ᠠᠯᠲᠠᠨᠭᠠᠳᠠᠰᠤ ᠶᠢᠨ ᠬᠦᠴᠦᠲᠤᠪᠠᠭᠠᠲᠤᠷ
ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠣᠺᠢᠲᠢᠶᠠᠨᠺᠦ᠋ ᠶᠣᠰᠢᠠᠺᠢ (時天空慶晃)
Tokitenku 2008.jpg
ᠱᠢᠺᠣᠨᠠ ᠲᠣᠺᠢᠲᠢᠶᠠᠨᠺᠦ᠋ ᠶᠣᠰᠢᠠᠺᠢ
ᠵᠢᠩᠬᠢᠨᠢ ᠨᠡᠷ᠎ᠡ ᠠᠯᠲᠠᠨᠭᠠᠳᠠᠰᠤ ᠶᠢᠨ ᠬᠦᠴᠦᠲᠤᠪᠠᠭᠠᠲᠤᠷ
ᠲᠦᠷᠦᠭᠰᠡᠨ ᠡᠳᠦᠷ 1979 ᠣᠨ ᠤ 9 ᠰᠠᠷ᠎ᠠ ᠶᠢᠨ 10 (1979-09-10) (39 ᠨᠠᠰᠣᠳᠠᠢ)
ᠲᠦᠷᠦᠭᠰᠡᠨ ᠭᠠᠵᠠᠷ ᠮᠣᠩᠭᠣᠯ ᠤᠯᠤᠰᠲᠥᠪ ᠠᠶᠢᠮᠠᠭᠠᠯᠲᠠᠨᠪᠤᠯᠠᠭ ᠰᠤᠮᠤ
ᠥᠨᠳᠥᠷ 186 ᠰᠠᠨᠲ᠋ᠢᠮᠧᠲ᠋ᠷ
ᠵᠢᠩ 141 ᠺᠢᠯᠣᠭ᠍ᠷᠠᠮ
ᠬᠠᠷᠢᠶᠠᠯᠠᠭᠳᠠᠬᠤ ᠳᠡᠪᠵᠢᠶ᠎ᠡ ᠲᠤᠺᠢᠽᠡᠺᠠᠽᠸ ᠳᠡᠪᠵᠢᠶ ᠡ
ᠠᠮᠵᠢᠯᠲᠠ
ᠬᠠᠮᠤᠭ ᠤᠨ ᠥᠨᠳᠥᠷ ᠴᠣᠯᠠ ᠵᠡᠭᠦᠨ ᠦ ᠺᠣᠮᠡᠰᠦᠪᠢ (2007 ᠣᠨ ᠤ 3 ᠰᠠᠷ᠎ᠠ)
ᠨᠡᠶᠢᠲᠡ ᠪᠠᠷᠢᠯᠳᠤᠭᠠᠨ 548 ᠢᠯᠠᠯᠲᠠ 545 ᠢᠯᠠᠭᠳᠠᠯ 49 ᠥᠨᠵᠢᠭᠰᠡᠨ (83 ᠪᠠᠱᠣ)
ᠮᠠᠺᠦᠦ᠋ᠴᠢ ᠵᠢᠩᠳᠠᠭᠠᠨ ᠳ᠋ᠡᠬᠢ ᠪᠠᠷᠢᠯᠳᠤᠭᠠᠨ 431 ᠢᠯᠠᠯᠲᠠ 494 ᠢᠯᠠᠭᠳᠠᠯ 20 ᠥᠨᠵᠢᠭᠰᠡᠨ (63 ᠪᠠᠱᠣ)
ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠵᠢᠶᠦᠦᠷᠢᠤ᠋ ᠵᠢᠩᠳᠠᠭᠠᠨ 2
ᠰᠠᠨᠳᠠᠨᠮᠠᠢ ᠵᠢᠩᠳᠠᠭᠠᠨ 1
ᠵᠣᠨᠢᠳᠠᠨ ᠵᠢᠩᠳᠠᠭᠠᠨ 1
ᠵᠢᠤᠨᠦᠺᠦ᠋ᠴᠢ ᠵᠢᠩᠳᠠᠭᠠᠨ 1
ᠱᠠᠩᠨᠠᠯ ᠤᠷᠠᠨ ᠪᠠᠷᠢᠯᠳᠤᠭᠠᠨ ᠤ 1
ᠲᠣᠭ᠎ᠠ ᠪᠠᠷᠢᠮᠲᠠ
ᠠᠩᠬᠠᠨ ᠤ ᠪᠠᠱᠣ 2002 ᠣᠨ ᠤ 7 ᠰᠠᠷ᠎ᠠ
ᠮᠠᠺᠦᠦ᠋ᠴᠢ ᠵᠢᠩᠳᠠᠭᠠᠨ ᠳᠤ ᠳᠡᠪᠰᠢᠭᠰᠡᠨ 2004 ᠣᠨ ᠤ 7 ᠰᠠᠷ᠎ᠠ
ᠲᠠᠶᠢᠯᠪᠤᠷᠢ
2016 ᠣᠨ ᠤ 6 ᠰᠠᠷ᠎ᠠ ᠶᠢᠨ 18 ᠍ ᠤ ᠪᠠᠶᠢᠳᠠᠯ ᠢᠶᠠᠷ
ᠵᠠᠭᠪᠤᠷ᠂ ᠬᠡᠯᠡᠯᠴᠡᠭᠦᠯᠭᠡ)
ᠠᠯᠲᠠᠨᠭᠠᠳᠠᠰᠤ ᠶᠢᠨ ᠬᠦᠴᠦᠲᠦᠪᠠᠭᠠᠲᠤᠷ ᠨᠢ 1979 ᠣᠨ ᠤ 9 ᠰᠠᠷ᠎ᠠ ᠶᠢᠨ 10 - ) ᠳᠤ ᠮᠣᠩᠭᠣᠯ ᠤᠯᠤᠰ ᠍ ᠤᠨ ᠲᠥᠪ ᠠᠶᠢᠮᠠᠭ ᠤᠨ ᠠᠯᠲᠠᠨᠪᠤᠯᠠᠭ ᠰᠤᠮᠤᠨ ᠳᠤ ᠲᠦᠷᠦᠵᠡᠢ᠃ ᠶᠠᠫᠤᠨ ᠤ ᠮᠡᠷᠭᠡᠵᠢᠯ ᠤᠨ ᠰᠦᠮᠤ ᠶᠢᠨ ᠲᠤᠺᠢᠽᠡᠺᠠᠽᠸ ᠳᠡᠪᠵᠢᠶ ᠡ (時津風部屋) ᠶᠢᠨ ᠰᠦᠮᠤᠴᠢᠨ ᠪᠢᠯᠡ᠃ ᠲᠡᠭᠦᠨ ᠤ ᠰᠦᠮᠤ ᠶᠢᠨ ᠨᠡᠷ ᠡ ᠨᠢ ᠲᠣᠺᠢᠲᠢᠶᠠᠨᠺᠦ᠋ ᠶᠣᠰᠢᠠᠺᠢ (時天空 慶晃᠂ ときてんくう よしあき) ᠭᠡᠳᠡᠭ᠃ ᠲᠡᠷᠡ 2007 ᠤᠨ ᠤ 7 ᠰᠠᠷ ᠠ ᠶᠢᠨ ᠪᠠᠱᠤ ᠪᠡᠷ ᠵᠡᠭᠦᠨ ᠤ ᠵᠠᠭᠠᠨ(ᠺᠣᠮᠡᠰᠦᠪᠢ᠂ 小結) ᠴᠤᠯᠠ ᠳᠤ ᠬᠦᠷᠴᠤ ᠦᠩᠭᠡᠷᠡᠪᠡ᠃ ᠲᠤᠤᠺᠢᠤ᠋ ᠶᠢᠨ ᠲᠠᠷᠢᠶᠠᠯᠠᠩ ᠤᠨ ᠶᠡᠬᠡ ᠰᠤᠷᠭᠠᠭᠤᠯᠢ ᠶᠢᠨ ᠤᠯᠠᠨ ᠤᠯᠤᠰ ᠤᠨ ᠢᠳᠡᠭᠡᠨ ᠤᠨ ᠴᠢᠮᠡᠭᠡ ᠵᠠᠩᠭᠢ (東京農業大学国際食料情報学部) ᠶᠢᠨ ᠰᠠᠯᠪᠤᠷᠢ ᠡᠴᠡ ᠲᠡᠭᠦᠰᠴᠠᠢ᠃ ᠪᠡᠶ ᠡ ᠶᠢᠨ ᠦᠨᠳᠦᠷ 185 ᠰᠠᠨᠲ᠋ᠢᠮᠧᠲ᠋ᠷ᠂ ᠪᠡᠶ ᠡ ᠶᠢᠨ ᠵᠢᠩ ᠨᠢ 141ᠺᠢᠯᠣᠭ᠍ᠷᠠᠮ ᠪᠠᠶᠢᠳᠠᠭ᠃ ᠲᠡᠭᠦᠨ ᠤ ᠪᠠᠷᠢᠯᠳᠤᠭᠠᠨ ᠤ ᠤᠨᠴᠠᠯᠢᠭ ᠨᠢ ᠬᠠᠴᠢᠷᠳᠠᠨ ᠲᠦᠯᠬᠢᠬᠦ (突っ張り)᠂ ᠪᠠᠷᠠᠭᠤᠨ ᠲᠠᠯ᠎ ᠠ ᠪᠡᠷ ᠶᠢᠡᠨ ᠵᠤᠯᠭᠠᠬᠤ (右四つ)᠂ ᠤᠨᠠᠭᠠᠬᠤ ‍(投げ)᠂ ᠵᠤᠯᠭᠠᠭᠰᠠᠨ ᠪᠠᠷᠢᠴᠠ ᠪᠡᠷ ᠲᠦᠯᠬᠢᠵᠤ ᠭᠠᠷᠭᠠᠬᠤ (寄り)᠂ ᠬᠦᠯ ᠤᠨ ᠮᠡᠬᠡ (足癖) ᠵᠡᠷᠭᠡ ᠤᠯᠠᠨ ᠮᠡᠬᠡ ᠤᠳ ᠢ ᠤᠯᠠᠷᠢᠭᠤᠯᠤᠨ ᠬᠢᠳᠡᠭ᠃
ᠦᠩᠭᠡᠷᠡᠯᠲᠡ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]
ᠬᠦᠴᠦᠲᠦᠪᠠᠭᠠᠲᠤᠷ ᠨᠢ ᠪᠦᠬᠡ ᠤᠳᠤᠮ ᠲᠠᠢ ᠪᠠᠶᠢᠳᠠᠭ᠃ ᠲᠡᠭᠦᠨ ᠤ ᠠᠪᠤ ᠠᠯᠲᠠᠨᠭᠠᠳᠠᠰᠤ ᠨᠢ ᠮᠤᠩᠭᠤᠯ ᠤᠯᠤᠰ ᠤᠨ ᠨᠠᠴᠢᠨ ᠴᠤᠯᠠᠲᠠᠨ ᠪᠦᠬᠡ ᠪᠤᠯᠤᠨ᠎ ᠠ᠃ ᠬᠦᠴᠦᠲᠦᠪᠠᠭᠠᠲᠤᠷ ᠨᠢ ᠪᠠᠭ᠎ ᠠ ᠳᠤ ᠪᠠᠨ ᠤᠯᠠᠭᠠᠨᠪᠠᠭᠠᠲᠤᠷ ᠬᠤᠲᠠ ᠶᠢᠨ ᠵᠢᠶᠦᠦᠳᠤ᠋ ᠶᠢᠨ ᠺᠡᠯᠤᠪ ᠳᠤ ᠳᠠᠪᠠᠭᠳᠤᠷᠵᠢ (朝青龍)᠂ ᠳᠠᠰᠢᠨᠢᠮ᠎ ᠠ(朝赤龍)᠂ ᠪᠢᠮᠪᠠᠳᠤᠷᠵᠢ (日馬富士) ᠨᠠᠷ ᠲᠠᠢ ᠳᠠᠰᠬᠠᠯ ᠬᠢᠵᠤ ᠪᠠᠶᠢᠵᠠᠢ᠃ ᠰᠡᠭᠦᠯ ᠳᠤ ᠨᠢ ᠮᠤᠩᠭᠤᠯ ᠤᠯᠤᠰ ᠤᠨ ᠲᠡᠷᠢᠶᠠᠯᠠᠩ ᠤᠨ ᠶᠡᠬᠡ ᠰᠤᠷᠭᠠᠭᠤᠯᠢ (国立農業大学) ᠳᠤ ᠳᠠᠪᠰᠢᠭᠰᠠᠨ ᠪᠤᠯᠪᠠᠴᠤ ᠳᠤᠮᠳᠠ ᠡᠴᠡ ᠨᠢ ᠲᠤᠤᠺᠢᠤ᠋ ᠶᠢᠨ ᠲᠠᠷᠢᠶᠠᠯᠠᠩ ᠤᠨ ᠶᠡᠬᠡ ᠰᠤᠷᠭᠠᠭᠤᠯᠢ ᠶᠢᠨ ᠤᠯᠠᠨ ᠤᠯᠤᠰ ᠤᠨ ᠢᠳᠡᠭᠡᠨ ᠤᠨ ᠴᠢᠮᠡᠭᠡ ᠵᠠᠩᠭᠢ (東京農業大学国際食料情報学部) ᠢᠶᠨ ᠰᠠᠯᠪᠤᠷᠢ ᠳᠤ ᠲᠠᠮᠢᠷ ᠤᠨ ᠰᠤᠯᠢᠯᠴᠠᠭᠠᠨ ᠤ ᠰᠤᠷᠤᠭᠴᠢ ᠪᠡᠷ ᠰᠢᠯᠵᠢᠨ ᠤᠴᠢᠵᠠᠢ᠃ ᠲᠡᠭᠡᠭᠳ ᠲᠤᠰ ᠰᠤᠷᠭᠠᠭᠤᠯᠢ ᠶᠢᠨ ᠰᠦᠮᠤ ᠶᠢᠨ ᠠᠩᠬᠢ ᠳᠤ ᠤᠷᠤᠵᠤ᠂ ᠲᠤᠰ ᠵᠢᠯ ᠳᠤ ᠪᠠᠨ ᠶᠠᠫᠤᠨ ᠤ ᠪᠦᠬᠦ ᠤᠯᠤᠰ ᠤᠨ ᠰᠦᠮᠤ ᠶᠢᠨ ᠪᠡᠶ ᠡ ᠶᠢᠨ ᠵᠢᠩ ᠬᠤᠪᠢᠶᠠᠭᠰᠠᠨ ᠮᠦᠷᠦᠶᠢᠴᠡᠭᠡᠨ (全国学生相撲個人体重別選手権大会) ᠤ 100 ᠺᠢᠯᠣᠭ᠍ᠷᠠᠮ ᠡᠴᠡ ᠳᠤᠷᠤᠭᠰᠢ ᠳᠡᠰ ᠲᠤ ᠲᠡᠷᠢᠭᠦᠯᠡᠵᠡᠢ᠃ ᠲᠤᠬᠠᠢ ᠶᠢᠨ ᠦᠶᠡᠰ ᠤᠨ ᠬᠦᠴᠦᠲᠦᠪᠠᠭᠠᠲᠤᠷ ᠰᠤᠷᠭᠠᠭᠤᠯᠢ ᠪᠠᠨ ᠲᠡᠭᠦᠰᠪᠡᠯ᠂ ᠮᠤᠩᠭᠤᠯ ᠤᠯᠤᠰ ᠤᠨ ᠲᠡᠷᠢᠶᠠᠯᠠᠩ ᠤᠨ ᠶᠡᠬᠡ ᠰᠤᠷᠭᠠᠭᠤᠯᠢ ᠳᠤ ᠪᠠᠭᠰᠢ ᠪᠤᠯᠬᠤ ᠪᠤᠯᠤᠮᠵᠢ ᠪᠠᠶᠢᠭᠰᠠᠨ ᠪᠤᠯᠪᠠᠴᠤ᠂ ᠪᠠᠭ᠎ ᠠ ᠳᠤ ᠪᠠᠨ ᠬᠠᠮᠲᠤ ᠵᠢᠶᠦᠦᠳᠤ᠋ ᠪᠠᠷᠢᠯᠳᠤᠵᠤ ᠪᠠᠶᠢᠭᠰᠠᠨ ᠳᠠᠪᠠᠭᠳᠤᠷᠵᠢ (朝青龍)᠂ ᠳᠠᠰᠢᠨᠢᠮ᠎ ᠠ(朝赤龍) ᠨᠠᠷ ᠤᠨ ᠰᠦᠮᠤ ᠶᠢᠨ ᠲᠠᠪᠴᠠᠩ ᠳᠡᠭᠡᠷᠡᠬᠢ ᠪᠠᠷᠢᠯᠳᠤᠭᠠᠨ ᠢ ᠦᠵᠡᠵᠤ᠂ ᠦᠪᠡᠷᠲᠡᠭᠡᠨ ᠴᠤ ᠰᠦᠮᠤ ᠳᠤ ᠰᠤᠨᠢᠷᠬᠠᠯ ᠲᠠᠢ ᠪᠤᠯᠵᠤ᠂ ᠰᠦᠮᠤ ᠪᠠᠷᠢᠯᠳᠤᠬᠤ ᠪᠡᠷ ᠵᠤᠷᠢᠭ ᠰᠢᠭᠤᠳᠴᠠᠢ᠃ ᠭᠡᠪᠡᠴᠤ ᠲᠤᠬᠠᠢ ᠶᠢᠨ ᠦᠶᠡᠰ ᠲᠡᠭᠦᠨ ᠤ ᠨᠠᠰᠤ ᠨᠢ ᠰᠦᠮᠤ ᠶᠢᠨ ᠳᠡᠪᠵᠢᠶ ᠡ ᠳᠤ ᠤᠷᠤᠬᠤ ᠬᠢᠵᠠᠭᠠᠷ ᠪᠤᠯᠬᠤ 23 ᠨᠠᠰᠤ ᠳᠤ ᠲᠦᠬᠦᠵᠤ ᠪᠠᠶᠢᠭᠰᠠᠨ ᠪᠤᠯᠬᠤᠷ᠂ ᠰᠤᠷᠭᠠᠭᠤᠯᠢ ᠪᠠᠨ ᠲᠡᠭᠦᠰᠦᠭᠡ ᠦᠭᠡᠢ ᠪᠡᠷ ᠲᠤᠺᠢᠽᠡᠺᠠᠽᠸ ᠳᠡᠪᠵᠢᠶ ᠡ (時津風部屋) ᠳᠤ ᠤᠷᠤᠵᠠᠢ᠃ ᠲᠡᠭᠡᠭᠡᠳ ᠰᠤᠷᠭᠠᠭᠤᠯᠢ ᠳᠤ ᠪᠠᠨ ᠤᠷᠤᠢ ᠶᠢᠨ ᠬᠢᠴᠢᠶᠡᠯ ᠤᠷᠤᠵᠤ ᠪᠠᠶᠢᠭᠠᠳ᠂ 2004 ᠤᠨ ᠤ 3 ᠰᠠᠷ ᠠ ᠳᠤ ᠲᠡᠭᠦᠰᠴᠡᠢ᠃
2002 ᠤᠨ ᠤ 7 ᠰᠠᠷ  ᠠ ᠶᠢᠨ ᠪᠠᠱᠤ ᠡᠴᠡ ᠡᠬᠢᠯᠡᠨ ᠪᠠᠷᠢᠯᠳᠤᠵᠤ᠂ ᠵᠠᠯᠭᠠᠪᠡᠷ 3 ᠪᠠᠱᠤ᠂ ᠳᠠᠷᠤᠢ ᠵᠢᠤᠨᠦᠺᠦ᠋ᠴᠢ᠂ ᠵᠣᠨᠢᠳᠠᠨ ᠪᠤᠯᠤᠨ ᠰᠠᠨᠳᠠᠨᠮᠠᠢ ᠵᠢᠩᠳᠠᠭᠠᠨ ᠳᠤ ᠲᠤᠰ ᠲᠤᠰ ᠪᠦᠬᠦᠨ ᠢ ᠢᠯᠠᠵᠤ ᠲᠡᠷᠢᠭᠦᠯᠡᠵᠡᠢ᠃ ᠵᠢᠤᠨᠦᠺᠦ᠋ᠴᠢ ᠵᠢᠩᠳᠠᠭᠠᠨ ᠳᠤ ᠵᠠᠯᠭᠠᠵᠤ 22 ᠢᠯᠠᠭᠰᠠᠨ ᠲᠡᠮᠳᠡᠭᠯᠡᠯ ᠢ ᠡᠭᠦᠳᠴᠠᠢ᠃ ᠤᠤᠯ ᠨᠢ ᠵᠢᠶᠦᠦᠳᠤ᠋ ᠪᠠᠷᠢᠯᠳᠤᠵᠤ ᠪᠠᠶᠢᠭᠰᠠᠨ ᠪᠤᠯᠬᠤᠷ᠂ ᠠᠷᠦ ᠳᠤ ᠨᠢ ᠬᠢᠰᠬᠢᠭᠦ (二枚蹴り)᠂ ᠳᠡᠭᠡᠯᠡᠬᠦ (内掛け) ᠵᠡᠷᠭᠡ ᠬᠦᠯ ᠤᠨ ᠮᠡᠬᠡ ᠤᠳ ᠢ ᠬᠢᠵᠤ ᠤᠷᠠᠨ ᠪᠠᠷᠢᠯᠳᠤᠭᠠᠨ ᠶᠢᠡᠨ ᠭᠠᠷᠭᠠᠵᠤ ᠪᠠᠶᠢᠵᠠᠢ᠃
2004 ᠤᠨ ᠤ 3 ᠰᠠᠷ  ᠠ ᠶᠢᠨ ᠪᠠᠱᠤ ᠪᠡᠷ ᠵᠢᠶᠦᠦᠷᠢᠤ᠋ ᠵᠢᠩᠳᠠᠭᠠᠨ ᠳᠤ ᠳᠠᠪᠰᠢᠵᠠᠢ᠃ ᠲᠡᠭᠡᠭᠡᠳ ᠵᠢᠶᠦᠦᠷᠢᠤ᠋ ᠵᠢᠩᠳᠠᠭᠠᠨ ᠳᠤ ᠬᠤᠶᠠᠷᠬᠠᠨ ᠪᠠᠱᠤ ᠪᠠᠷᠢᠯᠳᠤᠵᠤ᠂ ᠲᠤᠰ ᠵᠢᠯ ᠤ 7 ᠰᠠᠷ  ᠠ ᠶᠢᠨ ᠪᠠᠱᠤ ᠪᠡᠷ ᠬᠠᠮᠤᠭ ᠳᠡᠭᠡᠳᠤ ᠵᠢᠩᠳᠠᠭᠠᠨ ᠪᠤᠯᠬᠤ ᠮᠠᠺᠦᠦ᠋ᠴᠢ ᠵᠢᠩᠳᠠᠭᠠᠨ(幕内) ᠳᠤ ᠳᠠᠪᠰᠢᠵᠠᠢ᠃ ᠬᠦᠴᠦᠲᠦᠪᠠᠭᠠᠲᠤᠷ ᠨᠢ ᠡᠬᠢᠯᠡᠨ ᠪᠠᠷᠢᠯᠳᠤᠭᠰᠠᠨ ᠡᠴᠡ ᠠᠷᠪᠠᠨ ᠬᠤᠶᠠᠷᠬᠠᠨ ᠪᠠᠱᠤ ᠪᠡᠷ ᠮᠠᠺᠦᠦ᠋ᠴᠢ ᠵᠢᠩᠳᠠᠭᠠᠨ(幕内) ᠳᠤ ᠳᠠᠪᠰᠢᠭᠰᠠᠨ ᠶᠠᠪᠤᠳᠠᠯ ᠨᠢ᠂ ᠲᠤᠬᠠᠢ ᠶᠢᠨ ᠦᠶᠡᠰ ᠳᠤ ᠪᠠᠨ ᠲᠡᠦᠬᠡᠨ ᠳᠡᠬᠢ ᠨᠢᠭᠡᠳᠦᠭᠡᠷ ᠰᠦᠮᠤᠴᠢᠨ ᠶᠢᠡᠷ ᠲᠡᠮᠳᠡᠭᠯᠡᠭᠳᠡᠵᠡᠢ᠃
2005 ᠤᠨ ᠤ 5 ᠰᠠᠷ  ᠠ ᠶᠢᠨ ᠪᠠᠱᠤ ᠳᠤ᠂ ᠪᠢᠮᠪᠠᠳᠤᠷᠵᠢ (ᠲᠤᠬᠠᠢ ᠶᠢᠨ ᠦᠶᠡᠰ ᠤᠨ 安馬) ᠶᠢ ᠮᠤᠩᠭᠤᠯ ᠪᠦᠬᠡ ᠶᠢᠨ ᠬᠤᠩᠭᠤᠳᠤᠬᠤ ᠮᠡᠷᠭᠡᠵᠢᠯ ᠶᠢᠡᠷ ᠬᠠᠶᠠᠵᠤ᠂ ᠶᠠᠫᠤᠨ ᠤ ᠦᠵᠡᠭᠴᠢᠳ ᠢ ᠱᠤᠤᠭᠢᠭᠤᠯᠵᠤ ᠪᠠᠶᠢᠵᠠᠢ᠃ ᠳᠠᠷᠠᠭ᠎ ᠠ ᠪᠠᠱᠤ ᠳᠤ ᠨᠢ ᠪᠢᠮᠪᠠᠳᠤᠷᠵᠢ ᠪᠡᠷ ᠬᠦᠯᠳᠡᠭᠦᠯᠵᠤ᠂ 1 ᠮᠢᠨ᠋ᠦ᠋ᠲ ᠰᠢᠬᠠᠮ ᠲᠡᠰᠦᠭᠰᠡᠨ ᠪᠤᠯᠪᠠᠴᠤ ᠢᠯᠠᠭᠳᠠᠵᠤ᠂ ᠲᠡᠭᠦᠨ ᠤ ᠳᠠᠷᠠᠭ᠎ ᠠ ᠪᠠᠱᠤ ᠪᠡᠷ ᠮᠦᠨ ᠪᠢᠮᠪᠠᠳᠤᠷᠵᠢ ᠲᠠᠢ 6 ᠮᠢᠨ᠋ᠦ᠋ᠲ ᠤᠨ ᠤᠷᠲᠤ ᠪᠠᠷᠢᠯᠳᠤᠭᠠᠨ ᠭᠠᠷᠭᠠᠵᠤ ᠢᠯᠠᠭᠳᠠᠵᠤ ᠪᠠᠶᠢᠵᠠᠢ᠃ ᠬᠦᠴᠦᠲᠦᠪᠠᠭᠠᠲᠤᠷ ᠨᠢ ᠬᠦᠯ ᠤᠨ ᠮᠡᠭᠡ ᠶᠢᠡᠷ ᠶᠢᠡᠨ ᠤᠨᠴᠠᠯᠠᠭᠳᠠᠵᠤ ᠪᠠᠶᠢᠭᠰᠠᠨ ᠡᠴᠡ ᠪᠠᠨ ᠰᠦᠮᠤ ᠶᠢᠨ ᠬᠠᠴᠢᠷᠳᠠᠨ ᠲᠦᠯᠬᠢᠬᠦ (突っ張り) ᠮᠡᠬᠡ ᠶᠢ ᠴᠤ ᠲᠤᠩ ᠰᠠᠶᠢᠨ ᠬᠢᠵᠤ᠂ ᠲᠤᠰ ᠵᠢᠯ ᠤᠨ 11 ᠰᠠᠷ  ᠠ ᠶᠢᠨ ᠪᠠᠱᠤ ᠳᠤ ᠪᠠᠷᠠᠭᠤᠨ ᠤ ᠮᠠᠭᠠᠰᠢᠷᠠ ᠶᠢᠨ ᠳᠤᠯᠤᠳᠤᠭᠠᠷ ᠵᠡᠷᠭᠡᠯᠡᠯ ᠳᠤ ᠪᠠᠶᠢᠬᠤ ᠳᠤ ᠪᠠᠨ 10᠄ 5 ᠶᠢᠨ ᠢᠯᠠᠯᠲᠠ ᠭᠠᠷᠭᠠᠵᠤ᠂ ᠬᠠᠴᠢᠷᠳᠠᠨ ᠲᠦᠯᠬᠢᠬᠦ (突っ張り) ᠮᠡᠬᠡ ᠪᠡᠷ ᠶᠢᠡᠨ ᠮᠡᠷᠭᠡᠵᠢᠯ ᠤᠨ ᠱᠠᠩᠨᠠᠯ (技能賞) ᠲᠤᠰᠴᠤ ᠪᠠᠶᠢᠵᠠᠢ᠃
2006 ᠤᠨ ᠤ 1 ᠰᠠᠷ  ᠠ ᠶᠢᠨ ᠪᠠᠱᠤ ᠪᠡᠷ ᠪᠠᠷᠠᠭᠤᠨ ᠤ ᠮᠠᠭᠠᠰᠢᠷᠠ ᠲᠡᠷᠢᠭᠦᠨ ᠵᠡᠷᠭᠡᠯᠡᠯ ᠳᠤ ᠳᠠᠪᠰᠢᠵᠤ᠂ ᠴᠤᠯᠠ ᠲᠠᠢ ᠰᠦᠮᠤᠴᠢᠳ (三役力士) ᠲᠠᠢ ᠦᠵᠡᠯᠴᠡᠵᠤ᠂ ᠵᠡᠷᠭᠡᠯᠡᠯ ᠡᠴᠡ ᠪᠠᠨ ᠪᠠᠭᠤᠷᠠᠬᠤ ᠪᠤᠶᠤ ᠳᠠᠪᠰᠢᠵᠤ᠂ ᠤᠯᠠᠨ ᠬᠤᠪᠢᠷᠠᠵᠤ ᠪᠠᠶᠢᠵᠠᠢ᠃ ᠲᠤᠰ ᠵᠢᠯ ᠤ 7 ᠰᠠᠷ  ᠠ ᠶᠢᠨ ᠪᠠᠱᠤ ᠳᠤ᠂ ᠵᠡᠭᠦᠨ ᠤ ᠮᠠᠭᠠᠰᠢᠷᠠ 8 ᠳ᠋ᠤᠭᠠᠷ ᠵᠡᠷᠭᠡᠯᠡᠯ ᠳᠤ ᠪᠠᠶᠢᠬᠤ ᠳᠤ ᠪᠠᠨ 10 ᠤᠨᠤᠭ᠎ ᠠ ᠪᠡᠷ ᠢᠯᠠᠵᠤ᠂ ᠬᠠᠮᠤᠭ ᠰᠡᠭᠦᠯᠴᠢ ᠶᠢᠨ ᠡᠳᠦᠷ ᠤᠨ ᠪᠠᠷᠢᠯᠳᠤᠭᠠᠨ ᠳᠤ ᠳᠠᠬᠢᠨ ᠨᠢᠭᠡ ᠢᠯᠠᠪᠠᠯ ᠲᠠᠶᠢᠴᠢᠨ ᠪᠠᠷᠢᠯᠳᠤᠭᠠᠨ ᠤ ᠱᠠᠩᠨᠠᠯ (敢闘賞) ᠲᠤᠰᠬᠤ ᠪᠤᠯᠤᠮᠵᠢ ᠲᠠᠢ ᠪᠠᠶᠢᠭᠰᠠᠨ ᠪᠤᠯᠪᠠᠴᠤ᠂ ᠢᠯᠠᠵᠤ ᠴᠢᠳᠠᠭ᠎ ᠠ ᠦᠭᠡᠢ᠃ ᠭᠡᠪᠡᠴᠤ 9 ᠰᠠᠷ  ᠠ ᠶᠢᠨ ᠪᠠᠱᠤ ᠪᠡᠷ ᠵᠡᠷᠭᠡᠯᠡᠯ ᠨᠢ ᠪᠠᠷᠠᠭᠤᠨ ᠤ ᠮᠠᠭᠠᠰᠢᠷᠠ ᠶᠢᠨ ᠬᠤᠶᠠᠷᠳᠤᠭᠠᠷ ᠵᠡᠷᠭᠡᠯᠡᠯ ᠳᠤ ᠳᠠᠪᠰᠢᠵᠤ᠂ 7᠄ 8 ᠶᠢᠨ ᠠᠨᠠᠶᠢᠬᠠᠨ ᠪᠠᠷᠢᠯᠳᠤᠭᠠᠨ ᠭᠠᠷᠭᠠᠭᠰᠠᠨ ᠪᠤᠯᠪᠠᠴᠤ᠂ 11 ᠰᠠᠷ  ᠠ ᠶᠢᠨ ᠬᠢᠨᠢ ᠪᠠᠱᠤ ᠳᠤ ᠵᠡᠭᠦᠨ ᠤ ᠮᠠᠭᠠᠰᠢᠷᠠ ᠶᠢᠨ ᠭᠤᠷᠪᠠᠳᠤᠭᠠᠷ ᠵᠡᠷᠭᠡᠯᠡᠯ ᠲᠠᠢ 9᠄ 6 ᠶᠢᠨ ᠢᠯᠠᠯᠲᠠ ᠭᠠᠷᠭᠠᠵᠠᠢ᠃
2007 ᠤᠨ ᠤ 1 ᠰᠠᠷ  ᠠ ᠶᠢᠨ ᠪᠠᠱᠤ ᠳᠤ᠂ ᠵᠡᠭᠦᠨ ᠤ ᠮᠠᠭᠠᠰᠢᠷᠠ ᠶᠢᠨ ᠬᠤᠶᠠᠷᠳᠤᠭᠠᠷ ᠵᠡᠷᠭᠡᠯᠡᠯ ᠲᠠᠢ 8᠄ 7 ᠶᠢᠨ ᠢᠯᠠᠯᠲᠠ ᠭᠠᠷᠭᠠᠵᠤ᠂ ᠳᠠᠷᠠᠭ᠎ ᠠ ᠶᠢᠨ 3 ᠰᠠᠷ  ᠠ ᠶᠢᠨ ᠬᠢᠨᠢ ᠪᠠᠱᠤ ᠳᠤ ᠵᠠᠭᠠᠨ (ᠺᠣᠮᠡᠰᠦᠪᠢ᠂ 小結) ᠴᠤᠯᠠ ᠳᠤ ᠬᠦᠷᠴᠡᠢ᠃ ᠲᠤᠰ ᠪᠠᠱᠤ ᠶᠢᠨ ᠠᠩᠬᠠᠨ ᠤ ᠡᠳᠦᠷ ᠠᠪᠤᠷᠭᠤ ᠳᠠᠪᠠᠭᠳᠤᠷᠵᠢ (横綱・朝青龍) ᠶᠢ ᠢᠯᠠᠭᠰᠠᠨ ᠤᠷᠠᠨ ᠪᠠᠷᠢᠯᠳᠤᠭᠠᠨ ᠭᠠᠷᠭᠠᠵᠠᠢ᠃
ᠲᠡᠭᠦᠨ ᠡᠴᠡ ᠰᠡᠭᠦᠯᠴᠢ᠂ 2015 ᠤᠨ ᠤ 9 ᠰᠠᠷ  ᠠ ᠶᠢᠨ ᠪᠠᠱᠤ ᠪᠤᠯᠲᠠᠯ ᠠ ᠦᠨᠳᠦᠰᠦᠨ ᠳᠤ ᠪᠠᠨ ᠮᠠᠺᠦᠦ᠋ᠴᠢ ᠵᠢᠩᠳᠠᠭᠠᠨ ᠳᠤ ᠪᠠᠷᠢᠯᠳᠤᠵᠤ᠂ ᠵᠢᠶᠦᠦᠷᠢᠶᠤ ᠵᠢᠩᠳᠠᠭᠠᠨ ᠳᠤ ᠴᠤ ᠪᠠᠭᠤᠵᠤ ᠦᠩᠭᠡᠷᠡᠵᠡᠢ᠃ 2015 ᠤᠨ ᠤ 11 ᠰᠠᠷ  ᠠ ᠶᠢᠨ ᠪᠠᠱᠤ ᠳᠤ ᠰᠢᠷᠬᠠᠳᠤᠯ ᠡᠴᠡ ᠪᠤᠯᠵᠤ ᠡᠬᠢ ᠤ ᠡᠳᠦᠷ ᠡᠴᠡ ᠨᠢ ᠡᠬᠢᠯᠡᠨ ᠠᠮᠠᠷᠠᠯᠲᠠ ᠠᠪᠴᠠᠢ (ᠡᠮᠨᠡᠯᠭᠡ ᠡᠴᠡ ᠪᠠᠷᠠᠭᠤᠨ ᠬᠠᠪᠢᠷᠭ᠎ᠠ ᠨᠢ ᠬᠤᠭᠤᠷᠠᠭᠰᠠᠨ ᠬᠡᠮᠡᠨ ᠤᠨᠤᠰᠢᠯᠠᠵᠠᠢ)
2016 ᠤᠨ ᠤ 1 ᠰᠠᠷ  ᠠ ᠶᠢᠨ ᠪᠠᠱᠤ ᠡᠴᠡ ᠡᠮᠦᠨ᠎ ᠠ᠂ ᠡᠮᠡᠨᠡᠯᠭᠡ ᠡᠴᠡ ᠬᠤᠤᠷᠠᠲᠤ ᠴᠢᠨᠠᠷᠲᠤ ᠯᠢᠮᠪᠠ ᠶᠢᠨ ᠬᠠᠪᠤᠳᠠᠷ ᠬᠡᠮᠡᠨ ᠤᠨᠤᠰᠢᠯᠠᠭᠤᠯᠵᠤ᠂ ᠵᠠᠯᠭᠠᠪᠡᠷ ᠠᠮᠠᠷᠠᠯᠲᠠ ᠠᠪᠴᠤ᠂ ᠤᠳᠤ ᠪᠤᠯᠲᠠᠯ᠎ ᠠ(2016 ᠤᠨ ᠤ 6 ᠰᠠᠷ  ᠠ) ᠪᠠᠷᠢᠯᠳᠤᠭ᠎ ᠠ ᠦᠭᠡᠢ᠃
ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]
ᠪᠠᠷᠠᠭᠤᠨ ᠤ ᠵᠢᠤᠨᠦᠺᠦ᠋ᠴᠢ ᠵᠢᠩᠳᠠᠭᠠᠨ #40
7–0
ᠵᠡᠭᠦᠨ ᠦ ᠵᠣᠨᠢᠳᠠᠨ ᠵᠢᠩᠳᠠᠭᠠᠨ #30
7–0
ᠪᠠᠷᠠᠭᠤᠨ ᠤ ᠰᠠᠨᠳᠠᠨᠮᠠᠢ ᠵᠢᠩᠳᠠᠭᠠᠨ #33
7–0
ᠵᠡᠭᠦᠨ ᠦ ᠮᠠᠺᠦᠰᠢᠲ᠋ᠠ ᠵᠢᠩᠳᠠᠭᠠᠨ #22
5–2
ᠵᠡᠭᠦᠨ ᠦ ᠮᠠᠺᠦᠰᠢᠲ᠋ᠠ ᠵᠢᠩᠳᠠᠭᠠᠨ #11
4–3
ᠪᠠᠷᠠᠭᠤᠨ ᠤ ᠮᠠᠺᠦᠰᠢᠲ᠋ᠠ ᠵᠢᠩᠳᠠᠭᠠᠨ #6
4–3
ᠵᠡᠭᠦᠨ ᠦ ᠮᠠᠺᠦᠰᠢᠲ᠋ᠠ ᠵᠢᠩᠳᠠᠭᠠᠨ #4
4–3
ᠪᠠᠷᠠᠭᠤᠨ ᠤ ᠮᠠᠺᠦᠰᠢᠲ᠋ᠠ ᠵᠢᠩᠳᠠᠭᠠᠨ #1
3–4
ᠵᠡᠭᠦᠨ ᠦ ᠮᠠᠺᠦᠰᠢᠲ᠋ᠠ ᠵᠢᠩᠳᠠᠭᠠᠨ #3
5–2
ᠵᠡᠭᠦᠨ ᠦ ᠵᠢᠶᠦᠦᠷᠢᠤ᠋ ᠵᠢᠩᠳᠠᠭᠠᠨ #11
8–7
ᠪᠠᠷᠠᠭᠤᠨ ᠤ ᠵᠢᠶᠦᠦᠷᠢᠤ᠋ ᠵᠢᠩᠳᠠᠭᠠᠨ #10
12–3
ᠵᠡᠭᠦᠨ ᠦ ᠮᠠᠠᠭᠠᠰᠢᠷᠠ #17
6–9
ᠪᠠᠷᠠᠭᠤᠨ ᠤ ᠵᠢᠶᠦᠦᠷᠢᠤ᠋ ᠵᠢᠩᠳᠠᠭᠠᠨ #2
9–6
ᠪᠠᠷᠠᠭᠤᠨ ᠤ ᠮᠠᠠᠭᠠᠰᠢᠷᠠ #15
7–8
ᠪᠠᠷᠠᠭᠤᠨ ᠤ ᠮᠠᠠᠭᠠᠰᠢᠷᠠ #17
6–9
ᠪᠠᠷᠠᠭᠤᠨ ᠤ ᠵᠢᠶᠦᠦᠷᠢᠤ᠋ ᠵᠢᠩᠳᠠᠭᠠᠨ #2
10–5
ᠪᠠᠷᠠᠭᠤᠨ ᠤ ᠮᠠᠠᠭᠠᠰᠢᠷᠠ #15
8–7
ᠵᠡᠭᠦᠨ ᠦ ᠮᠠᠠᠭᠠᠰᠢᠷᠠ #12
9–6
ᠪᠠᠷᠠᠭᠤᠨ ᠤ ᠮᠠᠠᠭᠠᠰᠢᠷᠠ #6
7–8
ᠪᠠᠷᠠᠭᠤᠨ ᠤ ᠮᠠᠠᠭᠠᠰᠢᠷᠠ #7
10–5
ᠪᠠᠷᠠᠭᠤᠨ ᠤ ᠮᠠᠠᠭᠠᠰᠢᠷᠠ #1
5–10
ᠪᠠᠷᠠᠭᠤᠨ ᠤ ᠮᠠᠠᠭᠠᠰᠢᠷᠠ #6
8–7
ᠵᠡᠭᠦᠨ ᠦ ᠮᠠᠠᠭᠠᠰᠢᠷᠠ #4
5–10
ᠵᠡᠭᠦᠨ ᠦ ᠮᠠᠠᠭᠠᠰᠢᠷᠠ #8
10–5
ᠪᠠᠷᠠᠭᠤᠨ ᠤ ᠮᠠᠠᠭᠠᠰᠢᠷᠠ #2
7–8
ᠵᠡᠭᠦᠨ ᠦ ᠮᠠᠠᠭᠠᠰᠢᠷᠠ #3
9–6
ᠵᠡᠭᠦᠨ ᠦ ᠮᠠᠠᠭᠠᠰᠢᠷᠠ #2
8–7
ᠪᠠᠷᠠᠭᠤᠨ ᠤ ᠺᠣᠮᠡᠰᠦᠪᠢ
7–8
ᠪᠠᠷᠠᠭᠤᠨ ᠤ ᠮᠠᠠᠭᠠᠰᠢᠷᠠ #1
8–7
ᠵᠡᠭᠦᠨ ᠦ ᠺᠣᠮᠡᠰᠦᠪᠢ
7–8
ᠵᠡᠭᠦᠨ ᠦ ᠮᠠᠠᠭᠠᠰᠢᠷᠠ #1
6–9
ᠪᠠᠷᠠᠭᠤᠨ ᠤ ᠮᠠᠠᠭᠠᠰᠢᠷᠠ #3
9–6
ᠪᠠᠷᠠᠭᠤᠨ ᠤ ᠮᠠᠠᠭᠠᠰᠢᠷᠠ #1
6–9
ᠵᠡᠭᠦᠨ ᠦ ᠮᠠᠠᠭᠠᠰᠢᠷᠠ #3
7–8
ᠵᠡᠭᠦᠨ ᠦ ᠮᠠᠠᠭᠠᠰᠢᠷᠠ #4
6–9
ᠪᠠᠷᠠᠭᠤᠨ ᠤ ᠮᠠᠠᠭᠠᠰᠢᠷᠠ #6
7–8
ᠪᠠᠷᠠᠭᠤᠨ ᠤ ᠮᠠᠠᠭᠠᠰᠢᠷᠠ #7
6–9
ᠪᠠᠷᠠᠭᠤᠨ ᠤ ᠮᠠᠠᠭᠠᠰᠢᠷᠠ #9
7–8
ᠵᠡᠭᠦᠨ ᠦ ᠮᠠᠠᠭᠠᠰᠢᠷᠠ #10
9–6
ᠪᠠᠷᠠᠭᠤᠨ ᠤ ᠮᠠᠠᠭᠠᠰᠢᠷᠠ #3
5–10
ᠵᠡᠭᠦᠨ ᠦ ᠮᠠᠠᠭᠠᠰᠢᠷᠠ #9
7–8
ᠪᠠᠷᠠᠭᠤᠨ ᠤ ᠮᠠᠠᠭᠠᠰᠢᠷᠠ #10
9–6
ᠪᠠᠷᠠᠭᠤᠨ ᠤ ᠮᠠᠠᠭᠠᠰᠢᠷᠠ #4
8–7
ᠪᠠᠷᠠᠭᠤᠨ ᠤ ᠮᠠᠠᠭᠠᠰᠢᠷᠠ #2
5–10
ᠵᠡᠭᠦᠨ ᠦ ᠮᠠᠠᠭᠠᠰᠢᠷᠠ #8
5–5–5
ᠵᠡᠭᠦᠨ ᠦ ᠮᠠᠠᠭᠠᠰᠢᠷᠠ #13
10–5
ᠵᠡᠭᠦᠨ ᠦ ᠮᠠᠠᠭᠠᠰᠢᠷᠠ #6
8–7
ᠪᠠᠷᠠᠭᠤᠨ ᠤ ᠮᠠᠠᠭᠠᠰᠢᠷᠠ #3
8–7
ᠵᠡᠭᠦᠨ ᠦ ᠮᠠᠠᠭᠠᠰᠢᠷᠠ #1
2–13
ᠪᠠᠷᠠᠭᠤᠨ ᠤ ᠮᠠᠠᠭᠠᠰᠢᠷᠠ #11
8–7
ᠪᠠᠷᠠᠭᠤᠨ ᠤ ᠮᠠᠠᠭᠠᠰᠢᠷᠠ #8
6–9
ᠲᠡᠮᠡᠴᠡᠭᠡᠨ
ᠪᠣᠯᠤᠭ᠎ᠠ ᠦᠭᠡᠢ
ᠪᠠᠷᠠᠭᠤᠨ ᠤ ᠮᠠᠠᠭᠠᠰᠢᠷᠠ #13
8–7
ᠵᠡᠭᠦᠨ ᠦ ᠮᠠᠠᠭᠠᠰᠢᠷᠠ #7
8–7
ᠪᠠᠷᠠᠭᠤᠨ ᠤ ᠮᠠᠠᠭᠠᠰᠢᠷᠠ #4
6–9
ᠵᠡᠭᠦᠨ ᠦ ᠮᠠᠠᠭᠠᠰᠢᠷᠠ #7
6–9
ᠵᠡᠭᠦᠨ ᠦ ᠮᠠᠠᠭᠠᠰᠢᠷᠠ #10
11–4
ᠵᠡᠭᠦᠨ ᠦ ᠮᠠᠠᠭᠠᠰᠢᠷᠠ #2
3–12
ᠵᠡᠭᠦᠨ ᠦ ᠮᠠᠠᠭᠠᠰᠢᠷᠠ #9
7–8
ᠪᠠᠷᠠᠭᠤᠨ ᠤ ᠮᠠᠠᠭᠠᠰᠢᠷᠠ #9
9–6
ᠵᠡᠭᠦᠨ ᠦ ᠮᠠᠠᠭᠠᠰᠢᠷᠠ #6
6–9
ᠵᠡᠭᠦᠨ ᠦ ᠮᠠᠠᠭᠠᠰᠢᠷᠠ #8
7–8
ᠵᠡᠭᠦᠨ ᠦ ᠮᠠᠠᠭᠠᠰᠢᠷᠠ #9
10–5
ᠵᠡᠭᠦᠨ ᠦ ᠮᠠᠠᠭᠠᠰᠢᠷᠠ #3
5–10
ᠵᠡᠭᠦᠨ ᠦ ᠮᠠᠠᠭᠠᠰᠢᠷᠠ #8
10–5
ᠪᠠᠷᠠᠭᠤᠨ ᠤ ᠺᠣᠮᠡᠰᠦᠪᠢ
4–11
ᠵᠡᠭᠦᠨ ᠦ ᠮᠠᠠᠭᠠᠰᠢᠷᠠ #5
5–10
ᠵᠡᠭᠦᠨ ᠦ ᠮᠠᠠᠭᠠᠰᠢᠷᠠ #10
6–9
ᠪᠠᠷᠠᠭᠤᠨ ᠤ ᠮᠠᠠᠭᠠᠰᠢᠷᠠ #13
4–11
ᠵᠡᠭᠦᠨ ᠦ ᠵᠢᠶᠦᠦᠷᠢᠤ᠋ ᠵᠢᠩᠳᠠᠭᠠᠨ #3
10–5
ᠪᠠᠷᠠᠭᠤᠨ ᠤ ᠮᠠᠠᠭᠠᠰᠢᠷᠠ #14
7–8
ᠪᠠᠷᠠᠭᠤᠨ ᠤ ᠮᠠᠠᠭᠠᠰᠢᠷᠠ #15
7–8
ᠵᠡᠭᠦᠨ ᠦ ᠮᠠᠠᠭᠠᠰᠢᠷᠠ #16
6–9
ᠵᠡᠭᠦᠨ ᠦ ᠵᠢᠶᠦᠦᠷᠢᠤ᠋ ᠵᠢᠩᠳᠠᠭᠠᠨ #1
12–3
ᠪᠠᠷᠠᠭᠤᠨ ᠤ ᠮᠠᠠᠭᠠᠰᠢᠷᠠ #13
9–6
ᠪᠠᠷᠠᠭᠤᠨ ᠤ ᠮᠠᠠᠭᠠᠰᠢᠷᠠ #8
3–12
ᠵᠡᠭᠦᠨ ᠦ ᠵᠢᠶᠦᠦᠷᠢᠤ᠋ ᠵᠢᠩᠳᠠᠭᠠᠨ #1
10–5
ᠵᠡᠭᠦᠨ ᠦ ᠮᠠᠠᠭᠠᠰᠢᠷᠠ #11
6–9
ᠪᠠᠷᠠᠭᠤᠨ ᠤ ᠮᠠᠠᠭᠠᠰᠢᠷᠠ #13
7–8
ᠪᠠᠷᠠᠭᠤᠨ ᠤ ᠮᠠᠠᠭᠠᠰᠢᠷᠠ #13
0–0–15
ᠵᠡᠭᠦᠨ ᠦ ᠵᠢᠶᠦᠦᠷᠢᠤ᠋ ᠵᠢᠩᠳᠠᠭᠠᠨ #9
0–0–15
ᠪᠠᠷᠠᠭᠤᠨ ᠤ ᠮᠠᠺᠦᠰᠢᠲ᠋ᠠ ᠵᠢᠩᠳᠠᠭᠠᠨ #6
0–0–7
ᠪᠠᠷᠠᠭᠤᠨ ᠤ ᠮᠠᠺᠦᠰᠢᠲ᠋ᠠ ᠵᠢᠩᠳᠠᠭᠠᠨ #46
0–0–7
x
x
x
ᠬᠦᠰᠦᠨᠦᠭ ᠪᠣᠯᠭᠠᠨ ᠳᠠᠬᠢ ᠲᠣᠭ᠎ᠠ ᠨᠢ 《ᠳᠠᠪᠠᠭ᠎ᠠ ᠤᠨᠤᠭ᠎ᠠ ᠍ ᠥᠨᠵᠢᠭᠡ》 ᠍ ᠢ ᠢᠯᠡᠷᠬᠡᠶᠢᠯᠡᠨ᠎ᠡ᠃    ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠵᠣᠳᠣᠭ ᠲᠠᠶᠢᠯᠤᠭᠰᠠᠨ ᠵᠢᠭᠤᠷᠶᠣ᠂ ᠮᠠᠺᠦᠰᠢᠲ᠋ᠠ ᠵᠢᠩᠳᠠᠭᠠᠨ
ᠲᠤᠰᠬᠠᠢ ᠱᠠᠩᠨᠠᠯ: =ᠳᠠᠶᠢᠴᠢᠨ ᠪᠠᠷᠢᠯᠳᠤᠭᠠᠨ ᠤ ᠱᠠᠩᠨᠠᠯ =ᠭᠠᠷᠮᠠᠭᠠᠢ ᠪᠠᠷᠢᠯᠳᠤᠭᠠᠨ ᠤ ᠱᠠᠩᠨᠠᠯ =ᠤᠷᠠᠨ ᠪᠠᠷᠢᠯᠳᠤᠭᠠᠨ ᠤ ᠱᠠᠩᠨᠠᠯ     ᠪᠤᠰᠤᠳ: =ᠺᠢᠨᠪᠣᠰᠢ(ᠠᠯᠲᠠᠨ ᠤᠳᠤ)
ᠵᠢᠨᠳᠠᠮᠠᠺᠦᠦ᠋ᠴᠢ ᠵᠢᠩᠳᠠᠭᠠᠨ - ᠵᠢᠶᠦᠦᠷᠢᠤ᠋ ᠵᠢᠩᠳᠠᠭᠠᠨ - ᠮᠠᠺᠦᠰᠢᠲ᠋ᠠ ᠵᠢᠩᠳᠠᠭᠠᠨ - ᠰᠠᠨᠳᠠᠨᠮᠠᠢ ᠵᠢᠩᠳᠠᠭᠠᠨ - ᠵᠣᠨᠢᠳᠠᠨ ᠵᠢᠩᠳᠠᠭᠠᠨ - ᠵᠢᠤᠨᠦᠺᠦ᠋ᠴᠢ ᠵᠢᠩᠳᠠᠭᠠᠨ
ᠴᠣᠯᠠᠶᠣᠺᠣᠽᠦᠨᠠ (ᠠᠪᠤᠷᠭᠤ) - ᠣᠣᠽᠡᠺᠢ (ᠠᠷᠰᠠᠯᠠᠨ) - ᠰᠡᠬᠢᠸᠠᠺᠢ - ᠺᠣᠮᠡᠰᠦᠪᠢ - ᠮᠠᠠᠭᠠᠰᠢᠷᠠ (《#ᠲᠣᠭ᠎ᠠ》 ᠨᠢ ᠡᠷᠡᠮᠪᠠ ᠶᠢ ᠢᠯᠡᠳᠬᠡᠨ᠎ᠡ)
ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]
ᠪᠢᠴᠢᠭᠡᠰᠦ
ᠲᠣᠺᠢᠲᠢᠶᠠᠨᠺᠦ᠋ ᠶᠣᠰᠢᠠᠺᠢ
1 ᠰᠠᠷ᠎ᠠ
ᠡᠬᠢᠨ ᠤ ᠪᠠᠱᠣ (ᠲᠣᠤᠺᠢᠣ᠋)
3 ᠰᠠᠷ᠎ᠠ
ᠬᠠᠪᠤᠷ ᠤᠨ ᠪᠠᠱᠣ (ᠣᠤᠰᠠᠺᠠ)
5 ᠰᠠᠷ᠎ᠠ
ᠵᠤᠨ ᠤ ᠪᠠᠱᠣ (ᠲᠣᠤᠺᠢᠣ᠋)
7 ᠰᠠᠷ᠎ᠠ
ᠨᠠᠭᠤᠶᠠ ᠪᠠᠱᠣ (ᠠᠶᠢᠴᠢ ᠮᠤᠵᠢ)
9 ᠰᠠᠷ᠎ᠠ
ᠨᠠᠮᠤᠷ ᠤᠨ ᠪᠠᠱᠣ (ᠲᠣᠤᠺᠢᠣ᠋)
11 ᠰᠠᠷ᠎ᠠ
ᠺᠢᠶᠦᠦᠱᠢᠦᠦ ᠪᠠᠱᠣ (ᠹᠦᠺᠥᠣᠺᠠ)
2002 ᠣᠨ
x x x (ᠡᠮᠦᠨ᠎ ᠡ ᠬᠤᠭᠤᠴᠠᠭ᠎ ᠠ)