ᠠᠯᠲᠠᠢ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠢ ᠬᠣᠲᠠ

ᠠᠯᠲᠠᠢ
ᠤᠯᠤᠰ ᠣᠷᠣᠨ Flag of Mongolia.svg ᠮᠣᠩᠭᠣᠯ
ᠠᠶᠢᠮᠠᠭ Govi-Altai flag 2011.png ᠭᠣᠪᠢ-ᠠᠯᠲᠠᠢ
ᠰᠤᠮᠤ ᠶᠢᠰᠦᠨ ᠪᠤᠯᠠᠭ
ᠬᠣᠲᠠ ᠠᠯᠲᠠᠢ
ᠨᠤᠲᠤᠭ ᠤᠨ ᠣᠯᠠᠨ ᠠᠯᠲᠠᠢ ᠶᠢᠨ ᠬᠢᠨ᠂ ᠠᠯᠲᠠᠢ ᠬᠣᠲᠠ ᠶᠢᠨ ᠬᠢᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (ГЦ+8)
ᠠᠯᠲᠠᠢ (ᠬᠤᠳᠤᠮ ᠮᠣᠩᠭᠣᠯ ᠢᠶᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠠᠯᠲᠠᠢ) — ᠮᠣᠩᠭᠣᠯ ᠤᠯᠤᠰ ᠤᠨ ᠭᠣᠪᠢ-ᠠᠯᠲᠠᠢ ᠠᠶᠢᠮᠠᠭ ᠤᠨ ᠲᠥᠪ ᠨᠢ ᠪᠣᠯᠬᠤ ᠬᠣᠲᠠ. ᠠᠶᠢᠮᠠᠭ ᠳᠣᠲᠣᠷ᠎ᠠ ᠪᠠᠨ ᠪᠠᠰᠠ ᠶᠢᠰᠦᠨ ᠪᠤᠯᠠᠭ ᠰᠤᠮᠤᠨ ᠳᠤ ᠬᠠᠷᠢᠶᠠᠯᠠᠭᠳᠠᠳᠠᠭ᠃ ᠠᠯᠲᠠᠢ ᠭᠡᠳᠡᠭ ᠨᠢ ᠥᠪᠡᠷ ᠢᠶᠡᠨ ᠲᠦᠭᠡᠮᠡᠯ ᠨᠡᠷ᠎ᠡ᠃ ᠲᠡᠶᠢᠮᠦ ᠡᠴᠡ ᠡᠨᠡ ᠨᠤᠲᠤᠭ ᠢ ᠮᠣᠩᠭᠣᠯ ᠬᠡᠯᠡᠨ ᠢᠶᠡᠨ ᠠᠯᠲᠠᠢ ᠬᠣᠲᠠ ᠭᠡᠵᠦ ᠪᠤᠰᠤᠳ ᠠᠴᠠ ᠨᠢ ᠢᠯᠭᠠᠵᠤ ᠰᠠᠯᠭᠠᠵᠤ ᠣᠶᠢᠯᠠᠭᠠᠳᠠᠭ᠃

ᠠᠯᠲᠠᠢ ᠬᠣᠲᠠ ᠤᠯᠠᠭᠠᠨᠪᠠᠭᠠᠲᠤᠷᠠ ᠠᠴᠠ ᠪᠠᠷᠠᠭᠤᠨ ᠤᠷᠤᠭᠰᠢ 1001 ᠺᠢᠯᠣᠮᠧᠲ᠋ᠷ ᠵᠠᠢ ᠶᠢᠨ ᠳᠤ ᠳᠠᠯᠠᠢ ᠶᠢᠨ ᠲᠦᠪᠰᠢᠨ ᠡᠴᠡ 2181 ᠮ ᠥᠨᠳᠥᠷ ᠲᠦ 51 ᠺᠦᠸᠠᠳ᠋ ᠺᠢᠯᠣᠮᠧᠲ᠋ᠷ ᠭᠠᠵᠠᠷ ᠨᠤᠲᠤᠭ ᠢ ᠡᠵᠡᠯᠡᠨ ᠣᠷᠣᠰᠢᠳᠠᠭ᠃ 2008 ᠣᠨ ᠳᠤ 15,800 ᠣᠷᠣᠰᠢᠨ ᠰᠠᠭᠤᠭᠴᠢ ᠲᠠᠢ ᠪᠠᠶᠢᠭᠰᠠᠨ᠃ ᠲᠡᠭᠡᠬᠦ ᠪᠡᠷ ᠮᠣᠩᠭᠣᠯ ᠳᠤ ᠪᠠᠨ ᠬᠠᠮᠤᠭ ᠤᠨ ᠥᠨᠳᠥᠷ ᠭᠠᠵᠠᠷ ᠤᠨ ᠬᠣᠲᠠ᠂ ᠪᠠᠰᠠ 20 ᠍ ᠳᠦᠭᠡᠷ ᠣᠯᠠᠨ ᠬᠦᠮᠦᠨ ᠠᠮᠠ ᠲᠠᠢ ᠬᠣᠲᠠ ᠶᠤᠮ᠃

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠢ ᠬᠣᠲᠠ ᠶᠢᠨ ᠨᠢᠰᠬᠦ ᠪᠠᠭᠤᠳᠠᠯ ᠨᠢ ᠨᠢᠰᠦᠯᠭᠡ ᠶᠢᠨ ᠨᠢᠭᠡ ᠰᠢᠷᠤᠶᠢᠨ ᠵᠤᠷᠪᠤᠰ ᠲᠠᠢ᠃ ᠡᠨᠳᠡ ᠡᠴᠡ ᠠᠷᠪᠠᠶᠢᠬᠦ ᠪᠡᠷ- ᠤᠯᠠᠭᠠᠨᠪᠠᠭᠠᠲᠤᠷ ᠍ ᠤᠨ ᠴᠢᠭᠯᠡᠯ ᠳᠦ ᠬᠤᠪᠢᠶᠠᠷᠢ ᠳᠤ ᠨᠢᠰᠦᠯᠭᠡ ᠲᠡᠢ ᠪᠠᠶᠢᠳᠠᠭ᠃

ᠲᠡᠦᠬᠡ ᠰᠤᠶᠤᠯ ᠤᠨ ᠳᠤᠷᠠᠰᠬᠠᠯ᠂ ᠪᠠᠷᠢᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠢ ᠬᠣᠲᠠ ᠶᠢᠨ ᠲᠥᠪ ᠲᠠᠯᠠᠪᠠᠢ ᠨᠢ 1945 ᠣᠨ ᠤ ᠴᠢᠯᠦᠭᠡᠯᠡᠬᠦ ᠳᠠᠶᠢᠨ ᠤ ᠦᠶ᠎ᠡ ᠳᠦ ᠵᠠᠩᠴᠠᠬᠦᠦ ᠶᠢᠨ ᠳᠠᠪᠠᠭᠠᠨ ᠤ ᠶᠠᠫᠣᠨ ᠤ ᠪᠡᠬᠢᠯᠡᠯᠲᠡ ᠶᠢ ᠳᠠᠭᠠᠷᠢᠨ ᠡᠵᠡᠯᠡᠬᠦ ᠦᠶ᠎ᠡ ᠳᠦ ᠠᠮᠢ ᠨᠠᠰᠤ ᠪᠠᠨ ᠦᠯᠦ ᠬᠠᠶᠢᠷᠠᠯᠠᠨ ᠴᠡᠷᠢᠭ ᠦᠨ ᠡᠭᠦᠷᠭᠡ ᠪᠡᠨ ᠪᠡᠶᠡᠯᠡᠭᠦᠯᠦᠨ ᠳᠠᠶᠢᠰᠤᠨ ᠤ ᠭᠠᠯᠠᠩ ᠳᠣᠣᠷ᠎ᠠ ᠲᠠᠰᠤᠷᠠᠭᠰᠠᠨ ᠬᠣᠯᠪᠣᠭᠠᠨ ᠤ ᠤᠲᠠᠰᠤ ᠪᠠᠨ ᠠᠮᠠ ᠪᠠᠷ ᠢᠶᠠᠨ ᠵᠠᠭᠤᠨ ᠠᠩᠭᠢ ᠨᠢᠭᠡᠳᠬᠡᠯ ᠦᠨ ᠬᠣᠭᠣᠷᠣᠨᠳᠣ ᠶᠢᠨ ᠬᠠᠷᠢᠯᠴᠠᠭ᠎ᠠ ᠶᠢ ᠬᠠᠩᠭᠠᠨ ᠠᠯᠲᠠᠨ ᠠᠮᠢᠶ᠎ᠠ ᠠᠯᠠᠳᠠᠭᠰᠠᠨ ᠮᠣᠩᠭᠣᠯ ᠤᠯᠤᠰ ᠤᠨ ᠪᠠᠭᠠᠲᠤᠷ ᠵᠠᠩᠴᠢᠪ ᠤᠨ ᠨᠡᠷ᠎ᠡ ᠪᠡᠷ ᠨᠡᠷᠡᠯᠡᠭᠳᠡᠭᠰᠡᠨ ᠪᠠᠶᠢᠨ᠎ᠠ᠃ ᠮᠥᠨ ᠲᠠᠯᠠᠪᠠᠢ ᠳᠤ ᠬᠣᠯᠪᠣᠭᠠᠨ ᠤ ᠳᠠᠮᠤᠷ ᠢᠶᠠᠨ ᠪᠠᠷᠢᠨ ᠪᠠᠭᠤᠭ᠎ᠠ ᠮᠥᠷᠦᠪᠴᠢᠯᠡᠭᠰᠡᠨ ᠵᠠᠩᠴᠢᠪ ᠪᠠᠭᠠᠲᠤᠷ ᠤᠨ ᠭᠡᠷᠡᠯᠲᠦ ᠢᠷᠡᠭᠡᠳᠦᠢ ᠶᠢᠨ ᠲᠥᠯᠥᠭᠡ ᠤᠷᠤᠭᠰᠢ ᠠᠯᠬᠤᠵᠤ ᠪᠠᠶᠢᠭ᠎ᠠ ᠬᠥᠰᠢᠶ᠎ᠡ ᠰᠦᠨᠳᠡᠷᠯᠡᠵᠦ ᠪᠠᠶᠢᠳᠠᠭ᠃ ᠡᠭᠦᠨ ᠡᠴᠡ ᠭᠠᠳᠠᠨ᠎ᠠ ᠵᠠᠩᠴᠢᠪ ᠤᠨ ᠲᠠᠯᠠᠪᠠᠢ ᠳᠠᠬᠤ ᠪᠠᠰᠠ ᠨᠢᠭᠡ ᠣᠨᠴᠠᠯᠢᠭ ᠳᠤᠷᠠᠰᠬᠠᠯ ᠨᠢ ᠪᠠᠷᠠᠭᠤᠨ ᠮᠣᠩᠭᠣᠯ᠂ ᠲᠡᠷᠡ ᠲᠤᠰᠤᠮ ᠢᠶᠠᠨ ᠠᠯᠲᠠᠢ ᠨᠤᠲᠤᠭ ᠤᠨ ᠪᠠᠬᠠᠷᠬᠠᠯ ᠪᠣᠯᠤᠭᠰᠠᠨ ᠠᠯᠲᠠᠢ ᠶᠢᠨ ᠨᠢᠷᠤᠭᠤᠨ ᠳᠤ ᠵᠣᠷᠢᠭᠤᠯᠤᠨ ᠮᠣᠩᠭᠣᠯ ᠤᠨ ᠬᠥᠭᠵᠢᠮ ᠦᠨ ᠵᠣᠬᠢᠶᠠᠯᠴᠢ ᠢᠷᠠᠭᠤ ᠨᠠᠶᠢᠷᠠᠭᠴᠢ ᠨᠠᠷ ᠤᠨ ᠰᠢᠯᠢᠳᠡᠭ ᠪᠦᠲᠦᠭᠡᠯ ᠪᠣᠯᠬᠤ 《ᠵᠤᠯᠠᠢ ᠴᠠᠭᠠᠨ ᠠᠯᠲᠠᠢ》 ᠳᠠᠭᠤᠨ ᠤ ᠬᠥᠰᠢᠶ᠎ᠡ ᠠᠶᠢᠮᠠᠭ ᠤᠨ ᠲᠥᠷᠥ ᠶᠢᠨ ᠵᠠᠬᠢᠷᠭᠠᠨ ᠤ ᠣᠷᠳᠣᠨ ᠤ ᠡᠮᠦᠨ᠎ᠡ ᠰᠦᠨᠳᠡᠷᠯᠡᠵᠦ ᠪᠠᠶᠢᠳᠠᠭ᠃ ᠡᠨᠡᠬᠦ ᠨᠡᠶᠢᠲᠡ ᠳᠦ ᠶᠡᠬᠡᠳᠡ ᠲᠦᠭᠡᠨ ᠠᠯᠳᠠᠷᠰᠢᠭᠰᠠᠨ ᠠᠯᠲᠠᠢ ᠶᠢᠨ ᠮᠠᠭᠲᠠᠭᠠᠯ ᠳᠠᠭᠤᠨ ᠳᠤ ᠵᠣᠷᠢᠭᠤᠯᠤᠭᠰᠠᠨ ᠬᠥᠰᠢᠶ᠎ᠡ ᠨᠢ ᠮᠣᠩᠭᠣᠯ ᠤᠯᠤᠰ ᠲᠤ ᠳᠠᠭᠤᠨ ᠳᠤ ᠵᠣᠷᠢᠭᠤᠯᠤᠨ ᠪᠣᠰᠬᠠᠭᠰᠠᠨ 2 ᠳᠠᠬᠤ ᠬᠥᠰᠢᠶ᠎ᠡ ᠶᠤᠮ᠃ ᠳᠡᠭᠡᠷᠡᠬᠢ ᠡᠴᠡ ᠭᠠᠳᠠᠨ᠎ᠠ ᠭᠣᠪᠢ-ᠠᠯᠲᠠᠢ ᠠᠶᠢᠮᠠᠭ ᠤᠨ ᠬᠥᠭᠵᠢᠮᠲᠦ ᠳ᠋ᠷᠠᠮ ᠤᠨ ᠲᠢᠶᠠᠲ᠋ᠷ ᠤᠨ ᠰᠦᠯᠳᠡ ᠴᠢᠮᠡᠭ ᠪᠣᠯᠳᠠᠭ 《ᠠᠯᠲᠠᠢ》 ᠴᠢᠭᠤᠯᠭ᠎ᠠ ᠶᠢᠨ ᠲᠢᠶᠠᠲ᠋ᠷ ᠤᠨ ᠪᠠᠶᠢᠷᠢ ᠨᠢ ᠠᠷᠬᠢᠲ᠋ᠧᠺᠲ᠋ᠣᠷ ᠤᠨ ᠥᠪᠡᠷᠮᠢᠴᠡ ᠰᠢᠢᠳᠦᠯ ᠪᠦᠬᠦᠢ ᠤᠷᠠᠨ ᠪᠠᠷᠢᠯᠭ᠎ᠠ ᠶᠤᠮ᠃ ᠠᠶᠢᠮᠠᠭ ᠤᠨ ᠲᠥᠪ ᠲᠦ ᠤᠷᠤᠰᠢᠬᠤ 《ᠠᠶᠢᠮᠠᠭ ᠤᠨ ᠣᠷᠣᠨ ᠨᠤᠲᠤᠭ ᠢ ᠰᠤᠳᠤᠯᠬᠤ ᠲᠥᠪ ᠮᠦᠽᠧᠢ》 ᠨᠢ ᠠᠯᠲᠠᠢ ᠨᠤᠲᠤᠭ ᠤᠨ ᠲᠡᠦᠬᠡ᠂ ᠤᠯᠠᠮᠵᠢᠯᠠᠯ᠂ ᠬᠦᠮᠦᠨ ᠠᠮᠠ᠂ ᠲᠡᠭᠦᠨ ᠦ ᠶᠣᠰᠣ ᠵᠠᠩᠰᠢᠯ᠂ ᠠᠬᠤᠢ ᠠᠮᠢᠳᠤᠷᠠᠯ᠂ ᠠᠯᠳᠠᠷᠲᠠᠨᠤᠭ ᠤᠳ ᠤᠨ ᠲᠤᠬᠠᠢ ᠲᠡᠳᠦᠢ ᠦᠭᠡᠢ ᠠᠮᠠᠢ ᠶᠢᠨ ᠬᠡᠮᠵᠢᠶᠡᠨ ᠦ ᠭᠧᠣᠯᠣᠭᠢ ᠶᠢᠨ ᠲᠣᠭᠲᠠᠴᠠ᠂ ᠠᠰᠢᠭᠲᠤ ᠮᠠᠯᠲᠠᠮᠠᠯ ᠤᠨ ᠲᠤᠬᠠᠢ ᠪᠠᠶᠠᠯᠢᠭ ᠦᠵᠡᠮᠦᠷᠢ ᠰᠠᠩ ᠬᠥᠮᠥᠷᠭᠡ ᠲᠡᠢ᠃

ᠠᠯᠳᠠᠷᠲᠠᠨᠤᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠰᠢᠯᠢ ᠶᠢᠨ ᠰᠠᠶᠢᠨ ᠡᠷ᠎ᠡ ᠴᠠᠬᠢᠭᠤᠷ ᠲᠡᠮᠦᠷ
  • ᠠᠷᠠᠳ ᠤᠨ ᠵᠣᠬᠢᠶᠠᠯᠴᠢ ᠴᠤ᠃ᠯᠣᠳᠤᠶᠢᠳᠠᠮᠪᠠ
  • ᠠᠷᠠᠳ ᠤᠨ ᠵᠣᠬᠢᠶᠠᠯᠴᠢ ᠯᠠ᠃ᠲᠦᠳᠦᠪ
  • ᠮᠣᠩᠭᠣᠯ ᠤᠯᠤᠰ ᠤᠨ ᠪᠠᠭᠠᠲᠤᠷ ᠵᠠᠩᠴᠢᠪ
  • ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠯᠣᠳᠣᠶᠢᠬᠦᠦ

ᠰᠣᠨᠢᠷᠬᠠᠯᠲᠠᠢ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠯᠲᠠᠢ ᠬᠣᠲᠠ ᠪᠤᠶᠤ ᠶᠢᠰᠦᠨ ᠪᠤᠯᠠᠭ ᠰᠠᠭᠤᠷᠢᠨ ᠨᠢ ᠤᠮᠳᠠ ᠠᠬᠤᠢ ᠶᠢᠨ ᠤᠰᠤᠨ ᠬᠠᠩᠭᠠᠮᠵᠢ ᠶᠢᠨ ᠲᠠᠯ᠎ᠠ ᠪᠠᠷ ᠬᠠᠲᠠᠭᠤᠯᠢᠭ ᠶᠡᠬᠡ ᠲᠡᠢ ᠤᠰᠤ ᠪᠦᠬᠦᠢ ᠭᠠᠵᠠᠷ ᠲᠤ ᠣᠷᠣᠰᠢᠳᠠᠭ ᠢᠶᠠᠷ ᠢᠶᠠᠨ ᠣᠨᠴᠠᠯᠢᠭ᠃
  • ᠭᠣᠪᠢ-ᠠᠯᠲᠠᠢ ᠠᠮᠠᠢ ᠶᠢᠨ ᠪᠢᠭᠦᠷ ᠰᠤᠮᠤᠨ ᠳᠤ ᠰᠣᠴᠢᠶᠠᠯᠢᠮ ᠤᠨ ᠦᠶ᠎ᠡ ᠳᠦ ᠰᠤᠮᠤ ᠨᠢᠭᠡᠳᠦᠯ ᠦᠨ ᠳᠠᠷᠤᠭ᠎ᠠ ᠪᠠᠷ ᠠᠵᠢᠯᠯᠠᠵᠤ ᠪᠠᠶᠢᠭᠰᠠᠨ ᠯᠣᠳᠣᠶᠢᠬᠦᠦ ᠪᠠᠭᠠᠲᠤᠷ ᠤᠨ ᠬᠥᠳᠡᠯᠮᠦᠷᠢ ᠶᠢᠨ ᠦᠷ᠎ᠡ ᠳ᠋ᠦᠩ ᠳᠦ ᠪᠢᠭᠦᠷ ᠰᠤᠮᠤᠨ ᠳᠤ ᠴᠢᠴᠠᠷᠭᠠᠨ᠎ᠠ ᠲᠠᠷᠢᠯᠠᠵᠤ ᠲᠡᠭᠦᠪᠡᠷ ᠳᠠᠷᠠᠰᠤ ᠬᠢᠵᠦ ᠪᠠᠶᠢᠭᠰᠠᠨ ᠨᠢ ᠥᠨᠥ ᠶᠢ ᠬᠦᠷᠲᠡᠯ᠎ᠡ ᠤᠯᠠᠮᠵᠢᠯᠠᠵᠤ ᠦᠯᠡᠳᠡᠵᠡᠢ᠃ ᠡᠶᠢᠮᠦ ᠳᠦ ᠠᠯᠲᠠᠢ ᠬᠣᠲᠠ ᠶᠢᠨ ᠳᠡᠯᠭᠡᠭᠦᠷ ᠦᠳ ᠲᠦ ᠪᠢᠭᠦᠷ ᠦᠨ ᠵᠢᠮᠢᠰ ᠢᠶᠡᠷ ᠬᠢᠭᠰᠡᠨ 《ᠪᠢᠭᠦᠷ》, 《ᠠᠯᠲᠠᠢ》 ᠳᠠᠷᠠᠰ ᠤᠳ᠂ 《ᠪᠢᠭᠦᠷ》 ᠱᠠᠮᠫᠠᠨ ᠳᠠᠷᠠᠰᠤ ᠪᠤᠶᠤ ᠣᠷᠭᠢᠯᠤᠭᠤᠨ ᠳᠠᠷᠠᠰᠤ᠂ 《ᠪᠢᠭᠦᠷ》 ᠸᠢᠰᠺᠢ ᠵᠡᠷᠭᠡ ᠪᠦᠲᠦᠭᠳᠡᠬᠦᠨ ᠨᠦᠭᠦᠳ ᠵᠠᠷᠭᠠᠳᠠᠵᠤ ᠪᠠᠶᠢᠳᠠᠭ᠃

ᠪᠢᠴᠢᠭᠡᠰᠦ