ᠠᠯᠲᠠᠢ ᠲᠠᠪᠤᠨ ᠪᠣᠭᠳᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠢ ᠲᠠᠪᠤᠨ ᠪᠣᠭᠳᠠ ᠠᠭᠤᠯᠠ ᠪᠣᠯᠤᠨ ᠲᠡᠭᠦᠨ ᠡᠴᠡ ᠡᠬᠢ ᠠᠪᠤᠨ ᠤᠷᠤᠰᠬᠤ ᠫᠣᠲ᠋ᠠᠨᠢᠨ ᠤ ᠮᠥᠰᠦᠨ ᠭᠣᠣᠯ
ᠠᠯᠲᠠᠢ ᠲᠠᠪᠤᠨ ᠪᠣᠭᠳᠠ
ᠲᠠᠪᠤᠨ ᠪᠣᠭᠳᠠ ᠠᠭᠤᠯᠠ
ᠣᠷᠣᠨ ᠵᠠᠢ
ᠭᠠᠵᠠᠷ ᠣᠷᠣᠨ ᠮᠣᠩᠭᠣᠯ ᠮᠣᠩᠭᠣᠯ ᠣᠷᠣᠨ
ᠪᠠᠶᠠᠨ-ᠥᠯᠥᠭᠡᠢ ᠠᠶᠢᠮᠠᠭ
—— ᠴᠡᠩᠭᠡᠯ ᠰᠤᠮᠤᠤᠯᠠᠭᠠᠨᠬᠤᠰ ᠰᠤᠮᠤ
ᠬᠥᠪᠴᠢ ᠨᠢᠷᠤᠭᠤ ᠠᠯᠲᠠᠢ ᠶᠢᠨ ᠨᠢᠷᠤᠭᠤ
ᠮᠣᠩᠭᠣᠯ ᠠᠯᠲᠠᠢ ᠶᠢᠨ ᠨᠢᠷᠤᠭᠤ
ᠭᠠᠵᠠᠷ ᠤᠨ ᠰᠣᠯᠪᠢᠴᠠᠯ ᠬᠤᠶᠢᠲᠤ ᠥᠷᠭᠡᠷᠢᠭ 49°08′45″
ᠵᠡᠭᠦᠨ ᠤᠷᠲᠤᠷᠢᠭ 87°49′09″

ᠠᠯᠲᠠᠢ ᠲᠠᠪᠤᠨ ᠪᠣᠭᠳᠠ ᠠᠭᠤᠯᠠ ᠨᠢ ᠮᠣᠩᠭᠣᠯ ᠤᠯᠤᠰ ᠍ ᠤᠨ ᠬᠠᠮᠤᠭ ᠤᠨ ᠥᠨᠳᠥᠷ ᠠᠭᠤᠯᠠ ᠶᠤᠮ᠃ ᠡᠨᠡ ᠴᠤ ᠤᠳᠬ᠎ᠠ ᠪᠠᠷ ᠢᠶᠠᠨ ᠮᠣᠩᠭᠣᠯ ᠣᠷᠣᠨ ᠤ ᠳᠡᠭᠡᠪᠦᠷ ᠬᠡᠮᠡᠭᠳᠡᠳᠡᠭ᠃ ᠲᠠᠪᠤᠨ ᠪᠣᠭᠳᠠ ᠠᠭᠤᠯᠠ ᠨᠢ ᠪᠠᠶᠠᠨ-ᠥᠯᠥᠭᠡᠢ ᠠᠶᠢᠮᠠᠭ ᠤᠨ ᠴᠡᠩᠭᠡᠯᠤᠯᠠᠭᠠᠨᠬᠤᠰ ᠰᠤᠮᠤ ᠶᠢᠨ ᠵᠠᠭᠠᠭ ᠲᠤ ᠣᠷᠣᠰᠢᠳᠠᠭ᠃ ᠲᠠᠪᠤᠨ ᠪᠣᠭᠳᠠ ᠠᠭᠤᠯᠠ ᠨᠢ ᠲᠠᠪᠤᠨ ᠦᠨᠳᠦᠰᠦᠨ ᠣᠷᠭᠢᠯ ᠲᠠᠢ ᠪᠠ ᠮᠣᠩᠭᠣᠯ ᠤᠨ ᠬᠠᠮᠤᠭ ᠤᠨ ᠲᠣᠮᠣ ᠭᠤᠷᠪᠠᠨ ᠮᠥᠰᠦᠨ ᠭᠣᠣᠯ ᠪᠣᠯᠬᠤ ᠫᠣᠲ᠋ᠠᠨᠢᠨ ᠤ ᠮᠥᠰᠦᠨ ᠭᠣᠣᠯᠠᠯᠧᠺᠰᠠᠨᠳᠠᠷ ᠤᠨ ᠮᠥᠰᠦᠨ ᠭᠣᠣᠯᠭᠠᠷᠨ ᠤᠨ ᠮᠥᠰᠦᠨ ᠭᠣᠣᠯ ᠦᠳ ᠲᠠᠪᠤᠨ ᠪᠣᠭᠳᠠ ᠳᠦ ᠣᠷᠣᠰᠢᠳᠠᠭ᠃ ᠡᠳᠡᠭᠡᠷ ᠡᠴᠡ ᠬᠠᠮᠤᠭ ᠤᠨ ᠲᠣᠮᠣ ᠨᠢ ᠫᠣᠲ᠋ᠠᠨᠢᠨ ᠤ ᠮᠥᠰᠦᠨ ᠭᠣᠣᠯ ᠪᠥᠭᠡᠳ 14 ᠣᠷᠴᠢᠮ km ᠤᠷᠲᠤ ᠲᠠᠢ᠃ ᠠᠩᠬᠠᠯᠠᠨ 1956  ᠤᠨ ᠳᠤ ᠮᠣᠩᠭᠣᠯ ᠤᠨ ᠠᠭᠤᠯᠠᠴᠢᠳ ᠠᠪᠠᠷᠢᠵᠤ ᠪᠠᠶᠢᠭᠰᠠᠨ ᠠᠴᠠ ᠬᠣᠶᠢᠰᠢ 700 ᠭᠠᠷᠤᠢ ᠠᠭᠤᠯᠠᠴᠢᠳ ᠠᠪᠠᠷᠢᠭᠰᠠᠨ ᠪᠠ ᠭᠠᠳᠠᠭᠠᠳᠤ ᠳᠣᠲᠣᠭᠠᠳᠤ ᠶᠢᠨ ᠠᠭᠤᠯᠠᠴᠢᠳ ᠤᠨ ᠠᠪᠠᠷᠢᠬᠤ ᠳᠤᠷᠠᠲᠠᠢ ᠠᠭᠤᠯᠠ ᠪᠣᠯᠤᠭᠠᠳ ᠪᠠᠶᠢᠨ᠎ᠠ᠃ 1996  ᠤᠨ ᠳᠤ ᠠᠯᠲᠠᠢ ᠲᠠᠪᠤᠨ ᠪᠣᠭᠳᠠ ᠠᠭᠤᠯᠠ᠂ ᠬᠣᠲᠠᠨᠬᠤᠷᠠᠭᠠᠨᠳᠠᠶᠠᠩ ᠨᠠᠭᠤᠷᠬᠣᠪᠳᠣ᠂ ᠬᠠᠷ᠎ᠠ ᠰᠠᠯᠠᠭ᠎ᠠ᠂ ᠴᠠᠭᠠᠨ ᠰᠠᠯᠠᠭ᠎ᠠ᠂ ᠰᠤᠩᠭᠢᠨᠠᠲᠦ ᠂ ᠶᠣᠯᠣᠳᠤ ᠵᠡᠷᠭᠡ ᠭᠣᠣᠯ ᠤᠳ ᠤᠨ ᠠᠢ ᠰᠠᠪᠠ ᠤᠳ ᠢ ᠬᠠᠮᠤᠷᠤᠭᠤᠯᠤᠨ ᠠᠯᠲᠠᠢ ᠲᠠᠪᠤᠨ ᠪᠣᠭᠳᠠ ᠶᠢᠨ ᠪᠠᠶᠢᠭᠠᠯᠢ ᠶᠢᠨ ᠴᠣᠭᠴᠠᠯᠠᠪᠤᠷᠢ ᠳᠤ ᠭᠠᠵᠠᠷ ᠬᠡᠮᠡᠨ ᠤᠯᠤᠰ ᠤᠨ ᠬᠠᠮᠠᠭᠠᠯᠠᠯᠲᠠᠨ ᠳᠤ ᠠᠪᠤᠭᠰᠠᠨ᠃ 2012  ᠤᠨ ᠳᠤ ᠠᠯᠲᠠᠢ ᠲᠠᠪᠤᠨ ᠪᠣᠭᠳᠠ ᠠᠭᠤᠯᠠ ᠶᠢ ᠲᠥᠷᠥ ᠶᠢᠨ ᠲᠠᠬᠢᠯᠭᠠᠲᠤ ᠠᠭᠤᠯᠠ ᠪᠣᠯᠭᠠᠨ 4 ᠵᠢᠯ ᠳᠤ ᠨᠢᠭᠡ ᠲᠠᠬᠢᠵᠤ ᠪᠠᠶᠢᠬᠤ ᠪᠠᠷ ᠪᠣᠯᠤᠭᠰᠠᠨ᠃

ᠣᠷᠭᠢᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠢ ᠲᠠᠪᠤᠨ ᠪᠣᠭᠳᠠ ᠠᠭᠤᠯᠠ ᠶᠢᠨ ᠦᠨᠳᠦᠰᠦᠨ ᠲᠠᠪᠤᠨ ᠣᠷᠭᠢᠯ:

 ᠨᠡᠷ᠎ᠡ ᠥᠨᠳᠥᠷ (ᠮᠧᠲ᠋ᠷ)
ᠬᠦᠢᠲᠡᠨ ᠣᠷᠭᠢᠯ 4,374
ᠨᠠᠶᠢᠷᠠᠮᠳᠠᠯ ᠣᠷᠭᠢᠯ 4,192
ᠪᠦᠷᠭᠦᠳ ᠣᠷᠭᠢᠯ 4,068
ᠮᠠᠯᠴᠢᠨ ᠣᠷᠭᠢᠯ 4,051
ᠥᠯᠥᠭᠡᠢ ᠣᠷᠭᠢᠯ 4,050

ᠬᠦᠢᠲᠡᠨ ᠣᠷᠭᠢᠯ ᠨᠢ ᠠᠯᠲᠠᠢ ᠲᠠᠪᠤᠨ ᠪᠣᠭᠳᠠ ᠠᠭᠤᠯᠠ ᠶᠢᠨ ᠨᠣᠶᠠᠨ ᠣᠷᠭᠢᠯ ᠶᠤᠮ᠃ ᠨᠠᠶᠢᠷᠠᠮᠳᠠᠯ ᠣᠷᠭᠢᠯ ᠨᠢ ᠮᠣᠩᠭᠣᠯᠣᠷᠣᠰ ᠬᠣᠯᠪᠣᠭᠠᠨ ᠤ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠦᠨ ᠬᠢᠯᠢ ᠦᠳ ᠦᠨ ᠠᠭᠤᠯᠵᠠᠪᠤᠷᠢ᠂ ᠭᠤᠷᠪᠠᠯᠠᠭᠰᠠᠨ ᠴᠡᠭ ᠶᠤᠮ᠃

ᠠᠪᠠᠷᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬᠠᠯᠠᠨ 1956  ᠤᠨ ᠳᠤ ᠮᠣᠩᠭᠣᠯ ᠤᠨ ᠠᠭᠤᠯᠠᠴᠢᠳ ᠠᠪᠠᠷᠢᠵᠤ ᠪᠠᠶᠢᠭᠰᠠᠨ ᠠᠴᠠ ᠬᠣᠶᠢᠰᠢ 700 ᠭᠠᠷᠤᠢ ᠠᠭᠤᠯᠠᠴᠢ ᠳᠤ ᠠᠪᠠᠷᠢᠭᠰᠠᠨ ᠪᠠ ᠭᠠᠳᠠᠭᠠᠳᠤ ᠳᠣᠲᠣᠭᠠᠳᠤ ᠶᠢᠨ ᠠᠭᠤᠯᠠᠴᠢᠳ ᠤᠨ ᠠᠪᠠᠷᠢᠬᠤ ᠳᠤᠷᠠᠲᠠᠢ ᠠᠭᠤᠯᠠ ᠪᠣᠯᠤᠭᠠᠳ ᠪᠠᠶᠢᠨ᠎ᠠ᠃ ᠲᠠᠪᠤᠨ ᠪᠣᠭᠳᠠ ᠠᠭᠤᠯᠠ ᠶᠢᠨ ᠬᠦᠢᠲᠡᠨ ᠣᠷᠭᠢᠯ ᠨᠢ 2013  ᠤᠨ ᠳᠤ ᠦᠨᠳᠦᠰᠦᠨ ᠦ ᠭᠠᠵᠠᠷ ᠵᠦᠢ ᠶᠢᠨ ᠬᠦᠷᠢᠶᠡᠯᠡᠩᠡᠴᠡ ᠭᠠᠷᠭᠠᠭᠰᠠᠨ ᠠᠪᠠᠷᠢᠭᠤᠰᠢᠲᠠᠢ ᠰᠢᠯᠢᠳᠡᠭ ᠠᠷᠪᠠᠨ ᠤᠤᠯ ᠤᠨ ᠵᠢᠭᠰᠠᠭᠠᠯᠳᠠ ᠶᠢᠨ ᠨᠢᠭᠡ ᠳᠦ ᠪᠢᠴᠢᠭᠳᠡᠵᠡᠢ[1]᠃ ᠵᠢᠯ ᠦᠨ ᠠᠯᠢ ᠴᠤ ᠤᠯᠠᠷᠢᠯ ᠳᠤ ᠠᠪᠠᠷᠢᠯᠲᠠ ᠬᠢᠵᠦ ᠪᠣᠯᠬᠤ ᠴᠤ 7 ᠰᠠᠷ᠎ᠠ ᠠᠴᠠ 9 ᠰᠠᠷ᠎ᠠ ᠳᠤ ᠴᠠᠭ ᠠᠭᠠᠷ ᠬᠠᠮᠤᠭ ᠤᠨ ᠲᠣᠭᠲᠠᠪᠤᠷᠢᠲᠠᠢ ᠪᠠᠶᠢᠳᠠᠭ ᠲᠤᠯᠠ ᠢᠯᠡᠭᠦᠦ ᠲᠣᠬᠢᠷᠠᠮᠵᠢᠲᠠᠢ ᠶᠤᠮ᠃ ᠭᠡᠬᠦ ᠳᠦ ᠪᠡᠨ ᠠᠯᠲᠠᠢ ᠲᠠᠪᠤᠨ ᠪᠣᠭᠳᠠ ᠠᠭᠤᠯᠠ ᠶᠢᠨ ᠣᠷᠴᠢᠮ ᠳᠤ ᠴᠠᠭ ᠠᠭᠠᠷ ᠶᠡᠬᠡ ᠲᠣᠭᠲᠠᠪᠤᠷᠢ ᠦᠭᠡᠢ ᠪᠠ ᠨᠢᠭᠡ ᠡᠳᠦᠷ ᠲᠦ ᠯᠠ ᠵᠢᠯ ᠦᠨ ᠳᠥᠷᠪᠡᠨ ᠤᠯᠠᠷᠢᠯ ᠤᠨ ᠪᠠᠢᠳᠠᠯ ᠢ ᠦᠵᠡᠭᠦᠯᠬᠦ ᠨᠢ ᠴᠥᠭᠡᠨ ᠦᠭᠡᠢ[2]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. TOP 10 CLIMB. National geographic.
  2. ᠠᠯᠲᠠᠢ ᠲᠠᠪᠤᠨ ᠪᠣᠭᠳᠠ. ᠳᠠ ᠶᠢᠮ᠎ᠠ.

ᠪᠢᠴᠢᠭᠡᠰᠦ