ᠠᠯᠲᠠᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
1142 ᠣᠨ ᠳᠤ ᠠᠯᠲᠠᠨ ᠤᠯᠤᠰ (ᠰᠢᠷ᠎ᠠ), ᠤᠮᠠᠷᠠᠳᠤ ᠰᠦᠨ ᠤᠯᠤᠰ (ᠤᠯᠠᠭᠠᠨ), ᠲᠠᠩᠭᠣᠳ ᠤᠯᠤᠰ (ᠪᠣᠷᠣ)

ᠠᠯᠲᠠᠨ ᠤᠯᠤᠰ (ᠵᠦᠷᠴᠢᠨ᠃ ᠠᠨᠴᠤᠩ ᠭᠦᠷᠦᠭᠦᠨ, ᠬᠢᠲᠠᠳ ᠢᠶᠠᠷ 金朝 ᠵᠢᠨᠢ ᠴᠢᠣ, ᠬᠣᠶᠠᠭᠤᠯᠠ 《ᠠᠯᠲᠠᠨ ᠤᠯᠤᠰ》 ᠬᠡᠮᠡᠬᠦ ᠤᠳᠬ᠎ᠠ ᠲᠠᠢ᠂ ᠣᠷᠣᠰ ᠶᠢᠡᠷ ᠽᠼᠢᠨ), ᠲᠣᠳᠣᠷᠬᠠᠢ ᠪᠠᠷ ᠵᠦᠷᠴᠢᠳᠡᠶᠢᠨ ᠠᠯᠲᠠᠨ ᠤᠯᠤᠰ ᠬᠡᠮᠡᠬᠦ ᠢᠨᠦ 1115-1234 ᠣᠨ ᠨᠤᠭᠤᠳ ᠲᠤ ᠡᠳᠦᠭᠡ ᠶᠢᠨ ᠵᠡᠭᠦᠨ ᠤᠮᠠᠷᠠᠳᠤ ᠬᠢᠲᠠᠳᠠᠳᠠ ᠣᠷᠣᠰᠢᠨ ᠲᠣᠭᠲᠠᠨᠢᠵᠤ ᠪᠠᠶᠢᠭᠰᠠᠨ ᠵᠦᠷᠴᠢᠨ ᠤᠭᠰᠠᠭᠠᠨ ᠤ ᠸᠠᠨᠢᠨᠢ ᠣᠪᠣᠭᠲᠤ ᠠᠭᠤᠳᠠᠭᠡᠶᠢᠨ ᠦᠨᠳᠦᠰᠦᠯᠡᠨ ᠪᠠᠶᠢᠭᠤᠯᠤᠭᠰᠠᠨ ᠤᠯᠤᠰ ᠶᠤᠮ᠃ 17 ᠍ ᠳᠦᠭᠡᠷ ᠵᠠᠭᠤᠨ ᠳᠤ ᠴᠢᠩ ᠤᠯᠤᠰ ᠍ ᠢ ᠪᠠᠶᠢᠭᠤᠯᠤᠭᠰᠠᠨ ᠮᠠᠨᠵᠤ ᠨᠠᠷ ᠤᠨ ᠡᠪᠦᠭᠡ ᠳᠡᠭᠡᠳᠦᠰ ᠨᠢ ᠡᠨᠡ ᠵᠦᠷᠴᠢᠳ ᠪᠣᠯᠤᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

12 ᠍ ᠳᠦᠭᠡᠷ ᠵᠠᠭᠤᠨ ᠳᠤ ᠤᠮᠠᠷᠠᠳᠤ ᠬᠢᠲᠠᠳ ᠪᠣᠯᠤᠨ ᠮᠣᠩᠭᠣᠯ ᠍ ᠤᠨ ᠨᠤᠲᠤᠭ ᠲᠤ ᠨᠣᠶᠠᠷᠬᠠᠵᠤ ᠪᠠᠶᠢᠭᠰᠠᠨ ᠬᠢᠲᠠᠨ ᠤᠯᠤᠰ ᠤᠨ ᠮᠡᠳᠡᠯ ᠳᠦ ᠵᠠᠷᠢᠮ ᠵᠦᠷᠴᠢᠳ ᠣᠪᠤᠭ ᠤᠨ ᠬᠢᠨ ᠪᠠᠶᠢᠭᠰᠠᠨ ᠠᠴᠠ ᠭᠠᠳᠠᠨ᠎ᠠ ᠬᠠᠷ᠎ᠠ ᠮᠥᠷᠡᠨ ᠦ ᠤᠮᠠᠷᠠᠳᠤ ᠳᠤ ᠰᠠᠭᠤᠭᠴᠢᠳ ᠨᠢ ᠲᠤᠰᠠᠭᠠᠷ ᠪᠠᠶᠢᠴᠠᠢ᠃ 1099 ᠣᠨ ᠠᠴᠠ ᠲᠡᠳᠡᠨ ᠦ ᠳᠣᠲᠣᠷ᠎ᠠ ᠠᠴᠠ ᠨᠡᠭᠦᠳᠡᠯᠴᠢᠨ ᠠᠶᠢᠮᠠᠭ ᠤᠳ ᠢᠶᠠᠨ ᠨᠢᠭᠡᠳᠬᠡᠨ ᠴᠡᠷᠢᠭ ᠵᠡᠪᠰᠡᠭ ᠬᠤᠷᠠᠯᠳᠤᠭᠤᠯᠤᠭᠰᠠᠨ ᠠᠭᠤᠳᠠ ᠬᠡᠮᠡᠬᠦ ᠪᠠᠭᠠᠲᠤᠷ ᠲᠣᠳᠣᠷᠠᠵᠤ᠂ ᠬᠢᠲᠠᠨ ᠤᠯᠤᠰ ᠲᠠᠢ ᠤᠳᠠᠭ᠎ᠠ ᠳᠠᠷᠠᠭ᠎ᠠ ᠪᠠᠶᠢᠯᠳᠤᠨ ᠳᠡᠶᠢᠯᠦᠭᠡᠳ 1114 ᠣᠨ ᠳᠤ ᠥᠪᠡᠷ ᠦᠨ ᠪᠡᠶ᠎ᠡ ᠶᠢ ᠬᠠᠭᠠᠨ ᠳᠤ ᠡᠷᠭᠦᠮᠵᠢᠯᠡᠵᠦ᠂ ᠤᠯᠤᠰ ᠤᠨ ᠨᠡᠷ᠎ᠡ ᠶᠢ ᠠᠯᠲᠠᠨ ᠬᠡᠮᠡᠵᠡᠢ᠃[1] ᠲᠡᠭᠦᠨ ᠡᠴᠡ ᠬᠣᠶᠢᠰᠢ ᠬᠢᠲᠠᠨ ᠤᠯᠤᠰ ᠲᠠᠢ ᠤᠳᠠᠭ᠎ᠠ ᠳᠠᠷᠠᠭᠠᠯᠠᠨ ᠪᠠᠶᠢᠯᠳᠤᠵᠤ᠂ ᠡᠴᠦᠰᠲᠦᠭᠡ ᠤᠮᠠᠷᠠᠳᠤ ᠰᠦᠨ ᠤᠯᠤᠰᠲᠠᠢ ᠡᠪᠰᠡᠨ ᠬᠢᠲᠠᠨ ᠤᠯᠤᠰ ᠢ ᠳᠠᠶᠢᠯᠠᠭᠰᠠᠭᠠᠷ 1125 ᠣᠨ ᠳᠤ ᠰᠦᠨ ᠤᠯᠤᠰ ᠤᠨ ᠴᠡᠷᠢᠭ ᠡᠴᠡ ᠤᠷᠢᠲᠤᠨ ᠬᠢᠲᠠᠨ ᠤᠯᠤᠰ ᠢ ᠮᠥᠬᠥᠭᠡᠵᠦ ᠪᠠᠷᠠᠭᠤᠨ ᠵᠦᠭ ᠳᠤᠲᠠᠭᠠᠯᠭᠠᠭᠰᠠᠨ ᠢᠶᠠᠷ ᠮᠠᠨᠵᠤᠤᠷ ᠭᠠᠵᠠᠷ ᠣᠷᠣᠨ ᠢ ᠨᠢᠭᠡᠳᠬᠡᠵᠡᠢ᠃ 1123 ᠣᠨ ᠳᠤ ᠠᠭᠤᠳᠠ ᠨᠠᠰᠤ ᠪᠠᠷᠠᠭᠰᠠᠨ ᠤ ᠳᠠᠷᠠᠭ᠎ᠠ ᠲᠡᠭᠦᠨ ᠦ ᠬᠦᠦ ᠦᠴᠢᠮᠡ ᠣᠷᠣ ᠰᠠᠭᠤᠵᠤ᠂ ᠰᠦᠨ ᠤᠯᠤᠰ ᠲᠠᠢ ᠡᠪᠳᠡᠷᠡᠭᠡᠳ ᠤᠳᠠᠭ᠎ᠠ ᠳᠠᠷᠠᠭ᠎ᠠ ᠪᠠᠶᠢᠯᠳᠤᠵᠠᠢ᠃ 1127 ᠣᠨ ᠳᠤ ᠨᠡᠶᠢᠰᠯᠡᠯ ᠪᠢᠨᠢᠵᠢᠨ ᠬᠣᠲᠠ ᠶᠢ ᠡᠪᠳᠡᠵᠦ᠂ ᠡᠴᠢᠭᠡ ᠬᠦᠦ ᠬᠣᠶᠠᠷ ᠬᠠᠭᠠᠨ ᠢ ᠬᠡᠳᠦᠨ ᠮᠢᠩᠭᠠᠨ ᠠᠷᠠᠳ ᠢᠷᠭᠡᠳ᠂ ᠡᠳ᠋ ᠡᠷᠳᠡᠨᠢᠰ᠂ ᠤᠯᠤᠰ ᠤᠨ ᠲᠠᠮᠠᠭ᠎ᠠ ᠵᠡᠷᠭᠡ ᠶᠢ ᠬᠠᠮᠲᠤ ᠣᠯᠵᠠᠯᠠᠨ ᠣᠳᠣᠰᠣᠨ ᠢᠶᠠᠷ ᠤᠮᠠᠷᠠᠳᠤ ᠰᠦᠨ ᠤᠯᠤᠰ ᠍ ᠤᠨ ᠦᠶ᠎ᠡ ᠶᠢ ᠳᠠᠭᠤᠰᠬᠠᠵᠠᠢ᠃ ᠬᠠᠷᠢᠨ ᠰᠦᠨ ᠤᠯᠤᠰ ᠤᠮᠠᠷᠠᠳᠤ ᠨᠤᠲᠤᠭ ᠢᠶᠠᠨ ᠠᠯᠳᠠᠵᠤ᠂ ᠡᠮᠦᠨᠡᠬᠢ ᠬᠠᠭᠠᠨ ᠤ 9 ᠍ ᠳᠦᠭᠡᠷ ᠬᠦᠦ ᠡᠮᠦᠨᠡᠲᠦ ᠰᠦᠨ ᠤᠯᠤᠰ ᠍ ᠤᠨ ᠬᠠᠭᠠᠨ ᠪᠣᠯᠵᠠᠢ᠃ ᠲᠡᠭᠦᠨ ᠡᠴᠡ ᠬᠣᠶᠢᠰᠢ ᠠᠷᠪᠠ ᠢᠯᠡᠭᠦᠦ ᠵᠢᠯ ᠪᠠᠶᠢᠯᠳᠤᠵᠤ᠂ 1141 ᠣᠨ ᠤ ᠬᠡᠯᠡᠯᠴᠡᠭᠡᠷ ᠢᠶᠡᠷ ᠬᠤᠸᠠᠢ ᠮᠥᠷᠡᠨ ᠦ ᠡᠮᠦᠨᠡᠲᠦ ᠶᠢ ᠰᠦᠨ᠂ ᠤᠮᠠᠷᠠᠳᠤ ᠶᠢ ᠠᠯᠲᠠᠨ ᠤᠯᠤᠰ ᠤᠨ ᠬᠢ ᠭᠡᠵᠦ ᠲᠣᠬᠢᠷᠠᠯᠴᠠᠵᠠᠢ᠃

ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠠ᠃ ᠠᠮᠤᠷ᠃ ᠮᠣᠩᠭᠣᠯ ᠤᠨ ᠲᠣᠪᠴᠢ ᠲᠡᠦᠬᠡ: 86 ᠍ ᠳᠦᠭᠡᠷ ᠲᠠᠯ᠎ᠠ᠃ ᠤᠯᠠᠭᠠᠨᠪᠠᠭᠠᠲᠤᠷ ᠬᠣᠲᠠ 1989

ᠪᠢᠴᠢᠭᠡᠰᠦ