠᠩᠨᠠᠭᠤᠷ

ᠪᠢᠴᠢᠭᠡᠰᠦ