ᠠᠯᠲᠠᠢ ᠶᠢᠨ ᠨᠢᠷᠤᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠢ ᠶᠢᠨ ᠠᠤᠯᠠᠯᠠᠰ
ᠡᠨᠡ ᠠᠭᠤᠯᠠ ᠨᠢᠷᠤᠭᠤ ᠶᠢ ᠪᠤᠰᠤᠳ ᠠᠯᠲᠠᠢᠭᠠ ᠠᠴᠠ ᠢᠯᠭᠠᠨ ᠲᠠᠨᠢᠭᠠᠷᠠᠢ᠃
ᠠᠯᠲᠠᠢ ᠶᠢᠨ ᠨᠣᠶᠠᠨ ᠣᠷᠭᠢᠯ
ᠬᠠᠲᠠᠨ ᠤ ᠨᠢᠷᠤᠭᠤᠨ ᠤ ᠪᠧᠯᠤᠬ᠎ᠠ
ᠠᠯᠲᠠᠢ (ᠬᠤᠳᠤᠮ ᠮᠣᠩᠭᠣᠯ ᠢᠶᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠠᠯᠲᠠᠢ, ᠪᠤᠰᠤᠳ ᠵᠦᠢᠯᠡᠰ ᠡᠴᠡ ᠢᠯᠭᠠᠵᠤ ᠠᠯᠲᠠᠢ ᠶᠢᠨ ᠨᠢᠷᠤᠭᠤ) ᠨᠢ ᠮᠣᠩᠭᠣᠯ ᠤᠯᠤᠰ ᠪᠠ ᠣᠷᠣᠰ ᠬᠣᠯᠪᠣᠭᠠᠨ ᠤ ᠤᠯᠤᠰ ᠍ ᠤᠨ ᠳᠣᠷᠣᠨᠠᠲᠤ ᠰᠢᠪᠸᠷᠢᠶ ᠠ ᠲᠤ ᠤᠷᠤᠰᠢᠬᠤ ᠨᠢᠷᠤᠭᠤ ᠶᠤᠮ᠃ᠮᠣᠩᠭᠣᠯ ᠤᠯᠤᠰ ᠤᠨ ᠪᠠᠷᠠᠭᠤᠨ ᠬᠡᠰᠡᠭ ᠲᠦ ᠪᠠᠷᠠᠭᠤᠨ ᠬᠣᠶᠢᠨ᠎ᠠ ᠠᠴᠠ ᠵᠡᠭᠦᠨ ᠤᠷᠤᠭᠰᠢ ᠦᠷᠭᠦᠯᠵᠢᠯᠡᠨ ᠰᠤᠨᠵᠤ ᠲᠣᠭᠲᠠᠭᠰᠠᠨ ᠠᠤᠯᠠᠯᠠᠰ᠃ ᠠᠯᠲᠠᠢ ᠲᠠᠪᠠᠨ ᠪᠣᠭᠳᠠ ᠠᠴᠠ ᠭᠢᠴᠢᠭᠢᠨ ᠨᠢᠷᠤᠭᠤ ᠬᠦᠷᠲᠡᠯᠡᠬᠢ ᠬᠡᠰᠡᠭ ᠢ 《ᠮᠣᠩᠭᠣᠯ ᠠᠯᠲᠠᠢ》, ᠭᠢᠴᠢᠭᠢᠨ ᠨᠢᠷᠤᠭᠤᠨ ᠠᠴᠠ ᠬᠤᠷᠬ᠎ᠠ ᠶᠢᠨ ᠠᠭᠤᠯᠠ ᠬᠦᠷᠲᠡᠯᠡᠬᠢ ᠶᠢ 《ᠭᠣᠪᠢ-ᠠᠯᠲᠠᠢ》 ᠬᠡᠮᠡᠨ᠎ᠡ᠃ ᠵᠡᠭᠦᠨ ᠲᠠᠯ᠎ᠠ ᠳᠤ ᠨᠢ ᠤᠪᠰᠤ ᠨᠠᠭᠤᠷᠬᠢᠷᠭᠠᠰ ᠨᠠᠭᠤᠷ ᠵᠡᠷᠭᠡ ᠣᠯᠠᠨ ᠨᠠᠭᠤᠷ ᠪᠦᠬᠦᠢ ᠶᠡᠬᠡ ᠨᠠᠭᠤᠷ ᠤᠳ ᠤᠨ ᠬᠣᠲᠣᠭᠣᠷ ᠣᠷᠣᠰᠢᠨ᠎ᠠ᠃ ᠮᠥᠩᠬᠡ ᠴᠠᠰᠤᠨ ᠤ ᠳ᠋ᠣᠣ ᠳᠤ ᠬᠢᠵᠠᠭᠠᠷ ᠨᠢ ᠵᠡᠭᠦᠨ ᠬᠡᠰᠡᠭ ᠢᠶᠡᠷ ᠢᠶᠡᠨ ᠳᠠᠯᠠᠢ ᠶᠢᠨ ᠲᠦᠪᠰᠢᠨ ᠡᠴᠡ ᠳᠡᠭᠡᠭᠰᠢ 1875 ᠮ᠂ ᠪᠠᠷᠠᠭᠤᠨ ᠬᠡᠰᠡᠭ ᠦᠨ ᠬᠣᠶᠢᠳᠤ ᠲᠠᠯ᠎ᠠ ᠨᠢ 2010 ᠮ᠂ ᠡᠮᠦᠨᠡᠲᠦ ᠲᠠᠯ᠎ᠠ ᠨᠢ 2340 ᠮ ᠪᠥᠭᠡᠳ ᠮᠥᠩᠬᠡ ᠴᠠᠰᠤᠲᠤ ᠣᠷᠭᠢᠯ ᠣᠯᠠᠨ ᠲᠠᠢ᠃ ᠮᠣᠩᠭᠣᠯ ᠠᠯᠲᠠᠢ ᠴᠡᠩᠭᠡᠯ ᠬᠠᠶᠢᠷᠬᠠᠨ 4362 ᠮ᠂ ᠮᠥᠩᠬᠡ ᠬᠠᠶᠢᠷᠬᠠᠨ 4231 ᠮ᠂ ᠮᠥᠰᠦᠲᠦ ᠬᠠᠶᠢᠷᠬᠠᠨ 3934 ᠮ ᠵᠡᠷᠭᠡ ᠮᠥᠩᠬᠡ ᠴᠠᠰᠤᠲᠤ ᠣᠷᠭᠢᠯ ᠤᠳ ᠲᠠᠢ᠃ ᠠᠯᠲᠠᠢ ᠶᠢᠨ ᠨᠢᠷᠤᠭᠤᠨ ᠤ ᠬᠠᠮᠤᠭ ᠤᠨ ᠥᠨᠳᠥᠷ ᠴᠡᠭ ᠲᠠᠪᠤᠨ ᠪᠣᠭᠳᠠ ᠪᠤᠶᠤ ᠬᠦᠢᠲᠡᠨ ᠣᠷᠭᠢᠯ 4374 ᠮ ᠨᠢ ᠮᠣᠩᠭᠣᠯ ᠤᠯᠤᠰ ᠤᠨ ᠬᠠᠮᠤᠭ ᠤᠨ ᠥᠨᠳᠥᠷ ᠴᠡᠭ ᠶᠤᠮ᠃


Commons
Викимедиа дуу дүрсний сан: Altay Mountains

ᠪᠢᠴᠢᠭᠡᠰᠦ