ᠠᠯᠲᠠᠢ ᠬᠡᠯᠡᠨ ᠦ ᠢᠵᠠᠭᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠢ ᠢᠵᠠᠭᠤᠷᠲᠤ ᠪᠠᠭᠠᠳᠬᠤ ᠬᠡᠯᠡᠨ ᠦ ᠲᠠᠷᠬᠠᠯᠲᠠ
ᠠᠯᠲᠠᠢ ᠢᠵᠠᠭᠤᠷ ᠤᠨ ᠬᠡᠯᠡᠨ ᠦ ᠲᠠᠷᠬᠠᠯᠲᠠ

ᠠᠯᠲᠠᠢ ᠬᠡᠯᠡᠨ ᠦ ᠢᠵᠠᠭᠤᠷ - ᠧᠦ᠋ᠷᠠᠽᠢ ᠳᠤ ᠥᠷᠭᠡᠨ ᠲᠠᠷᠬᠠᠭᠰᠠᠨ ᠲᠦᠷᠦᠭᠮᠣᠩᠭᠣᠯᠮᠠᠨᠵᠤ-ᠲ᠋ᠦᠩᠬᠦᠰ ᠭᠡᠬᠦ ᠦᠨᠳᠦᠰᠦᠨ 3 ᠬᠡᠯᠡᠨ ᠦ ᠪᠦᠯᠦᠭ ᠲᠦ ᠴᠠᠰᠢ ᠬᠤᠪᠢᠶᠠᠭᠳᠠᠬᠤ ᠬᠡᠯᠡᠨ ᠦ ᠢᠵᠠᠭᠤᠷ. ᠮᠥᠨ ᠰᠣᠯᠣᠩᠭᠣᠰ ᠬᠡᠯᠡ ᠪᠣᠯᠤᠨ ᠶᠠᠫᠣᠨ ᠬᠡᠯᠡᠨ ᠦ ᠪᠦᠯᠦᠭ ᠢ ᠵᠠᠷᠢᠮ ᠲᠣᠳᠣᠷᠬᠠᠶᠢᠯᠠᠯᠲᠠ ᠪᠠᠷ ᠲᠤᠰ ᠢᠵᠠᠭᠤᠷᠲᠤ ᠪᠠᠭᠲᠠᠭᠠᠨ ᠠᠩᠭᠢᠯᠠᠳᠠᠭ᠃  ᠨᠡᠶᠢᠲᠡ 350 ᠰᠠᠶ᠎ᠠ ᠭᠠᠷᠤᠢ ᠬᠦᠮᠦᠨ ᠲᠤᠰ ᠢᠵᠠᠭᠤᠷ ᠲᠤ ᠪᠠᠭᠲᠠᠬᠤ ᠠᠯᠢ ᠨᠢᠭᠡ ᠬᠡᠯᠡ ᠪᠡᠷ ᠶᠠᠷᠢᠯᠴᠠᠵᠤ ᠪᠠᠶᠢᠨ᠎ᠠ᠃ ᠬᠡᠯᠡᠨ ᠦ ᠭᠠᠷᠤᠯ ᠡᠭᠦᠰᠦᠯ ᠢᠶᠡᠷ ᠨᠢ ᠠᠯᠲᠠᠢ ᠭᠡᠰᠡᠨ ᠨᠢᠭᠡᠳᠦᠮᠡᠯ ᠨᠢᠭᠡ ᠬᠡᠯᠡᠨ ᠡᠴᠡ ᠣᠳᠣ ᠶᠢᠨ ᠤᠭ ᠬᠡᠯᠡᠨ ᠦ ᠢᠵᠠᠭᠤᠷ ᠲᠤ ᠪᠠᠭᠲᠠᠬᠤ ᠬᠡᠯᠡ ᠨᠦᠭᠦᠳ ᠡᠭᠦᠰᠦᠭᠰᠡᠨ ᠭᠡᠬᠦ ᠣᠨᠣᠯ ᠢ ᠬᠡᠯᠡ ᠰᠢᠨᠵᠢᠭᠡᠴᠢ ᠡᠷᠳᠡᠮᠲᠡᠨ ᠷᠠᠮᠰᠲ᠋ᠧᠳᠲ ᠠᠩᠬ᠎ᠠ ᠭᠠᠷᠭᠠᠵᠠᠢ᠃ ᠲᠡᠷᠡ ᠪᠡᠷ ᠲᠦᠷᠦᠭ᠂ ᠮᠣᠩᠭᠣᠯ᠂ ᠮᠠᠨᠵᠤ ᠵᠡᠷᠭᠡ ᠬᠡᠯᠡ ᠨᠦᠭᠦᠳ ᠲᠦ ᠦᠭᠡ ᠵᠦᠢ᠂ ᠥᠭᠦᠯᠡᠪᠦᠷᠢ ᠵᠦᠢ ᠪᠣᠯᠤᠨ ᠦᠭᠡ ᠰᠤᠳᠤᠯᠤᠯ ᠤᠨ ᠬᠠᠷᠢᠴᠠᠭᠤᠯᠤᠭᠰᠠᠨ ᠰᠤᠳᠤᠯᠭ᠎ᠠ ᠬᠢᠭᠰᠡᠨ ᠦ ᠦᠷ᠎ᠡ ᠳ᠋ᠦᠩ ᠳᠦ ᠡᠳᠡᠭᠡᠷ ᠨᠢ ᠠᠯᠲᠠᠢ ᠬᠡᠯᠡᠨ ᠦ ᠢᠵᠠᠭᠤᠷ ᠤᠨ ᠬᠡᠯᠡ ᠨᠦᠭᠦᠳ ᠪᠥᠭᠡᠳ ᠠᠯᠲᠠᠢ ᠠᠭᠤᠯᠠ ᠪᠠᠷ ᠨᠤᠲᠤᠭᠯᠠᠭᠴᠢᠳ ᠣᠯᠠᠨ ᠲᠡᠰᠢ ᠨᠡᠭᠦᠳᠡᠯᠯᠡᠨ ᠶᠠᠪᠤᠭᠰᠠᠨ ᠢᠶᠠᠷ ᠨᠢᠭᠡᠳᠦᠮᠡᠯ ᠠᠯᠲᠠᠢ ᠬᠡᠯᠡᠨ ᠡᠴᠡ ᠪᠡᠶ᠎ᠡ ᠳᠠᠭᠠᠭᠰᠠᠨ ᠬᠡᠯᠡ ᠨᠦᠭᠦᠳ ᠡᠭᠦᠰᠦᠭᠰᠡᠨ ᠭᠡᠳᠡᠭ ᠢ ᠪᠠᠲᠤᠯᠠᠭᠰᠠᠨ ᠪᠠᠶᠢᠨ᠎ᠠ᠃ ᠲᠡᠭᠦᠨ ᠦ ᠣᠨᠣᠯ ᠢ ᠣᠷᠣᠰ ᠤᠨ ᠡᠷᠳᠡᠮᠲᠡᠨ ᠸᠯᠠᠳᠢᠮᠣᠷᠴᠠᠪ᠂ ᠮᠠᠵᠠᠷ ᠍ ᠤᠨ ᠡᠷᠳᠡᠮᠲᠡᠨ ᠨᠧᠮᠧᠲ᠂ ᠬᠡᠯᠡ ᠰᠢᠨᠵᠢᠭᠡᠴᠢ ᠡᠷᠳᠡᠮᠲᠡᠨ ᠠᠯᠠᠲᠠ᠂ ᠫᠣᠫᠫᠧ ᠵᠡᠷᠭᠡ ᠡᠷᠳᠡᠮᠲᠡᠳ ᠦᠷᠭᠦᠯᠵᠢᠯᠡᠭᠦᠯᠦᠨ ᠰᠤᠳᠤᠯᠵᠤ ᠪᠣᠯᠪᠠᠰᠤᠷᠠᠩᠭᠤᠢ ᠪᠣᠯᠭᠠᠭᠰᠠᠨ ᠶᠤᠮ᠃

ᠬᠡᠳᠦᠢ ᠡᠨᠡᠬᠦ ᠣᠨᠣᠯ ᠳᠡᠯᠡᠬᠡᠢ ᠶᠢᠨ ᠬᠡᠯᠡ ᠰᠢᠨᠵᠢᠯᠡᠯ ᠳᠦ ᠲᠣᠮᠣᠬᠠᠨ ᠪᠠᠶᠢᠷᠢ ᠰᠠᠭᠤᠷᠢ ᠪᠠᠨ ᠠᠯᠳᠠᠭ᠎ᠠ ᠦᠭᠡᠢ ᠪᠣᠯᠪᠠᠴᠤ ᠺᠯᠠᠦ᠋ᠰᠤᠨ᠂ ᠳᠧᠹᠧᠷ᠂ ᠱᠧᠬᠢᠷᠪᠠᠺ ᠵᠡᠷᠭᠡ ᠡᠷᠳᠡᠮᠲᠡᠳ ᠦᠨ ᠦᠵᠡᠭᠰᠡᠨ ᠢᠶᠡᠷ ᠠᠯᠲᠠᠢ ᠬᠡᠯᠡ ᠨᠦᠭᠦᠳ ᠭᠡᠵᠦ ᠪᠠᠶᠢᠬᠤ ᠦᠭᠡᠢ ᠬᠠᠷᠢᠨ ᠣᠯᠠᠨ ᠬᠡᠯᠡ ᠨᠦᠭᠦᠳ ᠨᠢ ᠪᠡᠶ᠎ᠡ ᠪᠡᠶ᠎ᠡ ᠳ᠋ᠤ ᠪᠡᠨ ᠣᠶᠢᠷᠠᠳᠤᠭᠰᠠᠨ ᠠᠴᠠ ᠬᠡᠯᠡ ᠨᠦᠭᠦᠳ ᠨᠢ ᠢᠵᠢᠯᠰᠢᠵᠦ᠂ ᠠᠭᠤᠰᠤᠭᠰᠠᠨ ᠭᠡᠵᠦ ᠦᠵᠡᠭᠰᠡᠨ ᠢᠶᠡᠷ ᠠᠨᠲ᠋ᠢ-ᠠᠯᠲᠠᠢ ᠭᠡᠬᠦ ᠣᠨᠣᠯ ᠢ ᠭᠠᠷᠭᠠᠨ ᠠᠯᠲᠠᠢ ᠬᠡᠯᠡᠨ ᠦ ᠢᠵᠠᠭᠤᠷ ᠤᠨ ᠣᠨᠣᠯ ᠢ ᠦᠭᠡᠶᠢᠰᠬᠡᠭᠰᠡᠨ᠃ ᠲᠡᠳᠡ ᠬᠠᠷᠢᠴᠠᠭᠤᠯᠤᠭᠰᠠᠨ 200 ᠦᠭᠡ ᠶᠢᠨ ᠰᠤᠳᠤᠯᠭ᠎ᠠ᠂ 《ᠲᠦᠷᠦᠭ ᠬᠡᠯᠡᠨ ᠦ ᠡᠷᠲᠡᠨ ᠦ ᠲᠣᠯᠢ》 ᠵᠡᠷᠭᠡ ᠣᠯᠠᠨ ᠰᠤᠳᠤᠷ ᠢ ᠰᠤᠳᠤᠯᠵᠠᠢ᠃ ᠭᠡᠪᠡᠴᠦ ᠡᠨᠡ ᠣᠨᠣᠯ ᠲᠡᠳᠦᠶᠢᠯᠡᠨ ᠬᠦᠴᠦᠲᠡᠢ ᠪᠠᠶᠢᠷᠢ ᠰᠠᠭᠤᠷᠢ ᠦᠭᠡᠢ ᠪᠠᠶᠢᠨ᠎ᠠ᠃

ᠵᠠᠷᠢᠮ ᠡᠷᠳᠡᠮᠲᠡᠳ ᠶᠠᠫᠣᠨ᠂ ᠰᠣᠯᠣᠩᠭᠣᠰ ᠬᠡᠯᠡ ᠶᠢ ᠠᠯᠲᠠᠢ ᠶᠢᠨ ᠬᠡᠯᠡ ᠲᠡᠢ ᠲᠥᠰᠦ ᠪᠠᠭᠠᠲᠠᠢ ᠲᠤᠯᠠ ᠠᠯᠢ ᠴᠤ ᠬᠡᠯᠡᠨ ᠦ ᠢᠵᠠᠭᠤᠷ ᠲᠤ ᠬᠠᠮᠢᠶᠠᠷᠬᠤ ᠦᠭᠡᠢ ᠰᠠᠯᠤᠩᠭᠢᠳᠠ ᠬᠡᠯᠡ ᠭᠡᠵᠦ ᠦᠵᠡᠳᠡᠭ᠃ ᠲᠡᠳᠡᠨ ᠦ ᠭᠠᠷᠤᠯ ᠡᠭᠦᠰᠦᠯ ᠲᠣᠳᠣᠷᠬᠠᠢ ᠦᠭᠡᠢ ᠪᠠᠶᠢᠳᠠᠭ ᠪᠥᠭᠡᠳ (ᠵᠡᠭᠦᠨ ᠠᠽᠢᠶ᠎ᠠ ᠠᠴᠠ ᠭᠠᠷᠤᠯ ᠲᠠᠢ) ᠶᠠᠫᠣᠨ ᠢ ᠡᠬᠡ ᠭᠠᠵᠠᠷ ᠲᠠᠢ ᠬᠠᠭᠤᠷᠠᠢ ᠭᠠᠵᠠᠷ ᠢᠶᠠᠷ ᠬᠣᠯᠪᠣᠭᠳᠠᠭᠰᠠᠨ ᠪᠠᠶᠢᠬᠤ ᠳᠤ ᠵᠠᠷᠢᠮ ᠠᠯᠲᠠᠢ ᠶᠢᠨ ᠬᠡᠯᠡ ᠲᠡᠢ ᠬᠦᠮᠦᠰ ᠵᠡᠭᠦᠨ ᠲᠡᠰᠢ ᠨᠡᠭᠦᠭᠰᠡᠨ ᠨᠢ ᠲᠡᠳᠡᠨ ᠦ ᠬᠡᠯᠡᠨ ᠳᠦ ᠨᠥᠯᠦᠭᠡᠯᠡᠭᠰᠡᠨ ᠪᠣᠯᠤᠯᠲᠠᠢ᠃ᠰᠣᠯᠣᠩᠭᠣᠰ ᠤᠨ ᠬᠤᠪᠢ ᠳᠤ ᠶᠠᠫᠣᠨ ᠬᠡᠯᠡᠨ ᠡᠴᠡ ᠢᠯᠡᠭᠦᠦ ᠶᠡᠬᠡ ᠬᠢᠲᠠᠳ ᠦᠭᠡ ᠲᠡᠢ᠂ ᠬᠢᠲᠠᠳ ᠰᠤᠶᠤᠯ ᠳᠤ ᠢᠯᠡᠭᠦᠦ ᠶᠡᠬᠡ ᠠᠪᠲᠠᠭᠳᠠᠭᠰᠠᠨ ᠢᠶᠠᠷ ᠢᠶᠠᠨ ᠢᠯᠭᠠᠷᠠᠳᠠᠭ᠃ ᠬᠡᠯᠡᠨ ᠦ ᠬᠤᠪᠢ ᠳᠤ ᠮᠣᠩᠭᠣᠯ᠂ ᠲ᠋ᠦᠩᠬᠦᠰ ᠤᠳ᠂ ᠰᠤᠶᠤᠯ᠂ ᠵᠠᠩ ᠵᠠᠩᠰᠢᠯ᠂ ᠤᠭᠰᠠᠭᠠᠲᠠᠨ ᠤ ᠪᠦᠷᠢᠯᠳᠦᠬᠦᠨ ᠦ ᠬᠤᠪᠢ ᠳᠤ ᠮᠣᠩᠭᠣᠯ᠂ ᠲᠦᠷᠦᠭ 2 ᠣᠶᠢᠷ᠎ᠠ ᠭᠡᠵᠦ ᠦᠵᠡᠳᠡᠭ᠃ ᠮᠠᠨᠵᠤ ᠬᠡᠯᠡᠨ ᠦ ᠬᠤᠪᠢ ᠳᠤ 25% ᠨᠢ ᠮᠣᠩᠭᠣᠯ ᠦᠭᠡ ᠪᠠᠶᠢᠳᠠᠭ ᠪᠥᠭᠡᠳ ᠮᠣᠩᠭᠣᠯ ᠬᠡᠯᠡᠨ ᠡᠴᠡ ᠮᠣᠷᠢ ᠭᠡᠰᠡᠨ ᠦᠭᠡ ᠮᠠᠨᠵᠤ ᠬᠡᠯᠡᠨ ᠳᠦ 《ᠮᠣᠷᠢ》, ᠬᠢᠲᠠᠳ ᠬᠡᠯᠡᠨ ᠳᠦ 《ᠮᠠ》 ᠭᠡᠰᠡᠨ ᠳᠠᠭᠤᠳᠠᠯᠭ᠎ᠠ ᠲᠠᠢ ᠪᠠᠷ ᠣᠷᠣᠭᠰᠠᠨ ᠪᠠᠶᠢᠳᠠᠭ᠃ᠾᠦᠩᠨᠦ ᠡᠴᠡ ᠡᠮᠦᠨ᠎ᠡ ᠬᠢᠲᠠᠳ ᠤᠳ ᠮᠣᠷᠢ ᠶᠢ ᠵᠥᠪᠬᠡᠨ ᠲᠡᠷᠭᠡᠨ ᠳᠦ ᠬᠥᠯᠥᠨ ᠬᠡᠷᠡᠭᠯᠡᠳᠡᠭ ᠪᠠᠶᠢᠭᠰᠠᠨ ᠪᠠ ᠲᠡᠳᠡ ᠨᠡᠭᠦᠳᠡᠯᠴᠢᠳ ᠡᠴᠡ ᠪᠤᠶᠤ ᠾᠬᠦᠩᠨᠦᠴᠦᠳ ᠡᠴᠡ ᠮᠣᠷᠢ ᠤᠨᠤᠬᠤ ᠶᠢ ᠰᠤᠷᠠᠵᠠᠢ᠃ ᠸ᠃ᠪᠤᠱᠠᠺᠣᠸ ᠤᠨ ᠰᠤᠳᠤᠯᠤᠭᠰᠠᠨ ᠢᠶᠠᠷ ᠮᠣᠩᠭᠣᠯ᠂ ᠲᠦᠷᠦᠭ᠂ ᠮᠠᠨᠵᠤ ᠲᠦᠩᠭᠦᠰ ᠤᠨ ᠳᠤᠮᠳᠠ ᠣᠯᠠᠨ ᠲᠣᠭᠠᠨ ᠤ ᠢᠵᠢᠯ ᠲᠥᠰᠲᠡᠢ ᠨᠡᠷ᠎ᠡ ᠲᠡᠢ ᠣᠪᠤᠭ[1] ᠪᠠᠶᠢᠳᠠᠭ ᠪᠠᠶᠢᠨ᠎ᠠ᠃ 1218 ᠤᠨ ᠳᠤ ᠺᠢᠷᠭᠢᠽ ᠤᠳ ᠲᠡᠢ ᠬᠠᠮᠲᠤ ᠪᠣᠰᠤᠯᠭ᠎ᠠ ᠭᠠᠷᠭᠠᠭᠰᠠᠨ ᠲᠦᠮᠡᠳ ᠤᠳ ᠴᠢᠩᠭᠢᠰ ᠦᠨ ᠴᠡᠷᠢᠭ ᠲᠦ ᠳᠠᠷᠤᠭᠳᠠᠭᠰᠠᠨ ᠤ ᠳᠠᠷᠠᠭ᠎ᠠ ᠵᠠᠷᠢᠮ ᠬᠡᠰᠡᠭ ᠨᠢ ᠮᠡᠷᠬᠢᠳ ᠤᠳ ᠲᠡᠢ ᠴᠤᠭ ᠶᠠᠺᠤᠳ ᠤᠷᠤᠭᠤ ᠣᠴᠢᠭᠰᠠᠨ ᠨᠢ ᠶᠠᠺᠤᠳ ᠤᠨ ᠮᠡᠷᠬᠢᠳ᠂ ᠲᠤᠮᠠᠲ ᠣᠪᠤᠭ ᠪᠣᠯᠵᠠᠢ᠃ᠶᠠᠺᠤᠳ ᠡᠷᠳᠡᠮᠲᠡᠳ ᠡᠨᠡ ᠨᠡᠭᠦᠳᠡᠯ ᠢ ᠶᠠᠺᠤᠳ ᠤᠨ ᠠᠷᠠᠳ ᠲᠦᠮᠡᠨ ᠪᠥᠷᠢᠯᠳᠦᠬᠦ ᠳᠦ ᠨᠥᠯᠦᠭᠡᠯᠡᠭᠰᠡᠨ ᠰᠡᠭᠦᠯᠴᠢ ᠶᠢᠨ ᠦᠢᠯᠡ ᠶᠠᠪᠤᠳᠠᠯ ᠭᠡᠵᠦ ᠦᠵᠡᠳᠡᠭ᠃ᠲᠦᠷᠦᠭ ᠦᠨ ᠣᠯᠠᠨ ᠬᠡᠯᠡ ᠳᠤᠮᠳᠠ ᠠᠴᠠ ᠶᠠᠺᠤᠳ ᠬᠡᠯᠡᠨ ᠦ 25% ᠨᠢ ᠮᠣᠩᠭᠣᠯ ᠦᠭᠡ ᠪᠠᠶᠢᠳᠠᠭ ᠢᠶᠠᠷ ᠢᠶᠠᠨ ᠢᠯᠭᠠᠭ᠎ᠠ ᠲᠠᠢ ᠪᠠᠶᠢᠳᠠᠭ᠃ᠶᠠᠺᠤᠳ ᠤᠨ ᠪᠠᠷᠠᠭᠤᠨ ᠨᠤᠲᠤᠭ ᠤᠨ ᠠᠳᠤᠭᠤ ᠨᠢ ᠮᠣᠩᠭᠣᠯ ᠠᠳᠤᠭᠤ ᠲᠠᠢ ᠲᠥᠰᠲᠡᠢ ᠨᠢ ᠲᠣᠭᠲᠠᠭᠠᠭᠳᠠᠵᠠᠢ᠃ᠪᠤᠰᠤᠳ ᠲᠦᠮᠡᠳ ᠬᠦᠮᠦᠰ ᠢ ᠤᠷᠤᠭᠰᠢ ᠨᠡᠭᠦᠯᠭᠡᠭᠰᠡᠨ ᠨᠢ ᠣᠳᠣ ᠶᠢᠨ ᠡᠮᠦᠨᠡᠲᠦ ᠮᠣᠩᠭᠣᠯ ᠤᠨ ᠲᠦᠮᠡᠳ ᠪᠣᠯᠤᠭᠰᠠᠨ ᠪᠣᠯᠤᠯᠲᠠᠢ᠃ ᠬᠣᠵᠢᠮ ᠪᠠᠲᠤᠮᠦ᠋ᠩᠬᠡ ᠬᠠᠭᠠᠨ ᠮᠥᠨ ᠠᠳᠠᠯᠢ ᠪᠣᠰᠤᠯᠭ᠎ᠠ ᠭᠠᠷᠭᠠᠭᠰᠠᠨ ᠤᠷᠢᠶᠠᠩᠬᠠᠢᠴᠤᠳ ᠢ ᠲᠠᠷᠠᠭᠠᠵᠤ ᠬᠤᠪᠢᠶᠠᠴᠠᠢ᠃

ᠰᠢᠮᠧᠷ ᠬᠡᠯᠡᠨ ᠦ ᠲᠩᠷᠢ ᠭᠡᠬᠦ ᠮᠡᠲᠦ ᠵᠠᠷᠢᠮ ᠦᠭᠡ ᠮᠣᠩᠭᠣᠯ᠂ ᠲᠦᠷᠦᠭ ᠦᠭᠡ ᠲᠡᠢ ᠢᠵᠢᠯ ᠪᠠᠶᠢᠳᠠᠭ᠃

ᠠᠯᠲᠠᠢ ᠬᠡᠯᠡᠨ ᠦ ᠢᠵᠠᠭᠤᠷ ᠨᠢ ᠳᠣᠲᠣᠷ᠎ᠠ ᠪᠠᠨ ᠳᠠᠷᠠᠭᠠᠬᠢ ᠪᠠᠶᠢᠳᠠᠯ ᠢᠶᠠᠷ ᠬᠡᠯᠡᠨ ᠦ ᠪᠦᠯᠦᠭ᠂ ᠳᠡᠳ᠋ ᠪᠦᠯᠦᠭ ᠬᠤᠪᠢᠶᠠᠭᠳᠠᠳᠠᠭ᠃ ᠡᠨᠡ ᠨᠢ:

ᠲᠦᠷᠦᠭ ᠬᠡᠯᠡᠨ ᠦ ᠪᠦᠯᠦᠭ

ᠮᠣᠩᠭᠣᠯ ᠬᠡᠯᠡᠨ ᠦ ᠪᠦᠯᠦᠭ

  • ᠮᠣᠩᠭᠣᠯ ᠬᠡᠯᠡ ᠨᠢ ᠳᠣᠲᠣᠷ᠎ᠠ ᠪᠠᠨ ᠵᠢᠩᠬᠢᠨᠢ ᠮᠣᠩᠭᠣᠯ ᠬᠡᠯᠡ(ᠮᠣᠩᠭᠣᠯ ᠤᠯᠤᠰ ᠪᠠ ᠥᠪᠥᠷ ᠮᠣᠩᠭᠣᠯ ᠤᠨ ᠮᠣᠩᠭᠣᠯ ᠬᠡᠯᠡ), ᠪᠤᠷᠢᠶᠠᠳ᠂ ᠬᠠᠯᠢᠮᠠᠭ ᠭᠡᠰᠡᠨ 3 ᠦᠨᠳᠦᠰᠦᠨ ᠳᠡᠳ᠋ ᠪᠦᠯᠦᠭ ᠲᠦ ᠬᠤᠪᠢᠶᠠᠭᠳᠠᠨ᠎ᠠ᠃ ᠮᠣᠩᠭᠣᠯ ᠬᠡᠯᠡᠨ ᠡᠴᠡ ᠰᠠᠯᠪᠤᠷᠢᠯᠠᠭᠰᠠᠨ ᠮᠣᠩᠭᠣᠷ᠂ ᠮᠣᠭᠣᠯ᠂ ᠪᠣᠨᠠᠨ᠂ ᠳᠠᠭᠤᠷ᠂ ᠳ᠋ᠦ᠋ᠩᠰᠢᠶᠠᠩ ᠵᠡᠷᠭᠡ ᠪᠠᠭ᠎ᠠ ᠬᠡᠯᠡ ᠨᠦᠭᠦᠳ ᠪᠠᠭᠠᠳᠤᠨ᠎ᠠ᠃ ᠡᠳᠡᠭᠡᠷ ᠬᠡᠯᠡ ᠨᠦᠭᠦᠳ XIII-ᠠᠷᠪᠠᠨ ᠲᠠᠪᠤᠳᠤᠭᠠᠷ ᠵᠠᠭᠤᠨ ᠤ ᠦᠶ᠎ᠡ ᠳᠦ ᠰᠠᠯᠤᠭᠰᠠᠨ᠃

ᠮᠠᠨᠵᠤ-ᠲ᠋ᠦᠩᠬᠦᠰ ᠬᠡᠯᠡᠨ ᠦ ᠪᠦᠯᠦᠭ

  • ᠰᠢᠪᠸᠷᠢᠶ ᠠ ᠶᠢᠨ ᠳᠡᠳ᠋ ᠪᠦᠯᠦᠭ
  • ᠮᠠᠨᠵᠤᠤᠷ ᠤᠨ ᠳᠡᠳ᠋ ᠪᠦᠯᠦᠭ
  • ᠠᠮᠤᠷ ᠤᠨ ᠳᠡᠳ᠋ ᠪᠦᠯᠦᠭ

ᠠᠯᠤᠰ ᠳᠣᠷᠣᠨᠠᠲᠤ ᠶᠢᠨ ᠬᠡᠯᠡ ᠨᠦᠭᠦᠳ*

*ᠦᠭᠡ ᠵᠦᠢ ᠪᠣᠯᠤᠨ ᠥᠭᠦᠯᠡᠪᠦᠷᠢ ᠶᠢᠨ ᠪᠠᠶᠢᠭᠤᠯᠤᠯᠲᠠ ᠨᠢ ᠠᠯᠲᠠᠢ ᠶᠢᠨ ᠬᠡᠯᠡ ᠨᠦᠭᠦᠳ ᠲᠡᠢ ᠲᠥᠰᠲᠡᠢ ᠪᠥᠭᠡᠳ ᠥᠭᠦᠯᠡᠪᠦᠷᠢ ᠶᠢᠨ ᠪᠦᠲᠦᠴᠡ ᠨᠢ ᠡᠵᠡᠨ ᠪᠡᠶ᠎ᠡ ᠡᠬᠢᠨ ᠳᠦ ᠦᠢᠯᠡ ᠦᠭᠡ ᠠᠳᠠᠭ ᠲᠤ ᠭᠡᠰᠡᠨ ᠪᠠᠶᠢᠭᠤᠯᠤᠯ ᠲᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]


ᠪᠢᠴᠢᠭᠡᠰᠦ