ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠠᠯᠲᠠᠢ ᠣᠷᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠣᠷᠣᠰ ᠤᠨ ᠬᠣᠯᠪᠣᠭᠠᠨ ᠤ ᠨᠠᠶᠠᠨ ᠭᠤᠷᠪᠠᠨ ᠮᠠᠬᠠᠪᠣᠳ ᠤᠨ ᠨᠢᠭᠡ᠂ ᠬᠠᠷᠢᠶᠠᠲᠤ ᠣᠷᠣᠨ
ᠪᠦᠭᠦᠳᠡ ᠨᠠᠶᠢᠷᠠᠮᠳᠠᠬᠤ ᠠᠯᠲᠠᠢ ᠤᠯᠤᠰ
ᠰᠦᠯᠳᠡ ᠲᠤᠭ ᠰᠦᠯᠳᠡ ᠲᠡᠮᠳᠡᠭ
ᠰᠦᠯᠳᠡ ᠲᠤᠭ ᠰᠦᠯᠳᠡᠲᠡᠮᠳᠡᠭ
ᠤᠯᠤᠰ ᠣᠷᠣᠨ ᠣᠷᠣᠰ ᠣᠷᠣᠰ (ᠣᠷᠣᠰ ᠬᠣᠯᠪᠣᠭᠠᠨ ᠤ ᠤᠯᠤᠰ)
ᠬᠣᠯᠪᠣᠭᠠᠨ ᠤ ᠲᠣᠭᠣᠷᠢᠭ ᠰᠢᠪᠸᠷᠢᠶ ᠠ
ᠡᠳ᠋ ᠍ ᠦᠨ ᠵᠠᠰᠠᠭ ᠤᠨ ᠪᠥᠰᠡ ᠥᠷᠥᠨ᠎ᠡ ᠰᠢᠪᠸᠷᠢᠶ ᠠ
ᠵᠠᠰᠠᠭ ᠵᠠᠬᠢᠷᠭᠠᠨ ᠤ ᠨᠢᠭᠡᠴᠡ ᠪᠦᠭᠦᠳᠡ ᠨᠠᠶᠢᠷᠠᠮᠳᠠᠬᠤ ᠤᠯᠤᠰ
ᠨᠡᠶᠢᠰᠯᠡᠯ ᠭᠣᠷᠤᠨ᠎ᠠ-ᠠᠯᠲᠠᠢᠰᠺ
ᠨᠤᠲᠤᠭ ᠤᠨ ᠬᠤᠪᠢᠶᠠᠷᠢ 11 ᠨᠤᠲᠤᠭ = 1 ᠬᠣᠲᠠ + 10 ᠠᠶᠢᠮᠠᠭ
ᠭᠠᠵᠠᠷ ᠨᠤᠲᠤᠭ 92,903 ᠺᠦᠸᠠᠳ᠋ ᠺᠢᠯᠣᠮᠧᠲ᠋ᠷ (35 ᠍ ᠳᠦᠭᠡᠷ ᠲᠣᠮᠣ)
ᠬᠦᠮᠦᠨ ᠠᠮᠠ (2013) 210,344 ᠬᠦᠮᠦᠨ (79 ᠍ ᠳᠦᠭᠡᠷ ᠣᠯᠠᠨ)
ᠨᠢᠭᠲᠠᠴᠠ ᠰᠡᠶᠢᠷᠡᠭ 2.3 ᠬᠦᠮᠦᠨ/км² (71 ᠍ ᠳᠦᠭᠡᠷ ᠰᠢᠭᠢᠭᠦᠦ)
ᠠᠯᠲᠠᠢ ᠶᠢᠨ ᠠᠷᠠᠳ ᠲᠦᠮᠡᠨ
ᠠᠯᠲᠠᠢ ᠣᠷᠣᠨ ᠤ ᠬᠢᠨ
ᠣᠷᠣᠰ ᠤᠨ ᠠᠯᠲᠠᠢ ᠶᠢᠨ ᠬᠢᠨ
ᠣᠷᠣᠰ ᠦᠨᠳᠦᠰᠦᠲᠡᠨ (55.7 %)
ᠠᠯᠲᠠᠢ ᠶᠠᠰᠤᠲᠠᠨ (35.3 %)
ᠬᠠᠰᠠᠭ ᠦᠨᠳᠦᠰᠦᠲᠡᠨ (6.1 %)
ᠠᠯᠪᠠᠨ ᠬᠡᠯᠡ ᠪᠢᠴᠢᠭ ᠣᠷᠣᠰᠠᠯᠲᠠᠢ
ᠣᠷᠣᠨ᠂ ЗГ ᠍ ᠶᠢᠨ ᠲᠡᠷᠢᠭᠦᠨ ᠠᠯᠧᠺᠰᠠᠨᠳᠠᠷ ᠪᠧᠷᠳᠡᠨᠢᠺᠣᠸ
ᠬᠠᠤᠯᠢ ᠲᠣᠭᠲᠠᠭᠠᠬᠤ ᠭᠠᠵᠠᠷ ᠤᠯᠤᠰ ᠤᠨ ᠬᠤᠷᠠᠯᠳᠠᠢ
ᠲᠡᠦᠬᠡᠨ ᠣᠨ ᠴᠠᠭ 1922-07-01 — ᠣᠶᠢᠷᠡᠽᠮ
1948-01-07 — ГАӨЗМ
1990-10-25 — ЗСБНАГАУ
1991-07-03 — ЗСБНГАУ
1991-05-xx — БНГАУ
1993-12-12 — БНАлтУ
ᠴᠠᠭ ᠤᠨ ᠪᠥᠰᠡ ᠣᠮᠰᠺ ᠤᠨ ᠴᠠᠭ (GMT+7)
ᠰᠢᠤᠳᠠᠨ ᠬᠠᠶᠠᠭ 649000–649999
ᠨᠤᠲᠤᠭ ᠤᠨ ᠲᠣᠮᠢᠶ᠎ᠠ 04 / 84 / RU-AL
ᠴᠠᠬᠢᠮ ᠭᠠᠵᠠᠷ altai-republic.com  (ᠣᠷᠣᠰ᠃)

ᠪᠦᠭᠦᠳᠡ ᠨᠠᠶᠢᠷᠠᠮᠳᠠᠬᠤ ᠠᠯᠲᠠᠢ ᠤᠯᠤᠰᠣᠷᠣᠰ ᠤᠨ ᠬᠣᠯᠪᠣᠭᠠᠨ ᠤ ᠤᠯᠤᠰ ᠍ ᠤᠨ ᠬᠣᠯᠪᠣᠭᠠᠨ ᠤ ᠡᠲᠡᠭᠡᠳ ᠪᠣᠯᠤᠭᠠᠳ ᠪᠦᠭᠦᠳᠡ ᠨᠠᠶᠢᠷᠠᠮᠳᠠᠬᠤ ᠤᠯᠤᠰ. ᠰᠢᠪᠸᠷᠢᠶ ᠠ ᠶᠢᠨ ᠬᠣᠯᠪᠣᠭᠠᠨ ᠤ ᠲᠣᠭᠣᠷᠢᠭ ᠪᠣᠯᠤᠨ ᠪᠠᠷᠠᠭᠤᠨ ᠰᠢᠪᠸᠷᠢᠶ ᠠ ᠶᠢᠨ ᠡᠳ᠋ ᠍ ᠦᠨ ᠵᠠᠰᠠᠭ ᠤᠨ ᠪᠥᠰᠡ ᠲᠤ ᠪᠠᠭᠳᠠᠨ᠎ᠠ᠃ ᠨᠡᠶᠢᠰᠯᠡᠯ - ᠭᠣᠷᠤᠨ᠎ᠠ-ᠠᠯᠲᠠᠢᠰᠺ («ᠤᠤᠯ ᠤᠨ ᠠᠯᠲᠠᠢ»)᠃

ᠠᠯᠲᠠᠢ ᠶᠢᠨ ᠨᠤᠲᠤᠭ ᠳᠡᠪᠢᠰᠬᠡᠷ ᠤᠨ ᠲᠠᠯᠠᠪᠠᠢ - 92,600 km2[1], 2010 ᠣᠨ ᠤ ᠲᠣᠭᠠᠯᠠᠯᠭ᠎ᠠ ᠪᠠᠷᠣᠬ ᠬᠦᠮᠦᠨ ᠠᠮᠠ - 206,168[2]᠃ ᠣᠷᠣᠰ ᠤᠨ ᠳᠣᠲᠣᠷᠠᠬᠢ 21 ᠪᠦᠭᠦᠳᠡ ᠨᠠᠶᠢᠷᠠᠮᠳᠠᠬᠤ ᠤᠯᠤᠰ ᠠᠴᠠ ᠬᠠᠮᠤᠭ ᠤᠨ ᠴᠥᠭᠡᠨ ᠠᠷᠠᠳ ᠢᠷᠭᠡᠳ ᠲᠡᠢ ᠨᠢ ᠠᠵᠤᠭᠤ᠃ ᠤᠭᠰᠠᠭᠠᠲᠠᠨ ᠤ ᠪᠦᠲᠦᠴᠡ ᠪᠡᠷ 56.6% ᠨᠢ ᠣᠷᠣᠰ ᠤᠳ᠂ 34.5% (69,963) ᠨᠢ ᠠᠯᠲᠠᠶᠢᠴᠤᠳ ᠶᠤᠮ᠃[3] ᠣᠷᠣᠰ ᠬᠡᠯᠡ ᠡᠴᠡ ᠭᠠᠳᠠᠨ᠎ᠠ ᠠᠯᠲᠠᠢ ᠬᠡᠯᠡ ᠠᠯᠪᠠᠨ ᠶᠣᠰᠣᠭᠠᠷ ᠬᠡᠷᠡᠭᠯᠡᠭᠳᠡᠨ᠎ᠡ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨᠡᠬᠢ ᠦᠶᠡᠰ ᠨᠡᠭᠦᠳᠡᠯ ᠦᠨ ᠰᠤᠶᠤᠯ ᠢᠷᠭᠡᠨᠰᠢᠯ ᠴᠡᠴᠡᠭᠯᠡᠵᠡᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠶᠢᠨ 60% ᠨᠢ ᠣᠷᠣᠰ᠂ 30% ᠨᠢ ᠠᠯᠲᠠᠢ ᠦᠨᠳᠦᠰᠦᠲᠡᠨ ᠪᠣᠯᠤᠨ᠎ᠠ᠃ 13 ᠍ ᠳᠦᠭᠡᠷ ᠵᠠᠭᠤᠨ ᠳᠤ ᠴᠢᠩᠭᠢᠰ ᠬᠠᠭᠠᠨ ᠦ ᠦᠨᠳᠦᠰᠦᠯᠡᠭᠰᠡᠨ ᠶᠡᠬᠡ ᠮᠣᠩᠭᠣᠯ ᠤᠯᠤᠰ ᠍ ᠤᠨ ᠬᠠᠷᠢᠶᠠᠨ ᠳᠤ ᠣᠷᠣᠵᠠᠢ᠃ ᠰᠤᠳᠤᠯᠤᠭᠠᠴᠢ ᠭ ᠫᠣᠲ᠋ᠠᠨᠢᠨ 《ᠣᠷᠣᠰ ᠤᠨ ᠲᠡᠦᠬᠡ ᠮᠠᠲ᠋ᠧᠷᠢᠶᠠᠯ ᠤᠳ》 ᠪᠦᠲᠦᠭᠡᠯ ᠳᠦ ᠪᠡᠨ 18 ᠳ᠋ᠤᠭᠠᠷ ᠵᠠᠭᠤᠨ ᠤ ᠡᠬᠢᠨ ᠦ ᠣᠷᠣᠰ ᠤᠨ ᠭᠠᠵᠠᠷ ᠤᠨ ᠵᠢᠷᠤᠭ ᠤᠳ ᠲᠤ ᠤᠤᠯ ᠤᠨ ᠠᠯᠲᠠᠢ ᠶᠢᠨ ᠨᠤᠲᠤᠭ ᠳᠡᠪᠢᠰᠬᠡᠷ ᠢ 《ᠣᠶᠢᠷᠠᠳ ᠮᠣᠩᠭᠣᠯ ᠤᠨ ᠭᠠᠯᠳᠠᠨᠴᠡᠷᠡᠩ  ᠶᠢᠨ ᠨᠤᠲᠤᠭ》 ᠭᠡᠵᠦ ᠲᠣᠳᠣᠷᠬᠠᠶᠢᠯᠠᠭᠰᠠᠨ ᠪᠠᠶᠢᠳᠠᠭ ᠲᠤᠬᠠᠢ ᠲᠡᠮᠳᠡᠭᠯᠡᠭᠰᠡᠨ ᠪᠠᠶᠢᠳᠠᠭ᠃ ᠡᠨᠡ ᠪᠣᠯ ᠰᠠᠨᠠᠮᠰᠠᠷ ᠦᠭᠡᠢ ᠬᠡᠷᠡᠭ ᠪᠢᠰᠢ ᠶᠤᠮ᠃ 20 ᠳ᠋ᠤᠭᠠᠷ ᠵᠠᠭᠤᠨ ᠤ ᠡᠬᠢ ᠪᠡᠷ ᠠᠯᠲᠠᠶᠢᠴᠤᠳ ᠤᠨ ᠳᠤᠮᠳᠠ ᠶᠡᠬᠡ ᠶᠠᠷᠢᠭᠳᠠᠳᠠᠭ ᠪᠠᠶᠢᠭᠰᠠᠨ ᠣᠶᠢᠷᠠᠳ ᠬᠠᠨ ᠪᠤᠴᠠᠵᠤ ᠢᠷᠡᠬᠦ ᠲᠤᠬᠠᠢ ᠳᠣᠮᠣᠭ ᠤᠨ ᠪᠠᠭᠠᠲᠤᠷ ᠨᠢ ᠭᠠᠯᠳᠠᠨᠴᠡᠷᠡᠩ ᠭᠡᠳᠡᠭ ᠪᠣᠳᠠᠲᠤ ᠬᠦᠮᠦᠨ ᠪᠢᠯᠡ᠃ ᠲᠡᠭᠦᠨ ᠦ ᠳᠡᠭᠦᠦ ᠶᠢ ᠯᠤᠪᠰᠠᠩ ᠱᠤᠨ᠎ᠠ ᠭᠡᠳᠡᠭ ᠪᠠᠶᠢᠭᠰᠠᠨ ᠪᠥᠭᠡᠳ ᠠᠯᠲᠠᠶᠢᠴᠢ ᠨᠤᠭᠤᠳ ᠤᠨ ᠠᠮᠠᠨ ᠵᠣᠬᠢᠶᠠᠯ ᠳᠤ ᠳᠣᠮᠣᠭᠲᠤ ᠰᠢᠨᠤᠤ ᠪᠠᠭᠠᠲᠤᠷ ᠬᠡᠮᠡᠨ ᠣᠷᠣᠭᠰᠠᠨ ᠶᠤᠮ᠃ ᠣᠶᠢᠷᠠᠳ-ᠠᠯᠲᠠᠶᠢᠴᠤᠳ ᠤᠨ ᠲᠣᠮᠣ ᠪᠠᠶᠢᠭᠰᠠᠨ ᠴᠠᠭ ᠦᠶ᠎ᠡ ᠨᠢ ᠣᠶᠢᠷᠠᠳ ᠤᠨ ᠬᠠᠭᠠᠨᠲᠤ ᠤᠯᠤᠰ ᠲᠠᠢ ᠬᠣᠯᠪᠣᠭᠠᠲᠠᠢ ᠪᠠᠶᠢᠭᠰᠠᠨ ᠪᠠᠶᠢᠨ᠎ᠠ᠃ ᠲᠡᠶᠢᠮᠦ ᠴᠤ ᠤᠴᠢᠷ ᠠᠴᠠ ᠦᠯᠢᠭᠡᠷ ᠳᠣᠮᠣᠭ᠂ ᠲᠤᠤᠯᠢ ᠶᠢᠨ ᠶᠢᠷᠲᠢᠨᠴᠦ ᠳᠤ ᠨᠢ ᠡᠨᠡ ᠪᠦᠬᠦᠨ ᠬᠠᠳᠠᠭᠠᠯᠠᠭᠳᠠᠨ ᠦᠯᠡᠳᠡᠭᠰᠡᠨ ᠪᠠᠶᠢᠨ᠎ᠠ᠃1700 ᠍ ᠊ᠭᠠᠳ ᠣᠨ ᠠᠴᠠ ᠣᠷᠣᠰ ᠤᠳ ᠲᠤᠰ ᠪᠥᠰᠡ ᠨᠤᠲᠤᠭ ᠲᠤ ᠢᠷᠡᠵᠦ᠂ ᠠᠯᠲᠠᠶᠢᠴᠤᠳ ᠠᠭᠠᠵᠢᠮ ᠢᠶᠠᠷ ᠨᠡᠭᠦᠳᠡᠯ ᠦᠨ ᠰᠤᠶᠤᠯ ᠢᠷᠭᠡᠨᠰᠢᠯ ᠡᠴᠡ ᠰᠠᠭᠤᠷᠢᠨ ᠰᠤᠶᠤᠯ ᠢᠷᠭᠡᠨᠰᠢᠯ ᠣᠷᠣᠭᠣ ᠰᠢᠯᠵᠢᠭᠰᠡᠨ ᠪᠠᠶᠢᠨ᠎ᠠ᠃ 20 ᠍ ᠳᠦᠭᠡᠷ ᠵᠠᠭᠤᠨ ᠤ ᠡᠬᠢᠨ ᠳᠦ ᠣᠷᠣᠰ ᠍ ᠤᠨ ᠡᠷᠬᠡᠰᠢᠶᠡᠯ ᠡᠴᠡ ᠠᠩᠭᠢᠵᠢᠷᠠᠬᠤ ᠶᠢᠨ ᠲᠥᠯᠥᠭᠡ ᠱᠠᠰᠢᠨ ᠤ ᠵᠢᠳᠬᠦᠯᠲᠡᠨ ᠨᠦᠭᠦᠳ ᠲᠡᠮᠡᠴᠡᠵᠦ᠂ ᠠᠷᠠᠳ ᠲᠦᠮᠡᠨ ᠦ ᠳᠡᠮᠵᠢᠯᠭᠡ ᠶᠢ ᠬᠦᠯᠢᠶᠡᠭᠰᠡᠨ ᠪᠣᠯᠪᠠᠴᠤ ᠳᠠᠷᠤᠭᠳᠠᠵᠠᠢ᠃ 1917 ᠣᠨ ᠤ ᠣᠺᠲ᠋ᠢᠶᠠᠪᠧᠷ ᠤᠨ ᠬᠤᠪᠢᠰᠬᠠᠯ ᠍ ᠤᠨ ᠦᠶ᠎ᠡ ᠳᠦ ᠠᠯᠲᠠᠶᠢᠴᠢ ᠨᠤᠭᠤᠳ ᠵᠣᠬᠢᠶᠠᠨ ᠪᠠᠶᠢᠭᠤᠯᠤᠯᠲᠠ ᠲᠠᠢ ᠪᠠᠷ 1922 ᠣᠨ ᠬᠦᠷᠲᠡᠯ᠎ᠡ ᠪᠣᠯᠱᠧᠸᠢᠭ ᠦᠳ ᠲᠠᠢ ᠲᠡᠮᠡᠴᠡᠯᠳᠦᠭᠰᠡᠨ ᠠᠵᠤ᠃

1922 ᠣᠨ ᠳᠤ ᠣᠳᠣ ᠶᠢᠨ ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠶᠢᠨ ᠨᠤᠲᠤᠭ ᠳᠡᠪᠢᠰᠬᠡᠷ ᠳᠡᠭᠡᠷ᠎ᠡ ᠤᠯᠠᠯ ᠨᠡᠶᠢᠰᠯᠡᠯ ᠲᠡᠢ ᠣᠶᠢᠷᠠᠳ ᠤᠨ ᠠᠦ᠋ᠲ᠋ᠣᠨᠣᠮᠢᠲᠤ ᠮᠤᠵᠢ ᠪᠠᠶᠢᠭᠤᠯᠤᠭᠳᠠᠭᠰᠠᠨ ᠪᠠᠶᠢᠳᠠᠭ᠃ 1932 ᠣᠨ ᠤ ᠣᠶᠢᠷᠠᠳ ᠤᠨ ᠠᠦ᠋ᠲ᠋ᠣᠨᠣᠮᠢᠲᠤ ᠮᠤᠵᠢ ᠭᠡᠵᠦ ᠥᠭᠡᠷᠡᠴᠢᠯᠡᠨ ᠨᠡᠷᠡᠯᠡᠭᠰᠡᠨ ᠪᠠᠶᠢᠨ᠎ᠠ᠃ ᠣᠶᠢᠷᠠᠳ(Ойрад)  ᠢ ᠣᠶᠢᠷᠠᠳ(Ойрод) ᠪᠣᠯᠭᠠᠵᠤ ᠥᠭᠡᠷᠡᠴᠢᠯᠡᠭᠰᠡᠨ ᠬᠡᠷᠡᠭ᠃ ᠭᠠᠭᠴᠠ ᠦᠰᠦᠭ ᠦᠨ ᠲᠡᠳᠦᠢ ᠱᠠᠯᠢᠬᠤ ᠦᠭᠡᠢ ᠥᠭᠡᠷᠡᠴᠢᠯᠡᠯᠲᠡ᠃ ᠭᠡᠪᠡᠴᠦ ᠡᠨᠳᠡ ᠤᠤᠭᠠᠯ ᠠᠷᠠᠳ ᠲᠦᠮᠡᠨ ᠢ ᠥᠩᠭᠡᠷᠡᠭᠰᠡᠨ ᠡᠴᠡ ᠨᠢ ᠰᠠᠯᠭᠠᠬᠤ ᠭᠡᠰᠡᠨ ᠳᠠᠯᠳᠠ ᠰᠠᠨᠠᠭ᠎ᠠ ᠶᠠᠪᠤᠵᠤ ᠪᠠᠶᠢᠯ᠎ᠠ᠃ 2012 ᠣᠨ ᠳᠤ ᠠᠦ᠋ᠲ᠋ᠣᠨᠣᠮᠢᠳᠤ ᠮᠤᠵᠢ ᠶᠢᠨ 90 ᠵᠢᠯ ᠦᠨ ᠣᠢ ᠶᠢ ᠲᠡᠮᠳᠡᠭᠯᠡᠬᠦ ᠦᠶ᠎ᠡ ᠪᠡᠷ ᠡᠨᠡᠬᠦ ᠣᠶᠢᠷᠠᠳ(Ойрод) ᠤᠨ ᠪᠢᠰᠢ ᠣᠶᠢᠷᠠᠳ(Ойрад) ᠤᠨ ᠭᠡᠵᠦ ᠨᠡᠷᠡᠯᠡᠭᠳᠡᠵᠦ ᠪᠠᠶᠢᠭᠰᠠᠨ ᠲᠤᠬᠠᠢ ᠨᠢᠭᠡ ᠤᠳᠠᠭ᠎ᠠ ᠴᠤ ᠳᠤᠷᠠᠰᠤᠭᠰᠠᠨ ᠦᠭᠡᠢ᠃ ᠪᠦᠭᠦᠳᠡ ᠯᠠ ᠡᠨᠡ ᠪᠠᠷᠢᠮᠲᠠ ᠶᠢ ᠴᠢᠮᠡᠭᠡ ᠦᠬᠡᠶᠢᠬᠡᠨ ᠲᠣᠭᠣᠷᠢᠵᠤ ᠥᠩᠭᠡᠷᠡᠬᠦ ᠶᠢ ᠬᠢᠴᠢᠶᠡᠵᠦ ᠪᠠᠶᠢᠯ᠎ᠠ᠃ 1948 ᠣᠨ ᠳᠤ ᠲᠡᠦᠬᠡᠴᠢ ᠫᠣᠲ᠋ᠠᠫᠣᠪ ᠭᠣᠷᠤᠨ᠎ᠠ-ᠠᠯᠲᠠᠢ ᠶᠢᠨ ᠠᠦ᠋ᠲ᠋ᠣᠨᠣᠮᠢᠲᠤ ᠮᠤᠵᠢ ᠪᠣᠯᠵᠤ ᠥᠭᠡᠷᠡᠴᠢᠯᠡᠭᠳᠡᠭᠰᠡᠨ ᠪᠥᠭᠡᠳ ᠣᠶᠢᠷᠠᠳ-ᠲᠤᠷᠠ ᠬᠣᠲᠠ ᠶᠢ ᠭᠣᠷᠤᠨ᠎ᠠ-ᠠᠯᠲᠠᠢᠰᠺ ᠭᠡᠵᠦ ᠥᠭᠡᠷᠡᠴᠢᠯᠡᠨ ᠨᠡᠷᠡᠯᠡᠭᠰᠡᠨ ᠪᠠᠶᠢᠨ᠎ᠠ᠃ ᠬᠦᠮᠦᠨ ᠦ ᠠᠩᠬᠠᠷᠤᠯ ᠲᠠᠲᠠᠬᠤ ᠭᠣᠶᠢᠳᠠ ᠶᠠᠭᠤᠮ᠎ᠠ ᠦᠭᠡᠢ ᠭᠠᠵᠠᠷ ᠣᠷᠣᠨ ᠤ ᠨᠡᠷ᠎ᠡ ᠵᠠᠰᠠᠭ ᠵᠠᠬᠢᠷᠭᠠᠨ ᠤ ᠨᠡᠷ᠎ᠡ ᠲᠣᠮᠢᠶ᠎ᠠ ᠪᠣᠯᠵᠤ ᠬᠤᠪᠢᠷᠠᠭᠰᠠᠨ ᠨᠢ ᠡᠨᠡ ᠶᠤᠮ᠃ ᠤᠭ ᠨᠢ ᠪᠣᠯ ᠣᠶᠢᠷᠠᠳ ᠲᠦᠮᠡᠨ ᠦ ᠨᠤᠲᠤᠭ ᠶᠤᠮ᠃

1991 ᠣᠨ ᠳᠤ ᠪᠦᠭᠦᠳᠡ ᠨᠠᠶᠢᠷᠠᠮᠳᠠᠬᠤ ᠤᠯᠤᠰ ᠤᠨ ᠪᠠᠢᠷᠢ ᠰᠠᠭᠣᠷᠢ ᠶᠢ ᠣᠯᠵᠤ᠂ ᠭᠣᠷᠤᠨ᠎ᠠ-ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠭᠡᠭᠳᠡᠵᠦ ᠪᠠᠶᠢᠭᠠᠳ ᠮᠥᠨ ᠣᠨ ᠤ ᠰᠡᠭᠦᠯᠴᠢ ᠪᠡᠷ ᠵᠥᠪᠯᠡᠯᠲᠦ ᠬᠣᠯᠪᠣᠭᠠᠲᠤ ᠤᠯᠤᠰ ᠵᠠᠳᠠᠷᠠᠬᠤ ᠳᠤ ᠣᠷᠣᠰ ᠬᠣᠯᠪᠣᠭᠠᠨ ᠤ ᠤᠯᠤᠰ ᠍ ᠤᠨ ᠪᠦᠷᠢᠯᠳᠦᠬᠦᠨ ᠦ ᠪᠦᠭᠦᠳᠡ ᠨᠠᠶᠢᠷᠠᠮᠳᠠᠬᠤ ᠤᠯᠤᠰ ᠪᠣᠯᠵᠠᠢ᠃

ᠠᠵᠤ ᠦᠢᠯᠡᠳᠪᠦᠷᠢ ᠶᠢᠨ ᠭᠣᠣᠯ ᠰᠠᠯᠪᠣᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠯ ᠠᠵᠤ ᠠᠬᠤᠢ᠂ ᠮᠣᠳᠣ ᠪᠣᠯᠪᠠᠰᠤᠷᠠᠭᠤᠯᠬᠤ ᠦᠢᠯᠡᠳᠪᠦᠷᠢᠯᠡᠯ᠂ ᠪᠠᠷᠢᠯᠭ᠎ᠠ ᠶᠢᠨ ᠮᠠᠲ᠋ᠧᠷᠢᠶᠠᠯ ᠤᠨ ᠦᠢᠯᠡᠳᠪᠦᠷᠢᠯᠡᠯ᠂ ᠠᠯᠲᠠ ᠣᠯᠪᠤᠷᠢᠯᠠᠯᠲᠠ᠃ ᠮᠥᠨ ᠲᠤᠰ ᠤᠯᠤᠰ ᠤᠨ ᠤᠰᠤᠨ ᠪᠣᠯᠣᠷ ᠥᠨᠳᠥᠷ ᠦᠨᠡᠯᠡᠭᠳᠡᠳᠡᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ: ᠲᠥᠪ ᠠᠽᠢᠶ᠎ᠠ
ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠍ ᠤᠨ ᠬᠣᠶᠢᠳᠤ ᠨᠤᠲᠤᠭ ᠢᠶᠠᠷ ᠤᠷᠤᠰᠴᠤ ᠪᠤᠢ ᠺᠠᠲᠤᠨᠢ («ᠬᠠᠲᠤᠨ») ᠭᠣᠣᠯ
ᠠᠯᠲᠠᠢ ᠶᠢᠨ ᠨᠣᠶᠠᠨ ᠣᠷᠭᠢᠯ ᠪᠧᠯᠤᠬ᠎ᠠ

ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠨᠢ ᠠᠽᠢᠶ᠎ᠠ ᠲᠢᠪ ᠦᠨ ᠪᠠᠷᠤᠭ ᠲᠥᠪ ᠲᠤ ᠨᠢ ᠪᠠᠷᠤᠭᠴᠠᠭᠠᠯᠠᠪᠠᠯ ᠰᠢᠪᠸᠷᠢᠶ ᠠ ᠲᠠᠶᠢᠭ᠎ᠠ᠂ ᠬᠠᠰᠠᠭᠰᠲ᠋ᠠᠨ ᠤ ᠲᠠᠯ᠎ᠠ᠂ ᠮᠣᠩᠭᠣᠯ ᠤᠨ ᠭᠣᠪᠢ ᠭᠤᠷᠪᠠ ᠶᠢᠨ ᠠᠭᠤᠯᠵᠠᠪᠤᠷᠢ ᠨᠤᠲᠤᠭ ᠶᠤᠮ᠃ ᠨᠤᠲᠤᠭ ᠤᠨ 25% ᠣᠢ ᠮᠣᠳᠣ ᠪᠠᠷ ᠬᠤᠴᠢᠭᠳᠠᠭᠰᠠᠨ ᠪᠠᠶᠢᠳᠠᠭ᠃

ᠭᠣᠣᠯ ᠤᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠍ ᠤᠨ ᠡᠮᠦᠨ᠎ᠡ ᠪᠡᠶ᠎ᠡ ᠶᠢᠨ ᠠᠭᠣᠯᠠᠰ ᠠᠴᠠ ᠡᠬᠢ ᠠᠪᠳᠠᠭ 20 ᠮᠢᠩᠭ᠎ᠠ ᠭᠠᠷᠤᠢ ᠭᠣᠣᠯ ᠭᠣᠷᠣᠬ᠎ᠠ ᠤᠮᠠᠷ᠎ᠠ ᠵᠦᠭ ᠢ ᠴᠢᠭᠯᠡᠨ ᠤᠷᠤᠰᠳᠠᠭ᠃ ᠨᠤᠲᠤᠭ ᠤᠨ ᠲᠣᠮᠣᠬᠠᠨ ᠬᠣᠶᠠᠷ ᠭᠣᠣᠯ ᠨᠢ ᠺᠠᠲᠤᠨᠢ (ᠣᠷᠣᠰ ᠶᠢᠡᠷ ᠺᠠᠲᠤᠨᠢ ; «ᠬᠠᠲᠤᠨ»), ᠪᠢᠶ᠎ᠠ ᠬᠣᠶᠠᠷ ᠶᠤᠮ᠃ ᠡᠨᠡ ᠬᠣᠶᠠᠷ ᠨᠡᠶᠢᠯᠡᠵᠦ ᠰᠢᠪᠸᠷᠢᠶ ᠠ ᠶᠢᠨ ᠬᠠᠮᠤᠭ ᠤᠨ ᠤᠷᠲᠤ ᠮᠥᠷᠡᠨ ᠣᠪᠢ ᠡᠭᠦᠰᠳᠡᠭ᠃ ᠨᠤᠲᠤᠭ ᠤᠨ ᠵᠡᠭᠦᠨ ᠬᠣᠶᠢᠳᠤ ᠲᠠᠯ᠎ᠠ ᠳᠤ ᠪᠠᠶᠢᠳᠠᠭ ᠨᠤᠲᠤᠭ ᠲᠤ ᠪᠠᠨ ᠬᠠᠮᠤᠭ ᠤᠨ ᠲᠣᠮᠣ᠂ ᠭᠦᠨ ᠲᠧᠯᠧᠰ ᠨᠠᠭᠤᠷ (325 m ᠭᠦᠨ ; «ᠠᠯᠲᠠᠨ ᠨᠠᠭᠤᠷ») ᠨᠢ ᠪᠢᠶ᠎ᠠ ᠭᠣᠣᠯ ᠤᠨ ᠡᠬᠢ ᠶᠤᠮ᠃

ᠠᠭᠤᠯᠠ ᠬᠥᠪᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ ᠳᠡᠶᠢᠯᠦᠩᠬᠢ ᠬᠤᠪᠢ ᠠᠯᠲᠠᠢ ᠶᠢᠨ ᠨᠢᠷᠤᠭᠤ ᠪᠤᠶᠤ ᠠᠭᠤᠯᠠᠷᠬᠠᠭ ᠨᠤᠲᠤᠭ ᠲᠤ ᠬᠠᠮᠢᠶᠠᠷᠤᠨ᠎ᠠ᠃ 4000 m ᠭᠠᠷᠤᠢ ᠥᠨᠳᠥᠷ ᠠᠭᠤᠯᠠ ᠨᠢᠷᠤᠭᠤᠳ᠂ ᠮᠥᠰᠦᠨ ᠭᠣᠣᠯ᠂ ᠭᠣᠣᠯ ᠤᠨ ᠬᠠᠪᠴᠢᠯ ᠬᠥᠨᠳᠡᠢ ᠵᠣᠩᠬᠢᠯᠠᠨ᠎ᠠ᠃ ᠭᠠᠵᠠᠷ ᠬᠥᠳᠡᠯᠦᠯᠲᠡ ᠶᠢᠨ ᠢᠳᠡᠪᠬᠢᠲᠡᠢ ᠪᠥᠰᠡ ᠳᠦ ᠬᠠᠮᠢᠶᠠᠷᠳᠠᠭ᠃ ᠨᠤᠲᠤᠭ ᠤᠨ ᠡᠮᠦᠨᠡᠲᠦ ᠬᠡᠰᠡᠭ ᠲᠦ ᠰᠢᠪᠸᠷᠢᠶ ᠠ ᠶᠢᠨ ᠬᠠᠮᠤᠭ ᠤᠨ ᠥᠨᠳᠥᠷ ᠴᠡᠭ ᠪᠧᠯᠤᠬ᠎ᠠ ᠠᠭᠤᠯᠠ (4,506 m) ᠪᠠᠶᠢᠷᠢᠯᠠᠨ᠎ᠠ᠃ ᠣᠷᠣᠰ - ᠮᠣᠩᠭᠣᠯ ᠤᠨ ᠬᠢᠯᠢ ᠶᠢᠨ ᠣᠶᠢᠷᠠᠯᠴᠠᠭ᠎ᠠ ᠤᠺᠣᠺ ᠤᠨ ᠲᠡᠭᠰᠢ ᠥᠨᠳᠥᠷᠯᠢᠭ ᠪᠠᠶᠢᠨ᠎ᠠ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠴᠠᠭ ᠲᠤ ᠪᠦᠭᠦᠳᠡ ᠨᠠᠶᠢᠷᠠᠮᠳᠠᠬᠤ ᠠᠯᠲᠠᠢ ᠤᠯᠤᠰ ᠤᠨ ᠨᠤᠲᠤᠭ ᠳᠡᠪᠢᠰᠬᠡᠷ ᠨᠢ 1 ᠬᠣᠲᠠ ( «ᠲᠣᠭᠣᠷᠢᠭ ᠬᠣᠲᠠ» ᠡᠰᠡᠪᠡᠯ «ᠬᠣᠲᠠ ᠶᠢᠨ ᠲᠣᠭᠣᠷᠢᠭ»), 10 ᠠᠶᠢᠮᠠᠭ ᠪᠦᠭᠦᠳ 11 ᠨᠢᠭᠡᠴᠡ ᠪᠣᠯᠤᠨ ᠬᠤᠪᠢᠶᠠᠭᠳᠠᠵᠤ ᠪᠠᠶᠢᠨ᠎ᠠ᠃ ᠠᠷᠪᠠᠨ ᠠᠶᠢᠮᠠᠭ ᠠᠬᠢᠨ ᠬᠤᠪᠢᠶᠠᠭᠳᠠᠵᠤ 92 ᠨᠢᠭᠡᠴᠡ ᠪᠣᠯᠤᠨ᠎ᠠ᠃ ᠣᠷᠣᠰ ᠢᠶᠠᠷ ᠰᠧᠯᠰᠺᠣᠧ ᠫᠣᠰᠧᠯᠧᠨᠧ ᠭᠡᠵᠦ ᠪᠢᠴᠢᠳᠡᠭ ᠡᠨᠡ ᠵᠦᠢᠯ ᠠᠩᠭᠢ ᠶᠢ ᠮᠣᠩᠭᠣᠯ ᠢᠶᠠᠷ «ᠰᠤᠮᠤ» ᠡᠰᠡᠪᠡᠯ «ᠬᠥᠳᠡᠭᠡ ᠨᠤᠲᠤᠭ» ᠭᠡᠵᠦ ᠣᠷᠴᠢᠭᠤᠯᠵᠤ ᠪᠣᠯᠬᠤ ᠶᠤᠮ᠃

ᠨᠡᠷ᠎ᠡ
(10 ᠠᠶᠢᠮᠠᠭ᠂ 1 ᠬᠣᠲᠠ)
ᠪᠠᠶᠢᠷᠢᠰᠢᠯ ᠣᠷᠣᠰ ᠨᠡᠷ᠎ᠡ
(10 ᠷᠠᠶᠣᠨ᠂ 1 ᠭᠣᠷᠣᠳ)
ᠠᠯᠲᠠᠢ ᠨᠡᠷ᠎ᠡ
(10 ᠠᠶᠢᠮᠠᠺ᠂ 1 ...)
ᠲᠠᠯᠠᠪᠠᠢ ᠬᠦᠮᠦᠨ ᠠᠮᠠ ᠶᠢᠨ
ᠲᠣᠭ᠎ᠠ
ᠠᠶᠢᠮᠠᠭ ᠤᠨ
ᠲᠥᠪ ᠦᠨ ᠨᠡᠷ᠎ᠡ
1 ᠭᠣᠷᠤᠨ᠎ᠠ-ᠠᠯᠲᠠᠢᠰᠺ
(«ᠤᠤᠯ ᠤᠨ ᠠᠯᠲᠠᠢ»)
ᠭᠣᠷᠤᠨ᠎ᠠ-ᠠᠯ ᠲᠠᠢ=ᠰᠺ ᠲᠤᠤᠯᠤ ᠠᠯᠲᠠᠢ 95.5 ᠺᠦᠸᠠᠳ᠋ ᠺᠢᠯᠣᠮᠧᠲ᠋ᠷ 56,013
2 ᠺᠣᠰᠢ-ᠠᠭᠠᠴᠢ
(«ᠬᠣᠣᠰ ᠮᠣᠳᠣ»)
Location Kosh-Agachsky District Altai Republic.svg ᠺᠣᠰᠢ-ᠠᠭᠠᠴᠢᠰᠺ ᠦ ᠺᠣᠰᠢ-ᠠᠭᠠᠰ 19,845 ᠺᠦᠸᠠᠳ᠋ ᠺᠢᠯᠣᠮᠧᠲ᠋ᠷ 19,242 ᠺᠣᠰᠢ-ᠠᠭᠠᠴᠢ
3 ᠮᠠᠶᠢᠮᠠ Location Mayminsky District Altai Republic.svg ᠮᠠᠶᠢᠮᠢᠨᠰᠺ ᠦ ᠮᠠᠶᠢᠮᠠ 1,285 ᠺᠦᠸᠠᠳ᠋ ᠺᠢᠯᠣᠮᠧᠲ᠋ᠷ 28,787 ᠮᠠᠶᠢᠮᠠ
4 ᠣᠩᠭᠤᠲᠠᠢ Location Ongudaysky District Altai Republic.svg ᠣᠩᠭᠤᠲᠠᠢᠰᠺ ᠦ ᠣҥᠳᠣᠢ 11,744 ᠺᠦᠸᠠᠳ᠋ ᠺᠢᠯᠣᠮᠧᠲ᠋ᠷ 15,270 ᠣᠩᠭᠤᠲᠠᠢ
5 ᠲᠦ᠋ᠷᠣᠴᠠᠺ Location Turochaksky District Altai Republic.svg ᠲᠦ᠋ᠷᠣᠴᠠᠺᠰᠺ ᠦ ᠲᠤᠷᠠᠴᠠᠺ 11,015 ᠺᠦᠸᠠᠳ᠋ ᠺᠢᠯᠣᠮᠧᠲ᠋ᠷ 12,637 ᠲᠦ᠋ᠷᠣᠴᠠᠺ
6 ᠤᠯᠭᠠᠨ
(«ᠤᠯᠠᠭᠠᠨ»)
Location Ulagansky District Altai Republic.svg ᠤᠯᠭᠠᠨᠰᠺ ᠦ ᠤᠯᠭᠠᠨ 18,367 ᠺᠦᠸᠠᠳ᠋ ᠺᠢᠯᠣᠮᠧᠲ᠋ᠷ 12,284 ᠤᠯᠭᠠᠨ
7 ᠤᠰᠠᠳᠢ-ᠺᠠᠨ
(«ᠺᠠᠨ ᠤ ᠠᠳᠠᠭ»)
Location Ust-Kansky District Altai Republic.svg ᠤᠰᠠᠳᠢ-ᠺᠠᠨᠰᠺ ᠦ ᠺᠠᠨ-ᠣᠣᠽ ᠤ 6,244 ᠺᠦᠸᠠᠳ᠋ ᠺᠢᠯᠣᠮᠧᠲ᠋ᠷ 15,128 ᠤᠰᠠᠳᠢ-ᠺᠠᠨ
8 ᠤᠰᠠᠳᠢ-ᠺᠣᠺᠰᠠ
(«ᠬᠥᠬᠡ ᠤᠰᠤᠨ ᠤ ᠠᠳᠠᠭ»)
Location Ust-Koksinsky District Altai Republic.svg ᠤᠰᠠᠳᠢ-ᠺᠣᠺᠰᠢᠨᠰᠺ ᠦ ᠺöᠺ-ᠰᠤᠤ 12,958 ᠺᠦᠸᠠᠳ᠋ ᠺᠢᠯᠣᠮᠧᠲ᠋ᠷ 17,610 ᠤᠰᠠᠳᠢ-ᠺᠣᠺᠰᠠ
9 ᠱᠧᠪᠠᠯᠢᠩ Location Shebalinsky District Altai Republic.svg ᠱᠧᠪᠠᠯᠢᠩᠰᠺ ᠦ ᠱᠧᠪᠠᠯᠢᠩ 3,794 ᠺᠦᠸᠠᠳ᠋ ᠺᠢᠯᠣᠮᠧᠲ᠋ᠷ 14,841 ᠱᠧᠪᠠᠯᠢᠨ᠎ᠠ
10 ᠴᠧᠮᠠᠯ Location Chemalsky District Altai Republic.svg ᠴᠧᠮᠠᠯᠰᠺ ᠦ ᠴᠢᠮᠠᠯ 3,016 ᠺᠦᠸᠠᠳ᠋ ᠺᠢᠯᠣᠮᠧᠲ᠋ᠷ 10,331 ᠴᠧᠮᠠᠯ
11 ᠴᠢᠶ᠎ᠠ 30px ᠴᠣᠶᠢᠰᠺ ᠦ ᠴᠢᠶ᠎ᠠ 4,526 ᠺᠦᠸᠠᠳ᠋ ᠺᠢᠯᠣᠮᠧᠲ᠋ᠷ 8,694 ᠴᠢᠶ᠎ᠠ

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ»

ᠪᠢᠴᠢᠭᠡᠰᠦ