ᠠᠯᠲᠠᠢ ᠶᠠᠰᠤᠲᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠢ ᠶᠠᠰᠤᠲᠠᠨ
ᠠᠯᠲᠠᠢ ᠺᠢᠵᠢ
Altais.jpg
20 ᠍ ᠳᠦᠭᠡᠷ ᠵᠠᠭᠤᠨ ᠤ ᠡᠬᠢᠨ ᠦᠶ᠎ᠡ ᠶᠢᠨ ᠵᠢᠷᠤᠭ
ᠣᠯᠠᠨ ᠨᠡᠷ᠎ᠡᠣᠷᠣᠰ᠂ ᠠᠩᠭᠯᠢ᠂ ᠠᠯᠲᠠᠢ ᠪᠢᠴᠢᠭ ᠡᠴᠡ → ᠠᠯᠲᠠᠢ
ᠬᠢᠩ ᠦᠨ ᠲᠡᠦᠬᠡ ᠡᠴᠡ → ᠠᠯᠲᠠᠨ ᠨᠠᠭᠤᠷ ᠤᠨ ᠤᠷᠢᠶᠠᠩᠬᠠᠢ
ᠥᠨᠥ ᠶᠢᠨ ᠪᠠᠶᠢᠳᠠᠯ
ᠨᠤᠲᠤᠭ ᠣᠷᠣᠨᠳᠡᠯᠡᠬᠡᠢ ᠳᠠᠶᠠᠭᠠᠷ — 80 ᠮᠢᠩᠭ᠎ᠠ. ᠡᠭᠦᠨ ᠡᠴᠡ:
ᠣᠷᠣᠰ ᠣᠷᠣᠰ (ᠣᠷᠣᠰ ᠬᠣᠯᠪᠣᠭᠠᠨ ᠤ ᠤᠯᠤᠰ) — 79,773 (2010)[1]
ᠬᠡᠯᠡ ᠠᠶᠠᠯᠭᠤᠺᠢᠷᠭᠢᠽ ᠺᠢᠫᠴᠠᠺ ᠬᠡᠯᠡᠨ ᠦ ᠰᠠᠯᠪᠤᠷᠢ ᠠᠯᠲᠠᠢ ᠬᠡᠯᠡ᠂ ᠮᠥᠨ ᠣᠷᠣᠰ ᠬᠡᠯᠡ
ᠪᠢᠴᠢᠭ ᠦᠰᠦᠭᠺᠢᠷᠢᠯ ᠦᠰᠦᠭ ᠲᠤ ᠠᠯᠲᠠᠢ ᠪᠢᠴᠢᠭ (1944 ᠣᠨ ᠠᠴᠠ)
ᠰᠢᠲᠦᠯᠭᠡᠪᠥᠭᠡ ᠮᠥᠷᠭᠥᠯᠾᠷᠢᠰᠲ᠋ᠦ᠋ᠰ᠂ ᠪᠤᠷᠬᠠᠨᠢᠰᠮ
ᠲᠥᠷᠥᠯ ᠬᠣᠯᠪᠣᠭ᠎ᠠ
ᠣᠶᠢᠷ᠎ᠠ ᠲᠥᠷᠥᠯᠱᠣᠷᠣ᠂ ᠬᠠᠺᠠᠰ ᠶᠠᠰᠤᠲᠠᠨᠬᠢᠷᠭᠢᠰ ᠦᠨᠳᠦᠰᠦᠲᠡᠨ
ᠬᠡᠯᠡ ᠤᠭᠰᠠᠭ᠎ᠠᠲᠦᠷᠦᠭ ᠤᠭᠰᠠᠭᠠᠲᠠᠨ
ᠡᠨᠡ ᠠᠷᠠᠳ ᠲᠦᠮᠡᠨ ᠢ ᠪᠤᠰᠤᠳ ᠠᠯᠲᠠᠢ ᠠᠴᠠ ᠢᠯᠭᠠᠨ ᠲᠠᠨᠢᠭᠠᠷᠠᠢ
ᠠᠯᠲᠠᠢ (ᠬᠤᠳᠤᠮ ᠮᠣᠩᠭᠣᠯ ᠢᠶᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠠᠯᠲᠠᠢ, ᠪᠤᠰᠤᠳ ᠵᠦᠢᠯᠡᠰ ᠡᠴᠡ ᠢᠯᠭᠠᠵᠤ ᠠᠯᠲᠠᠢ ᠶᠠᠰᠤᠲᠠᠨ, ᠮᠠᠨᠵᠤ ᠶᠢᠨ ᠦᠶ᠎ᠡ ᠳᠦ ᠮᠣᠩᠭᠣᠯ ᠢᠶᠠᠷ ᠠᠯᠲᠠᠨ ᠨᠠᠭᠤᠷ ᠤᠨ ᠤᠷᠢᠶᠠᠩᠬᠠᠢ ᠭᠡᠰᠡᠨ ᠪᠠᠷᠢᠮᠲᠠ ᠪᠤᠢ᠂[2] ᠣᠷᠣᠰ ᠢᠶᠠᠷ ᠣᠯᠠᠨ ᠲᠣᠭᠠᠨ ᠳᠤ ᠠᠯᠲᠠᠶᠢᠴ ᠤ᠂ ᠠᠩᠭᠯᠢ ᠪᠠᠷ ᠣᠯᠠᠨ ᠲᠣᠭᠠᠨ ᠳᠤ Altay people, Altaians) — ᠠᠯᠲᠠᠢ᠂ ᠲᠧᠯᠧᠦ᠋ᠲᠲᠡᠯᠡᠩᠭᠡ ᠳᠦ (ᠣᠷᠣᠰ ᠢᠶᠠᠷ ᠲᠧᠯᠧᠩᠭᠢ ᠳᠤ), ᠺᠦ᠋ᠮᠠᠨ ᠳᠤᠲᠤᠪᠠᠯᠠᠷ ᠵᠡᠷᠭᠡ ᠪᠦᠯᠦᠭ ᠲᠦ ᠬᠤᠪᠢᠶᠠᠭᠳᠠᠳᠠᠭ ᠣᠷᠣᠰ ᠍ ᠤᠨ ᠡᠮᠦᠨ᠎ᠡ ᠰᠢᠪᠸᠷᠢᠶ ᠠ ᠶᠢᠨ ᠠᠯᠲᠠᠢ ᠣᠷᠣᠨ ᠤ ᠠᠭᠤᠭᠤᠯ ᠠᠷᠠᠳ ᠲᠦᠮᠡᠨ᠃ ᠣᠷᠣᠰ ᠢᠶᠠᠷ 1948 ᠣᠨ ᠬᠦᠷᠲᠡᠯ᠎ᠡ "ᠣᠶᠢᠷᠠᠲ", "ᠣᠶᠢᠷᠠᠳ" («ᠣᠶᠢᠷᠠᠳ» ᠭᠡᠰᠡᠨ ᠦᠭᠡ), ᠲᠡᠭᠦᠨ ᠡᠴᠡ ᠬᠣᠶᠢᠰᠢ ᠠᠭᠤᠯᠠ ᠤᠰᠤ᠂ ᠭᠠᠵᠠᠷ ᠣᠷᠣᠨ ᠤ "ᠠᠯᠲᠠᠢ" ᠭᠡᠬᠦ ᠨᠡᠷ᠎ᠡ ᠪᠡᠷ ᠪᠦᠷᠢᠳᠬᠡᠭᠳᠡᠬᠦ ᠪᠣᠯᠤᠭᠰᠠᠨ ᠲᠦᠷᠦᠭ ᠬᠡᠯᠡ ᠤᠭᠰᠠᠭᠠᠨ ᠤ ᠠᠷᠠᠳ ᠲᠦᠮᠡᠨ᠂ ᠨᠠᠶᠢᠮᠠᠨ ᠲᠦᠮᠡᠨ ᠬᠦᠮᠦᠨ ᠲᠡᠢ ᠶᠠᠰᠤᠲᠠᠨ. ᠮᠣᠩᠭᠣᠯᠴᠤᠳ ᠠᠯᠲᠠᠶᠢᠴᠢ ᠨᠤᠭᠤᠳ ᠢ ᠲᠡᠯᠡᠩᠭᠡ ᠳᠦ ᠠᠶᠢᠮᠠᠭ ᠭᠡᠵᠦ ᠨᠡᠷᠡᠯᠡᠵᠦ ᠪᠠᠶᠢᠴᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠢ ᠶᠠᠰᠤᠲᠠᠨ ᠤ ᠥᠪᠡᠷᠲᠡᠭᠡᠨ ᠵᠠᠰᠠᠬᠤ ᠨᠤᠲᠤᠭ ᠨᠢ 1922-1948 ᠣᠨ ᠳᠤ ᠣᠶᠢᠷᠠᠲᠤ ᠶᠢᠨ ᠠᠦ᠋ᠲ᠋ᠣᠨᠣᠮᠢᠲᠤ ᠮᠤᠵᠢ ᠨᠡᠷ᠎ᠡ ᠲᠡᠢ ᠪᠠᠶᠢᠭᠰᠠᠨ ᠪᠣᠯ 1948-1992 ᠣᠨ ᠳᠤ ᠤᠤᠯ ᠤᠨ ᠠᠯᠲᠠᠢ ᠶᠢᠨ ᠠᠦ᠋ᠲ᠋ᠣᠨᠣᠮᠢᠲᠤ ᠮᠤᠵᠢ ᠨᠡᠷ᠎ᠡ ᠲᠡᠢ ᠪᠠᠶᠢᠪᠠ᠃ ᠣᠶᠢᠷᠠᠲᠤ ᠶᠢᠨ ᠠᠦ᠋ᠲ᠋ᠣᠨᠣᠮᠢᠲᠤ ᠮᠤᠵᠢ ᠶᠢᠨ ᠨᠡᠶᠢᠰᠯᠡᠯ ᠨᠢ ᠣᠶᠢᠷᠠᠳ-ᠲᠤᠷᠠ (ᠭᠣᠷᠤᠨ᠎ᠠ-ᠠᠯ ᠲᠠᠢ=ᠰᠺ) ᠪᠠᠶᠢᠪᠠ᠃ 20 ᠍ ᠳᠦᠭᠡᠷ ᠵᠠᠭᠤᠨ ᠤ ᠦᠶ᠎ᠡ ᠳᠦ ᠲᠡᠳᠡᠨ ᠳᠦ ᠥᠪᠡᠷᠰᠡᠳ ᠢ ᠪᠡᠨ ᠣᠶᠢᠷᠠᠳ ᠮᠣᠩᠭᠣᠯᠴᠤᠳ ᠲᠠᠢ ᠬᠤᠯᠪᠤᠬᠤ ᠦᠵᠡᠯ ᠬᠦᠴᠦᠲᠡᠢ ᠬᠠᠳᠠᠭᠠᠯᠠᠭᠳᠠᠵᠤ ᠪᠠᠶᠢᠪᠠ᠃ 1922 ᠣᠨ ᠳᠤ ᠠᠦ᠋ᠲ᠋ᠣᠨᠣᠮᠢ ᠳᠤ ᠮᠤᠵᠢ ᠪᠠᠶᠢᠭᠤᠯᠤᠭᠳᠠᠬᠤ ᠦᠶ᠎ᠡ ᠳᠦ ᠳᠠᠷᠠᠭᠠᠬᠢ ᠮᠡᠳᠡᠭᠳᠡᠯ ᠢ ᠭᠠᠷᠭᠠᠵᠠᠢ: "ᠣᠶᠢᠷᠠᠳ ᠤᠳ ᠨᠢᠭᠡᠨ ᠴᠠᠭ ᠲᠤ ᠥᠭᠡᠯᠡᠳ᠂ ᠳᠥᠷᠪᠡᠳ᠂ ᠲᠣᠷᠭᠤᠳ᠂ ᠲᠡᠯᠡᠩᠭᠢ ᠳᠤ ᠵᠡᠷᠭᠡ ᠣᠯᠠᠨ ᠠᠷᠠᠳ ᠲᠦᠮᠡᠨ ᠡᠴᠡ ᠪᠥᠷᠢᠳᠴᠦ ᠪᠠᠶᠢᠭᠰᠠᠨ ᠪᠢᠯᠡ᠃ ᠡᠳᠡᠭᠡᠷ ᠠᠷᠠᠳ ᠲᠦᠮᠡᠨ ᠦ ᠶᠡᠬᠡᠩᠬᠢ ᠨᠢ ᠮᠣᠩᠭᠣᠯ ᠤᠨ ᠬᠢᠯᠢ ᠶᠢᠨ ᠳᠠᠭᠠᠤ ᠦᠯᠡᠳᠡᠭᠰᠡᠨ ᠨᠢ ᠣᠷᠣᠰ ᠲᠤ ᠪᠠᠶᠢᠨ᠎ᠠ᠃ ᠠᠯᠲᠠᠶᠢᠴᠢ ᠨᠤᠭᠤᠳ ᠤᠨ ᠬᠠᠮᠤᠭ ᠤᠨ ᠣᠶᠢᠷ᠎ᠠ ᠶᠢᠨ ᠬᠥᠷᠰᠢ ᠨᠢ ᠥᠭᠡᠯᠡᠳ᠂ ᠳᠥᠷᠪᠡᠳ᠂ ᠣᠶᠢᠷᠠᠳ᠂ ᠤᠷᠢᠶᠠᠩᠬᠠᠢ ᠨᠠᠷ ᠶᠤᠮ᠃ ᠬᠡᠳᠦᠢ ᠪᠡᠷ ᠣᠯᠠᠨ ᠰᠠᠭᠠᠳ ᠲᠣᠳᠬᠠᠷ ᠲᠣᠬᠢᠶᠠᠯᠳᠤᠭᠰᠠᠨ ᠴᠤ ᠡᠳᠡᠭᠡᠷ ᠠᠷᠠᠳ ᠲᠦᠮᠡᠨ ᠦ ᠰᠡᠳᠬᠢᠯ ᠵᠢᠷᠦᠬᠡᠨ ᠦ ᠬᠣᠯᠪᠣᠭ᠎ᠠ ᠲᠠᠰᠤᠯᠤᠭᠳᠠᠨ ᠦᠭᠡᠢ ᠪᠣᠯᠤᠭ᠎ᠠ ᠦᠭᠡᠢ ᠶᠤᠮ᠃ 2 ᠍ ᠳᠦᠭᠡᠷ ᠰᠠᠷ᠎ᠠ ᠶᠢᠨ ᠬᠤᠪᠢᠰᠬᠠᠯ (1917 ᠣᠨ ᠤ) ᠠᠯᠲᠠᠶᠢᠴᠢ ᠨᠤᠭᠤᠳ ᠲᠤ ᠦᠨᠳᠦᠰᠦᠨ ᠦ ᠬᠥᠳᠡᠯᠭᠡᠭᠡᠨ ᠥᠷᠨᠢᠭᠦᠯᠬᠦ ᠪᠣᠯᠤᠮᠵᠢ ᠣᠯᠭᠤᠭ᠎ᠠ ᠦᠭᠡᠢ ᠪᠢᠯᠡ᠃ ᠵᠥᠪᠯᠡᠯᠲᠦ ᠵᠠᠰᠠᠭ ᠣᠶᠢᠷᠠᠳ ᠤᠨ ᠠᠦ᠋ᠲ᠋ᠣᠨᠣᠮᠢᠲᠤ ᠮᠤᠵᠢ ᠪᠠᠶᠢᠭᠤᠯᠤᠭᠰᠠᠨ ᠨᠢ ᠮᠣᠩᠭᠣᠯ ᠤᠨ ᠣᠶᠢᠷᠠᠳ ᠤᠳ ᠤᠨ ᠠᠩᠬᠠᠷᠤᠯ ᠢ ᠲᠠᠲᠠᠵᠤ ᠪᠠᠶᠢᠭ᠎ᠠ ᠨᠢ ᠲᠣᠳᠣᠷᠬᠠᠢ᠃ ᠤᠷᠢᠶᠠᠩᠬᠠᠢ ᠬᠢᠵᠠᠭᠠᠷ ᠤᠨ ᠲᠤᠸᠠᠴᠤᠳ (ᠣᠶᠢᠷᠠᠳ ᠤᠨ ᠠᠷᠠᠳ ᠲᠦᠮᠡᠨ ᠦ ᠨᠢᠭᠡ ᠬᠡᠰᠡᠭ) ᠮᠥᠨ ᠪᠤᠰᠤᠳ ᠣᠶᠢᠷᠠᠳ ᠤᠳ ᠲᠠᠢ ᠨᠢᠭᠡᠳᠬᠦ ᠶᠢ ᠡᠷᠡᠮᠡᠯᠵᠡᠵᠦ ᠪᠠᠶᠢᠨ᠎ᠠ᠃ ᠭᠡᠪᠡᠴᠦ ᠠᠯᠲᠠᠢ ᠨᠤᠲᠤᠭ ᠳᠠᠬᠢ ᠴᠠᠭᠠᠨᠲᠠᠨ ᠤ ᠴᠡᠷᠢᠭ ᠦᠨ ᠦᠢᠯᠡ ᠠᠵᠢᠯᠯᠠᠭ᠎ᠠ ᠨᠢ ᠠᠯᠲᠠᠢ ᠳᠠᠬᠢ ᠣᠶᠢᠷᠠᠳ ᠤᠳ ᠢ ᠣᠷᠣᠰ ᠤᠨ ᠪᠦᠷᠢᠯᠳᠦᠬᠦᠨ ᠳᠦ ᠪᠠᠶᠢᠭᠰᠠᠨ ᠲᠣᠬᠢᠶᠠᠯᠳᠤᠯ ᠳᠤ ᠠᠯᠢᠪᠠ ᠬᠠᠪᠴᠢᠯᠭ᠎ᠠ ᠬᠡᠯᠮᠡᠭᠦᠯᠡᠭᠳᠡᠯᠲᠡ ᠡᠴᠡ ᠠᠩᠭᠢᠳᠠ ᠪᠠᠶᠢᠵᠤ ᠪᠣᠯᠬᠤ ᠶᠢ ᠬᠠᠷᠠᠭᠤᠯᠵᠤ ᠪᠠᠶᠢᠨ᠎ᠠ" [3]

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠠᠴᠠ ᠪᠤᠳ᠋ᠳ᠋ᠾᠠ ᠶᠢᠨ ᠱᠠᠰᠢᠨ ᠠᠯᠲᠠᠶᠢᠴᠢ ᠨᠤᠭᠤᠳ ᠤᠨ ᠳᠤᠮᠳᠠ ᠨᠡᠪᠲᠡᠷᠡᠭᠰᠡᠨ ᠢᠶᠡᠷ ᠵᠥᠪᠬᠡᠨ ᠠᠯᠲᠠᠶᠢᠴᠢ ᠨᠤᠭᠤᠳ ᠲᠤ ᠪᠠᠶᠢᠳᠠᠭ ᠪᠤᠷᠬᠠᠨᠢᠰᠮ ᠬᠡᠮᠡᠬᠦ ᠰᠢᠷ᠎ᠠ ᠶᠢᠨ ᠱᠠᠰᠢᠨ ᠤ ᠥᠪᠡᠷᠮᠢᠴᠡ ᠤᠷᠤᠰᠬᠠᠯ ᠡᠭᠦᠰᠴᠡᠢ᠃ ᠴᠠᠭᠠᠨ ᠰᠠᠷ᠎ᠠ ᠲᠡᠮᠳᠡᠭᠯᠡᠳᠡᠭ ᠪᠠᠶᠢᠭᠰᠠᠨ ᠨᠢ ᠣᠷᠬᠢᠭᠳᠠᠵᠠᠢ᠃


ᠤᠭᠰᠠᠭᠠᠲᠠᠨ ᠤ ᠪᠦᠯᠦᠭ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠲᠦ᠂ ᠬᠣᠶᠢᠳᠤ ᠠᠯᠲᠠᠶᠢᠴᠢ ᠨᠤᠭᠤᠳ ᠤᠨ ᠳᠤᠮᠳᠠ ᠠᠨᠲᠷᠣᠫᠣᠯᠣᠭᠢ᠂ ᠬᠡᠯᠡ᠂ ᠰᠤᠶᠤᠯ ᠤᠨ ᠨᠡᠯᠢᠶᠡᠳ ᠭᠦᠢ ᠢᠯᠭᠠᠭ᠎ᠠ ᠪᠤᠢ᠃[4] ᠤᠴᠢᠷ ᠨᠢ ᠬᠣᠶᠢᠳᠤ ᠬᠡᠰᠡᠭ ᠨᠢ ᠹᠢᠨ ᠤᠭᠤᠷ ᠤᠳ ᠠᠴᠠ ᠡᠮᠦᠨᠡᠲᠦ ᠬᠡᠰᠡᠭ ᠨᠢ ᠮᠣᠩᠭᠣᠯ᠂ ᠲᠦᠷᠦᠭ ᠦᠳ ᠡᠴᠡ ᠡᠭᠦᠰᠴᠡᠢ᠃

ᠣᠪᠤᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠶᠢᠮᠠᠨ ᠪᠤᠶᠤ ᠮᠠᠶᠢᠮᠠᠨ ᠣᠪᠤᠭ ᠲᠣᠮᠣᠬᠠᠨ ᠣᠪᠤᠭ ᠤᠨ ᠲᠣᠭᠠᠨ ᠳᠤ ᠣᠷᠣᠳᠠᠭ᠃ 12 ᠍ ᠳᠦᠭᠡᠷ ᠵᠠᠭᠤᠨ ᠳᠤ ᠨᠠᠶᠢᠮᠠᠨ ᠠᠶᠢᠮᠠᠭ ᠠᠯᠲᠠᠢ ᠶᠢᠨ ᠨᠢᠷᠤᠭᠤᠨ ᠳᠤ ᠨᠤᠲᠤᠭᠯᠠᠵᠤ ᠪᠠᠶᠢᠭᠰᠠᠨ ᠲᠤᠯᠠ ᠡᠨᠡ ᠨᠤᠲᠤᠭ ᠲᠤ ᠨᠠᠶᠢᠮᠠᠨ ᠭᠠᠷᠤᠯ ᠲᠠᠢ ᠬᠦᠮᠦᠰ ᠦᠯᠳᠡᠵᠡᠢ᠃ ᠵᠠᠷᠢᠮ ᠠᠯᠲᠠᠶᠢᠴᠢ ᠨᠤᠭᠤᠳ ᠨᠠᠶᠢᠮᠠᠨ᠂ ᠵᠠᠷᠢᠮ ᠨᠢ ᠮᠠᠶᠢᠮᠠᠨ ᠭᠡᠵᠦ ᠨᠡᠷᠡᠯᠡᠳᠡᠭ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 ᠣᠹᠢᠼᠢᠠᠯᠩ ᠤᠢ ᠰᠠᠶᠢᠲᠤ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠣᠳᠠ᠃ ᠢᠨᠹᠷᠮᠠᠼᠢᠤᠨ ᠤᠧ ᠮᠠᠲ᠋ᠧᠷᠢᠠᠯ ᠤ ᠣᠪ ᠣᠺᠣᠨᠴᠠᠲ᠋ᠧᠯᠨ ᠤ ᠬᠢ ᠢᠲ᠋ᠣᠠᠬᠤ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠣᠳᠠ
  2. C.P.Atwood-Encyclopedia of Mongolia and the Mongol Empire, p.9
  3. «ᠰᠣᠸᠧᠲ᠋ᠰᠺᠠᠶ᠎ᠠ ᠰᠢᠪᠢᠷᠢ» № 219 (869). 1922 ᠣᠨ᠃ ᠨᠣᠪᠠ-ᠨᠢᠺᠣᠯᠧᠦᠢᠰᠺ᠃
  4. ᠫᠣᠲ᠋ᠠᠫᠣᠪ ᠯᠠ᠃ ᠫ᠃ ᠡᠲᠨᠢᠴᠧᠰᠺ ᠦ ᠰᠣᠰᠲ᠋ᠠᠪ ᠢ ᠫᠷᠣᠶᠢᠰᠬᠣᠵᠳᠧᠨᠧ ᠠᠯᠲᠠᠶᠢᠽᠧᠸ᠃ ᠢᠰᠲ᠋ᠣᠷᠢᠺᠣ ᠡᠲᠨᠣᠭᠷᠠᠹᠢᠴᠧᠰᠺ ᠦ ᠣᠽᠧᠷᠺ᠃᠎ᠠ᠃ ᠫ᠃ ᠣᠺᠯᠠᠳ᠋ᠨᠢᠺᠣᠸ᠃ — ᠯᠠ᠃: ᠨᠢᠺᠠ᠂ 1969. — 196 ᠲ᠃


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


ᠪᠢᠴᠢᠭᠡᠰᠦ