ᠠᠯᠲᠠᠨ ᠬᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠨ ᠬᠠᠨ

ᠲᠦᠮᠡᠳᠡᠶᠢᠨ ᠠᠯᠲᠠᠨ ᠬᠠᠨ (1507 - 1582) ᠨᠢ ᠲᠦᠮᠡᠳ ᠦᠨ ᠵᠠᠬᠢᠷᠤᠭᠴᠢ ᠪᠥᠭᠡᠳ ᠮᠣᠩᠭᠣᠯ ᠤᠨ ᠪᠠᠷᠠᠭᠤᠨ ᠲᠦᠮᠡᠨ ᠢ ᠤᠳᠤᠷᠢᠳᠥᠵᠤ ᠪᠠᠶᠢᠭᠰᠠᠨ ᠠᠯᠲᠠᠨ ᠤᠷᠤᠭ ᠤᠨ ᠬᠠᠨ ᠶᠤᠮ᠃ ᠲᠡᠷᠡᠪᠡᠷ ᠪᠠᠲᠤᠮᠦ᠋ᠩᠬᠡ ᠳᠠᠶᠠᠩ ᠬᠠᠭᠠᠨᠢ ᠠᠴᠢ᠂ ᠪᠠᠷᠰᠪᠣᠯ ᠳᠤ ᠬᠠᠭᠠᠨᠢ ᠬᠣᠶᠠᠷ ᠳ᠋ᠡᠬᠢ ᠬᠦᠦ ᠪᠣᠯᠤᠨ᠎ᠠ᠃ ᠵᠢᠩᠬᠢᠨᠢ ᠨᠡᠷ᠎ᠡ ᠶᠢ ᠨᠢ ᠠᠨᠳᠠ ᠭᠡᠳᠡᠭ᠃

ᠲᠡᠭᠦᠨ ᠦ ᠠᠬ᠎ᠠ ᠭᠦᠨᠪᠢᠯᠢᠭ ᠨᠢ ᠣᠷᠳᠣᠰ ᠍ ᠢ ᠵᠠᠬᠢᠷᠴᠢ ᠪᠠᠶᠢᠴᠠᠢ᠃ ᠠᠬ᠎ᠠ ᠨᠢ 1542 ᠣᠨ ᠳᠤ ᠨᠠᠰᠤ ᠨᠥᠭᠴᠢᠭᠰᠡᠨ ᠦ ᠳᠠᠷᠠᠭ᠎ᠠ ᠠᠯᠲᠠᠨ ᠪᠠᠷᠠᠭᠤᠨ ᠲᠦᠮᠡᠨ ᠢ ᠶᠡᠷᠦᠩᠬᠡᠢ ᠳᠤ ᠨᠢ ᠤᠳᠤᠷᠢᠳᠬᠤ ᠪᠣᠯᠵᠤ᠂ 《ᠲᠦᠰᠢᠶᠡᠲᠦ ᠰᠡᠴᠡᠨ ᠬᠠᠨ》 ᠴᠣᠯᠠ ᠲᠠᠢ ᠪᠣᠯᠤᠭᠰᠠᠨ ᠪᠠᠶᠢᠨ᠎ᠠ᠃

ᠴᠠᠬᠠᠷ ᠲᠤ ᠰᠠᠭᠤᠵᠤ ᠪᠠᠶᠢᠭᠰᠠᠨ ᠪᠣᠳᠢ ᠠᠯᠠᠭ ᠬᠠᠭᠠᠨ 1547 ᠣᠨ ᠳᠤ ᠨᠠᠰᠤ ᠪᠠᠷᠠᠬᠤ ᠳᠤ᠂ ᠲᠡᠭᠦᠨ ᠦ ᠣᠷᠣ ᠶᠢ ᠵᠠᠯᠭᠠᠭᠰᠠᠨ ᠳᠠᠷᠠᠶᠢᠰᠤᠩ ᠭᠦᠳᠦᠩ ᠬᠠᠭᠠᠨ ᠳᠤ ᠠᠯᠲᠠᠨ ᠰᠢᠬᠠᠯᠲᠠ ᠦᠵᠡᠭᠦᠯᠦᠭᠰᠡᠭᠡᠷ 《ᠭᠡᠭᠡᠨ ᠬᠠᠨ》 ᠴᠣᠯᠠ ᠲᠠᠢ ᠪᠣᠯᠵᠤ ᠴᠢᠳᠠᠵᠠᠢ᠃ ᠲᠡᠭᠦᠨ ᠦ ᠵᠠᠬᠢᠷᠴᠢ ᠪᠠᠶᠢᠭᠰᠠᠨ ᠣᠷᠳᠣᠰ ᠪᠤᠶᠤ ᠰᠢᠷ᠎ᠠ ᠮᠥᠷᠡᠨ ᠦ ᠡᠷᠭᠢ ᠬᠠᠪᠢ ᠨᠢ ᠣᠶᠢᠷᠠᠳᠬᠢᠲᠠᠳᠲᠥᠪᠡᠳᠲᠡᠢ ᠬᠠᠷᠢᠯᠴᠠᠬᠤ ᠵᠠᠩᠭᠢᠯᠠᠭ᠎ᠠ ᠪᠣᠯᠵᠤ ᠪᠠᠶᠢᠭᠰᠠᠨ ᠤ ᠪᠠᠨ ᠬᠤᠪᠢ ᠳᠤ ᠲᠡᠭᠦᠨ ᠦ ᠨᠡᠷ᠎ᠡ ᠨᠥᠯᠥᠭᠡ ᠶᠢ ᠶᠡᠬᠡᠰᠭᠡᠵᠦ ᠪᠠᠶᠢᠭᠰᠠᠨ ᠠᠴᠠ ᠭᠠᠳᠠᠨ᠎ᠠ ᠶᠠᠩᠵᠤ ᠪᠦᠷᠢ ᠶᠢᠨ ᠰᠤᠶᠤᠯ ᠤᠳ ᠲᠠᠢ ᠬᠠᠷᠢᠴᠠᠬᠤ ᠪᠣᠯᠤᠮᠵᠢ ᠶᠢ ᠣᠯᠭᠤᠵᠤ ᠪᠠᠶᠢᠪᠠ᠃

ᠲᠡᠷᠡ ᠪᠡᠷ ᠣᠳᠣ ᠶᠢᠨ ᠥᠪᠥᠷ ᠮᠣᠩᠭᠣᠯ ᠍ ᠤᠨ ᠨᠡᠶᠢᠰᠯᠡᠯ ᠬᠦᠬᠡᠬᠤᠲᠠ ᠍ ᠢ ᠦᠨᠳᠦᠰᠦᠯᠡᠨ ᠪᠠᠶᠢᠭᠤᠯᠤᠭᠰᠠᠨ ᠶᠤᠮ᠃ ᠮᠥᠨ ᠲᠡᠷᠡ ᠪᠡᠷ ᠲᠥᠪᠡᠳ ᠦᠨ ᠪᠤᠳ᠋ᠳ᠋ᠾᠠᠶᠢᠰᠮ ᠍ ᠢ ᠮᠣᠩᠭᠣᠯ ᠳᠤ ᠨᠡᠪᠲᠡᠷᠡᠬᠦ ᠳᠦ ᠴᠢᠬᠤᠯᠠ ᠡᠭᠦᠷᠭᠡ ᠭᠦᠢᠴᠡᠳᠭᠡᠭᠰᠡᠨ ᠢᠶᠡᠷ ᠢᠶᠡᠨ ᠮᠣᠩᠭᠣᠯ ᠤᠨ ᠲᠡᠦᠬᠡᠡᠨᠳᠡ ᠦᠯᠡᠳᠡᠭᠰᠡᠨ᠃ ᠮᠣᠩᠭᠣᠯ ᠤᠨ ᠠᠩᠬᠠᠨ ᠤ ᠪᠤᠳ᠋ᠳ᠋ᠾᠠ ᠶᠢᠨ ᠰᠦᠮ᠎ᠡ ᠬᠡᠶᠢᠳ ᠪᠣᠯᠬᠤ ᠲᠡᠭᠴᠢᠨ ᠴᠣᠩᠬᠣᠷ ᠢ ᠬᠥᠬᠡ ᠬᠣᠳᠠ ᠳᠤ ᠴᠤᠬᠤᠮ ᠠᠯᠲᠠᠨ ᠬᠠᠨ ᠪᠠᠶᠢᠭᠤᠯᠤᠭᠰᠠᠨ ᠠᠵᠢ᠃ ᠮᠥᠨ 1586 ᠣᠨ ᠳᠤ ᠠᠪ ᠲᠠᠢ ᠰᠠᠶᠢᠨ ᠬᠠᠨᠢ ᠳᠡᠮᠵᠢᠯᠭᠡ ᠲᠡᠢ ᠪᠡᠷ ᠬᠠᠭᠤᠴᠢᠨ ᠶᠡᠬᠡ ᠮᠣᠩᠭᠣᠯ ᠤᠯᠤᠰ ᠍ ᠤᠨ ᠨᠡᠶᠢᠰᠯᠡᠯ ᠬᠠᠷᠠᠬᠣᠷᠣᠮ ᠍ ᠤᠨ ᠣᠶᠢᠷᠠᠯᠴᠠᠭ᠎ᠠ ᠡᠷᠳᠡᠨᠢ-ᠵᠤᠤ ᠬᠡᠶᠢᠳᠡᠶᠢᠭ ᠪᠠᠶᠢᠭᠤᠯᠵᠠᠢ᠃

ᠴᠡᠷᠢᠭ ᠵᠡᠪᠰᠡᠭ ᠦᠨ ᠬᠤᠪᠢ ᠳᠤ ᠠᠯᠲᠠᠨ ᠬᠠᠨ ᠨᠢ ᠮᠢᠨᠢ ᠤᠯᠤᠰ ᠢ ᠰᠠᠨᠳᠠᠷᠠᠭᠠᠬᠤ ᠬᠦᠴᠦᠲᠡᠢ ᠪᠠᠶᠢᠪᠠ᠃ ᠲᠡᠷᠡ ᠪᠡᠷ 1529, 1530, 1542 ᠣᠨ ᠨᠤᠭᠤᠳ ᠲᠤ ᠬᠢᠲᠠᠳ ᠷᠤ ᠳᠣᠪᠲᠣᠯᠵᠤ ᠶᠡᠬᠡᠬᠡᠨ ᠣᠯᠵᠠ ᠲᠠᠢ ᠪᠤᠴᠠᠵᠤ ᠪᠠᠶᠢᠭᠰᠠᠨ ᠪᠥᠭᠡᠳ 1550 ᠣᠨ ᠳᠤ ᠴᠠᠭᠠᠨ ᠬᠡᠷᠡᠮ ᠢ ᠳᠠᠪᠠᠵᠤ᠂ ᠪᠡᠭᠡᠵᠢᠩ ᠳᠤ ᠨᠡᠪᠲᠡᠷᠡᠴᠢ ᠵᠠᠷᠢᠮ ᠳᠦᠭᠦᠷᠭᠡ ᠨᠦᠭᠦᠳ ᠢ ᠰᠢᠲᠠᠭᠠᠵᠤ ᠲᠤᠬᠠᠢ ᠶᠢᠨ ᠦᠶ᠎ᠡ ᠳᠦ ᠬᠣᠷᠢᠭ᠎ᠠ ᠲᠠᠢ ᠬᠣᠲᠣ ᠳᠤ ᠪᠠᠨ ᠰᠠᠭᠤᠭ᠎ᠠ ᠬᠠᠭᠠᠨ ᠳᠤ ᠨᠢ ᠪᠢᠴᠢᠭ ᠬᠦᠷᠭᠡᠭᠦᠯᠵᠦ ᠪᠠᠭᠤᠯᠲᠠ ᠬᠢᠯᠭᠡᠵᠦ ᠲᠣᠬᠢᠷᠠᠯᠴᠠᠭᠠᠨ ᠳᠤ ᠬᠦᠷᠴᠦ ᠪᠠᠶᠢᠴᠠᠢ᠃ᠥᠪᠡᠷ ᠦᠨ ᠬᠠᠷᠢᠶᠠᠲᠤ ᠬᠠᠷᠢᠴᠠᠩᠭᠤᠢ ᠴᠥᠭᠡᠨ ᠴᠡᠷᠢᠭ ᠢ ᠤᠳᠤᠷᠢᠳᠤᠨ ᠨᠠᠩᠭᠢᠶᠠᠳᠠᠭᠤ ᠲᠠᠢ ᠪᠠᠶᠢᠯᠳᠤᠬᠤ ᠪᠦᠷᠢ ᠳᠦ ᠪᠡᠨ ᠢᠯᠠᠯᠲᠠ ᠪᠠᠶᠢᠭᠤᠯᠵᠤ ᠪᠠᠶᠢᠭᠰᠠᠨ ᠢ ᠨᠢ ᠪᠣᠳᠣᠬᠤ ᠳᠤ ᠴᠡᠷᠢᠭ ᠳᠠᠶᠢᠨ ᠤ ᠡᠷᠳᠡᠮ ᠳᠦ ᠭᠠᠷᠭᠠᠭᠤᠳ ᠨᠢᠭᠡᠨ ᠪᠠᠶᠢᠴᠠᠢ᠃ ᠲᠡᠭᠦᠨ ᠦ ᠴᠡᠷᠢᠭ ᠲᠤᠬᠠᠢ ᠶᠢᠨ ᠦᠶ᠎ᠡ ᠶᠢᠨ ᠨᠡᠶᠢᠲᠡ ᠮᠣᠩᠭᠣᠯ ᠤᠨ ᠴᠡᠷᠢᠭ ᠦᠨ ᠬᠦᠴᠦᠨ ᠦ ᠳᠥᠷᠪᠡᠨ ᠦ ᠨᠢᠭᠡ ᠳᠦ ᠴᠤ ᠬᠦᠷᠬᠦ ᠦᠭᠡᠢ ᠪᠠᠶᠢᠭᠰᠠᠨ ᠪᠢᠯᠡ᠃ ᠠᠯᠲᠠᠨ ᠬᠠᠭᠠᠨ ᠪᠡᠭᠡᠵᠢᠩ ᠢ ᠡᠵᠡᠯᠡᠭᠰᠡᠨ ᠪᠣᠯᠪᠠᠴᠤ ᠲᠣᠬᠢᠷᠠᠯᠴᠠᠭᠠᠨ ᠳᠤ ᠰᠠᠶᠢᠨ ᠬᠦᠷᠢᠶ᠎ᠡ ᠭᠦᠢ ᠮᠥᠷᠲᠡᠯ᠎ᠡ ᠨᠤᠲᠤᠭ ᠤᠨ ᠵᠦᠭ ᠵᠣᠯ ᠢᠶᠠᠨ ᠵᠠᠯᠠᠭᠰᠠᠨ ᠨᠢ ᠣᠳᠣ ᠬᠦᠷᠲᠡᠯ᠎ᠡ ᠲᠣᠳᠣᠷᠬᠠᠢ ᠦᠭᠡᠢ ᠪᠠᠶᠢᠳᠠᠭ᠃ ᠮᠠᠭᠠᠳ ᠦᠭᠡᠢ ᠥᠪᠡᠷ ᠦᠨ ᠴᠥᠭᠡᠨ ᠴᠡᠷᠢᠭ ᠢᠶᠡᠷ ᠤᠷᠠᠨ ᠠᠷᠭ᠎ᠠ ᠪᠠᠷ ᠢᠯᠠᠯᠲᠠ ᠪᠠᠶᠢᠭᠤᠯᠤᠭᠰᠠᠨ ᠪᠣᠯᠬᠠᠷ᠎ᠠ ᠬᠡᠲᠦ ᠴᠥᠭᠡᠬᠡᠨ ᠴᠡᠷᠢᠭ ᠲᠡᠢ ᠪᠡᠨ ᠮᠡᠳᠡᠭᠳᠡᠬᠦ ᠡᠴᠡ ᠪᠣᠯᠭᠣᠮᠵᠢᠯᠠᠵᠤ ᠮᠥᠨ ᠳᠠᠪᠠᠭᠤ ᠲᠠᠯ᠎ᠠ ᠪᠠᠨ ᠤᠳᠠᠭᠠᠨ ᠬᠠᠳᠠᠭᠠᠯᠠᠵᠤ ᠴᠢᠳᠠᠬᠤ ᠦᠭᠡᠢ ᠪᠡᠨ ᠥᠪᠡᠷ ᠢᠶᠡᠨ ᠰᠠᠶᠢᠨ ᠮᠡᠳᠡᠵᠦ ᠪᠠᠶᠢᠭᠰᠠᠨ ᠪᠣᠯᠬᠠᠷ᠎ᠠ ᠲᠡᠶᠢᠮᠦ ᠰᠢᠢᠳᠪᠦᠷᠢ ᠭᠠᠷᠭᠠᠭᠰᠠᠨ ᠪᠠᠶᠢᠬᠤ᠃ ᠬᠢᠲᠠᠳ ᠤᠨ ᠬᠠᠭᠠᠨ 1571 ᠣᠨ ᠳᠤ ᠲᠡᠭᠦᠨ ᠲᠡᠢ ᠨᠠᠶᠢᠷᠠᠮᠳᠠᠯ ᠤᠨ ᠭᠡᠷ᠎ᠡ ᠪᠠᠶᠢᠭᠤᠯᠵᠤ᠂ ᠠᠳᠤᠭᠤ ᠪᠠᠷ ᠲᠣᠷᠭ᠎ᠠ ᠳᠤᠷᠳᠤᠩ ᠰᠤᠯᠢᠵᠤ ᠠᠪᠬᠤ ᠮᠠᠶᠢᠮᠠᠭ᠎ᠠ ᠶᠢ ᠵᠥᠪᠰᠢᠶᠡᠷᠡᠴᠢ ᠪᠠᠶᠢᠭᠰᠠᠨ ᠲᠡᠦᠬᠡ ᠲᠡᠢ᠃ᠲᠡᠭᠦᠨ ᠦ ᠬᠢᠭᠰᠡᠨ ᠤᠳᠠᠭ᠎ᠠ ᠳᠠᠷᠠᠭ᠎ᠠ ᠶᠢᠨ ᠠᠮᠵᠢᠯᠲᠠᠲᠠᠢ ᠳᠣᠪᠲᠣᠯᠭ᠎ᠠ ᠨᠢ ᠴᠢᠨᠠᠭᠰᠢᠳᠠ ᠮᠢᠨᠢ ᠤᠯᠤᠰ ᠢ ᠤᠨᠠᠯᠲᠠᠨ ᠳᠤ ᠬᠦᠷᠭᠡᠵᠦ᠂ ᠮᠠᠨᠵᠤ ᠨᠠᠷ ᠲᠤ ᠢᠯᠠᠭᠳᠠᠬᠤ ᠭᠣᠣᠯ ᠤᠷᠢᠳᠠᠵᠤ ᠨᠥᠬᠥᠴᠡᠯ ᠢ ᠪᠦᠷᠢᠳᠦᠭᠦᠯᠵᠡᠢ᠃

1582 ᠣᠨ ᠳᠤ ᠠᠯᠲᠠᠨ ᠬᠠᠨ ᠨᠠᠰᠤ ᠪᠠᠷᠠᠬᠤ ᠳᠤ ᠲᠡᠭᠦᠨ ᠢ ᠬᠦᠦ ᠰᠡᠩᠭᠡ ᠳᠦᠭᠦᠷᠡᠩ ᠨᠢ ᠵᠠᠯᠭᠠᠮᠵᠢᠯᠠᠵᠠᠢ᠃ ᠮᠥᠨ ᠠᠴᠢ ᠬᠦᠦ ᠶᠣᠨᠳᠣᠩᠵᠠᠮᠰᠤ ᠨᠢ 4 ᠍ ᠳᠦᠭᠡᠷ ᠳᠠᠯᠠᠢ ᠯᠠᠮᠠ ᠢᠶᠠᠷ ᠲᠣᠳᠣᠷᠠᠵᠤ ᠪᠠᠶᠢᠭᠰᠠᠨ ᠲᠡᠦᠬᠡ ᠲᠡᠢ᠃

ᠪᠢᠴᠢᠭᠡᠰᠦ