ᠠᠯᠲᠠᠢ ᠰᠤᠮᠤ (ᠪᠠᠶᠠᠨ-ᠥᠯᠥᠭᠡᠢ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠢ ᠰᠤᠮᠤ
ᠠᠯᠲᠠᠢ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠪᠠᠶᠠᠨ-ᠥᠯᠥᠭᠡᠢ ᠠᠶᠢᠮᠠᠭ
ᠨᠤᠲᠤᠭ ᠤᠨ ᠬᠤᠪᠢᠶᠠᠷᠢ
(5 ᠪᠠᠭ ᠲᠠᠢ)
1. ᠬᠠᠷ᠎ᠠ ᠨᠠᠭᠤᠷ
2. ᠤᠯᠠᠭᠠᠨ ᠬᠠᠳᠠ
3. ᠪᠠᠷᠳᠠᠮ
4. ᠰᠢᠬᠢᠷ ᠲᠡᠢ
5. ᠪᠣᠷᠪᠦᠦᠭᠠᠰ
ᠭᠠᠵᠠᠷ ᠨᠤᠲᠤᠭ 3,163.56 ᠺᠦᠸᠠᠳ᠋ ᠺᠢᠯᠣᠮᠧᠲ᠋ᠷ ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠬᠦᠮᠦᠨ ᠠᠮᠠ (2012) 3,659 ᠬᠦᠮᠦᠨ ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠰᠢᠤᠳᠠᠨ ᠳᠤᠭᠠᠷ 83150
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠪᠤᠶᠠᠨᠲᠤ
ᠲᠣᠯᠪᠣ
ᠰᠠᠭᠰᠠᠢ
ᠳᠡᠯᠢᠭᠦᠨ
ᠬᠥᠬᠥᠲᠣᠬᠣᠢ
ᠵᠠᠮ ᠤᠨ ᠤᠷᠲᠤ ᠥᠯᠥᠭᠡᠢ (112 ᠺᠢᠯᠣᠮᠧᠲ᠋ᠷ) [1]

ᠠᠯᠲᠠᠢ ᠨᠢ ᠪᠠᠶᠠᠨ-ᠥᠯᠥᠭᠡᠢ ᠠᠶᠢᠮᠠᠭ ᠤᠨ ᠰᠤᠮᠤ ᠶᠤᠮ᠃

ᠰᠤᠮᠤ ᠶᠢᠨ ᠶᠡᠷᠦᠩᠬᠡᠢ ᠲᠠᠨᠢᠯᠴᠠᠭᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠨ-ᠥᠯᠥᠭᠡᠢ ᠠᠶᠢᠮᠠᠭ ᠤᠨ ᠠᠯᠲᠠᠢ ᠰᠤᠮᠤ ᠨᠢ 1959 ᠣᠨ ᠳᠤ ᠪᠠᠶᠢᠭᠤᠯᠤᠭᠳᠠᠭᠰᠠᠨ᠂ ᠬᠠᠭᠤᠴᠢᠨ ᠢᠶᠠᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1959 ᠣᠨ ᠤ 2 ᠍ ᠍ ᠳᠦᠭᠡᠷ ᠰᠠᠷ᠎ᠠ ᠶᠢᠨ 12 ᠍ ᠍ ᠤ ᠡᠳᠦᠷ ᠦᠨ 129 ᠍ ᠍ ᠳᠦᠭᠡᠷ ᠵᠠᠷᠯᠢᠭ ᠢᠶᠠᠷ ᠪᠤᠶᠠᠨᠲᠤ ᠰᠤᠮᠤ ᠠᠴᠠ ᠡᠷᠦᠬᠡ ᠲᠤᠰᠠᠭᠠᠷᠯᠠᠨ ᠬᠠᠷ᠎ᠠ ᠪᠤᠲᠠ ᠭᠣᠣᠯ ᠤᠨ ᠡᠷᠭᠢ ᠳᠦ ᠰᠠᠭᠤᠷᠢ ᠪᠠᠨ ᠲᠠᠯᠪᠢᠵᠤ ᠠᠩᠬ᠎ᠠ ᠪᠠᠶᠢᠭᠤᠯᠤᠭᠳᠠᠭᠰᠠᠨ᠃ ᠬᠠᠭᠤᠴᠢᠨ ᠢᠶᠠᠷ ᠬᠣᠪᠳᠣ ᠠᠶᠢᠮᠠᠭ ᠤᠨ ᠵᠢᠷᠭᠠᠯᠠᠩᠲᠤ᠂ ᠰᠠᠭᠰᠠᠢ ᠬᠣᠰᠢᠭᠤᠨ ᠳᠤ ᠬᠠᠷᠢᠶᠠᠯᠠᠭᠳᠠᠵᠤ ᠪᠠᠶᠢᠭᠰᠠᠨ᠃ ᠠᠯᠲᠠᠢ ᠰᠤᠮᠤ ᠬᠠᠷ᠎ᠠ-ᠨᠠᠭᠤᠷ᠂ ᠪᠠᠷᠳᠠᠮ᠂ ᠤᠯᠠᠭᠠᠨᠬᠠᠳ᠂ ᠰᠢᠷ᠎ᠠ ᠭᠣᠪᠢ᠂ ᠰᠢᠬᠢᠷ ᠲᠡᠢ ᠭᠡᠰᠡᠨ 5 ᠪᠠᠭ ᠤᠨ ᠨᠡᠶᠢᠲᠡ 1034 ᠡᠷᠦᠬᠡ 3644 ᠬᠦᠮᠦᠨ ᠠᠮᠠ ᠲᠠᠢ᠃ ᠬᠦᠮᠦᠨ ᠠᠮᠠ᠂ ᠭᠠᠵᠠᠷ ᠨᠤᠲᠤᠭ ᠤᠨ ᠬᠡᠮᠵᠢᠭᠡᠷ ᠪᠠᠶᠠᠨ-ᠥᠯᠥᠭᠡᠢ ᠠᠶᠢᠮᠠᠭ ᠤᠨ 13 ᠰᠤᠮᠤ ᠠᠴᠠ 6 ᠍ ᠍ ᠳᠦ ᠣᠷᠣᠳᠠᠭ᠃

ᠭᠠᠵᠠᠷ ᠵᠦᠢ ᠶᠢᠨ ᠪᠠᠶᠢᠷᠢᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠨ-ᠥᠯᠥᠭᠡᠢ ᠠᠶᠢᠮᠠᠭ ᠤᠨ ᠪᠠᠷᠠᠭᠤᠨ ᠤᠷᠢᠳᠤ ᠬᠡᠰᠡᠭ ᠲᠦ: ᠤᠯᠠᠭᠠᠨᠪᠠᠭᠠᠲᠤᠷ ᠬᠣᠲᠠ ᠠᠴᠠ 1700 ᠺᠢᠯᠣᠮᠧᠲ᠋ᠷ᠂ ᠠᠶᠢᠮᠠᠭ ᠤᠨ ᠲᠥᠪ ᠡᠴᠡ 110 ᠺᠢᠯᠣᠮᠧᠲ᠋ᠷ ᠵᠠᠢ ᠳᠤ ᠪᠠᠶᠢᠷᠢᠯᠠᠳᠠᠭ᠃ ᠪᠠᠶᠠᠨ-ᠥᠯᠥᠭᠡᠢ ᠠᠶᠢᠮᠠᠭ ᠤᠨ ᠪᠤᠶᠠᠨᠲᠤ᠂ ᠰᠠᠭᠰᠠᠢ᠂ ᠲᠣᠯᠪᠣ᠂ ᠳᠡᠯᠢᠭᠦᠨ ᠰᠤᠮᠤᠳ ᠲᠠᠢ᠂ ᠮᠥᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠠᠢ ᠬᠢᠯᠢᠯᠡᠳᠡᠭ᠃

ᠪᠠᠶᠢᠭᠠᠯᠢ᠂ ᠭᠠᠵᠠᠷ ᠵᠦᠢ ᠶᠢᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ ᠶᠢᠨ ᠣᠨᠴᠠᠯᠢᠭ᠃ ᠳᠠᠯᠠᠢ ᠶᠢᠨ ᠲᠥᠪᠰᠢᠨ ᠡᠴᠡ ᠳᠡᠭᠡᠭᠰᠢ 2148-3575 ᠮ ᠡᠷᠭᠦᠭᠳᠡᠭᠰᠡᠨ᠃ ᠹᠢᠽᠢᠺ ᠭᠠᠵᠠᠷ ᠵᠦᠢ ᠶᠢᠨ ᠬᠤᠪᠢ ᠳᠤ ᠬᠣᠪᠳᠣ᠂ ᠢᠷᠴᠢᠰ ᠮᠥᠷᠡᠨ ᠦ ᠰᠠᠪᠠ ᠭᠠᠵᠠᠷ ᠤᠨ ᠬᠠᠭᠠᠯᠪᠤᠷᠢ ᠳᠤ᠂ ᠥᠨᠳᠥᠷ ᠠᠭᠤᠯᠠ ᠶᠢᠨ ᠪᠥᠰᠡ ᠨᠤᠲᠤᠭ ᠲᠤ ᠪᠠᠭᠲᠠᠳᠠᠭ᠃ᠭᠠᠵᠠᠷ ᠬᠥᠳᠡᠯᠦᠯ ᠦᠨ ᠡᠷᠴᠢᠮ 2 ᠪᠠᠯᠯ᠃ ᠰᠤᠮᠤ ᠶᠢᠨ ᠨᠤᠲᠤᠭ ᠳᠡᠪᠢᠰᠬᠡᠷ ᠨᠢ ᠥᠨᠳᠥᠷ ᠠᠭᠤᠯᠠ ᠶᠢᠨ ᠣᠯᠠᠨ ᠴᠦᠩᠬᠦᠭ᠂ ᠲᠡᠭᠦᠨ ᠡᠴᠡ ᠡᠬᠢ ᠠᠪᠤᠭᠰᠠᠨ ᠭᠣᠣᠯ ᠭᠣᠷᠭᠢ᠂ ᠪᠤᠯᠠᠭ ᠱᠠᠩᠳᠠ᠂ ᠨᠠᠭᠤᠷ ᠴᠥᠭᠦᠷᠦᠮ ᠶᠡᠬᠡ ᠲᠡᠢ᠂ ᠮᠠᠯ ᠠᠵᠤ ᠠᠬᠤᠢ ᠡᠷᠬᠢᠯᠡᠬᠦ ᠳᠦ ᠲᠣᠬᠢᠷᠠᠮᠵᠢᠲᠠᠢ᠃

ᠡᠳ᠋ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠨ ᠨᠤᠲᠤᠭ ᠤᠨ ᠲᠥᠰᠥᠪ: ᠲᠤᠰ ᠰᠤᠮᠤ ᠨᠢ ᠣᠷᠣᠨ ᠨᠤᠲᠤᠭ ᠤᠨ ᠲᠠᠲᠠᠪᠤᠷᠢ ᠶᠢᠨ ᠣᠷᠣᠯᠭ᠎ᠠ ᠪᠠᠷ 121,18 ᠰᠠᠶ᠎ᠠ ᠲᠥᠭᠥᠷᠢᠭ ᠦᠨ ᠣᠷᠣᠯᠭ᠎ᠠ ᠣᠷᠣᠭᠤᠯᠵᠤ ᠤᠯᠤᠰ ᠲᠤ ᠲᠥᠪᠯᠡᠷᠡᠭᠰᠡᠨ ᠲᠥᠰᠥᠪ ᠦᠨ ᠳᠡᠮᠵᠢᠯᠡᠭ 1,709 ᠰᠠᠶ᠋ᠢ ᠲᠥᠭᠦᠷᠢᠭᠡᠨ ᠦ ᠳᠡᠮᠵᠢᠯᠡᠭ ᠠᠪᠴᠤ ᠦᠢᠯᠡ ᠠᠵᠢᠯᠯᠠᠭ᠎ᠠ ᠶᠠᠪᠤᠭᠤᠯᠳᠠᠭ᠃ ᠨᠡᠶᠢᠲᠡ ᠵᠠᠷᠤᠳᠠᠯ 1830,18 ᠰᠠᠶ᠎ᠠ ᠲᠥᠭᠥᠷᠢᠭ ᠪᠠ ᠲᠡᠭᠦᠨ ᠦ 55-60% ᠴᠠᠯᠢᠩ᠂ 7% ᠨᠡᠶᠢᠭᠡᠮ ᠤᠨ ᠳᠠᠭᠠᠳᠬᠠᠯ ᠤᠨ ᠰᠢᠮᠡᠳᠭᠡᠯ᠂ 6-9% ᠬᠣᠭᠣᠯᠠᠨ ᠤ ᠵᠠᠷᠤᠳᠠᠯ᠂ 3-5 % ᠲᠦᠯᠡᠰᠢ ᠬᠠᠯᠠᠭᠠᠯᠲᠠ᠂ 1-6 % ᠡᠶᠢᠭ ᠲᠡᠭᠡᠭᠡᠪᠦᠷᠢ ᠰᠢᠲᠠᠬᠤᠨ ᠤ ᠵᠠᠷᠤᠳᠠᠯ ᠳᠤ ᠲᠤᠰ ᠲᠤᠰ ᠵᠠᠷᠤᠴᠠᠭᠤᠯᠵᠤ ᠪᠠᠶᠢᠨ᠎ᠠ᠃

ᠡᠳ᠋ ᠍ ᠍ ᠦᠨ ᠵᠠᠰᠠᠭ ᠤᠨ ᠪᠦᠲᠦᠴᠡ: ᠰᠤᠮᠤ ᠶᠢᠨ ᠬᠡᠮᠵᠢᠶᠡᠨ ᠳᠦ ᠨᠡᠶᠢᠲᠡ 21 ᠵᠢᠵᠢᠭ ᠠᠵᠤ ᠠᠬᠤᠢ ᠶᠢᠨ ᠨᠢᠭᠡᠴᠡ ᠪᠠᠶᠢᠭᠤᠯᠤᠯᠭ᠎ᠠ ᠦᠢᠯᠡ ᠠᠵᠢᠯᠯᠠᠭ᠎ᠠ ᠶᠠᠪᠤᠭᠤᠯᠵᠤ 155 ᠰᠠᠶ᠋ᠢ ᠲᠥᠭᠥᠷᠢᠭ ᠦᠨ ᠪᠦᠲᠦᠭᠡᠭᠳᠡᠬᠦᠨ ᠦᠢᠯᠡᠳᠪᠦᠷᠢᠯᠡᠵᠦ᠂ᠦᠢᠯᠡᠴᠢᠯᠡᠭᠡ ᠶᠠᠪᠤᠭᠤᠯᠵᠤ ᠤᠯᠤᠰ ᠣᠷᠣᠨ ᠨᠤᠲᠤᠭ ᠲᠤ 3.1 ᠰᠠᠶ᠎ᠠ ᠲᠥᠭᠥᠷᠢᠭ ᠦᠨ ᠲᠠᠲᠠᠪᠤᠷᠢ ᠲᠥᠪᠯᠡᠷᠡᠭᠦᠯᠵᠦ ᠪᠠᠶᠢᠨ᠎ᠠ᠃ ᠲᠤᠰ ᠰᠤᠮᠤ ᠳᠤ ᠵᠢᠭᠳᠡ ᠦᠢᠯᠡ ᠠᠵᠢᠯᠯᠠᠭ᠎ᠠ ᠶᠠᠪᠤᠭᠤᠯᠵᠤ ᠪᠠᠶᠢᠭ᠎ᠠ ᠲᠣᠮᠣᠬᠠᠨ ᠦᠢᠯᠡᠳᠪᠦᠷᠢ᠂ ᠠᠵᠤ ᠠᠬᠤᠢ ᠶᠢᠨ ᠨᠢᠭᠡᠴᠡ ᠦᠭᠡᠢ᠃ ᠬᠠᠷᠢᠨ ᠬᠦᠨᠡᠰᠦᠨ ᠦ ᠪᠣᠯᠤᠨ ᠲᠥᠷᠦᠯᠵᠢᠭᠰᠡᠨ ᠪᠠᠷᠠᠭᠠᠨ ᠤ 45 ᠳᠡᠯᠭᠡᠭᠦᠷ ᠡᠶᠢᠨ 11 ᠣᠷᠴᠢᠮ ᠳᠡᠯᠭᠡᠭᠦᠷ ᠨᠢ ᠲᠣᠲᠣᠮᠠᠯ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃

ᠬᠥᠳᠡᠭᠡ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠯ ᠰᠦᠷᠦᠭ ᠦᠨ ᠪᠦᠲᠦᠴᠡ: ᠰᠤᠮᠤ ᠶᠢᠨ ᠬᠡᠮᠵᠢᠶᠡᠨ ᠳᠦ ᠨᠡᠶᠢᠲᠡ 120650 ᠮᠠᠯᠤ ᠲᠠᠢ ᠠᠴᠠ ᠲᠡᠮᠡᠭᠡ 397 ᠲᠡᠮᠡᠭᠡ᠂ 6159 ᠠᠳᠤᠭᠤ᠂ 10251 ᠦᠬᠡᠷ᠂ 57106 ᠬᠣᠨᠢ᠂ 46737 ᠢᠮᠠᠭ᠎ᠠ ᠪᠠᠶᠢᠨ᠎ᠠ᠃ ᠡᠭᠦᠨ ᠡᠴᠡ ᠴᠡᠪᠡᠷ ᠡᠭᠦᠯᠳᠡᠷ᠂ ᠡᠷᠯᠢᠵᠡ᠂ ᠨᠤᠲᠤᠭ ᠤᠨ ᠰᠢᠯᠢᠮᠡᠯ ᠣᠮᠤᠭ ᠤᠨ 59960 ᠲᠣᠯᠣᠭᠠᠢ ᠮᠠᠯ ᠲᠣᠭᠠᠯᠠᠭᠳᠠᠭᠰᠠᠨ ᠨᠢ ᠨᠡᠶᠢᠲᠡ ᠮᠠᠯ ᠤᠨ 49.7 ᠬᠤᠪᠢ ᠶᠢ ᠡᠵᠡᠯᠡᠳᠡᠭ᠃695 ᠮᠠᠯᠴᠢᠨ ᠡᠷᠦᠬᠡ᠂ 292 ᠮᠠᠯ ᠪᠦᠬᠦᠢ ᠡᠷᠦᠬᠡ ᠪᠠᠶᠢᠭ᠎ᠠ ᠨᠢ ᠰᠤᠮᠤ ᠶᠢᠨ ᠨᠡᠶᠢᠲᠡ ᠡᠷᠦᠬᠡ ᠶᠢᠨ 95.4 ᠬᠤᠪᠢ ᠶᠢ ᠡᠵᠡᠯᠡᠵᠦ ᠪᠠᠶᠢᠨ᠎ᠠ᠃

ᠭᠠᠵᠠᠷ ᠲᠠᠷᠢᠶᠠᠯᠠᠩ: ᠰᠤᠮᠤ ᠶᠢᠨ ᠬᠡᠮᠵᠢᠶ᠎ᠡ ᠪᠡᠷ ᠵᠢᠯ ᠳᠤ ᠳᠤᠮᠳᠠᠴᠢ ᠪᠠᠷ 7620 ᠲᠣᠨ ᠪᠠᠶᠢᠭᠠᠯᠢ ᠶᠢᠨ ᠬᠠᠳᠤᠯᠠᠩ᠂ 65 ᠭᠠ ᠠᠴᠠ 220 ᠲᠣᠨ ᠨᠣᠭᠣᠭᠠᠨ ᠲᠡᠵᠢᠭᠡᠯ᠂ 3.4 ᠭᠠ ᠠᠴᠠ 28 ᠲᠣᠨ ᠲᠥᠮᠥᠰᠥ᠂ 1.5 ᠭᠠ ᠠᠴᠠ 9.5 ᠲᠣᠨ ᠬᠦᠨᠡᠰᠦᠨ ᠦ ᠨᠣᠭᠣᠭ᠎ᠠ ᠲᠤᠰ ᠲᠤᠰ ᠬᠤᠷᠢᠶᠠᠨ ᠠᠪᠳᠠᠭ᠃

ᠢᠨᠵᠧᠨᠧᠷ ᠦᠨ ᠳᠡᠳ᠋ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠮ ᠲᠡᠭᠡᠭᠡᠪᠦᠷᠢ᠃ ᠰᠤᠮᠤ ᠠᠴᠠ ᠠᠶᠢᠮᠠᠭ ᠤᠨ ᠲᠥᠪ ᠲᠡᠢ ᠬᠣᠯᠪᠣᠭᠳᠠᠬᠤ ᠣᠷᠣᠨ ᠨᠤᠲᠤᠭ ᠤᠨ ᠴᠢᠨᠠᠷᠲᠠᠢ 110 ᠺᠢᠯᠣᠮᠧᠲ᠋ᠷ᠂ ᠬᠢᠯᠢ ᠵᠠᠯᠭᠠᠭ᠎ᠠ ᠰᠤᠮᠤ ᠨᠤᠭᠤᠳ ᠪᠣᠯᠤᠨ ᠪᠠᠭ ᠤᠳ ᠬᠣᠭᠣᠷᠣᠨᠳᠣ ᠪᠠᠨ ᠰᠢᠷᠤᠶᠢᠨ ᠵᠠᠮ ᠢᠶᠠᠷ ᠬᠣᠯᠪᠣᠭᠳᠠᠳᠠᠭ᠃

ᠴᠠᠬᠢᠯᠭᠠᠨ ᠬᠠᠩᠭᠠᠮᠵᠢ᠃ ᠰᠤᠮᠤ ᠨᠢ ᠲᠥᠪᠯᠡᠷᠡᠭᠰᠡᠨ ᠡᠷᠴᠢᠮ ᠬᠦᠴᠦᠨ ᠦ ᠰᠢᠰᠲ᠋ᠧᠮ ᠳᠦ 2001 ᠣᠨ ᠳᠤ ᠬᠣᠯᠪᠣᠭᠳᠠᠭᠰᠠᠨ᠃ ᠰᠤᠮᠤ ᠶᠢᠨ ᠲᠥᠪ ᠲᠦ ᠪᠠᠷᠢᠭᠳᠠᠭᠰᠠᠨ 10 ᠺᠢᠯᠣᠸᠠᠲ ᠤᠨ ᠳᠡᠳ᠋ ᠰᠲ᠋ᠠᠨᠼᠢ ᠲᠠᠢ᠃

ᠤᠰᠤ ᠬᠠᠩᠭᠠᠮᠵᠢ᠃ ᠰᠤᠮᠤ ᠶᠢᠨ ᠲᠥᠪ ᠲᠦ ᠴᠡᠪᠡᠷ ᠤᠰᠤᠨ ᠤ ᠡᠬᠢ ᠡᠭᠦᠰᠪᠦᠷᠢ ᠶᠢᠨ ᠬᠤᠪᠢ ᠳᠤ ᠡᠪᠦᠯ ᠦᠨ ᠤᠯᠠᠷᠢᠯ ᠳᠤ ᠭᠦᠨ ᠦ 6 ᠬᠤᠳᠳᠤᠭ᠂ 98 ᠡᠩ ᠦᠨ ᠭᠠᠷ ᠬᠤᠳᠳᠤᠭ ᠢᠶᠠᠷ ᠵᠤᠨ ᠤ ᠤᠯᠠᠷᠢᠯ ᠳᠤ ᠭᠣᠣᠯ ᠤᠨ ᠤᠰᠤ ᠪᠠᠷ ᠬᠡᠷᠡᠭᠴᠡᠭᠡ ᠪᠡᠨ ᠬᠠᠩᠭᠠᠳᠠᠭ᠃ 5 ᠠᠯᠪᠠᠨ ᠪᠠᠶᠢᠭᠤᠯᠤᠯᠭ᠎ᠠ ᠲᠤᠰ ᠪᠦᠷᠢ ᠳᠦ 1 ᠭᠠᠷ ᠬᠤᠳᠳᠤᠭ ᠲᠠᠢ ᠵᠠᠷᠢᠮ ᠲᠣᠮᠣ ᠪᠠᠶᠢᠭᠤᠯᠤᠯᠭ᠎ᠠ ᠨᠤᠭᠤᠳ ᠲᠤ 2 ᠍ ᠍ ᠠᠴᠠ ᠳᠡᠭᠡᠭᠰᠢ ᠬᠤᠳᠳᠤᠭ ᠢᠶᠠᠷ ᠪᠠᠶᠢᠭᠤᠯᠤᠯᠭ᠎ᠠ ᠶᠢᠨ ᠬᠡᠷᠡᠭᠴᠡᠭᠡ ᠶᠢ ᠬᠠᠩᠭᠠᠨ ᠠᠵᠢᠯᠯᠠᠵᠤ ᠠᠶᠢᠯ ᠡᠷᠦᠬᠡ ᠳᠡᠭᠡᠷᠡᠬᠢ ᠭᠦᠨ ᠦ 6 ᠬᠤᠳᠳᠤᠭ ᠪᠣᠯᠤᠨ ᠡᠩ ᠦᠨ 98 ᠬᠤᠳᠳᠤᠭ ᠠᠴᠠ ᠤᠰᠤ ᠪᠠᠨ ᠠᠪᠴᠤ ᠪᠠᠶᠢᠨ᠎ᠠ᠃

ᠠᠷᠢᠭᠤᠳᠬᠠᠬᠤ ᠲᠠᠲᠠᠭᠤᠷᠬ᠎ᠠ᠃ ᠰᠤᠮᠤ ᠶᠢᠨ ᠲᠥᠪ ᠦᠨ ᠠᠶᠢᠯ ᠡᠷᠦᠬᠡ ᠨᠦᠭᠦᠳ ᠦᠨ 50 ᠬᠤᠪᠢ ᠨᠢ ᠪᠣᠬᠢᠷ ᠤᠰᠤᠨ ᠤ ᠴᠣᠨᠣᠭ ᠲᠠᠢ ᠪᠥᠭᠡᠳ ᠴᠢᠨᠠᠭᠰᠢᠳᠠ ᠰᠤᠮᠤ ᠶᠢᠨ ᠲᠥᠪ ᠦᠨ ᠠᠶᠢᠯ ᠡᠷᠦᠬᠡ ᠨᠦᠭᠦᠳ ᠢ 100 ᠬᠤᠪᠢ ᠪᠣᠬᠢᠷ ᠤᠰᠤᠨ ᠤ ᠴᠣᠨᠣᠭ ᠲᠠᠢ ᠪᠣᠯᠭᠠᠬᠤ ᠲᠠᠯ᠎ᠠ ᠪᠠᠷ ᠪᠣᠳᠣᠯᠭ᠎ᠠ ᠪᠠᠷᠢᠨ ᠠᠵᠢᠯᠯᠠᠵᠤ ᠪᠠᠶᠢᠨ᠎ᠠ᠃ᠰᠤᠮᠤᠨ ᠳᠤ ᠲᠥᠪᠯᠡᠷᠡᠭᠰᠡᠨ ᠠᠷᠢᠭᠤᠳᠬᠠᠬᠤ ᠲᠠᠲᠠᠭᠤᠷᠭ᠎ᠠ ᠶᠢᠨ ᠪᠠᠶᠢᠭᠤᠯᠤᠮᠵᠢ ᠪᠠᠶᠢᠬᠤ ᠦᠭᠡᠢ᠃

ᠳᠤᠯᠠᠭᠠᠨ ᠬᠠᠩᠭᠠᠮᠵᠢ᠃ ᠰᠤᠮᠤ ᠶᠢᠨ ᠲᠥᠪ ᠲᠦ 5 ᠠᠯᠪᠠᠨ ᠪᠠᠶᠢᠭᠤᠯᠤᠯᠭ᠎ᠠ ᠨᠠᠮ ᠳᠠᠷᠤᠯᠲᠠ ᠶᠢᠨ ᠠᠭᠤᠷ ᠤᠨ ᠵᠤᠤᠬ᠎ᠠ ᠠᠰᠢᠭᠯᠠᠨ ᠳᠤᠯᠠᠭᠠᠨ ᠤ ᠬᠡᠷᠡᠭᠴᠡᠭᠡ ᠬᠠᠩᠭᠠᠵᠤ ᠪᠠᠶᠢᠨ᠎ᠠ᠃

ᠰᠤᠮᠤ ᠶᠢᠨ ᠬᠥᠰᠢᠶ᠎ᠡ ᠳᠤᠷᠠᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠶᠢᠨ 5 ᠍ ᠍ ᠳᠦᠭᠡᠷ ᠪᠠᠭ ᠤᠨ 《ᠬᠠᠷ᠎ᠠ ᠦᠵᠦᠭᠦᠷ》 ᠭᠡᠳᠡᠭ ᠭᠠᠵᠠᠷ ᠲᠤ ᠮᠣᠩᠭᠣᠯ ᠤᠯᠤᠰ ᠤᠨ ᠪᠠᠭᠠᠲᠤᠷ ᠬ᠃ᠳᠠᠮᠪᠠ᠂ ᠳ᠃ᠨᠠᠮᠨᠠᠩ ᠨᠠᠷ ᠤᠨ ᠬᠥᠰᠢᠶ᠎ᠡ ᠪᠠᠶᠢᠳᠠᠭ᠃

ᠰᠤᠮᠤ ᠶᠢᠨ ᠬᠥᠭᠵᠢᠯ ᠦᠨ ᠵᠣᠷᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠨᠢ 《ᠬᠥᠳᠡᠭᠡ ᠠᠵᠤ ᠠᠬᠤᠢ᠂ ᠮᠠᠯ ᠠᠵᠤ ᠠᠬᠤᠢ ᠶᠢᠨ ᠭᠠᠷᠤᠯ ᠲᠠᠢ ᠡᠺᠣᠯᠣᠭ ᠤᠨ ᠴᠡᠪᠡᠷ ᠪᠦᠲᠦᠭᠡᠭᠳᠡᠬᠦᠨ ᠦᠢᠯᠡᠳᠪᠦᠷᠢᠯᠡᠭᠴᠢ ᠰᠤᠮᠤ》 ᠪᠣᠯᠬᠤ ᠵᠣᠷᠢᠯᠭ᠎ᠠ ᠲᠠᠯᠪᠢᠵᠤ ᠳᠠᠷᠠᠭᠠᠬᠢ ᠭᠣᠣᠯ ᠵᠣᠷᠢᠯᠲᠠ ᠨᠤᠭᠤᠳ ᠢ ᠳᠡᠪᠰᠢᠭᠦᠯᠦᠨ ᠠᠵᠢᠯᠯᠠᠵᠤ ᠪᠠᠶᠢᠨ᠎ᠠ᠃ ᠡᠭᠦᠨ ᠳᠦ: ᠡᠳ᠋ ᠍ ᠍ ᠦᠨ ᠵᠠᠰᠠᠭ ᠤᠨ ᠪᠦᠲᠦᠴᠡ ᠶᠢ ᠪᠣᠯᠪᠠᠰᠤᠷᠠᠩᠭᠤᠢ ᠪᠣᠯᠭᠠᠵᠤ᠂ ᠬᠡᠷᠡᠭᠯᠡᠭᠴᠢ ᠰᠤᠮᠤ ᠠᠴᠠ ᠦᠢᠯᠡᠳᠪᠦᠷᠢᠯᠡᠭᠴᠢ ᠰᠤᠮᠤ ᠪᠣᠯᠬᠤ ᠰᠠᠭᠤᠷᠢ ᠨᠥᠬᠥᠴᠡᠯ ᠢ ᠪᠦᠷᠢᠳᠦᠭᠦᠯᠬᠦ ᠠᠵᠢᠯ ᠤᠨᠨ ᠪᠠᠶᠢᠷᠢ ᠶᠢ 2-3 ᠳᠠᠬᠢᠨ ᠨᠡᠮᠡᠭᠳᠡᠭᠦᠯᠵᠦ᠂ ᠠᠵᠢᠯᠯᠠᠬᠤ ᠬᠦᠴᠦᠨ ᠦ ᠪᠠᠶᠢᠷᠢᠰᠢᠯ ᠢ ᠬᠦᠮᠦᠨ ᠠᠮᠠ ᠶᠢᠨ ᠰᠠᠭᠤᠷᠢᠰᠢᠯ᠂ ᠭᠠᠵᠠᠷ ᠨᠤᠲᠤᠭ ᠤᠨ ᠵᠣᠬᠢᠶᠠᠨ ᠪᠠᠶᠢᠭᠤᠯᠤᠯᠲᠠ᠂ ᠡᠳ᠋ ᠍ ᠍ ᠦᠨ ᠵᠠᠰᠠᠭ ᠤᠨ ᠪᠦᠲᠦᠴᠡ ᠲᠡᠢ ᠤᠶᠠᠯᠳᠤᠭᠤᠯᠤᠨ ᠵᠥᠪ ᠪᠠᠶᠢᠷᠢᠰᠢᠭᠤᠯᠬᠤ ᠨᠡᠶᠢᠭᠡᠮ ᠤᠨ ᠳᠡᠳ᠋ ᠪᠦᠲᠦᠴᠡ᠂ ᠣᠷᠣᠨ ᠰᠠᠭᠤᠴᠠᠨ ᠤ ᠬᠠᠩᠭᠠᠮᠵᠢ ᠶᠢᠨ ᠳᠡᠭᠡᠭᠰᠢᠯᠡᠭᠦᠯᠬᠦ

ᠰᠤᠮᠤ ᠶᠢᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠ᠂ ᠵᠡᠰ᠂ ᠰᠢᠷ᠎ᠠ ᠰᠢᠪᠠᠷ᠂ ᠵᠡᠷᠭᠡ ᠪᠠᠶᠢᠭᠠᠯᠢ ᠶᠢᠨ ᠠᠰᠢᠭᠲᠤ ᠮᠠᠯᠲᠠᠮᠠᠯ ᠤᠨ ᠪᠠᠶᠠᠯᠢᠭ ᠲᠠᠢ᠃ ᠠᠯᠲᠠᠢ ᠰᠣᠶᠣᠭᠠᠨ ᠤ ᠨᠢᠷᠤᠭᠤᠨ ᠤ ᠲᠤᠰᠬᠠᠢ ᠬᠠᠮᠠᠭᠠᠯᠠᠯ ᠲᠠᠢ ᠨᠤᠲᠤᠭ ᠪᠦᠬᠦᠢ ᠪᠠᠶᠢᠭᠠᠯᠢ ᠶᠢᠨ ᠦᠵᠡᠰᠬᠦᠯᠡᠩᠲᠦ 《ᠶᠣᠯᠣ ᠳᠤ》 ᠍ ᠍ ᠤᠨ ᠰᠠᠪᠠ ᠭᠠᠵᠠᠷ ᠨᠤᠲᠤᠭ ᠲᠠᠢ᠃ ᠲᠤᠰ ᠭᠠᠵᠠᠷ ᠲᠤ ᠬᠦᠷᠢᠨ ᠪᠠᠭᠠᠪᠠᠭᠠᠢ᠂ ᠬᠠᠯᠢᠭᠤᠨ ᠪᠤᠭᠤ᠂ ᠠᠷᠭᠠᠯᠢ᠂ ᠶᠠᠩᠭᠢᠷ ᠵᠡᠷᠭᠡ ᠳᠠᠷᠬᠠᠨ ᠴᠠᠭᠠᠵᠠ ᠲᠠᠢ ᠠᠮᠢᠲᠠᠳ ᠮᠥᠨ ᠶᠣᠯᠣ᠂ ᠲᠠᠰ᠂ ᠪᠦᠷᠭᠦᠳ᠂ ᠱᠣᠩᠬᠣᠷ᠂ ᠬᠣᠶᠢᠯᠣᠭ᠂ ᠢᠲᠠᠭᠤ ᠵᠡᠷᠭᠡ ᠨᠡᠩ ᠬᠣᠪᠣᠷᠳᠠᠭᠰᠠᠨ ᠰᠢᠪᠠᠭᠤᠳ ᠪᠠᠶᠢᠳᠠᠭ᠃ ᠡᠨᠡᠬᠦ ᠣᠩᠭᠣᠨ ᠪᠠᠶᠢᠭᠠᠯᠢ ᠳᠤ ᠲᠤᠯᠭᠠᠭᠤᠷᠢᠯᠠᠵᠤ ᠠᠶᠠᠯᠠᠯ ᠵᠢᠭᠤᠯᠴᠢᠯᠠᠯ ᠢ ᠬᠥᠭᠵᠢᠭᠦᠯᠬᠦ ᠪᠦᠷᠢᠨ ᠪᠣᠯᠤᠯᠴᠠᠭ᠎ᠠ ᠲᠠᠢ ᠨᠤᠲᠤᠭ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

  1. ᠪᠠᠶᠠᠨ-ᠥᠯᠥᠭᠡᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ «ᠪᠠᠶᠠᠨ-ᠥᠯᠥᠭᠡᠢ ᠠᠶᠢᠮᠠᠭ ᠤᠨ ᠰᠲ᠋ᠠᠲ᠋ᠢᠰᠲ᠋ᠢᠭ ᠤᠨ ᠡᠮᠬᠢᠳᠬᠡᠯ-2012 ᠣᠨ».

ᠪᠢᠴᠢᠭᠡᠰᠦ