ᠠᠯᠲᠠᠢ ᠰᠤᠮᠤ (ᠬᠣᠪᠳᠣ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠢ ᠰᠤᠮᠤ
ᠰᠤᠮᠤ
ᠤᠯᠤᠰ ᠣᠷᠣᠨ Flag of Mongolia.svg ᠮᠣᠩᠭᠣᠯ
ᠠᠶᠢᠮᠠᠭ Mn coa khovd aymag.png ᠬᠣᠪᠳᠣ
ᠰᠤᠮᠤ ᠠᠯᠲᠠᠢ
ᠪᠠᠭ (4) ᠪᠣᠳᠣᠨᠴᠢ᠂ ᠠᠯᠲᠠᠨᠭᠠᠳᠠᠰᠤ᠂
ᠪᠠᠷᠯᠤᠭ᠂ ᠲᠠᠬᠢᠯ ᠳᠤ
ᠭᠠᠵᠠᠷ ᠨᠤᠲᠤᠭ 13,144 ᠺᠢᠯᠣᠸᠣᠯᠲ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 2,849 ᠬᠦᠮᠦᠨ [1]
ᠬᠦᠮᠦᠨ ᠠᠮᠠ (ᠲᠣᠭᠠᠴᠠ᠃) 2011 ᠣᠨ ᠳᠤ 3,127 ᠬᠦᠮᠦᠨ [2]
ᠨᠢᠭᠲᠠᠴᠠ ᠰᠡᠶᠢᠷᠡᠭ 2011 ᠣᠨ ᠳᠤ 0.24 ᠬᠦᠮᠦᠨ/км²
ᠨᠤᠲᠤᠭ ᠤᠨ ᠣᠯᠠᠨ ᠠᠯᠲᠠᠢ ᠶᠢᠨ ᠬᠢᠨ
ᠵᠥᠪᠬᠡᠨ ᠮᠣᠩᠭᠣᠯ ᠤᠯᠤᠰ ᠶᠢᠨ ᠰᠠᠭᠤᠷᠢᠨ ᠢᠷᠭᠡᠨ ᠦ ᠲᠣᠭ᠎ᠠ᠃ ᠭᠠᠳᠠᠭᠠᠳᠤ ᠶᠢᠨ ᠬᠠᠷᠢᠶᠠᠲᠤ ᠢᠷᠭᠡᠨ᠂ ᠭᠠᠳᠠᠭᠠᠳᠤ ᠳᠤ ᠣᠷᠣᠰᠢᠨ ᠰᠠᠭᠤᠭ᠎ᠠ ᠮᠣᠩᠭᠣᠯ ᠤᠯᠤᠰ ᠶᠢᠨ ᠢᠷᠭᠡᠨ ᠪᠠᠭᠠᠳᠤᠭ᠎ᠠ ᠦᠭᠡᠢ᠃
ᠬᠣᠪᠳᠣ ᠠᠶᠢᠮᠠᠭ ᠳᠠᠬᠢ ᠠᠯᠲᠠᠢ ᠰᠤᠮᠤ᠂ ᠲᠡᠭᠦᠨ ᠦ ᠲᠥᠪ

ᠠᠯᠲᠠᠢ (ᠠᠯᠲᠠᠢ) — ᠮᠣᠩᠭᠣᠯ ᠤᠯᠤᠰ ᠤᠨ ᠬᠣᠪᠳᠣ ᠠᠶᠢᠮᠠᠭ ᠤᠨ ᠰᠤᠮᠤ.


АЛТАЙ СУМЫН ТАНИЛЦУУЛГА


ᠠᠯᠲᠠᠢ ᠰᠤᠮᠤ ᠠᠯᠲᠠᠢ ᠶᠢᠨ ᠨᠢᠷᠤᠭᠤᠨ ᠤ ᠥᠪᠥᠷ ᠪᠣᠳᠣᠨᠴᠢ ᠶᠢᠨ ᠭᠣᠣᠯ ᠤᠨ ᠰᠠᠪᠠ ᠳᠠᠭᠠᠤ ᠨᠤᠲᠤᠭᠯᠠᠵᠤ ᠪᠠᠶᠢᠭᠰᠠᠨ ᠵᠠᠬᠠᠴᠢᠨ ᠶᠠᠰᠤᠲᠠᠨ ᠨᠤᠭᠤᠳ ᠤᠨ ᠪᠦᠷᠢᠳᠦᠯ ᠪᠣᠯᠵᠤ 1924 ᠣᠨ ᠳᠤ 《ᠶᠡᠬᠡ ᠠᠰᠬᠠᠲᠤ》 ᠭᠡᠳᠡᠭ ᠭᠠᠵᠠᠷ 《ᠡᠷᠳᠡᠨᠢ ᠠᠭᠤᠯᠠ ᠶᠢᠨ》 ᠰᠤᠮᠤ ᠨᠡᠷ᠎ᠡ ᠲᠡᠢ ᠪᠡᠷ ᠵᠠᠰᠠᠭ ᠵᠠᠬᠢᠷᠭᠠᠨ ᠤ 4 ᠣᠷᠣᠨ ᠲᠣᠭᠠᠲᠠᠢ ᠪᠠᠷ ᠪᠠᠶᠢᠭᠤᠯᠤᠭᠳᠠᠵᠤ ᠪᠣᠳᠣᠨᠴᠢ ᠶᠢᠨ ᠪᠣᠷᠣ ᠦᠵᠦᠭᠦᠷ ᠲᠦ 1925 ᠣᠨ ᠳᠤ ᠪᠠᠶᠢᠷᠢᠯᠠᠨ 《ᠠᠯᠲᠠᠢ ᠰᠤᠮᠤ》 ᠭᠡᠵᠦ ᠨᠡᠷᠡᠯᠡᠭᠳᠡᠵᠡᠢ᠃ ᠠᠯᠲᠠᠢ ᠰᠤᠮᠤ 1373 ᠺᠢᠯᠣᠸᠣᠯᠲ᠋.km ᠨᠤᠲᠤᠭ ᠳᠡᠪᠢᠰᠬᠡᠷ ᠲᠡᠢ᠂ 81248 ᠭᠠ ᠡᠳ᠋ᠯᠡᠪᠦᠷᠢ ᠭᠠᠵᠠᠷ ᠲᠠᠢ᠂ ᠡᠭᠦᠨ ᠦ ᠳᠣᠲᠣᠷ᠎ᠠ 121 ᠭᠠ ᠬᠠᠳᠤᠯᠠᠩ ᠤᠨ ᠲᠠᠯᠠᠪᠠᠢ ᠡᠵᠡᠯᠡᠳᠡᠭ᠃ ᠰᠤᠮᠤ ᠡᠮᠦᠨ᠎ᠡ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠪᠠᠷᠠᠭᠤᠨ ᠲᠠᠯ᠎ᠠ ᠪᠠᠷ ᠢᠶᠠᠨ ᠦᠶᠡᠩᠴᠢ᠂ ᠬᠣᠶᠢᠲᠤ ᠲᠠᠯ᠎ᠠ ᠪᠠᠷ ᠢᠶᠠᠨ ᠮᠥᠰᠦᠲᠦ᠂ ᠵᠡᠭᠦᠨ ᠲᠠᠯ᠎ᠠ ᠪᠠᠷ ᠢᠶᠠᠨ ᠴᠡᠴᠡᠭ᠂ ᠭᠣᠪᠢ ᠠᠯᠲᠠᠢ ᠠᠶᠢᠮᠠᠭ ᠤᠨ ᠲᠣᠩᠬᠢᠯ ᠰᠤᠮᠤ ᠲᠠᠢ ᠬᠢᠯᠢᠯᠡᠳᠡᠭ᠂ ᠳᠠᠯᠠᠢ ᠶᠢᠨ ᠲᠦᠪᠰᠢᠨ ᠡᠴᠡ ᠳᠡᠭᠡᠭᠰᠢ 2281 ᠮ ᠥᠨᠳᠥᠷ ᠲᠦ ᠡᠷᠭᠦᠭᠳᠡᠭᠰᠡᠨ ᠨᠠᠮ ᠳᠣᠣᠷ᠎ᠠ ᠭᠠᠵᠠᠷ ᠨᠢ ᠪᠣᠷᠣ ᠴᠣᠨᠵᠢ 1126 ᠮᠧᠲ᠋ᠷ ᠲᠦ ᠣᠷᠣᠰᠢᠳᠠᠭ᠃ ᠡᠪᠦᠯ ᠳᠦ ᠪᠡᠨ -40 -45 ᠬᠡᠮ ᠬᠦᠢᠲᠡᠷᠡᠴᠢ᠂ ᠵᠤᠨ ᠳᠤ ᠪᠠᠨ 25-32 ᠬᠡᠮ ᠬᠠᠯᠠᠭᠤᠨ᠂ ᠵᠢᠯ ᠳᠤ ᠪᠡᠨ ᠳᠤᠮᠳᠠᠴᠢ ᠪᠠᠷ 5,7 ᠮᠢᠯᠯᠢᠮᠧᠲ᠋ᠷ ᠲᠤᠨᠳᠠᠰᠤ ᠤᠨᠠᠳᠠᠭ᠂ ᠡᠷᠡᠰ ᠲᠡᠰᠦ ᠠᠭᠤᠷ ᠠᠮᠢᠰᠬᠤᠯ ᠲᠠᠢ᠃ ᠪᠠᠶᠢᠭᠠᠯᠢ ᠶᠢᠨ ᠲᠥᠷᠥᠯ ᠪᠦᠷᠢ ᠶᠢᠨ ᠪᠠᠶᠠᠯᠢᠭ᠂ ᠠᠰᠢᠭᠲᠤ ᠮᠠᠯᠲᠠᠮᠠᠯ᠂ ᠣᠢ ᠮᠣᠳᠣ᠂ ᠠᠨ ᠠᠮᠢᠲᠠᠨ᠂ ᠲᠡᠦᠬᠡ ᠳᠤᠷᠠᠰᠬᠠᠯᠲᠤ ᠭᠠᠵᠠᠷ ᠤᠳ ᠡᠯᠪᠡᠭ ᠲᠡᠢ᠃ ᠬᠤᠪᠢᠰᠬᠠᠯᠲᠤ ᠲᠡᠮᠡᠴᠡᠯ ᠦᠨ ᠭᠠᠪᠢᠶ᠎ᠠ ᠳᠤ᠂ ᠠᠬᠠᠮᠠᠳ ᠵᠢᠳᠬᠦᠯᠲᠡᠨ᠂ ᠡᠷᠳᠡᠮᠲᠡᠨ ᠮᠡᠷᠭᠡᠳ ᠣᠯᠠᠨ ᠢᠶᠠᠷ ᠲᠥᠷᠥᠨ ᠭᠠᠷᠤᠭᠰᠠᠨ ᠠᠯᠳᠠᠷ ᠴᠤᠤᠲᠠᠨ ᠨᠤᠭᠤᠳ ᠤᠨ ᠥᠯᠥᠭᠡᠢ ᠨᠤᠲᠤᠭ ᠪᠢᠯᠡ᠃

ᠤᠯᠤᠰ ᠤᠨ ᠶᠡᠬᠡ ᠬᠤᠷᠠᠯ ᠤᠨ 2004 ᠣᠨ ᠤ 05 ᠳ᠋ᠤᠭᠠᠷ ᠰᠠᠷ᠎ᠠ ᠶᠢᠨ 06 ᠍ ᠤ 26 ᠳ᠋ᠤᠭᠠᠷ ᠲᠣᠭᠲᠠᠭᠠᠯ ᠢᠶᠠᠷ ᠰᠤᠮᠤ ᠶᠢᠨ ᠲᠥᠪ ᠢ ᠪᠣᠭᠣᠮ᠎ᠠ ᠶᠢᠨ ᠠᠮᠠᠨ ᠳᠤ ᠰᠢᠯᠵᠢᠭᠦᠯᠦᠨ ᠰᠠᠭᠤᠷᠢᠰᠢᠭᠤᠯᠬᠤ ᠰᠢᠢᠳᠪᠦᠷᠢ ᠭᠠᠷᠴᠤ᠂ 2009 ᠣᠨ ᠳᠤ 33 ᠺᠢᠯᠣᠮᠧᠲ᠋ᠷ ᠨᠡᠭᠦᠵᠦ ᠰᠠᠭᠤᠷᠢᠰᠢᠨ ᠬᠥᠭᠵᠢᠨ ᠳᠡᠪᠵᠢᠵᠦ ᠪᠠᠶᠢᠭ᠎ᠠ ᠰᠢᠨ᠎ᠡ ᠰᠤᠮᠤ ᠶᠢᠨ ᠨᠢᠭᠡ ᠶᠠᠭᠤᠮ᠎ᠠ᠃

ᠵᠠᠰᠠᠭ ᠵᠠᠬᠢᠷᠭᠠᠨ ᠤ 4 ᠪᠠᠭ᠂ ᠲᠥᠰᠥᠪ ᠦᠨ ᠠᠯᠪᠠᠨ ᠭᠠᠵᠠᠷ 6, ᠠᠵᠤ ᠠᠬᠤᠢ ᠶᠢᠨ ᠨᠢᠭᠡᠴᠡ 16 763 ᠡᠷᠦᠬᠡ᠂ 3099 ᠬᠦᠮᠦᠨ ᠠᠮᠠ᠂ 82676 ᠲᠣᠯᠣᠭᠠᠢ ᠮᠠᠯᠤ ᠲᠠᠢ ᠪᠠᠷ ᠠᠶᠢᠮᠠᠭ ᠣᠷᠣᠨ ᠨᠤᠲᠤᠭ ᠤᠨ ᠨᠡᠶᠢᠭᠡᠮ ᠡᠳ᠋ ᠍ ᠦᠨ ᠵᠠᠰᠠᠭ ᠤᠨ ᠬᠥᠭᠵᠢᠯᠳᠦ ᠬᠤᠪᠢ ᠨᠡᠮᠡᠷᠢ ᠪᠡᠨ ᠣᠷᠣᠭᠤᠯᠵᠤ ᠪᠠᠶᠢᠨ᠎ᠠ᠃ 2010 ᠣᠨ ᠳᠤ ᠲᠥᠷᠥᠯᠬᠢ ᠨᠤᠲᠤᠭ ᠢᠶᠠᠨ 2010-2024 ᠣᠨ ᠬᠦᠷᠲᠡᠯ᠎ᠡ ᠬᠥᠭᠵᠢᠭᠦᠯᠬᠦ ᠤᠷᠲᠤ ᠬᠤᠭᠤᠴᠠᠭᠠᠨ ᠤ 《ᠬᠥᠭᠵᠢᠯ ᠦᠨ ᠬᠥᠲᠥᠯᠪᠦᠷᠢ ᠪᠡᠨ》 ᠪᠣᠯᠪᠠᠰᠤᠷᠠᠭᠤᠯᠵᠤ ᠬᠡᠷᠡᠭᠵᠢᠭᠦᠯᠦᠨ ᠠᠵᠢᠯᠯᠠᠵᠤ ᠪᠠᠶᠢᠨ᠎ᠠ᠃

21 ᠲᠥᠯᠥᠭᠡᠯᠡᠭᠴᠢ ᠪᠦᠬᠦᠢ ᠢᠷᠭᠡᠨ ᠦ ᠲᠥᠯᠥᠭᠡᠯᠡᠭᠴᠢᠳ ᠦᠨ ᠬᠤᠷᠠᠯ᠂ 22 ᠣᠷᠣᠨ ᠲᠣᠭ᠎ᠠ ᠪᠦᠬᠦᠢ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ 703 ᠰᠤᠷᠤᠭᠴᠢ᠂ 57 ᠪᠠᠭᠰᠢ ᠠᠵᠢᠯᠴᠢᠳ ᠪᠦᠬᠦᠢ ᠳᠤᠮᠳᠠ ᠰᠤᠷᠭᠠᠭᠤᠯᠢ᠂ 120 ᠬᠡᠦᠬᠡᠳ ᠪᠦᠬᠦᠢ 16 ᠪᠠᠭᠰᠢ ᠠᠵᠢᠯᠴᠢᠳ ᠲᠠᠢ ᠬᠡᠦᠬᠡᠳ ᠦᠨ ᠴᠡᠴᠡᠷᠯᠢᠭ᠂ 28 ᠡᠮᠴᠢ ᠠᠵᠢᠯᠴᠢᠳ ᠪᠦᠬᠦᠢ 15 ᠣᠷᠣ ᠲᠠᠢ ᠬᠦᠮᠦᠨ ᠡᠮᠨᠡᠯᠭᠡ᠂ 5 ᠣᠷᠣᠨ ᠲᠣᠭ᠎ᠠ ᠪᠦᠬᠦᠢ ᠰᠤᠶᠤᠯ ᠮᠡᠳᠡᠭᠡᠯᠡᠯ ᠦᠨ ᠲᠥᠪ᠂ 3 ᠣᠷᠣᠨ ᠲᠣᠭ᠎ᠠ ᠪᠦᠬᠦᠢ ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠤᠨ 《ᠪ》 ᠬᠡᠰᠡᠭ ᠦᠨ ᠵᠠᠬᠢᠷᠭᠠᠨ ᠤ ᠠᠯᠲᠠᠢ ᠰᠤᠮᠤ ᠳᠠᠬᠢ ᠬᠡᠰᠡᠭ᠂ ᠬᠤᠪᠢ ᠤᠨ ᠬᠡᠪᠰᠢᠯ ᠦᠨ 3 ᠮᠠᠯ ᠡᠮᠨᠡᠯᠭᠡ ᠵᠡᠷᠭᠡ ᠲᠥᠰᠥᠪ ᠦᠨ ᠠᠯᠪᠠᠨ ᠭᠠᠵᠠᠷ ᠤᠳ ᠪᠣᠯᠤᠨ ХААН ᠪᠠᠩᠬᠢ᠂ ᠬᠠᠳᠠᠭᠠᠯᠠᠮᠵᠢ ᠪᠠᠩᠬᠢ᠂ ᠪᠤᠰᠤᠳ ᠰᠠᠯᠪᠤᠷᠢ ᠠᠵᠤ ᠠᠬᠤᠢ ᠶᠢᠨ ᠨᠢᠭᠡᠴᠡ ᠨᠦᠭᠦᠳ ᠠᠵᠢᠯᠯᠠᠬᠤ ᠶᠢᠨ ᠵᠡᠷᠭᠡᠴᠡᠭᠡ ᠬᠤᠪᠢᠶᠠᠷᠢ ᠪᠠᠨ ᠪᠢᠽᠢᠨ᠋ᠧᠰ ᠡᠷᠬᠢᠯᠡᠳᠡᠭ ᠠᠵᠤ ᠠᠬᠤᠢ ᠶᠢᠨ ᠨᠢᠭᠡᠴᠡ ᠨᠦᠭᠦᠳ 16 ᠪᠠᠶᠢᠨ᠎ᠠ᠃

  • Bulleted list item

ᠭᠠᠵᠠᠷ ᠵᠦᠢ ᠶᠢᠨ ᠪᠠᠶᠢᠷᠢᠰᠢᠯ

ᠰᠤᠮᠤ ᠡᠮᠦᠨ᠎ᠡ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠪᠠᠷᠠᠭᠤᠨ ᠲᠠᠯ᠎ᠠ ᠪᠠᠷ ᠢᠶᠠᠨ ᠦᠶᠡᠩᠴᠢ᠂ ᠬᠣᠶᠢᠲᠤ ᠲᠠᠯ᠎ᠠ ᠪᠠᠷ ᠢᠶᠠᠨ ᠮᠥᠰᠦᠲᠦ᠂ ᠵᠡᠭᠦᠨ ᠲᠠᠯ᠎ᠠ ᠪᠠᠷ ᠢᠶᠠᠨ ᠴᠡᠴᠡᠭ᠂ ᠭᠣᠪᠢ-ᠠᠯᠲᠠᠢ ᠠᠶᠢᠮᠠᠭ ᠤᠨ ᠲᠣᠩᠬᠢᠯ ᠰᠤᠮᠤ ᠲᠠᠢ ᠬᠢᠯᠢᠯᠡᠳᠡᠭ᠃

ᠪᠠᠶᠢᠭᠠᠯᠢ᠂ ᠭᠠᠵᠠᠷ ᠵᠦᠢ ᠶᠢᠨ ᠣᠨᠴᠠᠯᠢᠭ

ᠳᠠᠯᠠᠢ ᠶᠢᠨ ᠲᠦᠪᠰᠢᠨ ᠡᠴᠡ ᠳᠡᠭᠡᠭᠰᠢ 2281 ᠮ ᠥᠨᠳᠥᠷ ᠲᠦ ᠡᠷᠭᠦᠭᠳᠡᠭᠰᠡᠨ᠂ ᠬᠠᠮᠤᠭ ᠤᠨ ᠨᠠᠮ ᠳᠣᠣᠷ᠎ᠠ ᠭᠠᠵᠠᠷ ᠨᠢ ᠪᠣᠷᠣ ᠴᠣᠨᠵᠢ 1126 ᠮ ᠳᠦ ᠣᠷᠣᠰᠢᠳᠠᠭ᠃ᠡᠪᠦᠯ ᠳᠦ ᠪᠡᠨ 40-45 ᠬᠡᠮ ᠬᠦᠢᠲᠡᠷᠡᠴᠢ᠂ ᠵᠤᠨ ᠳᠤ ᠪᠠᠨ 25-32 ᠬᠡᠮ ᠬᠠᠯᠠᠭᠤᠨ᠂ ᠵᠢᠯ ᠳᠤ ᠪᠡᠨ ᠳᠤᠮᠳᠠᠴᠢ ᠪᠠᠷ 5,7 ᠮᠢᠯᠯᠢᠮᠧᠲ᠋ᠷ ᠲᠤᠨᠳᠠᠰᠤ ᠤᠨᠠᠳᠠᠭ᠂ ᠡᠷᠡᠰ ᠲᠡᠰᠦ ᠠᠭᠤᠷ ᠠᠮᠢᠰᠬᠤᠯ ᠲᠠᠢ᠃

ᠴᠠᠭ ᠠᠭᠤᠷ ᠤᠨ ᠨᠥᠬᠥᠴᠡᠯ

ᠬᠠᠭᠤᠷᠠᠶᠢᠳᠠᠭᠤ ᠰᠡᠷᠢᠭᠦᠨ ᠵᠤᠨ ᠲᠠᠢ᠂ ᠬᠠᠬᠢᠷ ᠡᠪᠦᠯ ᠲᠡᠢ᠃

-1 ᠳᠦᠭᠡᠷ ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ -25 °ᠰ

-7 ᠳ᠋ᠤᠭᠠᠷ ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ +20 °ᠰ

᠍ ᠵᠢᠯᠢᠢ ᠶᠢᠨ ᠳᠤᠮᠳᠠᠴᠢ ᠰᠠᠯᠬᠢᠨ ᠤ ᠬᠤᠷᠳᠤ 4-6 ᠮ/ᠰ
᠍ ᠵᠢᠯᠢᠢ ᠶᠢᠨ ᠬᠤᠷ᠎ᠠ ᠲᠤᠨᠳᠠᠰᠤᠨ ᠤ ᠨᠡᠶᠢᠯᠡᠪᠦᠷᠢ 300-400 ᠮᠢᠯᠯᠢᠮᠧᠲ᠋ᠷ

ᠭᠠᠵᠠᠷ ᠨᠤᠲᠤᠭItalic text

ᠨᠡᠶᠢᠲᠡ ᠭᠠᠵᠠᠷ ᠨᠤᠲᠤᠭ ᠤᠨ ᠬᠡᠮᠵᠢᠶ᠎ᠡ 1373426 ᠭᠠ ᠡᠳ᠋ ᠍ ᠦᠨ ᠵᠠᠰᠠᠭ

ᠣᠷᠣᠨ ᠨᠤᠲᠤᠭ ᠤᠨ ᠲᠥᠰᠥᠪ:

ᠰᠤᠮᠤ ᠶᠢᠨ ᠲᠥᠰᠥᠪ ᠦᠨ ᠨᠡᠶᠢᠲᠡ ᠣᠷᠣᠯᠭ᠎ᠠ ᠨᠢ 1011,1 ᠰᠠᠶ᠎ᠠ ᠲᠥᠭᠥᠷᠢᠭ ᠪᠥᠭᠡᠳ ᠤᠯᠤᠰ ᠤᠨ ᠲᠥᠪᠯᠡᠷᠡᠭᠰᠡᠨ ᠲᠥᠰᠥᠪ ᠦᠨ ᠰᠢᠯᠵᠢᠭᠦᠯᠭᠡ 1126,9 ᠰᠠᠶ᠎ᠠ ᠲᠥᠭᠥᠷᠢᠭ᠂ ᠰᠤᠮᠤ ᠶᠢᠨ ᠥᠪᠡᠷ ᠦᠨ ᠣᠷᠣᠯᠭ᠎ᠠ 136,2 ᠰᠠᠶ᠎ᠠ ᠲᠥᠭᠥᠷᠢᠭ᠂ ᠤᠷᠢᠳᠤ ᠣᠨ ᠤ ᠦᠯᠡᠳᠡᠭᠳᠡᠯ ᠡᠴᠡ ᠰᠠᠩᠬᠦᠵᠢᠬᠦ 34,9 ᠰᠠᠶ᠎ᠠ ᠲᠥᠭᠥᠷᠢᠭ ᠦᠨ ᠣᠷᠣᠯᠭ᠎ᠠ ᠠᠴᠠ ᠪᠦᠷᠢᠳᠳᠡᠭ᠃

ᠣᠷᠣᠨ ᠨᠤᠲᠤᠭ ᠤᠨ ᠨᠡᠶᠢᠲᠡ ᠲᠥᠰᠥᠪ ᠦᠨ ᠵᠠᠷᠤᠳᠠᠯ ᠨᠢ 2309,1 ᠰᠠᠶ᠎ᠠ ᠲᠥᠭᠥᠷᠢᠭ ᠪᠠᠶᠢᠨ᠎ᠠ᠃ ᠨᠡᠶᠢᠲᠡ ᠵᠠᠷᠤᠳᠠᠯ ᠤᠨ 40,1 ᠬᠤᠪᠢ ᠨᠢ ᠴᠠᠯᠢᠩ᠂ 4,5 ᠬᠤᠪᠢ ᠨᠢ ᠨᠡᠶᠢᠭᠡᠮ ᠤᠨ ᠳᠠᠭᠠᠳᠬᠠᠯ ᠤᠨ ᠰᠢᠮᠡᠳᠭᠡᠯ᠂ 15,4 ᠬᠤᠪᠢ ᠶᠢ ᠤᠷᠤᠰᠬᠠᠯ ᠰᠢᠯᠵᠢᠭᠦᠯᠭᠡ᠂ 40 ᠬᠤᠪᠢ ᠶᠢ ᠨᠢ ᠪᠤᠰᠤᠳ ᠵᠠᠷᠤᠳᠠᠯ ᠡᠵᠡᠯᠡᠵᠦ ᠪᠠᠶᠢᠨ᠎ᠠ᠃ ᠳᠡᠳ᠋ ᠪᠦᠲᠦᠴᠡ:

ᠰᠤᠮᠤᠨ ᠡᠭᠦᠷ ᠦᠨ ᠲᠧᠯᠧᠹᠣᠨ ᠤ ᠶᠨᠢᠲ᠋ᠧᠯ ᠰᠦᠯᠵᠢᠶ᠎ᠡ᠂ ᠮᠣᠪᠢᠺᠣᠮ ᠲᠤᠰ ᠲᠤᠰ ᠠᠰᠢᠭᠯᠠᠯᠲᠠᠨ ᠳᠤ ᠣᠷᠣᠵᠤ ᠠᠷᠠᠳ ᠢᠷᠭᠡᠳ ᠢ ᠬᠥᠳᠡᠯᠭᠡᠭᠡᠨ ᠳᠦ ᠭᠠᠷ ᠤᠲᠠᠰᠤᠨ ᠤ ᠬᠣᠯᠪᠣᠭ᠎ᠠ ᠪᠠᠷ ᠬᠠᠩᠭᠠᠨ ᠠᠵᠢᠯᠯᠠᠵᠤ ᠪᠠᠶᠢᠨ᠎ᠠ᠃ ᠤᠮᠳᠠᠨ ᠤ ᠤᠰᠤᠨ ᠤ 3 ᠬᠤᠳᠳᠤᠭ ᠲᠠᠢ᠂ ᠤᠰᠤ ᠰᠤᠪᠠᠭ ᠤᠨ ᠪᠠᠷᠢᠯᠭ᠎ᠠ ᠪᠠᠶᠢᠭᠤᠯᠤᠮᠵᠢ ᠶᠢᠨ ᠠᠵᠢᠯ 2012 ᠣᠨ ᠳᠤ ᠬᠢᠭᠳᠡᠵᠦ ᠳᠠᠭᠤᠰᠤᠭᠰᠠᠨ ᠣᠳᠣ ᠪᠠᠷ ᠠᠰᠢᠭᠯᠠᠯᠲᠠᠨ ᠳᠤ ᠬᠦᠯᠢᠶᠡᠨ ᠠᠪᠤᠭ᠎ᠠ ᠦᠭᠡᠢ ᠪᠠᠶᠢᠨ᠎ᠠ᠃

2010 ᠣᠨ ᠠᠴᠠ ᠡᠬᠢᠯᠡᠨ 1,2 ᠲᠡᠷᠪᠤᠮ ᠲᠥᠭᠥᠷᠢᠭ ᠦᠨ ᠥᠷᠲᠡᠭ ᠲᠡᠢ ᠬᠥᠰᠢᠶ᠎ᠡ ᠳᠦ - ᠶᠠᠷᠠᠨᠲ ᠤᠨ ᠴᠢᠭᠯᠡᠯ ᠦᠨ ᠬᠠᠷ᠎ᠠ ᠵᠠᠮ ᠠᠴᠠ 95 ᠺᠢᠯᠣᠮᠧᠲ᠋ᠷ ᠵᠠᠮ ᠨᠢ ᠰᠤᠮᠤ ᠶᠢᠨ ᠨᠤᠲᠤᠭ ᠳᠡᠪᠢᠰᠬᠡᠷ ᠳᠠᠭᠠᠷᠢᠨ ᠥᠩᠭᠡᠷᠡᠳᠡᠭ᠃ ᠲᠡᠮᠡᠭᠡᠨ ᠬᠥᠵᠦᠭᠦᠦ - ᠪᠠᠭ᠎ᠠ ᠤᠯᠠᠭᠠᠨ ᠳᠠᠪᠠᠭᠠᠨ ᠤ ᠴᠢᠭᠯᠡᠯ ᠦᠨ 110,8 ᠺᠢᠯᠣᠮᠧᠲ᠋ᠷ ᠬᠠᠲᠠᠭᠤ ᠬᠤᠴᠢᠯᠲᠠ ᠲᠠᠢ ᠵᠠᠮ ᠪᠠᠷᠢᠭᠳᠠᠵᠤ ᠪᠠᠶᠢᠨ᠎ᠠ᠃

ᠬᠥᠳᠡᠭᠡ ᠠᠵᠤ ᠠᠬᠤᠢ

2012 ᠣᠨ ᠤ ᠵᠢᠯ ᠦᠨ ᠡᠴᠦᠰ ᠦᠨ ᠪᠠᠶᠢᠳᠠᠯ ᠢᠶᠠᠷ 82676 ᠲᠣᠯᠣᠭᠠᠢ ᠮᠠᠯ ᠲᠣᠭᠠᠯᠠᠭᠤᠯᠤᠭᠰᠠᠨ᠃ ᠡᠭᠦᠨ ᠡᠴᠡ ᠲᠡᠮᠡᠭᠡ 766, ᠠᠳᠤᠭᠤ 3569, ᠦᠬᠡᠷ 4131, ᠬᠣᠨᠢ 28085, ᠢᠮᠠᠭ᠎ᠠ 46125 ᠲᠣᠭᠠᠯᠠᠭᠤᠯᠤᠭᠰᠠᠨ ᠪᠠᠶᠢᠨ᠎ᠠ᠃

ᠨᠣᠣᠯᠣᠭᠤᠷ ᠤᠨ ᠴᠢᠭᠯᠡᠯ ᠦᠨ ᠠᠯᠲᠠᠢ ᠤᠯᠠᠭᠠᠨ ᠡᠭᠦᠯᠳᠡᠷ ᠦᠨ ᠬᠡᠰᠡᠭ /ᠴᠠᠶᠢᠪᠤᠷ ᠨᠠᠷᠢᠨ ᠨᠣᠣᠯᠠᠭᠤᠷᠲᠤ/ ᠍ ᠦᠨ ᠢᠮᠠᠭ᠎ᠠ ᠨᠢ ᠰᠤᠮᠤ ᠶᠢᠨ ᠨᠡᠶᠢᠲᠡ ᠢᠮᠠᠭᠠᠨ ᠰᠦᠷᠦᠭ ᠦᠨ 93,7 ᠬᠤᠪᠢ ᠶᠢ ᠡᠵᠡᠯᠡᠳᠡᠭ᠃ ᠨᠣᠣᠯᠣᠭᠤᠷ ᠤᠨ ᠮᠢᠺᠷᠣᠨ ᠢᠶᠠᠷ ᠤᠯᠤᠰ ᠲᠤ 1 ᠳᠦᠭᠡᠷ ᠲᠦ ᠣᠷᠣᠳᠠᠭ᠃

ᠭᠠᠵᠠᠷ ᠲᠠᠷᠢᠶᠠᠯᠠᠩ
ᠰᠤᠮᠤ ᠶᠢᠨ ᠬᠡᠮᠵᠢᠶᠡᠨ ᠳᠦ ᠨᠡᠶᠢᠲᠡ 13,3 ᠭᠠ ᠳᠦ ᠭᠠᠵᠠᠷ ᠲᠠᠷᠢᠶᠠᠯᠠᠩ ᠡᠷᠬᠢᠯᠡᠳᠡᠭ᠃ ᠡᠭᠦᠨ ᠡᠴᠡ 4,1 ᠭᠠ ᠳᠦ ᠲᠥᠮᠥᠰᠥ᠂ ᠬᠦᠨᠡᠰᠦᠨ ᠦ ᠨᠣᠭᠣᠭ᠎ᠠ᠂ 3 ᠭᠠ ᠳᠦ ᠤᠯᠠᠭᠠᠨᠪᠤᠭᠤᠳᠠᠢ᠂ 1,7 ᠭᠠ ᠳᠦ ᠪᠤᠰᠤᠳ ᠪᠦᠲᠦᠭᠡᠭᠳᠡᠬᠦᠨ ᠲᠠᠷᠢᠶᠠᠯᠠᠵᠤ ᠪᠠᠶᠢᠨ᠎ᠠ᠃ ᠡᠭᠦᠨ ᠡᠴᠡ ᠲᠥᠮᠥᠰᠥ 15,7 ᠲᠣᠨ᠂ ᠬᠦᠨᠡᠰᠦᠨ ᠦ ᠨᠣᠭᠣᠭ᠎ᠠ 1 ᠲᠣᠨ᠂ ᠦᠷ᠎ᠡ ᠲᠠᠷᠢᠶ᠎ᠠ 3 ᠲᠣᠨ᠂ ᠮᠠᠯ ᠤᠨ ᠲᠡᠵᠢᠭᠡᠯ 3 ᠲᠣᠨ᠂ ᠨᠡᠶᠢᠲᠡ 22,7 ᠲᠣᠨ ᠤᠷᠭᠤᠴᠠ ᠬᠤᠷᠢᠶᠠᠨ ᠠᠪᠤᠭᠰᠠᠨ᠃
ᠢᠨᠵᠧᠨᠧᠷ ᠦᠨ ᠳᠡᠳ᠋ ᠪᠦᠲᠦᠴᠡ
ᠴᠠᠬᠢᠯᠭᠠᠨ ᠬᠠᠩᠭᠠᠮᠵᠢ᠃ ᠰᠤᠮᠤ ᠨᠢ 2010 ᠣᠨ ᠤ 12 ᠳ᠋ᠤᠭᠠᠷ ᠰᠠᠷ᠎ᠠ ᠠᠴᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠢᠨᠵᠢᠶᠠᠩ ᠤᠶᠢᠭᠤᠷ ᠤᠨ ᠴᠠᠬᠢᠯᠭᠠᠨ ᠡᠷᠴᠢᠮ ᠬᠦᠴᠦ ᠪᠡᠷ 24 ᠴᠠᠭ ᠤᠨ ᠲᠤᠷᠰᠢ ᠴᠠᠬᠢᠯᠭᠠᠨ ᠤ ᠡᠬᠢ ᠡᠭᠦᠰᠪᠦᠷᠢ ᠪᠡᠷ ᠬᠠᠩᠭᠠᠭᠳᠠᠵᠤ ᠪᠠᠶᠢᠨ᠎ᠠ᠃

ᠣᠳᠣ ᠶᠢᠨ ᠡᠷᠴᠢᠮ ᠬᠦᠴᠦᠨ ᠦ ᠬᠠᠩᠭᠠᠮᠵᠢ ᠶᠢᠨ ᠬᠤᠪᠢ ᠳᠤ ᠬᠦᠷᠦᠯᠴᠡᠭᠡ ᠮᠠᠭᠤ ᠲᠠᠢ᠂ ᠢᠯᠠᠩᠭᠤᠶ᠎ᠠ ᠵᠤᠨ ᠤ ᠤᠯᠠᠷᠢᠯ ᠳᠤ ᠠᠯᠪᠠᠨ ᠪᠠᠶᠢᠭᠤᠯᠤᠯᠭ᠎ᠠ᠂ ᠠᠶᠢᠯ ᠡᠷᠦᠬᠡ ᠶᠢᠨ ᠬᠡᠷᠡᠭᠴᠡᠭᠡ ᠶᠢᠬᠠᠩᠭᠠᠵᠤ ᠴᠢᠳᠠᠬᠤ ᠦᠭᠡᠢ ᠡᠷᠴᠢᠮ ᠬᠦᠴᠦᠨ ᠦ ᠳᠣᠭᠣᠯᠳᠠᠯ ᠳᠤ ᠣᠷᠣᠵᠤ ᠪᠠᠶᠢᠭ᠎ᠠ ᠲᠤᠯᠠ ᠠᠯᠲᠠᠢ᠂ ᠦᠶᠡᠩᠴᠢ᠂ᠪᠤᠯᠠᠭᠠᠨ ᠰᠤᠮᠤᠳ ᠢ ᠪᠠᠷᠠᠭᠤᠨ ᠪᠥᠰᠡ ᠶᠢᠨ ᠲᠥᠪᠯᠡᠷᠡᠭᠰᠡᠨ ᠡᠷᠴᠢᠮ ᠬᠦᠴᠦᠩᠳᠡ ᠬᠤᠯᠪᠤᠬᠤ ᠵᠠᠶᠢᠯᠠᠰᠢ ᠦᠭᠡᠢ ᠱᠠᠭᠠᠷᠳᠠᠯᠭ᠎ᠠ ᠲᠠᠢ ᠪᠠᠶᠢᠨ᠎ᠠ᠃ ᠡᠶᠢᠮᠦ ᠳᠦ ᠠᠯᠲᠠᠢ ᠮᠥᠰᠦᠲᠦ ᠶᠢ ᠬᠣᠯᠪᠣᠭᠰᠠᠨ 160 ᠺᠢᠯᠣᠮᠧᠲ᠋ᠷ 35 ᠺᠢᠯᠣᠸᠣᠯᠲ᠋ ᠍ ᠤᠨ ᠴᠠᠬᠢᠯᠭᠠᠨ ᠳᠠᠮᠵᠢᠭᠤᠯᠬᠤ ᠠᠭᠠᠷ ᠤᠨ ᠱᠤᠭᠤᠮ ᠢ ᠰᠢᠨ᠎ᠡ ᠪᠡᠷ ᠪᠠᠷᠢᠬᠤ ᠬᠥᠷᠥᠩᠭᠡ ᠣᠷᠣᠭᠤᠯᠤᠯᠲᠠ ᠶᠢᠨ ᠵᠠᠷᠤᠳᠠᠯ ᠢ ᠤᠯᠤᠰ ᠤᠨ ᠲᠥᠪᠯᠡᠷᠡᠭᠰᠡᠨ ᠲᠥᠰᠥᠪ ᠲᠦ ᠲᠤᠰᠬᠠᠬᠤ ᠱᠠᠭᠠᠷᠳᠠᠯᠭ᠎ᠠ ᠲᠠᠢ ᠪᠠᠶᠢᠨ᠎ᠠ᠃

ᠤᠰᠤ ᠬᠠᠩᠭᠠᠮᠵᠢ

ᠰᠤᠮᠤ ᠶᠢᠨ ᠨᠤᠲᠤᠭ ᠲᠤ ᠲᠣᠮᠣ ᠵᠢᠵᠢᠭ᠂ ᠭᠣᠣᠯ ᠭᠣᠷᠭᠢ ᠪᠤᠯᠠᠭ ᠱᠠᠩᠳᠠ ᠣᠯᠠᠨ ᠪᠠᠶᠢᠳᠠᠭ᠃ ᠡᠳᠡᠭᠡᠷ ᠡᠴᠡ ᠲᠣᠮᠣᠬᠠᠨ ᠨᠢ ᠪᠣᠳᠣᠨᠴᠢ᠂ ᠠᠩᠭᠢᠷ ᠲᠤ᠂ ᠪᠠᠷᠯᠤᠭ᠂ ᠴᠠᠭᠳᠠᠭᠤᠯ ᠲᠠᠢ᠂ ᠬᠢᠶᠠᠭᠲᠤ᠂ ᠶᠤᠸᠠᠮᠪᠤᠤ᠂ ᠨᠠᠷᠢᠨ᠂ ᠨᠢᠴᠦᠭᠦᠨ᠂ ᠪᠤᠷᠢᠶᠠᠲᠤ ᠶᠢᠨ ᠭᠣᠣᠯ ᠤᠳ ᠪᠠᠭᠲᠠᠳᠠᠭ᠃ ᠬᠠᠮᠤᠭ ᠤᠨ ᠲᠣᠮᠣ ᠭᠣᠣᠯ ᠨᠢ ᠪᠣᠳᠣᠨᠴᠢ ᠥᠷᠭᠡᠨ ᠨᠢ 7-20 ᠮ᠂ ᠭᠦᠨ 0,2-1,0 ᠮ ᠤᠷᠤᠰᠬᠠᠯ ᠬᠤᠷᠳᠤ ᠨᠢ 0,2-1 ᠮ/ᠰᠧᠺ᠂ ᠠᠩᠭᠢᠷᠲ ᠤᠨ ᠭᠣᠣᠯ 70 ᠺᠢᠯᠣᠮᠧᠲ᠋ᠷ ᠤᠷᠲᠤ ᠲᠠᠢ᠃ᠪᠠᠷᠯᠤᠭ ᠭᠣᠣᠯ ᠨᠢ ᠵᠡᠭᠦᠨ ᠤᠷᠲᠤᠷᠢᠭ ᠤᠨ 90, ᠬᠣᠶᠢᠲᠤ ᠥᠷᠭᠡᠷᠢᠭ ᠦᠨ 45-49 ᠍ ᠳᠦ ᠣᠷᠣᠰᠢᠳᠠᠭ᠃ 10 ᠭᠠᠷᠤᠢ ᠭᠣᠣᠯ ᠭᠣᠷᠭᠢ ᠲᠠᠢ᠂ 20 ᠭᠠᠷᠤᠢ ᠪᠤᠯᠠᠭ ᠱᠠᠩᠳᠠ ᠲᠠᠢ᠃ ᠲᠠᠬᠢᠯ ᠳᠤ᠂ ᠬᠠᠷ᠎ᠠ ᠪᠤᠯᠠᠭ᠂ ᠠᠰᠬᠠᠲᠤ᠂ ᠬᠢᠶᠠᠭᠲᠤ᠂ ᠬᠥᠨᠳᠡᠯᠡᠨ ᠪᠤᠯᠠᠭ ᠤᠨ ᠷᠠᠰᠢᠶᠠᠨ ᠤᠰᠤ ᠲᠠᠢ᠃ ᠡᠳᠡᠭᠡᠷ ᠨᠢ ᠬᠦᠮᠦᠨ ᠦ ᠲᠥᠷᠥᠯ ᠪᠦᠷᠢ ᠶᠢᠨ ᠡᠪᠡᠳᠴᠢᠨ ᠢ ᠠᠨᠠᠭᠠᠬᠤ ᠤᠪᠢᠳᠠᠰᠤ ᠲᠠᠢ᠃ ᠰᠤᠮᠤ ᠶᠢᠨ ᠲᠥᠪ ᠲᠦ ᠴᠡᠪᠡᠷ ᠤᠰᠤᠨ ᠤ ᠡᠬᠢ ᠡᠭᠦᠰᠪᠦᠷᠢ ᠶᠢᠨ 3 ᠬᠤᠳᠳᠤᠭ 500 ᠯᠠ-1 ᠲᠣᠨ ᠤᠰᠤᠨ ᠤ ᠪᠠᠭᠲᠠᠭᠠᠮᠵᠢ ᠲᠠᠢ 3 ᠤᠰᠤᠨ ᠰᠠᠩ 70-90 ᠮ ᠭᠦᠨᠡ ᠡᠴᠡ ᠰᠢᠭᠤᠳ ᠨᠠᠰᠣᠰ ᠢᠶᠠᠷ ᠲᠠᠲᠠᠵᠤ ᠱᠤᠭᠤᠮ ᠬᠣᠭᠣᠯᠠᠢ ᠪᠠᠷ ᠲᠦᠭᠡᠭᠡᠵᠦ ᠪᠠᠶᠢᠨ᠎ᠠ᠃ 3 ᠬᠤᠳᠠᠩᠨᠠᠭᠠᠰᠤ ᠨᠡᠶᠢᠲᠡ 420 ᠡᠷᠦᠬᠡ ᠠᠶᠢᠯ᠂ 1 ᠬᠤᠳᠠᠩᠨᠠᠭᠠᠰᠤ ᠲᠥᠰᠥᠪ ᠦᠨ 5 ᠪᠠᠶᠢᠭᠤᠯᠤᠯᠭ᠎ᠠ ᠬᠠᠷᠢᠶᠠᠯᠠᠭᠳᠠᠨ ᠬᠣᠯᠪᠣᠭᠳᠠᠬᠤ ᠠᠵᠤ ᠠᠬᠤᠢ ᠶᠢᠨ ᠨᠢᠭᠡᠴᠡ ᠨᠦᠭᠦᠳ , ᠠᠶᠢᠯ ᠡᠷᠦᠬᠡ ᠨᠦᠭᠦᠳ ᠲᠦ ᠤᠰᠤ ᠲᠦᠭᠡᠭᠡᠵᠦ ᠪᠠᠶᠢᠨ᠎ᠠ᠃

ᠳᠤᠯᠠᠭᠠᠨ ᠬᠠᠩᠭᠠᠮᠵᠢ᠃ ᠰᠤᠮᠤ ᠶᠢᠨ ᠲᠥᠪ ᠲᠦ: ᠡᠷᠡᠭᠦᠯ ᠮᠡᠨᠳᠦ ᠶᠢᠨ ᠲᠥᠪ᠂ ᠶᠡᠷᠦᠩᠬᠡᠢ ᠪᠣᠯᠪᠠᠰᠤᠷᠠᠯ ᠤᠨ 12 ᠵᠢᠯ ᠦᠨ ᠰᠤᠷᠭᠠᠭᠤᠯᠢ᠂ ᠴᠡᠴᠡᠷᠯᠢᠭ᠂ ᠰᠤᠶᠤᠯ᠂ ᠲᠠᠮᠠᠭ᠎ᠠ ᠶᠢᠨ ᠭᠠᠵᠠᠷ ᠤᠨ ᠺᠣᠨᠲ᠋ᠣᠷ ᠤᠨ ᠪᠠᠷᠢᠯᠭ᠎ᠠ ᠶᠢᠨ ᠳᠤᠯᠠᠭᠠᠨ ᠬᠠᠩᠭᠠᠮᠵᠢᠨ ᠳᠤ ᠵᠣᠷᠢᠭᠤᠯᠤᠨ ᠨᠡᠶᠢᠲᠡ 4 ᠨᠠᠮ ᠳᠠᠷᠤᠯᠲᠠ ᠶᠢᠨ ᠠᠭᠤᠷ ᠤᠨ ᠵᠤᠤᠬ᠎ᠠ ᠠᠵᠢᠯᠯᠠᠵᠤ ᠪᠠᠶᠢᠨ᠎ᠠ᠃ ᠰᠢᠯᠵᠢᠯᠲᠡ ᠬᠥᠳᠡᠯᠭᠡᠭᠡᠨ

ᠲᠤᠰ ᠰᠤᠮᠤ ᠶᠢᠨ ᠨᠡᠶᠢᠲᠡ ᠬᠦᠮᠦᠨ ᠠᠮᠠ ᠶᠢᠨ 64 ᠬᠤᠪᠢ ᠨᠢ ᠰᠤᠮᠤ ᠶᠢᠨ ᠲᠥᠪ ᠲᠦ ᠠᠮᠢᠳᠤᠷᠠᠳᠠᠭ᠂ ᠰᠤᠮᠤ ᠶᠢᠨ ᠬᠦᠮᠦᠨ ᠠᠮᠠ ᠶᠢᠨ 53 ᠬᠤᠪᠢ ᠨᠢ ᠵᠠᠯᠠᠭᠤ ᠪᠣᠯᠤᠨ ᠳᠤᠮᠳᠠ ᠨᠠᠰᠤᠨ ᠤ ᠬᠢᠨ᠂ 35 ᠬᠤᠪᠢ ᠨᠢ ᠬᠡᠦᠬᠡᠳ᠂ 12 ᠬᠤᠪᠢ ᠨᠢ ᠬᠥᠭᠰᠢᠳᠡ ᠪᠠᠶᠢᠨ᠎ᠠ᠃

ᠣᠷᠣᠨ ᠰᠠᠭᠤᠴᠠᠨ ᠤ ᠬᠠᠩᠭᠠᠮᠵᠢ

ᠰᠤᠮᠤ ᠶᠢᠨ ᠬᠡᠮᠵᠢᠶᠡᠨ ᠳᠦ ᠢᠨᠵᠧᠨᠧᠷ ᠦᠨ ᠪᠦᠷᠢᠨ ᠬᠠᠩᠭᠠᠮᠵᠢᠲᠠᠢ ᠣᠷᠣᠨ ᠰᠠᠭᠤᠴᠠ ᠪᠠᠷᠢᠭᠳᠠᠭ᠎ᠠ ᠦᠭᠡᠢ ᠪᠥᠭᠡᠳ ᠰᠤᠮᠤ ᠶᠢᠨ ᠰᠢᠨ᠎ᠡ ᠲᠥᠪᠡᠳ ᠠᠶᠢᠯ ᠡᠷᠦᠬᠡ ᠨᠦᠭᠦᠳ 2009 ᠣᠨ ᠠᠴᠠ ᠰᠢᠯᠵᠢᠨ ᠢᠷᠡᠵᠦ ᠰᠠᠭᠤᠷᠢᠰᠢᠭᠰᠠᠨ ᠠᠴᠠ ᠬᠣᠶᠢᠰᠢ 20 ᠡᠷᠦᠬᠡ ᠬᠠᠰᠢᠶᠠᠨ ᠳᠤ ᠪᠠᠨ ᠠᠮᠢᠨ ᠤ ᠣᠷᠣᠨ ᠰᠠᠭᠤᠴᠠ ᠪᠠᠷᠢᠵᠤ ᠠᠰᠢᠭᠯᠠᠯᠲᠠᠨ ᠳᠤ ᠣᠷᠣᠭᠤᠯᠤᠯ᠎ᠠ᠃ ᠴᠢᠨᠠᠭᠰᠢᠳᠠ ᠠᠶᠢᠯ ᠡᠷᠦᠬᠡ ᠶᠢᠨ ᠠᠮᠢᠨ ᠤ ᠣᠷᠣᠨ ᠰᠠᠭᠤᠴᠠ ᠶᠢ ᠴᠡᠪᠡᠷ᠂ ᠪᠣᠬᠢᠷ ᠤᠰᠤᠨ ᠤ ᠲᠥᠪᠯᠡᠷᠡᠭᠰᠡᠨ ᠱᠤᠭᠤᠮ ᠰᠦᠯᠵᠢᠶᠡᠨ ᠳᠦ ᠬᠤᠯᠪᠤᠬᠤ ᠠᠵᠢᠯ ᠢ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠳᠡᠮᠵᠢᠬᠦ ᠪᠣᠳᠣᠯᠭ᠎ᠠ ᠪᠠᠷᠢᠵᠤ ᠠᠵᠢᠯᠯᠠᠨ᠎ᠠ᠃

  1. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠰᠤᠮᠤ᠂ ᠳᠡᠭᠦᠷᠭᠡ ᠪᠡᠷ)
  2. ᠬᠣᠪᠳᠣ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠬᠣᠪᠳᠣ ᠠᠶᠢᠮᠠᠭ ᠤᠨ ᠨᠡᠶᠢᠭᠡᠮ᠂ ᠡᠳ᠋ ᠍ ᠦᠨ ᠵᠠᠰᠠᠭ ᠤᠨ 2011 ᠣᠨ ᠤ ᠲᠠᠨᠢᠯᠴᠠᠭᠤᠯᠭ᠎ᠠ

ᠪᠢᠴᠢᠭᠡᠰᠦ