ᠠᠯᠲᠠᠢ ᠶᠢᠨ ᠤᠷᠢᠶᠠᠩᠬᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠯᠲᠠᠢ ᠶᠢᠨ ᠤᠷᠢᠶᠠᠩᠬᠠᠢ ᠨᠢ ᠣᠶᠢᠷᠠᠳ ᠤᠨ ᠨᠢᠭᠡᠨ ᠲᠣᠮᠣᠬᠠᠨ ᠶᠠᠰᠤᠲᠠᠨ ᠤ ᠨᠢᠭᠡ᠃

ᠠᠯᠲᠠᠢ ᠶᠢᠨ ᠤᠷᠢᠶᠠᠩᠬᠠᠢ ᠶᠠᠰᠤᠲᠠᠨ ᠤ ᠬᠤᠪᠴᠠᠰᠤ
ᠪᠠᠷᠠᠭᠤᠨ ᠮᠣᠩᠭᠣᠯ ᠳᠤ ᠨᠤᠲᠤᠭᠯᠠᠬᠤ ᠠᠯᠲᠠᠢ ᠶᠢᠨ ᠤᠷᠢᠶᠠᠩᠬᠠᠢ ᠶᠢᠨ ᠮᠠᠨᠵᠤ ᠶᠢᠨ ᠦᠶ᠎ᠡ ᠳ᠋ᠡᠬᠢ ᠵᠢᠳᠬᠦᠯᠳᠤ ᠭᠦᠨ  ᠬᠣᠰᠢᠭᠤᠨ ᠤ ᠨᠤᠲᠤᠭ ᠤᠨ ᠵᠢᠷᠤᠭ

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠬᠠᠭᠠᠳ ᠤᠨ ᠬᠤᠷᠢᠶ ᠠ ᠵᠢ ᠰᠠᠬᠢᠭᠰᠠᠨ ᠤᠷᠢᠶᠠᠩᠬᠠᠢ ᠨᠠᠷ ᠨᠠᠢᠮᠠ ᠡᠴᠡ ᠠᠷᠪᠠᠨ ᠳᠥᠷᠪᠡᠳᠦᠭᠡᠷ ᠵᠠᠭᠤᠨ ᠤ ᠡᠬᠢᠨ ᠦᠶ᠎ᠡ ᠬᠦᠷᠲᠡᠯ᠎ᠡ ᠬᠡᠨᠲᠡᠢ ᠠᠭᠤᠯᠠ ᠵᠢᠨ ᠬᠠᠪᠢ ᠪᠡᠷ ᠨᠤᠲᠤᠭᠯᠠᠨ ᠰᠠᠭᠤᠭᠰᠠᠭᠠᠷ ᠪᠠᠶᠢᠵᠠᠢ᠃ ᠲᠡᠳᠡ ᠨᠠᠢᠮᠠ ᠡᠴᠡ ᠠᠷᠪᠠᠨ ᠳᠥᠷᠪᠡᠳᠦᠭᠡᠷ ᠵᠠᠭᠤᠨ ᠤ ᠡᠬᠢᠨ ᠳᠦ ᠮᠣᠩᠭᠣᠯ ᠤᠨ ᠶᠡᠬᠡ ᠬᠠᠭᠠᠨ ᠢ ᠦᠶ᠎ᠡ ᠦᠶ᠎ᠡ ᠡᠰᠡᠷᠭᠦᠴᠡᠨ ᠪᠣᠰᠴᠤ ᠪᠠᠶᠢᠭᠰᠠᠨ ᠲᠤᠯᠠ ᠲᠡᠳᠡᠨ ᠢ ᠪᠤᠰᠤᠳ ᠲᠦᠮᠡᠨ ᠨᠦᠭᠦᠳ ᠲᠦ ᠲᠠᠷᠬᠠᠭᠠᠨ ᠥᠭᠴᠦ ᠬᠦᠴᠦ ᠶᠢ ᠰᠠᠷᠨᠢᠭᠤᠯᠤᠭᠰᠠᠨ ᠠᠵᠢ᠃ ᠳᠡᠭᠡᠷᠡᠬᠢ ᠵᠡᠭᠦᠨ ᠮᠣᠩᠭᠣᠯ ᠤᠨ ᠤᠷᠢᠶᠠᠩᠬᠠᠢ ᠨᠠᠷ ᠤᠨ ᠵᠠᠷᠢᠮ ᠨᠢ ᠲᠠᠪᠤ ᠵᠢᠷᠭᠤᠳᠤᠭᠠᠷ ᠵᠠᠭᠤᠨ ᠤ ᠳᠤᠮᠳᠠ ᠦᠶ᠎ᠡ ᠳᠦ ᠪᠠᠲᠤᠮᠦ᠋ᠩᠬᠡ ᠳᠠᠶᠠᠩ ᠬᠠᠭᠠᠨ ᠤ ᠣᠳᠬᠣᠨ ᠬᠥᠪᠡᠭᠦᠨ ᠭᠡᠷᠰᠡᠩᠵᠡ ᠶᠢᠨ ᠵᠠᠬᠢᠷᠭᠠᠨ ᠳᠤ ᠪᠠᠶᠢᠭᠰᠠᠨ ᠠᠵᠢ᠃ ᠬᠡᠨᠲᠡᠢ ᠠᠭᠤᠯᠠ ᠵᠢᠨ ᠬᠠᠪᠢ ᠪᠡᠷ ᠨᠤᠲᠤᠭᠯᠠᠵᠤ ᠪᠠᠶᠢᠭᠰᠠᠨ ᠲᠡᠳᠡᠭᠡᠷ ᠤᠷᠢᠶᠠᠩᠬᠠᠢ ᠨᠠᠷ ᠭᠡᠷᠰᠡᠩᠵᠡ ᠶᠢᠨ ᠮᠡᠳᠡᠯ ᠳᠦ ᠣᠴᠢᠭᠰᠠᠨ ᠤ ᠪᠠᠨ ᠳᠠᠷᠠᠭ᠎ᠠ ᠲᠠᠪᠤ ᠵᠢᠷᠭᠤᠳᠤᠭᠠᠷ ᠵᠠᠭᠤᠨ ᠤ ᠡᠬᠢ ᠪᠡᠷ ᠪᠠᠷᠠᠭᠤᠨᠰᠢ ᠲᠠᠢᠢᠯᠠᠨ᠂ ᠬᠠᠩᠭᠠᠢ ᠠᠭᠤᠯᠠᠨ ᠳᠤ ᠣᠴᠢᠵᠤ ᠬᠡᠰᠡᠭ ᠰᠠᠭᠤᠭᠰᠠᠨ ᠢᠶᠠᠨ᠂ ᠤᠳᠠᠯ ᠦᠭᠡᠢ ᠴᠢᠨᠠᠭᠰᠢᠯᠠᠨ᠂ ᠠᠯᠲᠠᠢ ᠠᠭᠤᠯᠠᠨ ᠳᠤ ᠬᠦᠷᠴᠡᠢ᠃[1] ᠠᠷᠪᠠᠨ ᠳᠣᠯᠤᠳᠤᠭᠠᠷ ᠵᠠᠭᠤᠨ ᠤ ᠦᠶ᠎ᠡ ᠳᠦ ᠲᠡᠳᠡ ᠠᠯᠲᠠᠢ ᠶᠢᠨ ᠪᠦᠰᠬᠠᠶᠢᠷᠬᠠᠨ ᠠᠭᠤᠯᠠ ᠶᠢᠨ ᠣᠷᠴᠢᠮ ᠳᠤ ᠰᠠᠭᠤᠷᠢᠰᠢᠨ᠂ ᠬᠠᠯᠬ᠎ᠠ ᠶᠢᠨ ᠵᠠᠰᠠᠭᠲᠤ ᠬᠠᠨ ᠠᠶᠢᠮᠠᠭ ᠲᠤ ᠳᠠᠶᠢᠴᠢᠨ ᠵᠠᠰᠠᠭ ᠤᠨ ᠬᠣᠰᠢᠭᠤ᠂ ᠳᠠᠷᠬᠠᠨ ᠵᠠᠰᠠᠭ ᠤᠨ ᠬᠣᠰᠢᠭᠤ ᠪᠣᠯᠤᠨ ᠬᠠᠷᠢᠶᠠᠯᠠᠭᠳᠠᠭᠰᠠᠨ ᠪᠠᠶᠢᠨ᠎ᠠ᠃ ᠵᠢᠷᠭᠤᠭᠠᠨ ᠲᠦᠮᠡᠨ ᠦ ᠮᠠᠭᠲᠠᠭᠠᠯ ᠠᠴᠠ ᠦᠵᠡᠬᠦ ᠳᠦ ᠲᠡᠳᠡ ᠳᠠᠶᠠᠩ ᠬᠠᠭᠠᠨ ᠤ ᠦᠶ᠎ᠡ ᠳᠦ ᠠᠯᠲᠠᠢ ᠳᠤ ᠪᠠᠶᠢᠭᠰᠠᠨ ᠨᠢ ᠮᠡᠳᠡᠭᠳᠡᠳᠡᠭ᠃[2] ᠠᠯᠲᠠᠢ ᠶᠢᠨ ᠤᠷᠢᠶᠠᠩᠬᠠᠢ ᠶᠢᠨ ᠠᠷᠠᠳ ᠤᠨ ᠳᠠᠭᠤᠨ ᠳᠤ ᠵᠡᠯᠮ᠎ᠡ ᠶᠢᠨ ᠲᠤᠬᠠᠢ ᠦᠭᠦᠯᠡᠳᠡᠭ ᠪᠥᠭᠡᠳ ᠤᠭᠰᠠᠭᠠᠲᠠᠨ ᠤ ᠪᠦᠷᠢᠯᠳᠦᠬᠦᠨ ᠳᠦ ᠨᠢ ᠠᠳᠠᠩᠬᠤ᠂ ᠮᠠᠯᠢᠭ᠂ ᠲᠠᠷᠠᠭᠲᠤ ᠵᠡᠷᠭᠡ ᠳᠣᠯᠤᠳᠤᠭᠠᠷ ᠵᠠᠭᠤᠨ ᠠᠴᠠ ᠬᠣᠶᠢᠰᠢ ᠬᠡᠨᠲᠡᠢ ᠠᠭᠤᠯᠠ ᠪᠠᠷ ᠨᠤᠲᠤᠭᠯᠠᠵᠤ ᠶᠠᠪᠤᠭᠰᠠᠨ ᠵᠠᠷᠢᠮ ᠣᠪᠤᠭ ᠣᠷᠣᠯᠴᠠᠭᠰᠠᠨ ᠪᠠᠶᠢᠭ᠎ᠠ ᠨᠢ ᠲᠡᠳᠡᠨ ᠢ ᠬᠡᠨᠲᠡᠢ ᠳᠦ ᠪᠠᠶᠢᠭᠰᠠᠨ ᠤᠷᠢᠶᠠᠩᠬᠠᠶᠢᠴᠤᠳ ᠪᠣᠯᠬᠤ ᠶᠢ ᠪᠠᠲᠤᠯᠠᠳᠠᠭ᠃[3] ᠲᠡᠳᠡ ᠣᠯᠠᠨ ᠵᠠᠭᠤᠨ ᠵᠢᠯ ᠣᠶᠢᠷᠠᠳ ᠤᠨ ᠳᠣᠲᠣᠷ᠎ᠠ ᠰᠠᠭᠤᠭᠰᠠᠨ ᠠᠴᠠ ᠣᠶᠢᠷᠠᠳ ᠤᠨ ᠠᠮᠠᠨ ᠠᠶᠠᠯᠭᠤ᠂ ᠡᠳ᠋ ᠍ ᠦᠨ ᠬᠢᠭᠡᠳ ᠣᠶᠤᠨ ᠤ ᠰᠤᠶᠤᠯ ᠤᠨ ᠨᠥᠯᠥᠭᠡ ᠶᠢ ᠠᠪᠤᠭᠰᠠᠨ ᠠᠵᠢ᠃

ᠲᠤᠸᠠᠴᠤᠤᠳᠤ ᠨᠶᠢᠮᠠᠨ   ᠢ ᠬᠠᠨᠯᠢᠭ ᠤᠨᠠᠭᠰᠠᠨ ᠤ ᠳᠠᠷᠠᠭ᠎ᠠ ᠤᠷᠤᠭᠰᠢ ᠨᠡᠭᠦᠨ ᠮᠣᠩᠭᠣᠯ ᠤᠨ ᠪᠠᠷᠠᠭᠤᠨ ᠠᠶᠢᠮᠠᠭ ᠤᠳ ᠢᠶᠠᠷ 1750 ᠍ ᠊ᠭᠠᠳ ᠣᠨ ᠬᠦᠷᠲᠡᠯ᠎ᠡ ᠠᠯᠲᠠᠢ ᠶᠢᠨ ᠤᠷᠢᠶᠠᠩᠬᠠᠢ ᠲᠠᠢ ᠬᠢᠯᠢ ᠵᠠᠯᠭᠠᠨ ᠰᠠᠭᠤᠷᠢᠰᠢᠵᠤ ᠪᠠᠶᠢᠪᠠ᠃ ᠳᠥᠷᠪᠡᠳ ᠦᠳ ᠵᠦᠩᠭᠠᠷ ᠤᠨ ᠳᠠᠪᠠᠭᠠᠴᠢ ᠬᠠᠭᠠᠨ ᠤ ᠪᠣᠳᠣᠯᠭ᠎ᠠ ᠳᠤ ᠲᠤᠷ ᠠ ᠦᠬᠡᠢ᠋ᠴᠡᠨ ᠵᠠᠶᠢᠰᠠᠩ ᠨᠠᠭᠤᠷ ᠳᠠᠬᠢ ᠨᠤᠲᠤᠭ ᠠᠴᠠ ᠪᠠᠨ ᠨᠡᠭᠦᠵᠦ ᠮᠠᠨᠵᠤ ᠳᠤ ᠪᠠᠭᠤᠵᠤ ᠥᠭᠬᠦ ᠳᠦ ᠳᠥᠷᠪᠡᠳ ᠦᠳ ᠢ ᠤᠯᠠᠭᠠᠨᠠᠭᠠᠮ᠎ᠠ ᠳᠤ ᠰᠠᠭᠤᠯᠭᠠᠨ ᠲᠡᠨᠳᠡ ᠪᠠᠶᠢᠭᠰᠠᠨ ᠲᠤᠸᠠᠴᠢ ᠨᠤᠭᠤᠳ ᠢ ᠣᠳᠣ ᠶᠢᠨ ᠲᠤᠸᠠ ᠤᠯᠤᠰ ᠤᠨ ᠨᠤᠲᠤᠭ ᠲᠤ ᠨᠡᠭᠦᠯᠭᠡᠨ ᠰᠠᠭᠤᠷᠢᠰᠢᠭᠤᠯᠵᠠᠢ᠃ ᠲᠤᠸᠠᠴᠤᠳ ᠠᠯᠲᠠᠢ ᠶᠢᠨ ᠤᠷᠢᠶᠠᠩᠬᠠᠢ ᠶᠢ ᠲᠤᠸᠠ ᠬᠦᠮᠦᠰ ᠪᠠᠶᠢᠭᠰᠠᠨ ᠴᠤ ᠮᠠᠨᠵᠤ ᠶᠢᠨ ᠨᠡᠭᠦᠯᠭᠡᠨ ᠰᠢᠯᠵᠢᠭᠦᠯᠦᠯᠲᠡ ᠶᠢᠨ ᠦᠶ᠎ᠡ ᠳᠦ ᠲᠤᠸᠠᠴᠤᠳ ᠬᠤᠪᠢᠶᠠᠭᠳᠠᠵᠤ ᠠᠯᠲᠠᠢ ᠳᠤ ᠦᠯᠡᠳᠡᠭᠰᠡᠨ ᠲᠤᠸᠠᠴᠤᠳ ᠠᠯᠲᠠᠢ ᠶᠢᠨ ᠤᠷᠢᠶᠠᠩᠬᠠᠢ ᠨᠡᠷ᠎ᠡ ᠲᠡᠢ ᠪᠣᠯᠵᠤ ᠲᠤᠸᠠ ᠬᠡᠯᠡ ᠰᠤᠶᠤᠯ ᠢᠶᠠᠨ ᠮᠠᠷᠲᠠᠭᠰᠠᠨ ᠭᠡᠵᠦ ᠦᠵᠡᠳᠡᠭ᠃

ᠵᠠᠰᠠᠭᠲᠤ ᠬᠠᠨ ᠠᠶᠢᠮᠠᠭ ᠤᠨ ᠳᠠᠶᠢᠴᠢᠨ ᠵᠠᠰᠠᠭ ᠤᠨ ᠬᠣᠰᠢᠭᠤ ᠪᠠᠷ ᠡᠳᠦᠭᠡ ᠶᠢᠨ ᠮᠣᠩᠭᠣᠯ ᠤᠯᠤᠰ ᠤᠨ ᠭᠣᠪᠢ-ᠠᠯᠲᠠᠢ ᠠᠶᠢᠮᠠᠭ ᠤᠨ ᠲᠣᠩᠬᠢᠯ᠂ ᠲᠥᠭᠥᠷᠢᠭ᠂ ᠴᠡᠭᠡᠯ᠂ ᠠᠯᠲᠠᠢ᠂ ᠪᠤᠭᠤᠳᠤ ᠰᠤᠮᠤᠳ ᠢ᠂ ᠳᠠᠷᠬᠠᠨ ᠵᠠᠰᠠᠭ ᠤᠨ ᠬᠣᠰᠢᠭᠤ ᠪᠠᠷ ᠬᠣᠪᠳᠣ ᠠᠶᠢᠮᠠᠭ ᠤᠨ ᠴᠡᠴᠡᠭ ᠰᠤᠮᠤ ᠶᠢ ᠪᠠᠶᠢᠭᠤᠯᠤᠭᠰᠠᠨ ᠠᠵᠡᠢ᠃ ᠥᠭᠡᠷ᠎ᠡ ᠪᠡᠷ ᠬᠡᠯᠡᠪᠡᠯ ᠤᠷᠢᠳᠤ ᠶᠢᠨ ᠵᠡᠭᠦᠨ ᠮᠣᠩᠭᠣᠯ ᠤᠨ ᠤᠷᠢᠶᠠᠩᠬᠠᠢ ᠨᠠᠷ ᠤᠨ ᠦᠷ᠎ᠡ ᠬᠣᠶᠢᠴᠢᠰ ᠨᠢ ᠳᠡᠭᠡᠷᠡᠬᠢ ᠰᠤᠮᠤᠳ ᠤᠨ ᠭᠣᠣᠯᠯᠠᠨ ᠣᠷᠣᠰᠢᠨ ᠰᠠᠭᠤᠭᠴᠢᠳ ᠨᠢ ᠪᠣᠯᠵᠠᠢ᠃ ᠮᠠᠨᠵᠤ ᠶᠢᠨ ᠡᠷᠬᠡ ᠪᠠᠷᠢᠭᠴᠢᠳ ᠤᠷᠢᠶᠠᠩᠬᠠᠢ ᠨᠠᠷ ᠢ 4 ᠬᠣᠰᠢᠭᠤ ᠵᠣᠬᠢᠶᠠᠨ᠂ ᠲᠤᠸᠠ ᠤᠷᠢᠶᠠᠩᠬᠠᠢ ᠨᠠᠷ  ᠵᠢᠡᠷ 3 ᠬᠣᠰᠢᠭᠤ ᠵᠣᠬᠢᠶᠠᠨ᠂ ᠪᠦᠭᠦᠳᠡ 7 ᠬᠣᠰᠢᠭᠤ ᠪᠣᠯᠭᠠᠨ᠂ ᠬᠣᠪᠳᠣ ᠶᠢᠨ ᠮᠠᠨᠵᠤ ᠰᠠᠶᠢᠳ ᠤᠨ ᠭᠠᠵᠠᠷ ᠲᠤ ᠵᠠᠬᠢᠷᠤᠭᠤᠯᠵᠠᠢ᠃ ᠮᠣᠩᠭᠣᠯ ᠤᠷᠢᠶᠠᠩᠬᠠᠢ ᠶᠢᠨ ᠳᠥᠷᠪᠡᠨ ᠬᠣᠰᠢᠭᠤ ᠭᠡᠪᠡᠯ 1. ᠵᠡᠭᠦᠨ ᠠᠮᠪᠠᠨ ᠤ ᠬᠣᠰᠢᠭᠤ 2. ᠵᠡᠭᠦᠨ ᠭᠠᠷ ᠤᠨ ᠮᠡᠶᠢᠷᠡᠨ ᠵᠠᠰᠠᠭ ᠤᠨ ᠬᠣᠰᠢᠭᠤ 3. ᠪᠠᠷᠠᠭᠤᠨ ᠠᠮᠪᠠᠨ ᠤ ᠬᠣᠰᠢᠭᠤ 4. ᠭᠣᠮᠪᠣ ᠳᠠᠭ᠎ᠠ ᠶᠢᠨ ᠬᠣᠰᠢᠭᠤ ᠳᠡᠭᠡᠷᠡᠬᠢ ᠳᠥᠷᠪᠡᠨ ᠬᠣᠰᠢᠭᠤ ᠪᠠᠷ ᠡᠳᠦᠭᠡ ᠶᠢᠨ ᠮᠣᠩᠭᠣᠯ ᠤᠯᠤᠰ ᠤᠨ ᠪᠠᠶᠠᠨ-ᠥᠯᠥᠭᠡᠢ ᠠᠶᠢᠮᠠᠭ ᠤᠨ ᠪᠤᠶᠠᠨᠲᠤ᠂ ᠠᠯᠲᠠᠢ᠂ ᠪᠤᠭᠤᠳᠤ᠂ ᠠᠯᠲᠠᠨᠴᠥ᠋ᠭᠥᠴᠡ᠂ ᠰᠠᠭᠰᠠᠢ᠂ ᠬᠣᠪᠳᠣ ᠠᠶᠢᠮᠠᠭ ᠤᠨ ᠮᠥᠩᠬᠡᠬᠠᠶᠢᠷᠬᠠᠨ᠂ ᠳᠠᠭᠤᠲᠤ ᠰᠤᠮᠤ ᠶᠢ ᠪᠠᠶᠢᠭᠤᠯᠵᠠᠢ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠢᠨᠵᠢᠶᠠᠩ-ᠤᠶᠢᠭᠤᠷ ᠤᠨ ᠥᠪᠡᠷᠲᠡᠭᠡᠨ ᠵᠠᠰᠠᠬᠤ ᠣᠷᠣᠨ ᠤ ᠠᠯᠲᠠᠢ ᠠᠶᠢᠮᠠᠭ ᠤᠨ ᠠᠯᠲᠠᠢ ᠬᠣᠰᠢᠭᠤᠨ ᠤ ᠨᠤᠲᠤᠭ ᠲᠤ ᠴᠥᠭᠡᠨ ᠤᠷᠢᠶᠠᠩᠬᠠᠶᠢᠴᠤᠳ ᠣᠳᠣ ᠣᠷᠣᠰᠢᠨ ᠰᠠᠭᠤᠵᠤ ᠪᠠᠶᠢᠨ᠎ᠠ᠃ᠡᠯ᠎ᠡ ᠤᠷᠢᠶᠠᠩᠬᠠᠢ ᠪᠣᠯ ᠮᠣᠩᠭᠣᠯ ᠤᠯᠤᠰ ᠤᠨ ᠨᠤᠲᠤᠭ ᠠᠯᠲᠠᠢ ᠳᠤ ᠰᠠᠭᠤᠵᠤ ᠪᠤᠢ ᠮᠣᠩᠭᠣᠯ ᠬᠡᠯᠡ ᠳᠦ ᠤᠷᠢᠶᠠᠩᠬᠠᠶᠢᠴᠤᠳ ᠤᠨ ᠲᠠᠰᠤᠷᠬᠠᠢ ᠶᠤᠮ᠃ 1907 ᠣᠨ ᠳᠤ ᠮᠠᠨᠵᠤ ᠴᠢᠩ ᠤᠯᠤᠰ ᠤᠨ ᠡᠷᠬᠡ ᠪᠠᠷᠢᠭᠴᠢᠳ ᠠᠯᠲᠠᠢ ᠶᠢᠨ ᠤᠷᠢᠶᠠᠩᠬᠠᠢ ᠶᠢᠨ ᠵᠠᠷᠢᠮ ᠬᠡᠰᠡᠭ ᠢ ᠰᠢᠨᠵᠢᠶᠠᠩ   ᠳᠡᠬᠢ ᠠᠯᠲᠠᠢ ᠶᠢᠨ ᠰᠢᠷ᠎ᠠ ᠰᠦᠮ᠎ᠡ ᠳᠦ ᠰᠠᠭᠤᠭᠰᠠᠨ ᠠᠮᠪᠠᠨ ᠳᠤ ᠵᠠᠬᠢᠷᠤᠭᠤᠯᠤᠭᠰᠠᠨ ᠪᠠᠶᠢᠨ᠎ᠠ᠃ ᠴᠢᠩᠭᠢᠵᠦ ᠤᠷᠢᠶᠠᠩᠬᠠᠢ ᠨᠠᠷ ᠬᠣᠶᠠᠷ ᠬᠤᠪᠢᠶᠠᠭᠳᠠᠵᠠᠢ᠃ ᠣᠳᠣ ᠰᠢᠨᠵᠢᠶᠠᠩ ᠳᠤ ᠴᠥᠭᠡᠨ ᠲᠣᠭᠠᠨ ᠤ ᠠᠯᠲᠠᠢ ᠤᠷᠢᠶᠠᠩᠬᠠᠶᠢᠴᠤᠳ ᠪᠤᠢ᠃

ᠮᠠᠨᠵᠤ ᠴᠢᠩ ᠤᠯᠤᠰ ᠤᠨ ᠦᠶ᠎ᠡ ᠳᠦ ᠤᠷᠢᠶᠠᠩᠬᠠᠶᠢᠴᠤᠳ ᠢ ᠵᠠᠰᠠᠭ ᠵᠠᠬᠢᠷᠭᠠᠨ ᠤ ᠨᠢᠭᠡᠴᠡ ᠪᠡᠷ ᠪᠠᠷᠠᠭᠤᠨ᠂ ᠵᠠᠭᠤᠨ ᠭᠠᠷ ᠲᠤ ᠬᠤᠪᠢᠶᠠᠭᠰᠠᠨ ᠪᠠᠶᠢᠳᠠᠭ᠃ ᠲᠡᠷᠡ ᠨᠢ ᠳᠣᠲᠣᠷ᠎ᠠ ᠪᠠᠨ ᠳᠣᠯᠣᠭᠠᠨ ᠬᠣᠰᠢᠭᠤ᠂ 27 ᠰᠤᠮᠤ ᠲᠠᠢ ᠪᠠᠶᠢᠵᠠᠢ᠃ ᠵᠡᠭᠦᠨ ᠠᠮᠪᠠᠨ ᠤ ᠬᠣᠰᠢᠭᠤ: ᠠᠯᠲᠠᠢ ᠶᠢᠨ ᠤᠷᠢᠶᠠᠩᠬᠠᠢ ᠶᠢᠨ ᠭᠣᠣᠯ ᠬᠣᠰᠢᠭᠤ ᠪᠥᠭᠡᠳ ᠰᠠᠭᠰᠠᠢ ᠶᠢᠨ ᠰᠦᠮ᠎ᠡ ᠳᠦ ᠲᠥᠪᠯᠡᠷᠡᠵᠦ ᠪᠠᠶᠢᠭᠰᠠᠨ ᠭᠡᠳᠡᠭ᠃ ᠠᠬ᠎ᠠ᠂ ᠲᠦᠮᠡᠲᠦ᠂ ᠰᠠᠩ᠂ ᠤᠷᠢᠶᠠᠩᠬᠠᠢ᠂ ᠭᠣᠨᠵᠣᠭᠣᠢ᠂ ᠣᠭᠣᠷᠴᠣᠭ ᠭᠡᠰᠡᠨ ᠵᠢᠷᠭᠤᠭᠠᠨ ᠰᠤᠮᠤ ᠲᠠᠢ ᠪᠠᠶᠢᠵᠠᠢ᠃ ᠮᠡᠭᠡᠷᠡᠩ ᠦᠨ ᠬᠣᠰᠢᠭᠤ: ᠠᠬ᠎ᠠ᠂ ᠱᠠᠭᠠᠵᠠᠭᠠᠢ᠂ ᠢᠲᠠᠭᠤᠨ᠂ ᠣᠩᠭᠤᠲᠠ ᠭᠡᠰᠡᠨ ᠳᠥᠷᠪᠡᠨ ᠰᠤᠮᠤ ᠲᠠᠢ᠃ ᠠᠯᠲᠠᠨᠴᠥ᠋ᠭᠥᠴᠡ ᠨᠠᠭᠤᠷ ᠢᠶᠠᠷ ᠲᠥᠪᠯᠡᠷᠡᠨ ᠰᠠᠭᠤᠵᠤ ᠪᠠᠶᠢᠪᠠ᠃ ᠰᠡᠭᠦᠯᠴᠢ ᠶᠢᠨ ᠨᠣᠶᠠᠨ ᠨᠢ ᠴᠠᠭᠠᠨ ᠪᠢᠯᠢᠭ ᠭᠡᠳᠡᠭ ᠬᠦᠮᠦᠨ ᠪᠠᠶᠢᠵᠠᠢ᠃ ᠴᠠᠭᠠᠨ ᠰᠣᠶᠣᠩ  ᠬᠣᠰᠢᠭᠤ: ᠪᠤᠷᠭᠠᠭᠤᠲᠠ᠂ ᠰᠠᠷᠰᠢᠯᠠᠷ ᠬᠣᠶᠠᠷ ᠰᠤᠮᠤ ᠲᠠᠢ᠃ ᠴᠠᠭᠠᠨ ᠰᠣᠶᠣᠨ᠂ ᠲᠡᠯᠡᠩᠭᠡᠳᠦ᠂ ᠰᠠᠭᠯᠠᠭᠠᠷ᠂ ᠬᠤᠪᠠᠯᠠᠷ᠎ᠠ ᠭᠡᠬᠦ ᠮᠣᠨᠴᠢᠭ᠎ᠠ ᠨᠤᠭᠤᠳ ᠤᠨ (ᠲᠤᠸᠠ) ᠬᠣᠰᠢᠭᠤ ᠨᠤᠲᠤᠭ ᠶᠤᠮ᠃ ᠴᠡᠩᠭᠡᠯᠬᠠᠶᠢᠷᠬᠠᠨ᠂ ᠴᠠᠭᠠᠨ ᠭᠣᠣᠯ ᠢᠶᠠᠷ ᠨᠤᠲᠤᠭ ᠲᠠᠢ ᠭᠡᠵᠡᠢ᠃ ᠰᠡᠩᠳᠡᠩ ᠭᠦᠨ ᠦ ᠬᠣᠰᠢᠭᠤ: ᠣᠷᠣᠰᠢᠨ ᠰᠠᠭᠤᠳᠠᠭ ᠣᠪᠤᠭ ᠢᠶᠠᠷ ᠢᠶᠠᠨ ᠨᠡᠷᠡᠯᠡᠭᠳᠡᠭᠰᠡᠨ ᠡᠯ᠎ᠡ ᠬᠣᠰᠢᠭᠤ ᠬᠣᠶᠠᠷ ᠰᠤᠮᠤ ᠲᠠᠢ᠃ ᠬᠠᠷᠭᠠᠨᠠᠲᠤ ᠶᠢᠨ ᠭᠣᠣᠯ ᠢᠶᠠᠷ ᠨᠤᠲᠤᠭᠯᠠᠳᠠᠭ ᠪᠠᠶᠢᠵᠠᠢ᠃ ᠡᠨᠳᠡ ᠳᠤᠷᠠᠳᠤᠭᠳᠠᠭᠰᠠᠨ ᠳᠥᠷᠪᠡᠨ ᠬᠣᠰᠢᠭᠤ ᠨᠢ ᠵᠦᠩᠭᠠᠷ ᠤᠨ ᠮᠣᠩᠭᠣᠯᠴᠤᠳ ᠪᠣᠯᠤᠨ᠎ᠠ᠃ ᠳᠣᠣᠷ᠎ᠠ ᠳᠤᠷᠠᠳᠤᠭᠳᠠᠬᠤ ᠭᠤᠷᠪᠠᠨ ᠬᠣᠰᠢᠭᠤ ᠪᠠᠷᠠᠭᠤᠨ ᠭᠠᠷ ᠤᠨ ᠬᠢᠨ ᠠᠪᠠᠢ᠂ ᠪᠠᠷᠠᠭᠤᠨ ᠪᠡᠰᠠ ᠵᠢᠨ ᠬᠣᠰᠢᠭᠤ: ᠠᠬ᠎ᠠ᠂ ᠴᠡᠷᠪᠡᠪᠡᠨ᠂ ᠮᠢᠩᠭᠠᠳᠤ᠂ ᠰᠠᠩ᠂ ᠣᠭᠣᠷᠴᠣᠭ ᠰᠤᠮᠤ ᠲᠠᠢ᠂ ᠪᠤᠯᠠᠭᠠᠨ ᠭᠣᠣᠯ ᠢᠶᠠᠷ ᠨᠤᠲᠤᠭ ᠲᠠᠢ ᠭᠡᠪᠡ᠃ ᠰᠠᠷᠠᠭᠤᠯ ᠭᠦᠨ ᠦ ᠬᠣᠰᠢᠭᠤ: ᠰᠠᠷᠠᠭᠤᠯ ᠭᠦᠨ ᠦ ᠬᠦᠷᠢᠶᠡᠨ ᠳᠦ ᠲᠥᠪᠯᠡᠷᠡᠭᠰᠡᠨ᠂ ᠲᠣᠯᠪᠣ ᠨᠠᠭᠤᠷ ᠢᠶᠠᠷ ᠨᠤᠲᠤᠭ ᠲᠠᠢ ᠪᠠᠶᠢᠵᠠᠢ᠃ ᠠᠬ᠎ᠠ᠂ ᠳᠤᠮᠳᠠ᠂ ᠬᠣᠶᠢᠳᠤ ᠰᠤᠮᠤ ᠲᠠᠢ ᠭᠡᠬᠦ᠃ ᠰᠢᠷ᠎ᠠ ᠳᠠᠭ᠎ᠠ ᠶᠢᠨ ᠬᠣᠰᠢᠭᠤ: ᠬᠣᠪᠳᠣ ᠭᠣᠣᠯ᠂ ᠰᠢᠨᠵᠢᠶᠠᠩ ᠢᠶᠠᠷ ᠨᠤᠲᠤᠭ ᠲᠠᠢ᠂ ᠳᠥᠷᠪᠡᠨ ᠰᠤᠮᠤ ᠲᠠᠢ᠂ ᠮᠣᠨᠴᠤᠭᠠᠢ ᠬᠣᠰᠢᠭᠤ ᠪᠢᠯᠡ᠃

ᠣᠯᠠᠨ᠎ᠠ ᠡᠷᠭᠦᠭᠳᠡᠭᠰᠡᠨ ᠮᠣᠩᠭᠣᠯ ᠤᠯᠤᠰ ᠍ ᠤᠨ ᠦᠶ᠎ᠡ ᠳᠦ ᠠᠯᠲᠠᠢ ᠶᠢᠨ ᠤᠷᠢᠶᠠᠩᠬᠠᠢ ᠶᠢᠨ ᠡᠶᠡᠲᠡᠢ ᠭᠦᠨ  ᠤ ᠬᠣᠰᠢᠭᠤ᠂ ᠶᠣᠰᠣᠲᠤ ᠭᠦᠨ᠂ ᠳᠠᠷᠬᠠᠨ ᠭᠦᠨ᠂ ᠰᠠᠷᠠᠭᠤᠯ ᠭᠦᠨ᠂ ᠵᠢᠳᠬᠦᠯᠳᠤ ᠭᠦᠨ᠂ ᠵᠣᠷᠢᠭᠲᠤ ᠭᠦᠨ  ᠤ ᠬᠣᠰᠢᠭᠤ ᠭᠡᠰᠡᠨ 6 ᠬᠣᠰᠢᠭᠤ ᠣᠳᠣ ᠶᠢᠨ ᠪᠠᠶᠠᠨ-ᠥᠯᠥᠭᠡᠢ ᠠᠶᠢᠮᠠᠭ ᠢ ᠪᠦᠬᠦᠯᠢ ᠳᠦ ᠨᠢ ᠬᠠᠮᠤᠷᠤᠨ ᠣᠷᠣᠰᠢᠵᠤ ᠪᠠᠶᠢᠭᠰᠠᠨ ᠪᠠ ᠳᠠᠷᠬᠠᠨ ᠭᠦᠨ ᠦ ᠬᠣᠰᠢᠭᠤᠨ ᠤ ᠵᠡᠭᠦᠨ ᠲᠠᠯ᠎ᠠ ᠶᠢᠨ ᠨᠤᠲᠤᠭ ᠨᠢ ᠣᠳᠣ ᠶᠢᠨ ᠬᠣᠪᠳᠣ ᠠᠶᠢᠮᠠᠭ ᠲᠤ ᠣᠷᠣᠵᠠᠢ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠢᠶᠠᠩᠬᠠᠶᠢᠴᠤᠳ ᠤᠨ ᠬᠠᠮᠤᠭ ᠤᠨ ᠲᠣᠮᠣ ᠲᠥᠯᠥᠭᠡᠯᠡᠭᠴᠢ ᠪᠣᠯᠬᠤ ᠠᠯᠲᠠᠢ ᠶᠢᠨ ᠤᠷᠢᠶᠠᠩᠬᠠᠢ ᠨᠢ ᠤᠷᠢᠶᠠᠩᠬᠠᠢ ᠣᠪᠤᠭ ᠤᠨ ᠣᠨᠴᠠᠯᠢᠭ ᠪᠣᠯᠬᠤ ᠳᠠᠶᠢᠨᠴᠢ᠂ ᠲᠤᠯᠤᠭᠠᠨᠴᠢ ᠰᠢᠨᠵᠢ ᠶᠢ ᠢᠯᠡᠳᠬᠡᠭᠰᠡᠨ ᠡᠷᠲᠡᠨ ᠦ ᠣᠨᠴᠠᠯᠢᠭ ᠶᠣᠰᠣ ᠳᠢᠭᠯᠢᠮ ᠪᠦᠬᠦᠢ ᠰᠤᠷ ᠤᠨ ᠬᠠᠷᠪᠤᠭ᠎ᠠ ᠶᠢ ᠥᠨᠥᠳᠥᠷ ᠢ ᠬᠦᠷᠲᠡᠯ᠎ᠡ ᠬᠠᠳᠠᠭᠠᠯᠠᠨ ᠬᠠᠷᠪᠤᠵᠤ ᠢᠷᠡᠭᠰᠡᠨ ᠨᠢ ᠡᠳᠦᠭᠡ ᠮᠣᠩᠭᠣᠯ ᠦᠨᠳᠦᠰᠦᠲᠡᠨ ᠦ ᠬᠠᠮᠤᠭ ᠤᠨ ᠲᠣᠮᠣ ᠪᠠᠶᠠᠷ ᠤᠨ ᠨᠢᠭᠡ ᠪᠣᠯᠬᠤ ᠨᠠᠭᠠᠳᠤᠮ ᠳᠤ ᠤᠷᠢᠶᠠᠩᠬᠠᠢ ᠰᠤᠷ ᠤᠨ ᠬᠠᠷᠪᠤᠭ᠎ᠠ ᠬᠡᠮᠡᠨ ᠨᠡᠷᠡᠯᠡᠭᠳᠡᠨ ᠣᠷᠣᠵᠤ ᠨᠠᠭᠠᠳᠴᠤ ᠪᠠᠶᠢᠨ᠎ᠠ᠃

ᠤᠷᠢᠶᠠᠩᠬᠠᠢ ᠰᠤᠷ ᠤᠨ ᠬᠠᠷᠪᠤᠭ᠎ᠠ ᠨᠢ ᠮᠣᠩᠭᠣᠯ ᠳᠤ ᠪᠠᠨ ᠬᠠᠮᠤᠭ ᠤᠨ ᠲᠣᠮᠣ ᠨᠤᠮᠤ ᠶᠢ ᠬᠡᠷᠡᠭᠯᠡᠳᠡᠭ ᠪᠥᠭᠡᠳ ᠬᠠᠮᠤᠭ ᠤᠨ ᠴᠢᠨᠠᠷᠲᠠᠢ ᠬᠠᠷᠪᠤᠯᠲᠠ ᠶᠢ ᠦᠵᠡᠭᠦᠯᠬᠦ ᠡᠭᠦᠳᠡᠨ ᠡᠴᠡ ᠥᠷᠥᠭᠡ ᠲᠡᠢ ᠰᠤᠷ ᠢ ᠵᠥᠪᠬᠡᠨ ᠣᠨᠣᠬᠤ ᠪᠤᠰᠤ᠂ ᠣᠨᠣᠭᠳᠠᠭᠰᠠᠨ ᠰᠤᠷ ᠨᠢ ᠴᠠᠭᠠᠨ᠎ᠠ ᠪᠠᠶᠢᠷᠢᠯᠠᠬᠤ ᠮᠥᠷ ᠭᠠᠷᠭᠠᠨ ᠥᠨᠳᠥᠷᠯᠡᠭᠰᠡᠨ ᠰᠢᠷᠤᠶ ᠵᠢᠨ ᠨᠢᠷᠤᠭᠤ ᠶᠢ ᠳᠠᠪᠠᠵᠤ ᠦᠰᠦᠷᠦᠭᠰᠡᠨ ᠪᠠᠶᠢᠬᠤ ᠱᠠᠭᠠᠷᠳᠠᠯᠭ᠎ᠠ ᠲᠠᠢ ᠪᠠᠶᠢᠳᠠᠭ ᠪᠠᠶᠢᠨ᠎ᠠ᠃ ᠤᠷᠢᠶᠠᠩᠬᠠᠢ ᠰᠤᠷ ᠤᠨ ᠬᠠᠷᠪᠤᠭ᠎ᠠ ᠨᠢ ᠨᠠᠭᠠᠳᠤᠮ ᠢᠶᠠᠷ ᠬᠠᠷᠪᠤᠬᠤ ᠵᠤᠨ ᠤ ᠰᠤᠷ ᠬᠠᠷᠪᠤᠭ᠎ᠠ᠂ ᠡᠪᠦᠯ ᠴᠠᠭᠠᠨ ᠰᠠᠷ᠎ᠠ ᠪᠠᠷ ᠭᠣᠣᠯ ᠤᠨ ᠮᠥᠰᠦᠨ ᠳᠡᠭᠡᠷ᠎ᠡ ᠬᠠᠷᠪᠤᠬᠤ "ᠮᠥᠰᠦᠨ ᠦ ᠰᠤᠷ ᠬᠠᠷᠪᠤᠭ᠎ᠠ" ᠭᠡᠰᠡᠨ ᠬᠣᠶᠠᠷ ᠲᠥᠷᠥᠯ ᠲᠡᠢ ᠪᠠᠶᠢᠳᠠᠭ᠃ ᠤᠷᠢᠶᠠᠩᠬᠠᠢ ᠰᠤᠷ ᠤᠨ ᠬᠠᠷᠪᠤᠭ᠎ᠠ ᠶᠢ ᠲᠣᠮᠣᠬᠠᠨ ᠬᠡᠮᠵᠢᠶᠡᠨ ᠦ ᠪᠠᠶᠠᠷ ᠨᠠᠭᠠᠳᠤᠮ ᠢᠶᠠᠷ ᠬᠠᠷᠪᠤᠳᠠᠭ ᠪᠥᠭᠡᠳ ᠨᠤᠮᠤ ᠰᠤᠮᠤ ᠶᠢ ᠰᠢᠲᠦᠨ ᠳᠡᠭᠡᠳᠦᠯᠡᠵᠦ᠂ ᠰᠤᠷ ᠤᠨ ᠬᠠᠷᠪᠤᠭᠠᠨ ᠤ ᠡᠷᠲᠡᠨ ᠦ ᠬᠠᠲᠠᠭᠤ ᠴᠢᠩᠳᠠ ᠤᠯᠠᠮᠵᠢᠯᠠᠯᠲᠤ ᠵᠠᠩ ᠵᠠᠩᠰᠢᠯ ᠢ ᠮᠥᠷᠳᠡᠵᠦ ᠢᠷᠡᠭᠰᠡᠨ ᠪᠠᠶᠢᠨ᠎ᠠ᠃ ᠮᠥᠨ ᠡᠷ᠎ᠡ ᠬᠦᠮᠦᠨ ᠦ ᠨᠠᠭᠠᠳᠤᠮ ᠭᠡᠳᠡᠭ ᠤᠳᠬ᠎ᠠ ᠪᠠᠷ ᠨᠢ ᠡᠮᠡᠭᠲᠡᠢ ᠬᠦᠮᠦᠨ  ᠤ ᠰᠤᠷ ᠬᠠᠷᠪᠤᠬᠤ ᠶᠢ ᠥᠨᠥ  ᠬᠦᠷᠲᠡᠯ᠎ᠡ ᠬᠣᠷᠢᠭᠯᠠᠵᠤ ᠢᠷᠡᠵᠡᠢ᠃

ᠠᠯᠲᠠᠢ ᠶᠢᠨ ᠤᠷᠢᠶᠠᠩᠬᠠᠶᠢᠴᠤᠳ ᠲᠤᠤᠯᠢ ᠬᠠᠶᠢᠯᠠᠳᠠᠭ ᠢᠶᠠᠷ ᠢᠶᠠᠨ ᠠᠯᠳᠠᠷᠲᠠᠢ ᠪᠥᠭᠡᠳ ᠠᠯᠳᠠᠷᠲᠠᠢ ᠲᠣᠮᠣ ᠲᠤᠤᠯᠢᠰ ᠢ ᠬᠡᠳᠦᠨ ᠡᠳᠦᠷ ᠬᠠᠶᠢᠯᠠᠵᠤ ᠪᠠᠶᠢᠵᠤ ᠲᠤᠤᠯᠢᠴᠢ ᠭᠡᠰᠡᠨ ᠡᠷᠬᠢᠮ ᠨᠡᠷ᠎ᠡ ᠶᠢ ᠵᠡᠭᠦᠳᠡᠭ ᠪᠠᠶᠢᠨ᠎ᠠ᠃ ᠡᠷᠲᠡ ᠳᠡᠭᠡᠷ᠎ᠡ ᠦᠶᠡᠰ ᠲᠤᠤᠯᠢ ᠬᠠᠶᠢᠯᠠᠵᠤ ᠢᠷᠡᠭᠰᠡᠨ ᠠᠯᠳᠠᠷᠲᠠᠢ ᠲᠤᠤᠯᠢᠴᠢᠳ ᠤᠨ ᠲᠠᠯ᠎ᠠ ᠪᠠᠷ ᠦᠯᠢᠭᠡᠷ ᠮᠡᠲᠦ ᠰᠠᠶᠢᠬᠠᠨ ᠳᠤᠷᠠᠰᠤᠮᠵᠢ ᠨᠤᠭᠤᠳ ᠢ ᠤᠷᠢᠶᠠᠩᠬᠠᠢ ᠶᠢᠨ ᠨᠠᠰᠤᠲᠠᠨ ᠨᠤᠭᠤᠳ ᠠᠮᠠ ᠳᠠᠮᠵᠢᠨ ᠶᠠᠷᠢᠵᠤ ᠪᠠᠶᠢᠳᠠᠭ᠃

ᠲᠡᠳᠡ ᠤᠷᠢᠶᠠᠩᠬᠠᠢ ᠣᠪᠤᠭ ᠤᠨ ᠣᠨᠴᠠᠯᠢᠭ ᠪᠣᠯᠬᠤ ᠳᠠᠶᠢᠨᠴᠢ᠂ ᠲᠤᠯᠤᠭᠠᠨᠴᠢ ᠰᠢᠨᠵᠢ ᠶᠢ ᠢᠯᠡᠳᠬᠡᠭᠰᠡᠨ ᠡᠷᠲᠡᠨ ᠦ ᠣᠨᠴᠠᠯᠢᠭ ᠶᠣᠰᠣ ᠳᠢᠭᠯᠢᠮ ᠪᠦᠬᠦᠢ ᠰᠤᠷ ᠤᠨ ᠬᠠᠷᠪᠤᠭ᠎ᠠ ᠶᠢ ᠥᠨᠥᠳᠥᠷ  ᠬᠦᠷᠲᠡᠯ᠎ᠡ ᠬᠠᠳᠠᠭᠠᠯᠠᠨ ᠬᠠᠷᠪᠤᠵᠤ ᠢᠷᠡᠭᠰᠡᠨ ᠨᠢ ᠡᠳᠦᠭᠡ ᠮᠣᠩᠭᠣᠯ ᠦᠨᠳᠦᠰᠦᠲᠡᠨ ᠦ ᠬᠠᠮᠤᠭ ᠤᠨ ᠲᠣᠮᠣ ᠪᠠᠶᠠᠷ ᠤᠨ ᠨᠢᠭᠡ ᠪᠣᠯᠬᠤ ᠨᠠᠭᠠᠳᠤᠮ ᠳᠤ ᠤᠷᠢᠶᠠᠩᠬᠠᠢ ᠰᠤᠷ ᠤᠨ ᠬᠠᠷᠪᠤᠭ᠎ᠠ ᠬᠡᠮᠡᠨ ᠣᠷᠣᠵᠤ ᠨᠠᠭᠠᠳᠴᠤ ᠪᠠᠶᠢᠨ᠎ᠠ᠃

ᠠᠯᠲᠠᠢ ᠶᠢᠨ ᠤᠷᠢᠶᠠᠩᠬᠠᠢ ᠶᠢᠨ ᠰᠤᠷ ᠤᠨ ᠬᠠᠷᠪᠤᠭ᠎ᠠ
ᠤᠷᠢᠶᠠᠩᠬᠠᠢ ᠰᠤᠷ ᠤᠨ ᠬᠠᠷᠪᠤᠭ᠎ᠠ ᠨᠢ ᠮᠣᠩᠭᠣᠯ ᠳᠤ ᠪᠠᠨ ᠬᠠᠮᠤᠭ ᠤᠨ ᠲᠣᠮᠣ ᠨᠤᠮᠤ ᠶᠢ ᠬᠡᠷᠡᠭᠯᠡᠳᠡᠭ ᠪᠥᠭᠡᠳ ᠬᠠᠮᠤᠭ ᠤᠨ ᠴᠢᠨᠠᠷᠲᠠᠢ ᠬᠠᠷᠪᠤᠯᠲᠠ ᠶᠢ ᠦᠵᠡᠭᠦᠯᠬᠦ ᠡᠭᠦᠳᠡᠨ ᠡᠴᠡ ᠥᠷᠥᠭᠡ ᠲᠡᠢ ᠰᠤᠷ ᠢ ᠵᠥᠪᠬᠡᠨ ᠣᠨᠣᠬᠤ ᠪᠤᠰᠤ᠂ ᠣᠨᠣᠭᠳᠠᠭᠰᠠᠨ ᠰᠤᠷ ᠨᠢ ᠴᠠᠭᠠᠨ᠎ᠠ ᠪᠠᠶᠢᠷᠢᠯᠠᠬᠤ ᠮᠥᠷ ᠭᠠᠷᠭᠠᠨ ᠥᠨᠳᠥᠷᠯᠡᠭᠰᠡᠨ ᠰᠢᠷᠤᠶ ᠵᠢᠨ ᠨᠢᠷᠤᠭᠤ ᠶᠢ ᠳᠠᠪᠠᠵᠤ ᠦᠰᠦᠷᠦᠭᠰᠡᠨ ᠪᠠᠶᠢᠬᠤ ᠱᠠᠭᠠᠷᠳᠠᠯᠭ᠎ᠠ ᠲᠠᠢ ᠪᠠᠶᠢᠳᠠᠭ ᠪᠠᠶᠢᠨ᠎ᠠ᠃
ᠠᠯᠲᠠᠢ ᠶᠢᠨ ᠤᠷᠢᠶᠠᠩᠬᠠᠢ ᠶᠢᠨ ᠮᠥᠰᠦᠨ ᠦ ᠰᠤᠷ ᠬᠠᠷᠪᠤᠭ᠎ᠠ


ᠴᠤᠭᠤᠷ ᠬᠥᠭᠵᠢᠮ ᠢ ᠵᠥᠪᠬᠡᠨ ᠠᠯᠲᠠᠢ ᠶᠢᠨ ᠤᠷᠢᠶᠠᠩᠬᠠᠶᠢᠴᠤᠳ ᠤᠯᠠᠮᠵᠢᠯᠠᠨ ᠬᠡᠷᠡᠭᠯᠡᠵᠦ ᠢᠷᠡᠭᠰᠡᠨ ᠪᠠᠶᠢᠨ᠎ᠠ᠃

ᠣᠪᠤᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠷᠬᠠᠨ᠂ ᠬᠣᠪᠰᠢᠭ᠎ᠠ᠂ ᠢᠲᠠᠭᠤᠨ᠂ ᠬᠣᠶᠢᠳᠤ᠂ ᠴᠠᠭᠠᠨ ᠲᠤᠭ ᠭᠡᠬᠦ ᠮᠡᠲᠦ᠃[4]

ᠠᠯᠳᠠᠷᠲᠠᠢ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠷᠠᠳ ᠤᠨ ᠵᠦᠵᠦᠭᠡᠴᠢᠨ ᠪ᠂ ᠳᠠᠮᠴᠢ 
  • ᠠᠷᠠᠳ ᠤᠨ ᠤᠷᠠᠨ ᠵᠣᠬᠢᠶᠠᠯᠴᠢ ᠪ᠂ ᠪᠠᠭᠠᠰᠤᠲᠤ
  • ᠰᠤᠶᠤᠯ ᠤᠨ ᠭᠠᠪᠢᠶᠠᠲᠤ ᠵᠢᠳᠬᠦᠯᠲᠡᠨ ᠱ᠂ ᠶᠣᠶᠢᠯᠠᠺ
  • ᠰᠠᠩ ᠤᠨ ᠰᠠᠶᠢᠳ ᠠᠰᠠᠨ ᠫ᠂ ᠴᠠᠭᠠᠨ
  • ᠬᠠᠤᠯᠢ ᠵᠦᠢ ᠶᠢᠨ ᠰᠠᠶᠢᠳ ᠠᠰᠠᠨ ᠰ᠂ ᠪᠠᠲᠤᠴᠢᠯᠠᠭᠤᠨ
  • ᠠᠷᠠᠳ ᠤᠨ ᠵᠦᠵᠦᠭᠡᠴᠢᠨ ᠰ᠂ᠮᠡᠨᠳᠦᠪᠠᠶᠠᠷ
  • ᠪᠣᠯᠣᠷ ᠴᠣᠮᠣ ᠶᠢᠨ ᠡᠵᠡᠨ ᠢᠷᠠᠭᠤ ᠨᠠᠶᠢᠷᠠᠭᠴᠢ ᠬᠥᠳᠡᠭᠡ ᠶᠢᠨ ᠡᠷᠳᠡᠨᠢᠪᠠᠭᠠᠲᠤᠷ
  • ᠤᠯᠤᠰ ᠤᠨ ᠳᠠᠷᠬᠠᠨ ᠮᠡᠷᠭᠡᠨ᠂ ᠦᠨᠳᠦᠰᠦᠨ ᠦ ᠪᠣᠯᠤᠨ ᠤᠷᠢᠶᠠᠩᠬᠠᠢ ᠰᠤᠷ ᠤᠨ ᠤᠯᠤᠰ ᠤᠨ ᠠᠪᠤᠷᠭᠤ ᠬ᠂ᠪᠠᠰᠠᠩᠬᠦᠦ
  • ᠤᠯᠤᠰ ᠤᠨ ᠮᠡᠷᠭᠡᠨ᠂ ᠤᠷᠢᠶᠠᠩᠬᠠᠢ ᠪᠣᠯᠤᠨ ᠪᠤᠷᠢᠶᠠᠳ ᠰᠤᠷ ᠤᠨ ᠳᠠᠷᠬᠠᠨ ᠮᠡᠷᠭᠡᠨ ᠮ᠂ ᠪᠠᠳᠭᠡᠷᠡᠯ
  • ᠤᠯᠤᠰ ᠤᠨ ᠮᠡᠷᠭᠡᠨ᠂ ᠤᠷᠢᠶᠠᠩᠬᠠᠢ ᠪᠣᠯᠤᠨ ᠪᠤᠷᠢᠶᠠᠳ ᠰᠤᠷ ᠤᠨ ᠳᠠᠷᠬᠠᠨ ᠮᠡᠷᠭᠡᠨ ᠨ᠂ ᠬᠣᠩᠭᠣᠷ
  • ᠠᠷᠠᠳ ᠤᠨ ᠵᠦᠵᠦᠭᠡᠴᠢᠨ ᠷ᠂ ᠰᠠᠮᠵᠢᠳ
  • ᠮᠣᠩᠭᠣᠯ ᠤᠯᠤᠰ ᠤᠨ ᠮᠡᠷᠭᠡᠨ ᠪ᠂ᠪᠠᠶᠠᠷᠰᠠᠶᠢᠬᠠᠨ
  • ᠤᠷᠢᠶᠠᠩᠬᠠᠢ ᠰᠤᠷ ᠤᠨ ᠡᠷᠡᠬᠡᠢ ᠮᠡᠷᠭᠡᠨ ᠴᠤ᠋᠂ ᠵᠠᠮᠪᠠᠯ
  • ᠮᠣᠩᠭᠣᠯ ᠤᠨ ᠦᠨᠳᠦᠰᠦᠨ ᠦ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠍ ᠵᠢᠨ ᠠᠺᠠᠳᠧᠮᠢᠴᠢ᠂ ᠳ᠋ᠣᠺᠲ᠋ᠣᠷ᠂ ᠫᠷᠣᠹᠧᠰᠰᠣᠷ᠂ ᠵᠢᠷᠤᠬᠠᠶᠢᠴᠢ ᠯ᠂ ᠲᠡᠷᠡᠪᠢᠰᠢ

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ