ᠠᠯᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠨᠡᠷ᠎ᠡ}}}
ᠠᠲ᠋ᠣᠮ ᠤᠨ ᠳ᠋ᠤᠭᠠᠷ 79
ᠠᠲ᠋ᠣᠮ ᠮᠠᠰ 196.966569 /ᠮᠣᠯᠢ
ᠥᠩᠭᠡ ᠠᠯᠲᠠᠨ ᠰᠢᠷ᠎ᠠ
ᠡᠯᠧᠺᠲ᠋ᠷᠣᠨ ᠪᠠᠶᠢᠭᠤᠯᠤᠯᠲᠠ [Xe] 4f14 5d10 6s1
ᠪᠦᠷᠬᠦᠭᠦᠯ ᠳ᠋ᠡᠬᠢ
ᠡᠯᠧᠺᠲ᠋ᠷᠣᠨ ᠤ ᠲᠣᠭ᠎ᠠ
2, 8, 18, 32, 18, 1
ᠹᠢᠽᠢᠺ ᠰᠢᠨᠵᠢ ᠴᠢᠨᠠᠷ
ᠪᠣᠳᠠᠰ ᠤᠨ ᠲᠥᠯᠥᠪ ᠬᠠᠲᠠᠭᠤ
ᠨᠢᠭᠲᠠᠴᠠ 19.3 /ᠰᠮ³
ᠬᠠᠶᠢᠯᠠᠬᠤ ᠲᠣᠯᠠᠭᠠᠨ ᠤ ᠬᠡᠮᠵᠢᠶ᠎ᠡ (1064.18 °C, 1947.52 °F), 1337.33 K
ᠪᠤᠴᠠᠯᠬᠤ ᠲᠣᠯᠠᠭᠠᠨ ᠤ ᠬᠡᠮᠵᠢᠶ᠎ᠡ (2856 °C, 5173 °F), 3129 K
ᠬᠠᠶᠢᠯᠤᠯᠲᠠ ᠶᠢᠨ ᠬᠤᠪᠢ ᠤᠨ ᠳᠤᠯᠠᠭᠠᠨ 12.55 ᠺᠵ/ᠮᠣᠯᠢ
ᠠᠭᠤᠷᠰᠢᠯᠲᠠ ᠶᠢᠨ ᠬᠤᠪᠢ ᠤᠨ ᠳᠤᠯᠠᠭᠠᠨ 324 ᠺᠵ/ᠮᠣᠯᠢ
ᠳᠤᠯᠠᠭᠠᠨ ᠪᠠᠭᠲᠠᠭᠠᠮᠵᠢ (25 °C) 25.418 ᠺᠵ/(ᠮᠣᠯᠢ·K)
ᠠᠲ᠋ᠣᠮ ᠤᠨ ᠰᠢᠨᠵᠢ ᠴᠢᠨᠠᠷ
ᠣᠷᠣᠨ ᠳᠤ ᠲᠣᠷᠤᠨ ᠤ ᠪᠦᠲᠦᠴᠡ
(ᠰᠢᠩ ᠢᠶᠣᠨᠢ)
ᠲᠠᠯ᠎ᠠ ᠳᠤ ᠪᠠᠨ ᠲᠥᠪ ᠲᠡᠢ ᠺᠦᠪ
ᠢᠰᠦᠯᠳᠦᠯᠲᠡ ᠶᠢᠨ ᠵᠡᠷᠭᠡ −1, 1, 2, 3, 4, 5
ᠢᠣᠨᠵᠢᠬᠤ ᠡᠨᠧᠷᠭᠢ
(ᠡᠬᠢᠨ ᠦ ᠡᠯᠧᠺᠲ᠋ᠷᠣᠨ ᠢᠶᠠᠷ)
890.1 ᠺᠵ/ᠮᠣᠯᠢ
ᠠᠲ᠋ᠣᠮ ᠤᠨ ᠷᠠᠳᠢᠦ᠋ᠰ 135 ᠫᠮ
ᠺᠣᠸᠠᠯᠧᠨᠲ ᠤᠨ ᠷᠠᠳᠢᠦ᠋ᠰ 144 ᠫᠮ

ᠠᠯᠲᠠ ᠨᠢ Au ᠭᠡᠵᠦ ᠲᠡᠮᠳᠡᠭᠯᠡᠭᠳᠡᠳᠡᠭ᠂ ᠠᠲ᠋ᠣᠮ ᠤᠨ ᠳᠤᠭ ᠢᠶᠠᠷ ᠨᠢ 79, ᠨᠢᠭᠡᠨ ᠲᠥᠷᠥᠯ ᠦᠨ ᠬᠢᠮᠢ ᠶᠢᠨ ᠡᠯᠧᠮᠧᠨᠲ ᠶᠤᠮ᠃ ᠠurum ᠪᠤᠶᠤ ᠦᠦᠷ ᠦᠨ ᠲᠤᠶᠠᠭ᠎ᠠ ᠭᠡᠰᠡᠨ ᠤᠳᠬ᠎ᠠ ᠲᠠᠢ ᠯᠠᠲ᠋ᠢᠨ ᠦᠭᠡᠨ ᠡᠴᠡ ᠭᠠᠷᠤᠯᠲᠠᠢ᠃ ᠠᠯᠲᠠ ᠨᠢ ᠪᠠᠶᠢᠭᠠᠯᠢ ᠳᠡᠭᠡᠷ᠎ᠡ ᠴᠡᠪᠡᠷ ᠢᠶᠡᠷ (ᠳᠠᠩ ᠢᠶᠠᠷ ᠢᠶᠠᠨ) ᠤᠷᠤᠰᠢᠬᠤ ᠪᠠ ᠬᠤᠪᠢ ᠤᠨ ᠵᠢᠩ ᠶᠡᠬᠡ ᠲᠡᠢ (ᠬᠦᠨᠳᠦ), ᠵᠥᠭᠡᠯᠡᠨ᠂ ᠭᠢᠯᠠᠯᠵᠠᠭᠰᠠᠨ ᠰᠢᠷ᠎ᠠ ᠥᠩᠭᠡ ᠲᠡᠢ ᠮᠧᠲ᠋ᠠᠯ ᠶᠤᠮ ᠪᠠᠶᠢᠭᠠᠯᠢ ᠳᠤ ᠮᠠᠰᠢ ᠬᠣᠪᠣᠷ ᠲᠣᠬᠢᠶᠠᠯᠳᠤᠯ ᠳᠤ 6; 8;12; ᠬᠠᠨ᠎ᠠ ᠲᠠᠢ ᠲᠠᠯᠠᠰᠲᠤ ᠬᠡᠯᠪᠡᠷᠢ ᠪᠡᠷ ᠣᠷᠣᠰᠢᠳᠠᠭ᠃ ᠶᠡᠬᠡᠩᠬᠢ ᠳᠦ ᠪᠡᠨ ᠪᠠᠶᠢᠭᠠᠯᠢ ᠳᠤ ᠨᠤᠨᠲᠠᠭ ᠲᠣᠭᠣᠰᠣ᠂ ᠦᠢᠷᠡᠮᠡᠭ᠂ ᠨᠢᠮᠭᠡᠨ ᠬᠠᠭᠤᠳᠠᠰᠤ᠂ ᠨᠠᠷᠢᠨ ᠦᠰᠦᠯᠢᠭ ᠲᠥᠷᠬᠥᠲᠡᠢ ᠪᠡᠷ ᠭᠠᠵᠠᠷ ᠤᠨ ᠳᠠᠪᠬᠤᠷᠭ᠎ᠠ ᠳᠤ ᠰᠤᠳᠠᠯ᠂ ᠪᠤᠰᠤᠳ ᠮᠧᠲ᠋ᠠᠯ ᠪᠣᠯᠤᠨ ᠴᠢᠯᠠᠭᠤᠯᠢᠭ ᠲᠠᠢ ᠬᠣᠯᠢᠮᠠᠭ ᠬᠠᠳᠤᠨ ᠲᠣᠭᠲᠠᠴᠠ ᠶᠢᠨ ᠬᠡᠯᠪᠡᠷᠢ ᠲᠡᠢ ᠪᠡᠷ 1,1•10³ppm ᠨᠢᠭᠲᠠᠷᠠᠯ ᠲᠠᠢ ᠪᠠᠷ ᠣᠷᠣᠰᠢᠳᠠᠭ᠃ ᠴᠤᠯ ᠬᠠᠳᠤᠨ ᠪᠣᠯᠤᠨ ᠬᠠᠪᠲᠠᠩ ᠬᠡᠯᠪᠡᠷᠢ ᠪᠡᠷ ᠬᠡᠵᠢᠶ᠎ᠡ ᠴᠤ ᠣᠷᠣᠰᠢᠳᠠᠭ ᠦᠭᠡᠢ ᠭᠡᠵᠦ ᠦᠵᠡᠳᠡᠭ᠃ ᠠᠯᠲᠠ ᠨᠢ ᠤᠶᠠᠨ ᠬᠠᠲᠠᠨ᠂ ᠳᠠᠪᠲᠠᠭᠳᠠᠬᠤ᠂ ᠰᠤᠩᠭᠠᠭᠳᠠᠬᠤ᠂ ᠴᠢᠳᠬᠤᠭᠳᠠᠬᠤ ᠥᠪᠡᠷᠮᠢᠴᠡ ᠴᠢᠨᠠᠷ ᠲᠠᠢ ᠪᠥᠭᠡᠳ ᠳᠤᠯᠠᠭᠠᠨ ᠴᠠᠬᠢᠯᠭᠠᠨ ᠤ ᠮᠠᠰᠢ ᠰᠠᠶᠢᠨ ᠳᠠᠮᠵᠢᠭᠤᠯᠳᠠᠭ᠃ ᠠᠲᠮᠣᠰᠹᠧᠷ ᠤᠨ ᠨᠥᠯᠦᠭᠡᠨ ᠳᠦ ᠲᠡᠰᠪᠦᠷᠢᠲᠡᠢ᠂ ᠪᠠᠷᠤᠭ ᠪᠦᠬᠦ ᠲᠥᠷᠥᠯ ᠦᠨ ᠬᠦᠴᠢᠯ ᠦᠨ ᠦᠢᠯᠡᠴᠢᠯᠡᠯ ᠳᠦ ᠲᠡᠰᠪᠦᠷᠢᠲᠡᠢ ᠣᠨᠴᠠᠭᠠᠢ ᠰᠢᠨᠵᠢ ᠴᠢᠨᠠᠷᠲᠠᠢ ᠮᠧᠲ᠋ᠠᠯ ᠶᠤᠮ᠃ ᠠᠯᠲᠠ ᠣᠽᠣᠨ ᠲᠠᠢ ᠳᠠᠪᠤᠰᠤᠨ ᠤ ᠬᠦᠴᠢᠯ ᠳᠦ ᠤᠷᠪᠠᠯ ᠳᠤ ᠣᠷᠣᠨ Au2 ᠨᠢᠭᠡᠳᠦᠯ ᠢ ᠡᠭᠦᠰᠭᠡᠬᠦ ᠪᠠ ᠴᠢᠶᠠᠨ ᠤ ᠠᠭᠤᠰᠤᠮᠠᠯ ᠳᠤ ᠵᠠᠳᠠᠷᠠᠵᠤ Au4 ᠨᠢᠭᠡᠳᠦᠯ ᠢ ᠡᠭᠦᠰᠬᠡᠳᠡᠭ ᠤᠴᠢᠷ ᠠᠯᠲᠠ ᠶᠢ ᠢᠯᠭᠠᠨ ᠠᠪᠬᠤ ᠳᠤ ᠴᠢᠶᠠᠨ ᠤ ᠬᠦᠴᠢᠯ ᠢ ᠬᠡᠷᠡᠭᠯᠡᠬᠦ ᠲᠣᠬᠢᠶᠠᠯᠳᠤᠯ ᠪᠠᠶᠢᠳᠠᠭ᠃

ᠪᠠᠶᠢᠭᠠᠯᠢ ᠶᠢᠨ ᠠᠯᠲᠠ

2009 ᠣᠨ ᠬᠦᠷᠲᠡᠯ᠎ᠡ ᠬᠦᠮᠦᠨ ᠲᠥᠷᠥᠯᠬᠢᠲᠡᠨ ᠨᠢ ᠠᠯᠲᠠᠨ ᠤ ᠦᠨᠳᠦᠰᠦᠨ ᠪᠠ ᠰᠢᠷᠤᠶᠢᠨ ᠣᠷᠳᠣ ᠠᠴᠠ 161,000 ᠲᠠᠩᠺ ᠠᠯᠲᠠ ᠣᠯᠪᠤᠷᠢᠯᠠᠭᠠᠳ ᠪᠠᠶᠢᠨ᠎ᠠ᠃ ᠭᠣᠣᠯᠳᠠᠭᠤ ᠥᠷᠢᠯ᠂ ᠢᠯᠲᠠᠰᠤ᠂ ᠤᠲᠠᠰᠤ᠂ ᠮᠥᠨ ᠲᠠᠯᠠᠰᠲᠤ ᠬᠡᠯᠪᠡᠷᠢ ᠲᠡᠢ ᠣᠯᠳᠠᠳᠠᠭ᠃

ᠠᠯᠲᠠ ᠨᠢ ᠬᠦᠮᠦᠨ ᠲᠥᠷᠥᠯᠬᠢᠲᠡᠨ ᠦ ᠲᠡᠦᠬᠡᠡᠶᠢᠨ ᠲᠤᠷᠰᠢᠳᠠ᠂ ᠦᠨᠡᠲᠦ ᠮᠧᠲ᠋ᠠᠯ ᠭᠡᠵᠦ ᠲᠣᠭᠠᠴᠠᠭᠳᠠᠨ ᠠᠷᠠᠯᠵᠢᠶᠠᠨ ᠤ ᠬᠡᠷᠡᠭᠰᠡᠯ᠂ ᠬᠠᠳᠠᠭᠠᠯᠠᠮᠵᠢ᠂ ᠭᠣᠶᠣᠯ ᠴᠢᠮᠡᠭᠯᠡᠯ ᠳᠦ ᠥᠷᠭᠡᠨ ᠬᠡᠷᠡᠭᠯᠡᠭᠳᠡᠭᠰᠡᠭᠡᠷ ᠢᠷᠡᠭᠰᠡᠨ ᠪᠠ ᠣᠷᠴᠢᠨ ᠦᠶ᠎ᠡ ᠳᠦ ᠰᠢᠳᠦᠨᠢᠭᠢ ᠡᠮᠨᠡᠯᠭᠡᠡᠯᠧᠺᠲ᠋ᠷᠣᠨᠢᠺᠡᠶᠢᠨ ᠰᠠᠯᠪᠤᠷᠢ ᠳᠤ ᠶᠡᠬᠡ ᠬᠡᠮᠵᠢᠶ᠎ᠡ ᠪᠡᠷ ᠠᠰᠢᠭᠯᠠᠭᠳᠠᠵᠤ ᠪᠠᠶᠢᠨ᠎ᠠ᠃ ᠨᠢᠩ ᠦᠨ ᠡᠰᠡᠷᠬᠦ ᠦᠢᠯᠡᠴᠢᠯᠡᠭᠡ ᠦᠵᠡᠭᠦᠯᠳᠡᠭ ᠤᠴᠢᠷ ᠡᠮᠨᠡᠯᠭᠡ ᠳᠦ ᠥᠷᠭᠡᠨ ᠬᠡᠷᠡᠭᠯᠡᠭᠰᠡᠭᠡᠷ ᠢᠷᠡᠭᠰᠡᠨ᠃ ᠠᠯᠲᠠ ᠨᠢ ᠶᠠᠩᠵᠤ ᠪᠦᠷᠢ ᠶᠢᠨ ᠮᠧᠲ᠋ᠠᠯ ᠲᠠᠢ ᠬᠤᠯᠢᠯᠳᠤᠭᠤᠯᠬᠤ ᠴᠢᠳᠠᠪᠤᠬᠤ ᠮᠠᠰᠢ ᠥᠨᠳᠥᠷ ᠪᠥᠭᠡᠳ ᠡᠨᠡ ᠴᠢᠨᠠᠷ ᠢ ᠨᠢ ᠠᠰᠢᠭᠯᠠᠨ ᠲᠥᠷᠥᠯ ᠪᠦᠷᠢ ᠶᠢᠨ ᠦᠨᠡᠲᠦ ᠬᠠᠶᠢᠯᠤᠰᠢ ᠶᠢᠨ ᠦᠨᠳᠦᠰᠦᠨ ᠡᠳ᠋ ᠪᠣᠯᠭᠠᠨ ᠬᠡᠷᠡᠭᠯᠡᠳᠡᠭ ᠶᠤᠮ᠃

ᠣᠳᠣ ᠦᠶ᠎ᠡ ᠳᠦ ᠠᠯᠲᠠᠨ ᠤ 2 ᠲᠠᠩᠺᠷᠠᠯ ᠤᠨ ᠣᠷᠳᠣ ᠶᠢ ᠲᠦᠰᠢᠭᠯᠡᠨ ᠣᠯᠪᠤᠷᠢᠯᠠᠯᠲᠠ ᠬᠢᠳᠡᠭ:

  1. ᠦᠨᠳᠦᠰᠦᠨ ᠣᠷᠳᠣ
  2. ᠰᠢᠷᠤᠶᠢᠨ ᠣᠷᠳᠣ

ᠠᠯᠲᠠᠨ ᠤ ᠣᠷᠳᠣ ᠭᠠᠵᠠᠷ ᠤᠳ ᠲᠢᠪ ᠪᠦᠷᠢ ᠳᠦ ᠬᠠᠷᠢᠯᠴᠠᠨ ᠠᠳᠠᠯᠢ ᠦᠭᠡᠢ ᠲᠠᠷᠬᠠᠵᠠᠢ᠃ ᠠᠯᠲᠠ ᠶᠡᠬᠡ ᠲᠡᠢ ᠤᠯᠤᠰ ᠲᠤ ᠡᠮᠦᠨᠡᠲᠦ ᠠᠹᠷᠢᠺᠠᠠᠦᠢᠰᠲ᠋ᠷᠯᠢᠶ᠎ᠠᠣᠷᠣᠰᠠᠮᠧᠷᠢᠺᠠ ᠶᠢᠨ ᠨᠢᠭᠡᠳᠦᠭᠰᠡᠨ ᠤᠯᠤᠰᠦᠽᠪᠧᠺᠰᠲᠠᠨᠺᠠᠨᠠᠳᠠᠫᠧᠷᠤᠢᠨᠳᠦ᠋ᠨᠢᠱᠢᠶ ᠠᠬᠢᠲᠠᠳ ᠵᠡᠷᠭᠡ ᠣᠷᠣᠨ᠎ᠠ᠃

ᠠᠯᠲᠠᠨ ᠤ ᠨᠥᠭᠡᠴᠡ ᠶᠡᠬᠡ ᠲᠡᠢ᠂ ᠳᠡᠯᠡᠬᠡᠢ ᠶᠢᠨ ᠲᠣᠮᠣᠬᠠᠨ ᠣᠷᠳᠣ ᠭᠠᠵᠠᠷ ᠤᠳ᠂ ᠲᠡᠭᠦᠨ ᠳᠦ ᠲᠦᠰᠢᠭᠯᠡᠭᠰᠡᠨ ᠠᠭᠤᠷᠬᠠᠢ ᠨᠤᠭᠤᠳ:

  1. ᠢᠣᠬᠣᠨᠨᠡᠰᠪᠦᠦᠭ ᠦᠨ ᠠᠭᠤᠷᠬᠠᠢ (ᠡᠮᠦᠨᠡᠲᠦ ᠠᠹᠷᠢᠺᠠ ᠶᠢᠨ ᠪᠦᠭᠦᠳᠡ ᠨᠠᠶᠢᠷᠠᠮᠳᠠᠬᠤ ᠤᠯᠤᠰ)
  2. ᠠᠯᠠᠭᠠᠨ᠂ ᠤᠷᠠᠯ ᠤᠨ ᠣᠷᠳᠣ᠂ ᠠᠭᠤᠷᠬᠠᠢ (ᠣᠷᠣᠰ ᠬᠣᠯᠪᠣᠭᠠᠨ ᠤ ᠤᠯᠤᠰ)
  3. ᠺᠠᠯᠢ ᠪᠠᠷᠠᠯ ᠤᠨ ᠣᠷᠳᠣ᠂ ᠠᠭᠤᠷᠬᠠᠢ (ᠠᠦᠢᠰᠲ᠋ᠷᠯᠢᠶ᠎ᠠ)
  4. ᠭᠤᠸᠠᠵᠤ (ᠬᠢᠲᠠᠳ)
  5. ᠭᠷᠠᠰᠪᠧᠷᠭᠢ ᠶᠢᠨ᠂ ᠡᠷᠴᠪᠧᠷᠭᠢ ᠶᠢᠨ ᠣᠷᠳᠣ ᠠᠭᠤᠷᠬᠠᠢ (ᠢᠨᠳᠦ᠋ᠨᠢᠱᠢᠶ ᠠ)
ᠬᠣᠯᠠᠲ᠋ᠧᠷᠮᠠᠨ ᠪᠠ ᠲᠡᠭᠦᠨ ᠦ ᠣᠯᠳᠠᠪᠤᠷᠢ (ᠢᠯᠭᠠᠵᠤ ᠠᠪᠤᠭᠰᠠᠨ ᠠᠯᠲᠠ ᠨᠢ 57 ᠺᠢᠯᠣᠭ᠍ᠷᠠᠮ).

ᠪᠠᠶᠢᠭᠠᠯᠢ ᠳᠡᠭᠡᠷ᠎ᠡ ᠲᠣᠬᠢᠶᠠᠯᠳᠣᠬᠤ ᠴᠤᠯᠤ ᠠᠯᠲᠠᠨ ᠤ ᠵᠢᠩ ᠬᠡᠳᠦᠨ ᠮᠭ ᠠᠴᠠ ᠬᠡᠳᠦᠨ ᠠᠷᠪᠠᠨ ᠺᠭ ᠬᠦᠷᠲᠡᠯ᠎ᠡ ᠪᠠᠶᠢᠬᠤ ᠠᠵᠢ᠃ ᠣᠳᠣ ᠪᠠᠷ ᠮᠡᠳᠡᠭᠳᠡᠵᠦ ᠪᠠᠶᠢᠭ᠎ᠠ ᠬᠠᠮᠤᠭ ᠤᠨ ᠲᠣᠮᠣ ᠴᠤᠯᠤ ᠠᠯᠲᠠ ᠨᠢ 1872 ᠣᠨ ᠳᠤ ᠠᠦᠢᠰᠲ᠋ᠷᠯᠢᠶ᠎ᠠᠠᠰ ᠣᠯᠳᠠᠭᠰᠠᠨ ᠬᠣᠯᠠᠲ᠋ᠧᠷᠮᠠᠨ ᠤ ᠬᠠᠪᠲᠠᠩ ᠭᠡᠭᠳᠡᠬᠦ ᠣᠯᠳᠠᠪᠤᠷᠢ ᠪᠥᠭᠡᠳ ᠪᠠᠷᠢᠴᠠᠯᠳᠤᠭᠰᠠᠨ ᠴᠢᠯᠠᠭᠤᠨ ᠤ ᠪᠠᠨ ᠬᠠᠮᠲᠤ 1.5 ᠮ ᠤᠷᠲᠤ᠂ 286 ᠺᠢᠯᠣᠭ᠍ᠷᠠᠮ ᠣᠷᠴᠢᠮ ᠶᠤᠮ᠃

ᠮᠥᠨ ᠬᠦᠰᠡᠯ ᠢ ᠦᠯᠦ ᠮᠡᠳᠡᠭᠴᠢ ᠨᠡᠷ᠎ᠡ ᠲᠡᠢ 66.6 ᠺᠢᠯᠣᠭᠷᠠᠮ᠂ ᠬᠦᠰᠡᠯ ᠦᠨ ᠴᠤᠯᠤ ᠨᠡᠷ᠎ᠡ ᠲᠡᠢ 68.2 ᠺᠢᠯᠣᠭᠷᠠᠮ᠂ ᠭᠠᠶᠢᠬᠠᠮᠰᠢᠭᠲᠤ ᠪᠠᠷᠺᠯᠡᠢ ᠬᠡᠮᠡᠬᠦ 52.2 ᠺᠢᠯᠣᠭᠷᠠᠮ᠂ ᠺᠠᠨᠠᠳᠠ ᠤᠨ ᠲᠠᠯ᠎ᠠ ᠨᠡᠷ᠎ᠡ ᠲᠡᠢ 41 ᠺᠢᠯᠣᠭ᠍ᠷᠠᠮ ᠠᠯᠲᠠ ᠣᠯᠳᠠᠵᠠᠢ᠃

1842 ᠣᠨ ᠳᠤ ᠤᠷᠠᠯ ᠠᠴᠠ ᠣᠯᠳᠠᠭᠰᠠᠨ ᠲᠣᠮᠣ ᠭᠤᠷᠪᠠᠯᠵᠢᠨ ᠨᠡᠷ᠎ᠡ ᠲᠡᠢ 36.22 ᠺᠢᠯᠣᠭ᠍ᠷᠠᠮ ᠠᠯᠲᠠᠨ ᠤ ᠣᠯᠳᠠᠪᠤᠷᠢ ᠣᠷᠣᠰ ᠍ ᠤᠨ ᠠᠯᠮᠠᠰᠠᠨ ᠤ ᠹᠣᠨᠳᠣᠳ ᠬᠠᠳᠠᠭᠠᠯᠠᠭᠳᠠᠳᠠᠭ ᠪᠠᠶᠢᠨ᠎ᠠ᠃ ᠮᠣᠩᠭᠣᠯ ᠤᠨ ᠬᠠᠮᠤᠭ ᠤᠨ ᠲᠣᠮᠣ ᠠᠯᠲᠠᠨ ᠳᠤ 1995 ᠣᠨ ᠳᠤ ᠵᠠᠭᠠᠮᠠᠷ ᠤᠨ ᠬᠠᠶᠢᠯᠠᠰᠤᠲᠤ ᠶᠢᠨ ᠣᠷᠳᠣ ᠠᠴᠠ ᠣᠯᠳᠠᠭᠰᠠᠨ 808 ᠭᠷᠦᠶᠢᠫᠫᠫ᠂ ᠮᠥᠨ ᠰᠢᠷ᠎ᠠ ᠶᠢᠨ ᠭᠣᠣᠯ ᠤᠨ ᠰᠢᠷᠤᠶᠢᠨ ᠣᠷᠳᠣ ᠠᠴᠠ ᠣᠯᠳᠠᠭᠰᠠᠨ 351.3 ᠭᠷᠦᠶᠢᠫᠫᠫ ᠵᠢᠩ ᠲᠡᠢ ᠠᠯᠲᠠ ᠲᠤᠰ ᠲᠤᠰ ᠣᠷᠣᠳᠠᠭ᠃


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Gold

ᠠᠯᠲᠠ ᠨᠢ ᠬᠦᠮᠦᠨ ᠲᠥᠷᠥᠯᠬᠢᠲᠡᠨ ᠦ ᠬᠠᠮᠤᠭ ᠤᠨ ᠶᠡᠬᠡ ᠦᠨᠡᠯᠡᠳᠡᠭ ᠭᠣᠣᠯ ᠮᠧᠲ᠋ᠠᠯ ᠤᠨ ᠨᠢᠭᠡ ᠪᠥᠭᠡᠳ᠎ᠠurum ᠪᠤᠶᠤ ᠦᠦᠷ ᠦᠨ ᠲᠤᠶᠠᠭ᠎ᠠ ᠭᠡᠰᠡᠨ ᠤᠳᠬ᠎ᠠ ᠲᠠᠢ ᠯᠠᠲ᠋ᠢᠨ ᠦᠭᠡᠨ ᠡᠴᠡ ᠭᠠᠷᠤᠯᠲᠠᠢ᠃ ᠠᠯᠲᠠ ᠨᠢ ᠪᠠᠶᠢᠭᠠᠯᠢ ᠳᠡᠭᠡᠷ᠎ᠡ ᠴᠡᠪᠡᠷ ᠢᠶᠡᠷ (ᠳᠠᠩ ᠢᠶᠠᠷ ᠢᠶᠠᠨ) ᠣᠷᠣᠰᠢᠬᠤ ᠠᠴᠠ ᠭᠠᠳᠠᠨ᠎ᠠ ᠺᠠᠯᠠᠪᠠᠷᠢ ᠳᠤ ᠰᠡᠪᠢᠪᠠᠨᠢ ᠳᠤ , ᠨᠠᠭᠢᠶᠠᠭᠢ ᠳᠤ ᠵᠡᠷᠭᠡᠯ ᠲᠧᠯᠯᠦᠶᠢᠷ ᠲᠦ ᠨᠢᠭᠡᠳᠦᠯ ᠳᠦ 6-39 ᠬᠤᠪᠢ ᠤᠨ ᠠᠭᠤᠯᠭ᠎ᠠ ᠲᠠᠢ ᠪᠠᠶᠢᠨ᠎ᠠ᠃ ᠠᠯᠲᠠ ᠨᠢ ᠬᠤᠪᠢ ᠤᠨ ᠵᠢᠩ ᠶᠡᠬᠡ ᠲᠡᠢ (ᠬᠦᠨᠳᠦ), ᠵᠥᠭᠡᠯᠡᠨ᠂ ᠭᠢᠯᠠᠯᠵᠠᠭᠰᠠᠨ ᠰᠢᠷ᠎ᠠ ᠥᠩᠭᠡ ᠲᠡᠢ ᠮᠧᠲ᠋ᠠᠯ ᠶᠤᠮ᠃ ᠶᠡᠬᠡᠩᠬᠢ ᠳᠦ ᠪᠡᠨ ᠪᠠᠶᠢᠭᠠᠯᠢ ᠳᠤ ᠨᠤᠨᠲᠠᠭ ᠲᠣᠭᠣᠰᠣ᠂ ᠦᠢᠷᠡᠮᠡᠭ᠂ ᠨᠢᠮᠭᠡᠨ ᠬᠠᠭᠤᠳᠠᠰᠤ᠂ ᠨᠠᠷᠢᠨ ᠦᠰᠦᠯᠢᠭ ᠲᠥᠷᠬᠥᠲᠡᠢ ᠪᠡᠷ ᠭᠠᠵᠠᠷ ᠤᠨ ᠳᠠᠪᠬᠤᠷᠭ᠎ᠠ ᠳᠤ ᠰᠤᠳᠠᠯ᠂ ᠪᠤᠰᠤᠳ ᠮᠧᠲ᠋ᠠᠯ ᠪᠣᠯᠤᠨ ᠴᠢᠯᠠᠭᠤᠯᠢᠭ ᠲᠠᠢ ᠬᠣᠯᠢᠮᠠᠭ ᠬᠠᠳᠤᠨ ᠲᠣᠭᠲᠠᠴᠠ ᠶᠢᠨ ᠬᠡᠯᠪᠡᠷᠢ ᠲᠡᠢ ᠪᠡᠷ ᠣᠷᠣᠰᠢᠳᠠᠭ᠃ ᠴᠤᠯ ᠬᠠᠳᠤᠨ ᠪᠣᠯᠤᠨ ᠬᠠᠪᠲᠠᠩ ᠬᠡᠯᠪᠡᠷᠢ ᠪᠡᠷ ᠬᠡᠵᠢᠶ᠎ᠡ ᠴᠤ ᠣᠷᠣᠰᠢᠳᠠᠭ ᠦᠭᠡᠢ ᠭᠡᠵᠦ ᠦᠵᠡᠳᠡᠭ᠃ ᠠᠯᠲᠠ ᠨᠢ ᠤᠶᠠᠨ ᠬᠠᠲᠠᠨ᠂ ᠳᠠᠪᠲᠠᠭᠳᠠᠬᠤ᠂ ᠰᠤᠩᠭᠠᠭᠳᠠᠬᠤ᠂ ᠴᠢᠳᠬᠤᠭᠳᠠᠬᠤ ᠥᠪᠡᠷᠮᠢᠴᠡ ᠴᠢᠨᠠᠷ ᠲᠠᠢ ᠪᠥᠭᠡᠳ ᠳᠤᠯᠠᠭᠠᠨ ᠴᠠᠬᠢᠯᠭᠠᠨ ᠤ ᠮᠠᠰᠢ ᠰᠠᠶᠢᠨ ᠳᠠᠮᠵᠢᠭᠤᠯᠳᠠᠭ᠃ ᠠᠲᠮᠣᠰᠹᠧᠷ ᠤᠨ ᠨᠥᠯᠦᠭᠡᠨ ᠳᠦ ᠲᠡᠰᠪᠦᠷᠢᠲᠡᠢ᠂ ᠪᠠᠷᠤᠭ ᠪᠦᠬᠦ ᠲᠥᠷᠥᠯ ᠦᠨ ᠬᠦᠴᠢᠯ ᠦᠨ ᠦᠢᠯᠡᠴᠢᠯᠡᠯ ᠳᠦ ᠲᠡᠰᠪᠦᠷᠢᠲᠡᠢ ᠣᠨᠴᠠᠭᠠᠢ ᠰᠢᠨᠵᠢ ᠴᠢᠨᠠᠷᠲᠠᠢ ᠮᠧᠲ᠋ᠠᠯ ᠶᠤᠮ᠃ ᠠᠯᠲᠠᠨ ᠤ ᠬᠠᠮᠤᠭ ᠤᠨ ᠣᠨᠴᠠᠭᠠᠢ ᠴᠢᠨᠠᠷ ᠨᠢ ᠤᠰᠤ ᠪᠣᠯᠤᠭᠠᠳ ᠠᠭᠠᠷ ᠤᠨ ᠨᠥᠯᠦᠭᠡᠨ ᠳᠦ ᠠᠪᠲᠠᠭ ᠦᠭᠡᠢ ᠶᠠᠪᠤᠳᠠᠯ ᠶᠤᠮ᠃ ᠮᠣᠩᠭᠣᠯᠴᠤᠳ ᠡᠷᠲᠡ ᠳᠡᠭᠡᠷ᠎ᠡ vᠶᠡᠰ ᠠᠯᠲᠠ ᠪᠠᠷ ᠭᠠᠩᠭᠠᠷᠴᠢ ᠢᠷᠡᠭᠰᠡᠨ ᠠᠷᠠᠳ ᠲvᠮᠡᠩ ᠪᠥᠭᠡᠳ ᠪvᠷ ᠬvᠨvᠭᠡᠶᠢᠨ vᠶᠡᠰ ᠠᠯᠲᠠ ᠪᠠᠷ ᠮᠠᠰᠢ ᠨᠠᠷᠢᠨ ᠳᠣᠨᠵᠢ ᠬᠢᠴᠡ ᠲᠡᠢ ᠡᠳ᠋ᠯᠡᠯ ᠬᠢᠵᠦ ᠬᠡᠷᠡᠭᠯᠡᠵᠦ ᠪᠠᠶᠢᠭᠰᠠᠨ ᠢ ᠡᠷᠳᠡᠮᠲᠡᠳ ᠲᠣᠭᠲᠠᠭᠠᠭᠰᠠᠨ ᠪᠠᠶᠢᠨ᠎ᠠ᠃ ᠠᠯᠲᠠ ᠶᠢ ᠪᠠᠰᠠ ᠳᠣᠷᠣᠨ᠎ᠠ ᠳᠠᠬᠢᠨ ᠤ ᠠᠨᠠᠭᠠᠬᠤ ᠤᠬᠠᠭᠠᠨ ᠤ ᠰᠠᠯᠪᠤᠷᠢ ᠳᠤ ᠣᠯᠠᠨ ᠵᠠᠭᠤᠨ ᠤ ᠲᠡᠷᠲᠡᠭᠡ ᠡᠴᠡ ᠠᠰᠢᠭᠯᠠᠵᠤ ᠢᠷᠡᠭᠰᠡᠨ ᠭᠡᠰᠡᠨ ᠪᠠᠷᠢᠮᠲᠠ ᠪᠤᠢ᠃ ᠴᠡᠪᠡᠷ ᠠᠯᠲᠠ ᠨᠢ ᠶᠡᠬᠡᠩᠬᠢ ᠲᠣᠬᠢᠶᠠᠯᠳᠤᠯ ᠳᠤ 30-50 % ᠡᠶᠢᠨ ᠮᠥᠩᠭᠥᠨ ᠦ ᠬᠣᠯᠢᠴᠠ ᠲᠠᠢ ᠪᠠᠶᠢᠳᠠᠭ . ᠡᠭᠦᠨ ᠡᠴᠡ ᠭᠠᠳᠠᠨ᠎ᠠ ᠲᠡᠭᠦᠨ ᠦ ᠨᠠᠶᠢᠷᠠᠯᠭ᠎ᠠ ᠳᠤ ᠵᠡᠰ ᠲᠡᠮᠦᠷ ᠵᠡᠷᠭᠡ ᠵᠠᠷᠢᠮ ᠡᠷᠦᠳᠡᠰᠦ ᠪᠠᠭ᠎ᠠ ᠬᠡᠮᠵᠢᠶ᠎ᠡ ᠲᠡᠢ ᠪᠠᠶᠢᠳᠠᠭ᠃ ᠠᠯᠲᠠ ᠨᠢ ᠭᠣᠣᠯᠳᠠᠭᠤ ᠥᠷᠢᠯ , ᠢᠯᠲᠠᠰᠤ , ᠤᠲᠠᠰᠤ , ᠮᠥᠨ ᠬᠣᠪᠣᠷᠬᠠᠨ ᠲᠣᠬᠢᠶᠠᠯᠳᠤᠯ ᠳᠤ ᠲᠠᠯᠠᠰᠲᠤ ᠬᠡᠯᠪᠡᠷᠢᠲᠡᠢ , ᠰᠢᠷ᠎ᠠ ᠥᠩᠭᠡ ᠲᠡᠢ ᠪᠠᠶᠢᠳᠠᠭ ᠪᠥᠭᠡᠳ ᠮᠥᠩᠭᠥ ᠠᠭᠤᠯᠠᠭᠰᠠᠨ ᠠᠯᠲᠠ ᠨᠢ ᠢᠯᠡᠭᠦᠦ ᠲᠤᠩᠭᠠᠯᠠᠭ ᠥᠩᠭᠡ ᠲᠡᠢ ᠪᠠᠶᠢᠳᠠᠭ ᠪᠣᠯ ᠵᠡᠰ ᠠᠭᠤᠯᠠᠭᠰᠠᠨ ᠠᠯᠲᠠ ᠨᠢ ᠤᠯᠠᠪᠲᠤᠷ ᠲᠤᠶᠠᠭ᠎ᠠ ᠲᠠᠢ ᠪᠠᠶᠢᠳᠠᠭ᠃ ᠠᠯᠲᠠ ᠨᠢ ᠭᠣᠣᠯᠳᠠᠭᠤ ᠭᠢᠳ᠋ᠷᠣᠲ᠋ᠧᠷᠮᠠᠯ ᠭᠠᠷᠤᠯ ᠲᠠᠢ ᠴᠠᠬᠢᠷ ᠤᠨ ᠰᠤᠳᠠᠯ , ᠫᠧᠭᠮᠠᠲ᠋ᠢᠲ , ᠰᠺᠠᠷᠠᠨ ᠪᠣᠯᠤᠨ ᠵᠡᠰ ᠲᠤᠷᠠᠬᠠᠨ ᠴᠠᠭᠠᠨ , ᠬᠦᠨᠴᠡᠯ ᠪᠣᠯᠤᠨ ᠬᠣᠯᠢᠮᠠᠭ ᠮᠧᠲ᠋ᠠᠯ ᠤᠨ ᠬᠦᠳᠡᠷᠲᠦ ᠣᠷᠣᠰᠢᠳᠠᠭ ᠪᠠᠶᠢᠨ᠎ᠠ᠃ ᠬᠦᠮᠦᠨ ᠲᠥᠷᠥᠯᠬᠢᠲᠡᠨᠠᠯᠲᠠᠨ ᠤ ᠰᠢᠷᠤᠶᠢᠨ ᠪᠠ ᠦᠨᠳᠦᠰᠦᠨ ᠣᠷᠳᠣ ᠠᠴᠠ 1800000 ᠲᠣᠨ ᠭᠠᠷᠤᠢ ᠣᠯᠠᠳ ᠣᠯᠪᠤᠷᠢᠯᠠᠭᠰᠠᠨ ᠭᠡᠵᠦ ᠦᠵᠡᠳᠡᠭ ᠪᠥᠭᠡᠳ ᠠᠯᠲᠠᠨ ᠤ ᠬᠠᠮ ᠭᠣᠣᠯ ᠨᠥᠭᠡᠴᠡ ᠳᠠᠯᠠᠢ ᠪᠤᠶᠤ ᠲᠡᠩᠭᠢᠰ ᠦᠨ ᠤᠰᠤᠨ ᠳᠤ 1 ᠲᠡᠷᠪᠤᠮ ᠲᠣᠨ ᠪᠤᠶᠤ 1 ᠱᠣᠣ ᠮᠧᠲ᠋ᠷ ᠤᠰᠤᠨ ᠳᠤ 3-5 ᠮᠢᠯᠯᠢᠭᠷᠠᠮ ᠠᠯᠲᠠ ᠪᠠᠶᠢᠳᠠᠭ ᠭᠡᠵᠦ ᠦᠵᠡᠳᠡᠭ ᠪᠠᠶᠢᠨ᠎ᠠ᠃ ᠭᠡᠬᠦ ᠳᠦ ᠪᠡᠨ ᠣᠳᠣ ᠶᠢ ᠬᠦᠷᠲᠡᠯ᠎ᠡ ᠳᠠᠯᠠᠢ ᠠᠴᠠ ᠠᠯᠲᠠ ᠶᠢ ᠣᠯᠪᠤᠷᠢᠯᠠᠬᠤ ᠠᠷᠭ᠎ᠠ ᠶᠢ ᠨᠡᠭᠡᠭᠡᠵᠦ ᠢᠯᠡᠷᠡᠭᠦᠯᠦᠭᠡ ᠦᠭᠡᠢ ᠪᠠᠶᠢᠨ᠎ᠠ᠃ ᠣᠯᠠᠨ ᠤᠯᠤᠰ ᠤᠨ ᠰᠲ᠋ᠠᠨᠳᠠᠷᠲ ᠢᠶᠠᠷ ᠪᠣᠯ 1000 ᠺᠢᠯᠣᠭ᠍ᠷᠠᠮ ᠬvᠳᠡᠷ᠎ᠡ ᠳᠦ 0.5 ᠭᠷᠦᠶᠢᠫᠫᠫᠫᠫ ᠠᠯᠲᠠ ᠠᠭᠤᠯᠤᠭᠳᠠᠵᠤ ᠪᠠᠶᠢᠪᠠᠯ ᠡᠳ᠋ ᠍ ᠦᠨ ᠵᠠᠰᠠᠭ ᠤᠨ ᠬᠤᠪᠢ ᠳᠤ vᠷ ᠠᠰᠢᠭ ᠲᠠᠢ ᠳᠤ ᠲᠣᠭᠠᠴᠠᠭᠳᠠᠳᠠᠭ ᠶᠤᠮ ᠪᠠᠶᠢᠨ᠎ᠠ᠃ ᠭᠡᠬᠦ ᠳᠦ ᠪᠡᠨ ᠢᠯᠡ ᠠᠭᠤᠷᠬᠠᠢ ᠨᠤᠭᠤᠳ ᠤᠨ ᠬᠤᠪᠢ ᠳᠤ ᠡᠶᠢᠮᠦ ᠬᠡᠮᠵᠢᠶᠡᠨ ᠦ ᠬvᠳᠡᠷ᠎ᠡ ᠳᠦ ᠶᠡᠬᠡᠪᠴᠢᠯᠡᠨ 1-5 ᠭᠷᠦᠶᠢᠫᠫᠫᠫᠫ ᠠᠯᠲᠠ ᠠᠭᠤᠯᠤᠭᠳᠠᠳᠠᠭ᠃ ᠡᠨᠡ ᠠᠭᠤᠯᠤᠮᠵᠢ ᠪvᠷ 30 ᠭᠷᠦᠶᠢᠫᠫᠫᠫᠫ ᠬᠦᠷᠦᠭᠰᠡᠨ ᠦᠶ᠎ᠡ ᠪᠠᠰᠠ ᠲᠣᠬᠢᠶᠠᠯᠳᠤᠭᠰᠠᠨ ᠪᠠᠶᠢᠨ᠎ᠠ᠃ ᠠᠯᠲᠠᠨ ᠤ 100 ᠲᠣᠨ ᠠᠴᠠ ᠳᠡᠭᠡᠭᠰᠢ ᠨᠥᠭᠡᠴᠡ ᠲᠡᠢ ᠦᠨᠳᠦᠰᠦᠨ ᠣᠷᠳᠣ ᠶᠢ ᠶᠡᠬᠡ ᠲᠣᠮᠣ , 50-100 ᠲᠣᠨ ᠤ ᠬᠢ ᠶᠢ ᠲᠣᠮᠣ , 10-50 ᠬᠦᠷᠲᠡᠯ᠎ᠡ ᠲᠣᠨ ᠤ ᠬᠢ ᠶᠢ ᠳᠤᠮᠳᠠ , 10 ᠲᠣᠨ ᠤ ᠬᠢ ᠶᠢ ᠵᠢᠵᠢᠭ ᠣᠷᠣᠳ ᠲᠤ ᠲᠣᠭᠠᠴᠠᠬᠤ ᠪᠠ 1 ᠲᠣᠨ ᠠᠴᠠ ᠪᠠᠭ᠎ᠠ ᠨᠥᠭᠡᠴᠡ ᠲᠡᠢ ᠣᠷᠳᠣ ᠶᠢ ᠵᠢᠵᠢᠭ ᠣᠷᠳᠣ ᠭᠡᠵᠦ ᠨᠡᠷᠡᠯᠡᠨ᠎ᠡ᠃

ᠠᠯᠲᠠᠨ ᠤ ᠦᠨᠳᠦᠰᠦᠨ ᠣᠷᠳᠣ ᠠᠴᠠ ᠠᠯᠲᠠᠨ ᠤ ᠵᠡᠷᠭᠡᠴᠡᠭᠡ ᠪᠡᠷ ᠠᠰᠢᠭᠲᠠᠢ ᠲᠣᠬᠢᠶᠠᠯᠳᠤᠯ ᠳᠤ ᠮᠥᠩᠭᠥ , ᠲᠧᠯᠯᠦᠶᠢᠷ , ᠸᠢᠰᠦᠮᠤᠲᠤ , ᠬᠦᠨᠴᠡᠯ ᠵᠡᠷᠭᠡ ᠶᠢ ᠣᠯᠪᠤᠷᠢᠯᠠᠳᠠᠭ ᠪᠣᠯᠤᠨ᠎ᠠ᠃ ᠠᠯᠲᠠᠨ ᠤ ᠵᠠᠷᠢᠮ ᠰᠢᠷᠤᠶᠢᠨ ᠣᠷᠳᠣ ᠨᠢ ᠳᠣᠷᠵᠢᠫᠠᠯᠠᠮ , ᠤᠤᠯ ᠤᠨ ᠪᠣᠯᠣᠷ , ᠴᠠᠭᠠᠨ ᠠᠯᠲᠠ , ᠲᠢᠲ᠋ᠠᠨ ᠤ ᠪᠦᠯᠦᠭ ᠦᠨ ᠡᠷᠦᠳᠡᠰᠦ ᠠᠭᠤᠯᠠᠳᠠᠭ . ᠠᠯᠲᠠᠨ ᠤ ᠬᠠᠲᠠᠭᠤᠯᠠᠭ ᠨᠢ 2-3 , ᠨᠢᠭᠲᠠᠷᠠᠯ ᠨᠢ ᠬᠣᠯᠢᠴᠠ ᠠᠴᠠ ᠪᠠᠨ ᠬᠠᠮᠢᠶᠠᠷᠬᠤ ᠪᠠ ᠴᠡᠪᠡᠷ ᠠᠯᠲᠠᠨ ᠤ ᠬᠢ 19,3 ᠪᠠᠶᠢᠳᠠᠭ ᠪᠠᠶᠢᠨ᠎ᠠ᠃ ᠴᠡᠪᠡᠷ ᠠᠯᠲᠠᠨ ᠤ ᠠᠭᠤᠯᠭ᠎ᠠ ᠶᠢ ᠰᠣᠷᠢᠴᠠ ᠭᠡᠬᠦ ᠪᠥᠭᠡᠳ ᠬᠡᠷᠪᠡ ᠠᠯᠲᠠᠨ ᠤ ᠰᠣᠷᠢᠴᠠ 900 ᠭᠡᠪᠡᠯ ᠲᠡᠷᠡ ᠨᠢ ᠲᠡᠭᠦᠨ ᠦ ᠨᠠᠶᠢᠷᠠᠯᠭ᠎ᠠ ᠳᠤ ᠴᠡᠪᠡᠷ ᠠᠯᠲᠠ 90% ᠪᠠᠶᠢᠨ᠎ᠠ ᠭᠡᠵᠦ ᠦᠵᠡᠨ᠎ᠡ᠃

ᠠᠯᠲᠠ ᠶᠢ ᠭᠣᠶᠣᠯ ᠴᠢᠮᠡᠭᠯᠡᠯ ᠡᠴᠡ ᠡᠬᠢᠯᠡᠨ ᠫᠤᠤᠵᠢᠩ , ᠴᠥᠮ᠎ᠡ ᠶᠢᠨ ᠲᠣᠭᠣᠭ᠎ᠠ , ᠨᠢᠰᠬᠦ ᠣᠩᠭᠣᠴᠠ , ᠬᠣᠯᠪᠣᠭ᠎ᠠ ᠬᠠᠷᠢᠯᠴᠠᠭᠠᠨ ᠤ ᠲᠧᠭᠨᠢᠭ ᠬᠡᠷᠡᠭᠰᠡᠯ , ᠬᠢᠮᠢ , ᠠᠨᠠᠭᠠᠬᠤ ᠤᠬᠠᠭᠠᠨ ᠤ ᠰᠠᠯᠪᠤᠷᠢ , ᠹᠣᠲ᠋ᠣ ᠵᠢᠷᠤᠭ ᠤᠨ ᠦᠢᠯᠡᠳᠪᠦᠷᠢ , ᠵᠡᠷᠭᠡ ᠣᠯᠠᠨ ᠲᠥᠷᠥᠯ ᠦᠨ ᠰᠠᠯᠪᠤᠷᠢ ᠳᠤ ᠥᠷᠭᠡᠨ ᠢᠶᠡᠷ ᠬᠡᠷᠡᠭᠯᠡᠵᠦ ᠪᠠᠶᠢᠨ᠎ᠠ᠃

ᠮᠣᠩᠭᠣᠯ ᠣᠷᠣᠨ ᠨᠢ ᠠᠯᠲᠠ ᠪᠠᠷ ᠪᠠᠶᠠᠨ ᠣᠷᠣᠨ ᠳᠤ ᠤᠷᠤᠬᠤ ᠪᠥᠭᠡᠳ ᠪᠠᠲᠤ ᠲᠠᠢ ᠪᠣᠳᠠᠲᠠᠢ ᠪᠣᠯᠤᠮᠵᠢ ᠲᠠᠢ ᠨᠥᠭᠡᠴᠡ ᠨᠢ ᠨᠡᠶᠢᠯᠡᠭᠡᠳ 513970 ᠺᠢᠯᠣᠭ᠍ᠷᠠᠮ ᠭᠡᠳᠡᠭ ᠢ ᠡᠷᠳᠡᠮᠲᠡᠳ 2010 ᠣᠨ ᠳᠤ ᠲᠣᠭᠲᠠᠭᠠᠵᠤ ᠪᠠᠶᠢᠭᠰᠠᠨ ᠪᠠᠶᠢᠨ᠎ᠠ᠃ ᠧᠦᠢᠷᠣᠫᠠ ᠶᠢᠨ ᠨᠢᠭᠡᠨ ᠬᠡᠪᠯᠡᠯ ᠳᠦ ᠮᠣᠩᠭᠣᠯ ᠢ ᠠᠯᠲᠠ ᠪᠠᠷ ᠪᠠᠶᠠᠨ ᠣᠷᠣᠨ ᠭᠡᠵᠦ ᠦᠵᠡᠵᠦ ᠲᠡᠭᠦᠨ ᠢ ᠣᠯᠠᠨ ᠵᠢᠯ ᠦᠨ ᠡᠮᠦᠨ᠎ᠡ ᠠᠯᠲᠠᠨ ᠤ ᠶᠡᠬᠡ ᠨᠡᠭᠦᠷᠭᠡᠨ ᠪᠣᠯᠵᠤ ᠠᠯᠲᠠ ᠣᠯᠪᠤᠷᠢᠯᠠᠬᠤ ᠠᠵᠢᠯ ᠳᠤ ᠦᠢ ᠲᠦᠮᠡᠨ ᠬᠦᠮᠦᠨ ᠣᠷᠣᠯᠴᠠᠭᠰᠠᠨ ᠺᠠᠨᠠᠳᠠ ᠤᠨ ᠺᠯᠣᠨᠳᠧᠢᠺ ᠨᠤᠲᠤᠭ ᠲᠠᠢ ᠠᠳᠠᠯᠢᠳᠬᠠᠵᠤ ᠪᠢᠴᠢᠭᠰᠡᠨ ᠪᠠᠶᠢᠳᠠᠭ . ᠮᠣᠩᠭᠣᠯ ᠨᠢ ᠠᠯᠲᠠᠨ ᠤ ᠬᠦᠮᠦᠨ ᠠᠮᠠ ᠳᠤ ᠨᠣᠣᠭ ᠲᠤ ᠬᠢ ᠬᠠᠶᠢᠰᠠᠩ ᠨᠥᠭᠡᠴᠡ , ᠣᠯᠪᠤᠷᠢᠯᠠᠯᠲᠠ ᠪᠠᠷ ᠳᠡᠯᠡᠬᠡᠢ ᠳᠦ ᠲᠡᠷᠢᠭᠦᠯᠡᠬᠦ ᠪᠠᠶᠢᠷᠢ ᠰᠠᠭᠤᠷᠢ ᠶᠢ ᠡᠵᠡᠯᠡᠳᠡᠭ ᠪᠠᠶᠢᠨ᠎ᠠ᠃ ᠮᠣᠩᠭᠣᠯᠴᠤᠳ ᠠᠯᠲᠠ ᠶᠢ ᠳᠡᠭᠡᠷ᠎ᠡ ᠦᠶᠡᠰ ᠡᠬᠢᠯᠡᠨ ᠠᠮᠢᠳᠤᠷᠠᠯ ᠠᠵᠤ ᠠᠬᠤᠢ ᠳᠤ ᠪᠠᠨ ᠬᠡᠷᠡᠭᠯᠡᠵᠦ ᠢᠷᠡᠭᠰᠡᠨ ᠢ ᠰᠤᠨᠳᠤᠢ ᠶᠢᠨ ᠵᠦᠳ ᠬᠡᠮᠡᠬᠦ 10 ᠪᠣᠲᠢ ᠨᠣᠮ ᠢ 452.5 ᠺᠢᠯᠣᠭ᠍ᠷᠠᠮ ᠠᠯᠲᠠ ᠮᠥᠩᠭᠥ ᠪᠡᠷ ᠬᠢᠭᠰᠡᠨ ᠪᠠᠷᠢᠮᠲᠠ ᠪᠠᠷ ᠨᠣᠲᠠᠯᠠᠳᠠᠭ ᠪᠠᠶᠢᠨ᠎ᠠ᠃ ᠪᠠᠶᠢᠭᠠᠯᠢ ᠳᠡᠭᠡᠷ᠎ᠡ ᠲᠣᠬᠢᠶᠠᠯᠳᠣᠬᠤ ᠴᠤᠯᠤ ᠠᠯᠲᠠᠨ ᠤ ᠵᠢᠩ ᠬᠡᠳᠦᠨ ᠮᠭ –ᠠ ᠠᠴᠠ ᠬᠡᠳᠦᠨ ᠺᠭ ᠬᠦᠷᠲᠡᠯ᠎ᠡ ᠪᠠᠶᠢᠳᠠᠭ . ᠣᠳᠣ ᠪᠠᠷ ᠮᠡᠳᠡᠭᠳᠡᠵᠦ ᠪᠠᠶᠢᠭ᠎ᠠ ᠬᠠᠮᠤᠭ ᠤᠨ ᠲᠣᠮᠣ ᠴᠤᠯᠤ ᠠᠯᠲᠠ ᠨᠢ 1872 ᠣᠨ ᠳᠤ ᠠᠦᠢᠰᠲ᠋ᠷᠯᠢᠶ᠎ᠠ ᠳᠤ ᠣᠯᠳᠠᠭᠰᠠᠨ 260 ᠺᠢᠯᠣᠭ᠍ᠷᠠᠮ ᠣᠷᠴᠢᠮ ᠶᠤᠮ , ᠬᠠᠷᠢᠨ ᠮᠣᠩᠭᠣᠯ ᠤᠨ ᠬᠠᠮᠤᠭ ᠤᠨ ᠲᠣᠮᠣ ᠠᠯᠲᠠᠨ ᠳᠤ ᠵᠠᠭᠠᠮᠠᠷ ᠤᠨ ᠷᠠᠶᠣᠨ ᠤ ᠬᠠᠶᠢᠯᠠᠰᠤᠲᠤ ᠶᠢᠨ ᠣᠷᠳᠣ ᠠᠴᠠ ᠣᠯᠳᠠᠭᠰᠠᠨ 808 ᠭᠷᠦᠶᠢᠫᠫᠫᠫᠫ ᠵᠢᠩ ᠲᠡᠢ ᠣᠯᠠᠳ ᠣᠷᠣᠳᠠᠭ ᠪᠠᠶᠢᠨ᠎ᠠ᠃

ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠶᠡᠷᠦᠩᠬᠡᠢ ᠳᠤ ᠪᠡᠨ ᠠᠯᠲᠠᠢ ᠶᠢᠨ , ᠨᠠᠭᠤᠷ ᠤᠨ , ᠬᠣᠶᠢᠳᠤ ᠮᠣᠩᠭᠣᠯ ᠤᠨ , ᠲᠥᠪ ᠮᠣᠩᠭᠣᠯ ᠤᠨ , ᠬᠠᠩᠭᠠᠢ , ᠬᠡᠨᠲᠡᠢ ᠶᠢᠨ ᠳᠣᠷᠣᠨ᠎ᠠ ᠳᠤ ᠮᠣᠩᠭᠣᠯ ᠤᠨ ᠪᠠ ᠡᠮᠦᠨ᠎ᠡ ᠳᠦ ᠮᠣᠩᠭᠣᠯ ᠤᠨ ᠭᠡᠰᠡᠨ ᠮᠧᠲ᠋ᠠᠯᠢᠭᠧᠨ ᠦ 7 ᠮᠤᠵᠢ , ᠠᠯᠲᠠᠨ ᠤ ᠬᠦᠳᠡᠷᠵᠢᠯᠲᠡ ᠠᠭᠤᠯᠠᠭᠰᠠᠨ 25 ᠮᠧᠲ᠋ᠠᠯᠢᠭᠧᠨ ᠦ ᠪᠥᠰᠡ ᠨᠦᠭᠦᠳ , ᠠᠯᠲᠠᠨ ᠤ ᠬᠥᠳᠡᠷ ᠦᠨ ᠪᠣᠯᠤᠭᠠᠳ ᠠᠯᠲᠠ ᠠᠭᠤᠯᠠᠭᠰᠠᠨ 70 ᠬᠥᠳᠡᠷ ᠦᠨ ᠳᠡᠭᠦᠷᠭᠡ ᠲᠣᠭᠲᠠᠭᠠᠳᠠᠭᠰᠠᠨ ᠪᠠᠶᠢᠨ᠎ᠠ᠃ ᠠᠯᠲᠠᠨ ᠤ ᠬᠥᠳᠡᠷ ᠦᠨ ᠳᠡᠭᠦᠷᠭᠡ ᠨᠦᠭᠦᠳ ᠨᠢ ᠠᠯᠲᠠ ᠠᠭᠤᠯᠠᠭᠰᠠᠨ ᠮᠧᠲ᠋ᠠᠯᠢᠭᠧᠨ ᠦ ᠪᠥᠰᠡ ᠨᠦᠭᠦᠳ ᠦᠨ ᠬᠡᠮᠵᠢᠶᠡᠨ ᠳᠦ ᠢᠯᠭᠠᠭᠳᠠᠬᠤ ᠪᠠ ᠡᠳᠡᠭᠡᠷ ᠨᠢ ᠪᠡᠶ᠎ᠡ ᠪᠡᠶ᠎ᠡ ᠪᠡᠨ ᠡᠴᠡ ᠪᠡᠨ ᠠᠯᠲᠠᠨ ᠤ ᠬᠦᠳᠡᠷᠵᠢᠯᠲᠡ ᠬᠥᠭᠵᠢᠭᠡ ᠦᠭᠡᠢ ᠡᠰᠡᠪᠡᠯ ᠠᠯᠲᠠᠨ ᠤ ᠬᠦᠳᠡᠷᠵᠢᠯᠲᠠ ᠶᠢᠨ ᠡᠷᠴᠢᠮ ᠰᠤᠯᠠᠷᠠᠭᠰᠠᠨ ᠲᠠᠯᠠᠪᠠᠢ ᠨᠤᠭᠤᠳ ᠢᠶᠠᠷ ᠲᠤᠰᠠᠭᠠᠷᠯᠠᠭᠳᠠᠬᠤ ᠪᠠ ᠨᠢᠭᠡ ᠬᠥᠳᠡᠷ ᠦᠨ ᠳᠡᠭᠦᠷᠭᠡ ᠶᠢᠨ ᠬᠡᠮᠵᠢᠶᠡᠨ ᠳᠦ ᠭᠣᠣᠯᠴᠢᠯᠠᠨ ᠨᠢᠭᠡ ᠴᠠᠭ ᠦᠶ᠎ᠡ ᠳᠦ ᠡᠭᠦᠰᠦᠭᠰᠡᠨ , ᠨᠢᠭᠡ ᠲᠥᠷᠥᠯ ᠦᠨ ᠬᠦᠳᠡᠷᠵᠢᠯᠲᠡ ᠳᠠᠪᠠᠮᠠᠭᠠᠶᠢᠯᠠᠬᠤ ᠣᠨᠴᠠᠯᠢᠭ ᠲᠠᠢ ᠪᠣᠯᠤᠨ᠎ᠠ᠃ ᠬᠥᠳᠡᠷ ᠦᠨ ᠳᠡᠭᠦᠷᠭᠡ ᠶᠢᠨ ᠬᠡᠮᠵᠢᠶᠡᠨ ᠳᠦ ᠵᠥᠪᠬᠡᠨ ᠠᠯᠲᠠᠨ ᠤ ᠦᠨᠳᠦᠰᠦᠨ ᠬᠦᠳᠡᠷᠵᠢᠯᠲᠡ ᠲᠠᠷᠬᠠᠭᠰᠠᠨ ᠪᠣᠯ , ᠠᠯᠲᠠᠨ ᠤ ᠬᠥᠳᠡᠷ ᠦᠨ ᠳᠡᠭᠦᠷᠭᠡ , ᠠᠯᠲᠠᠨ ᠤ ᠦᠨᠳᠦᠰᠦᠨ ᠪᠣᠯᠤᠭᠠᠳ ᠰᠢᠵᠢᠷᠮᠡᠭ ᠬᠦᠳᠡᠷᠵᠢᠯᠲᠡ ᠲᠠᠷᠬᠠᠭᠰᠠᠨ ᠪᠣᠯ ᠠᠯᠲᠠᠨ ᠤ ᠬᠥᠳᠡᠷ ᠪᠣᠯᠤᠨ ᠰᠢᠵᠢᠷᠮᠡᠭ ᠬᠦᠳᠡᠷᠵᠢᠯᠲᠠ ᠶᠢᠨ ᠳᠡᠭᠦᠷᠭᠡ , ᠬᠡᠷᠪᠡ ᠠᠯᠲᠠ ᠨᠢᠭᠡ ᠴᠠᠭ ᠬᠤᠭᠤᠴᠠᠭᠠᠨ ᠳᠤ ᠬᠠᠷᠢᠯᠴᠠᠨ ᠤᠶᠠᠯᠳᠤᠭ᠎ᠠ ᠪᠦᠬᠦᠢ ᠥᠭᠡᠷ᠎ᠡ ᠲᠥᠷᠥᠯ ᠦᠨ ᠠᠰᠢᠭᠲᠤ ᠮᠠᠯᠲᠠᠮᠠᠯ ᠲᠠᠢ ᠬᠠᠮᠲᠤ ᠲᠠᠷᠬᠠᠭᠰᠠᠨ ᠪᠣᠯ ᠬᠠᠷᠠᠭᠠᠯᠵᠠᠨ ᠨᠡᠷᠡᠯᠡᠳᠡᠭ ᠪᠠᠶᠢᠨ᠎ᠠ᠃ ᠮᠠᠨ ᠤ ᠣᠷᠣᠨ ᠤ ᠨᠤᠲᠤᠭ ᠲᠤ ᠢᠯᠡᠷᠡᠭᠦᠯᠡᠭᠳᠡᠭᠰᠡᠨ ᠠᠯᠲᠠᠨ ᠤ ᠣᠷᠳᠣ , ᠢᠯᠡᠷᠡᠯ ᠦᠳ ᠨᠢ ᠡᠭᠦᠰᠴᠦ ᠪᠤᠢ ᠪᠣᠯᠤᠭᠰᠠᠨ ᠭᠧᠣᠯᠣᠭᠢ ᠶᠢᠨ ᠨᠥᠬᠥᠴᠡᠯ ᠬᠥᠳᠡᠷ ᠦᠨ ᠪᠡᠶᠡᠲᠦ ᠶᠢᠨ ᠬᠡᠯᠪᠡᠷᠢ ᠳᠦᠷᠰᠦ ᠠᠭᠤᠯᠤᠭᠴᠢ ᠴᠢᠯᠠᠭᠤᠯᠢᠭ ᠲᠠᠢ ᠪᠠᠨ ᠡᠭᠦᠰᠴᠦ ᠪᠤᠢ ᠬᠣᠯᠪᠣᠭ᠎ᠠ ᠬᠠᠷᠢᠴᠠᠭ᠎ᠠ , ᠡᠷᠦᠳᠡᠰᠦ ᠶᠢᠨ ᠨᠠᠶᠢᠷᠠᠯᠭ᠎ᠠ ᠪᠠᠷ ᠢᠶᠠᠨ ᠠᠯᠲᠠᠨ ᠤ ᠣᠷᠳᠣ ᠶᠢᠨ ᠪᠦᠯᠦᠭ , ᠲᠥᠷᠥᠯ , ᠳᠡᠳ᠋ ᠲᠥᠷᠥᠯ ᠦᠳ ᠲᠦ ᠠᠩᠭᠢᠯᠠᠭᠳᠠᠳᠠᠭ . ᠣᠷᠳᠣ ᠶᠢᠨ ᠲᠥᠷᠥᠯ ᠭᠡᠳᠡᠭ ᠨᠢ ᠡᠭᠦᠰᠦᠭᠰᠡᠨ ᠭᠧᠣᠯᠣᠭᠢ ᠶᠢᠨ ᠨᠥᠬᠥᠴᠡᠯ ᠬᠥᠳᠡᠷ ᠦᠨ ᠪᠡᠶᠡᠲᠦ ᠶᠢᠨ ᠬᠡᠯᠪᠡᠷᠢ ᠳᠦᠷᠰᠦ ᠨᠢ ᠢᠵᠢᠯ ᠦᠶ᠎ᠡ ᠳᠦ ᠡᠳ᠋ ᠲᠥᠷᠥᠯ ᠦᠳ ᠨᠢ ᠡᠷᠦᠳᠡᠰᠦᠯᠢᠭ ᠪᠦᠷᠢᠯᠳᠦᠬᠦᠨ ᠢᠶᠡᠷ ᠢᠶᠡᠨ ᠢᠯᠭᠠᠭᠳᠠᠳᠠᠭ ᠪᠠᠶᠢᠨ᠎ᠠ᠃


ᠳᠡᠯᠡᠬᠡᠢ ᠶᠢᠨ ᠬᠠᠮᠤᠭ ᠤᠨ ᠶᠡᠬᠡ ᠨᠥᠭᠡᠴᠡ ᠲᠡᠢ 10 ᠤᠯᠤᠰ № ᠤᠯᠤᠰ ᠤᠨ ᠨᠡᠷ᠎ᠡ ᠨᠥᠭᠡᠴᠡ ᠶᠢᠨ ᠬᠡᠮᠵᠢᠶ᠎ᠡ 1 ᠠᠮᠧᠷᠢᠺᠠ ᠶᠢᠨ ᠨᠢᠭᠡᠳᠦᠭᠰᠡᠨ ᠤᠯᠤᠰ 8133.5 ТН 2 ᠭᠧᠷᠮᠠᠨ 3401.8 ТН 3 ᠢᠲ᠋ᠠᠯᠢ 2451.8 ТН 4 ᠹᠷᠠᠨᠼᠢ 2435.4 ТН 5 ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ 1054.1 ТН 6 ᠰᠢᠪ ᠲᠴᠠᠷᠢ 1040.1 ТН 7 ᠣᠷᠣᠰ ᠬᠣᠯᠪᠣᠭᠠᠨ ᠤ ᠤᠯᠤᠰ 851.5 ТН 8 ᠶᠠᠫᠣᠨ 765.2 ТН 9 ᠬᠣᠯᠠᠨᠳ᠋ 612.5 ТН 10 ᠡᠨᠡᠳᠬᠡᠭ 557.7 ТН


ᠠᠯᠲᠠᠨ ᠤ ᠨᠥᠭᠡᠴᠡ ᠥᠰᠬᠡᠬᠦ ᠨᠡᠩ ᠴᠢᠬᠤᠯᠠ ᠬᠦᠴᠦᠨ ᠵᠦᠢᠯ ᠨᠢ ᠰᠠᠩᠬᠦᠵᠢᠯᠲᠡ ᠶᠢᠨ ᠡᠬᠡ ᠡᠭᠦᠰᠪᠦᠷᠢ ᠪᠥᠭᠡᠳ ᠡᠭᠦᠨ ᠳᠦ ᠬᠤᠪᠢ ᠶᠢᠨ ᠬᠡᠪᠰᠢᠯ ᠦᠨ ᠠᠵᠤ ᠠᠬᠤᠢ ᠨᠢᠭᠡᠴᠡ ᠨᠦᠭᠦᠳ ᠦᠨ ᠣᠷᠣᠭᠤᠯᠵᠤ ᠪᠠᠶᠢᠭ ᠠᠬᠥᠷᠥᠩᠭᠡ ᠣᠷᠣᠭᠤᠯᠤᠯᠲᠠ ᠨᠥᠯᠦᠭᠡᠯᠡᠳᠡᠭ ᠪᠣᠯᠤᠨ᠎ᠠ᠃ ᠭᠧᠣᠯᠣᠭᠢ ᠶᠢᠨ ᠬᠠᠶᠢᠭᠤᠯ ᠤᠨ ᠠᠵᠢᠯ ᠢᠶᠠᠷ ᠠᠯᠲᠠᠨ ᠤ ᠨᠥᠭᠡᠴᠡ ᠶᠢᠨ ᠬᠤᠪᠢ ᠳᠤ ᠢᠷᠡᠭᠡᠳᠦᠢ ᠪᠠᠭ᠎ᠠ ᠲᠠᠢ ᠭᠡᠵᠦ ᠦᠵᠡᠭᠰᠡᠨ ᠲᠠᠯᠠᠪᠠᠢ ᠳᠤ ᠬᠤᠪᠢ ᠤᠨ ᠬᠡᠪᠰᠢᠯ ᠦᠨ ᠬᠢᠨ ᠥᠪᠡᠷ ᠦᠨ ᠬᠥᠷᠥᠩᠭᠡ ᠪᠡᠷ ᠬᠠᠶᠢᠭᠤᠯ ᠬᠡᠢ ᠶᠢᠨ ᠣᠯᠪᠤᠷᠢᠯᠠᠬᠤ ᠪᠣᠯᠤᠮᠵᠢᠲᠤ ᠨᠥᠭᠡᠴᠡ ᠣᠯᠠᠨ ᠣᠯᠪᠤᠷᠢᠯᠠᠯᠲᠠ ᠶᠢᠨ ᠬᠡᠮᠵᠢᠶ᠎ᠡ ᠶᠢ ᠨᠡᠮᠡᠭᠳᠡᠭᠦᠯᠳᠡᠭ ᠪᠠᠶᠢᠨ᠎ᠠ᠃ ᠠᠯᠲᠠᠨ ᠤ ᠣᠷᠳ᠋ ᠍ ᠤᠳ ᠤᠨ ᠨᠥᠭᠡᠴᠡ ᠶᠢᠨ ᠬᠡᠮᠵᠢᠶ᠎ᠡ , ᠠᠭᠤᠯᠠ ᠲᠧᠭᠨᠢᠭ ᠦᠨ ᠨᠥᠬᠥᠴᠡᠯ , ᠠᠰᠢᠭᠯᠠᠯᠲᠠ ᠶᠢᠨ ᠬᠦᠴᠦᠨ ᠴᠢᠳᠠᠯ ᠢᠶᠠᠷ ᠨᠢ ᠪᠦᠯᠦᠭᠯᠡᠵᠦ ᠲᠡᠭᠡᠭᠡᠪᠦᠷᠢ ᠶᠢᠨ ᠢᠵᠢ ᠪᠦᠷᠢᠳᠦᠯ ᠬᠣᠣᠰᠯᠠᠯ , ᠲᠧᠭᠨᠣᠯᠣᠭᠢ ᠶᠢᠨ ᠰᠾᠧᠮ ᠢ ᠰᠣᠩᠭᠣᠨ ᠠᠪᠴᠤ ᠵᠢᠷᠤᠭ ᠲᠥᠰᠥᠯ ᠲᠤᠷᠰᠢᠯᠲᠠ ᠶᠢᠨ ᠣᠯᠠᠨ ᠬᠤᠪᠢᠯᠪᠤᠷᠢ ᠪᠠᠷ ᠪᠣᠯᠪᠠᠰᠤᠷᠠᠭᠤᠯᠵᠤ ᠤᠭ ᠠᠵᠢᠯ ᠢ ᠠᠭᠧᠨᠲ ᠯᠠᠭ ᠪᠣᠯᠤᠨ ᠬᠢᠨᠠᠯᠲᠠ ᠶᠢᠨ ᠪᠠᠶᠢᠭᠤᠯᠤᠭ ᠤᠳ ᠡᠴᠦᠰᠯᠡᠨ ᠬᠢᠨᠠᠵᠤ ᠵᠥᠪᠰᠢᠶᠡᠷᠡᠯᠴᠡᠭᠰᠡᠨ ᠦ ᠦᠨᠳᠦᠰᠦᠨ ᠳᠡᠭᠡᠷ᠎ᠡ ᠬᠡᠷᠡᠭᠵᠢᠭᠦᠯᠳᠡᠭ .


ᠠᠯᠲᠠᠨ ᠤ ᠦᠨᠳᠦᠰᠦᠨ ᠣᠷᠳᠣ ᠶᠢᠨ ᠬᠥᠳᠡᠷ ᠡᠴᠡ ᠠᠯᠲᠠ ᠢᠯᠭᠠᠨ ᠠᠪᠬᠤ ᠣᠨᠣᠪᠴᠢᠲᠠᠢ ᠲᠧᠭᠨᠣᠯᠣᠭᠢ ᠶᠢ ᠰᠣᠩᠭᠣᠨ ᠠᠪᠬᠤ ᠶᠠᠪᠤᠳᠠᠯ ᠨᠢ ᠬᠥᠳᠡᠷᠢ ᠳᠦ ᠬᠢ ᠪᠣᠳᠠᠰ ᠤᠨ ᠨᠠᠶᠢᠷᠠᠯᠭ᠎ᠠ , ᠠᠯᠲᠠ ᠠᠭᠤᠯᠠᠭᠰᠠᠨ ᠡᠷᠦᠳᠡᠰᠦ ᠨᠦᠭᠦᠳ ᠦᠨ ᠰᠢᠨᠵᠢ ᠴᠢᠨᠠᠷ ᠲᠧᠭᠨᠣᠯᠣᠭᠢ ᠶᠢᠨ ᠠᠵᠢᠯᠯᠠᠭ᠎ᠠ ᠶᠢ ᠬᠦᠨᠳᠦᠷᠡᠭᠦᠯᠬᠦ ᠨᠥᠯᠥᠭᠡ ᠲᠡᠢ ᠬᠣᠯᠢᠴᠠ ᠨᠤᠭᠤᠳ ᠪᠠᠶᠢᠭ᠎ᠠ ᠡᠰᠡᠬᠦ ᠵᠡᠷᠭᠡ ᠣᠯᠠᠨ ᠬᠦᠴᠦᠨ ᠵᠦᠢᠯ ᠡᠴᠡ ᠬᠠᠮᠢᠶᠠᠷᠳᠠᠭ ᠪᠠ ᠬᠥᠳᠡᠷ ᠢ ᠤᠷᠢᠳᠴᠢᠯᠠᠨ ᠪᠡᠯᠭᠡᠬᠦ ᠪᠠᠶᠠᠵᠢᠭᠤᠯᠬᠤ ᠮᠧᠲ᠋ᠠᠯᠯᠦ᠋ᠷᠭᠢ ᠬᠢᠮᠢ ᠶᠢᠨ ᠪᠣᠯᠪᠠᠰᠤᠷᠠᠭᠤᠯᠤᠯᠲᠠ ᠵᠡᠷᠭᠡ ᠦᠨᠳᠦᠰᠦᠨ ᠠᠵᠢᠯᠯᠠᠭ᠎ᠠ ᠶᠢ ᠪᠦᠷᠢᠳᠦᠭᠦᠯᠳᠡᠭ . ᠠᠯᠲᠠᠨ ᠤ ᠦᠢᠯᠡᠳᠪᠦᠷᠢᠯᠡᠯ ᠥᠨᠳᠥᠷ ᠬᠥᠭᠵᠢᠭᠰᠡᠨ ᠣᠷᠣᠨ ᠨᠤᠭᠤᠳ ᠲᠤ ᠠᠯᠲᠠᠨ ᠤ ᠦᠨᠳᠦᠰᠦᠨ ᠨᠥᠭᠡᠴᠡ ᠨᠢ ᠶᠡᠬᠡᠪᠴᠢᠯᠡᠨ ᠦᠨᠳᠦᠰᠦᠨ ᠣᠷᠣᠳ ᠲᠤ 80% , ᠰᠢᠷᠤᠶᠢᠨ ᠣᠷᠣᠳ ᠲᠤ 2 % , ᠦᠳᠡᠭᠰᠡᠨ ᠨᠢ ᠳᠠᠭᠠᠯᠳᠤᠬᠤ ᠬᠡᠯᠪᠡᠷᠢ ᠪᠡᠷ ᠣᠯᠪᠤᠷᠢᠯᠠᠭᠳᠠᠭᠰᠠᠨ ᠠᠯᠲᠠᠨ ᠳᠤ ᠨᠣᠭᠳᠠᠳᠠᠭ ᠪᠠᠶᠢᠨ᠎ᠠ᠃ ᠮᠠᠨ ᠤ ᠤᠯᠤᠰ ᠤᠨ ᠬᠤᠪᠢ ᠳᠤ ᠠᠯᠲᠠ ᠣᠯᠪᠤᠷᠢᠯᠠᠯᠲᠠ ᠨᠢ ᠥᠪᠡᠷ ᠦᠨ ᠭᠡᠰᠡᠨ ᠣᠨᠴᠠᠯᠢᠭ ᠳᠠᠪᠠᠭᠤ ᠲᠠᠯ᠎ᠠ ᠲᠠᠢ . ᠣᠳᠣ ᠪᠠᠷ ᠠᠰᠢᠭᠯᠠᠵᠤ ᠪᠤᠢ ᠣᠷᠳ᠋ ᠍ ᠤᠳ ᠨᠢ ᠬᠥᠷᠥᠩᠭᠡ ᠣᠷᠣᠭᠤᠯᠤᠯᠲᠠ ᠪᠠᠭ᠎ᠠ ᠬᠠᠷᠢᠴᠠᠩᠭᠤᠢ ᠬᠢᠯᠪᠠᠷ ᠲᠧᠭᠨᠣᠯᠣᠭᠢ ᠱᠠᠭᠠᠷᠳᠠᠳᠠᠭ ᠪᠠ ᠠᠯᠲᠠ ᠣᠯᠪᠤᠷᠢᠯᠠᠯᠲᠠ ᠶᠢᠨ ᠥᠪᠡᠷ ᠦᠨ ᠥᠷᠲᠡᠭ ᠨᠢ ᠬᠠᠷᠢᠴᠠᠩᠭᠤᠢ ᠪᠠᠭ᠎ᠠ ᠪᠠᠶᠢᠭ᠎ᠠ ᠪᠠᠷ ᠢᠶᠠᠨ ᠣᠨᠴᠠᠯᠢᠭ ᠲᠠᠢ .


ᠠᠯᠲᠠ ᠪᠣᠯ ᠠᠯᠢ ᠴᠤ ᠤᠯᠤᠰ ᠣᠷᠣᠨ ᠤ ᠬᠤᠪᠢ ᠳᠤ ᠬᠠᠮᠤᠭ ᠤᠨ ᠡᠷᠢᠯᠲᠡ ᠲᠡᠢ ᠮᠧᠲ᠋ᠠᠯ ᠪᠥᠭᠡᠳ ᠦᠨ᠎ᠡ ᠶᠢᠨ ᠬᠡᠯᠪᠡᠯᠵᠡᠯ ᠨᠢ ᠳᠡᠯᠡᠬᠡᠢ ᠶᠢᠨ ᠡᠳ᠋ ᠍ ᠦᠨ ᠵᠠᠰᠠᠭ ᠲᠤ ᠬᠠᠮᠢᠶᠠᠷᠤᠯ ᠲᠠᠢ ᠪᠠᠶᠢᠵᠤ ᠴᠢᠳᠠᠳᠠᠭ ᠠᠰᠢᠭᠲᠤ ᠮᠠᠯᠲᠠᠮᠠᠯ ᠶᠠᠭᠤᠮ᠎ᠠ᠃ ᠥᠩᠭᠡᠷᠡᠭᠰᠡᠨ ᠣᠨ ᠤ ᠬᠣᠶᠠᠳᠤᠭᠠᠷ ᠬᠠᠭᠠᠰ ᠲᠤ ᠡᠬᠢᠯᠡᠭᠰᠡᠨ ᠳᠡᠯᠡᠬᠡᠢ ᠶᠢᠨ ᠡᠳ᠋ ᠍ ᠦᠨ ᠵᠠᠰᠠᠭ ᠤᠨ ᠲᠣᠭᠲᠠᠪᠤᠷᠢ ᠦᠭᠡᠢ ᠪᠠᠶᠢᠳᠠᠯ ᠠᠵᠤ ᠦᠢᠯᠡᠳᠪᠦᠷᠢ ᠶᠢᠨ ᠭᠣᠣᠯ ᠮᠧᠲ᠋ᠠᠯ ᠤᠳ ᠤᠨ ᠦᠨ᠎ᠡ ᠪᠠᠭᠤᠷᠠᠬᠤ ᠳᠤ ᠨᠥᠯᠦᠭᠡᠯᠡᠵᠦ ᠪᠠᠶᠢᠭᠰᠠᠨ ᠪᠣᠯᠪᠠᠴᠤ ᠠᠯᠲᠠᠨ ᠤ ᠳᠤᠮᠳᠠᠴᠢ ᠦᠨ᠎ᠡ ᠥᠩᠭᠡᠷᠡᠭᠰᠡᠨ ᠣᠨ ᠳᠤ 1576 ᠠᠮᠠ᠃ᠳ᠋ᠣᠯᠯᠠᠷ ᠦᠨᠴᠢ ᠪᠣᠯᠵᠤ᠂ 2010 ᠣᠨ ᠤ ᠪᠠᠶᠢᠳᠠᠯ ᠲᠠᠢ ᠬᠠᠷᠢᠴᠠᠭᠤᠯᠬᠤ ᠳᠤ 10% ᠍ ᠢ ᠪᠠᠷ ᠥᠰᠦᠭᠰᠡᠨ ᠪᠠᠶᠢᠨ᠎ᠠ᠃ ᠠᠯᠲᠠᠨ ᠤ ᠦᠨ᠎ᠡ ᠥᠩᠭᠡᠷᠡᠭᠰᠡᠨ ᠣᠨ ᠤ ᠮᠥᠨ ᠦᠶ᠎ᠡ ᠶᠢᠨ ᠬᠢ ᠲᠡᠢ ᠬᠠᠷᠢᠴᠠᠭᠤᠯᠪᠠᠯ ᠳᠡᠭᠡᠳᠦ ᠠᠮᠵᠢᠯᠲᠠ ᠲᠣᠭᠲᠠᠭᠠᠵᠤ ᠪᠠᠶᠢᠨ᠎ᠠ ᠭᠡᠵᠦ ᠰᠢᠨᠵᠢᠭᠡᠴᠢᠳ ᠦᠵᠡᠵᠦ ᠪᠠᠶᠢᠭᠰᠠᠨ ᠪᠥᠭᠡᠳ 1910-1920 ᠠᠮᠠ᠃ᠳ᠋ᠣᠯᠯᠠᠷ/ ᠦᠨᠴᠢ ᠪᠣᠯᠵᠤ ᠥᠰᠦᠭᠰᠡᠨ ᠶᠤᠮ . ᠣᠨ ᠭᠠᠷᠤᠭᠰᠠᠭᠠᠷ ᠡᠨᠡ ᠲᠣᠭᠠᠨ ᠳᠤ ᠮᠥᠨ ᠯᠠ ᠥᠭᠡᠷᠡᠴᠢᠯᠡᠯᠲᠡ ᠣᠷᠣᠭᠰᠠᠨ ᠪᠥᠭᠡᠳ ᠡᠨᠡ ᠣᠨ ᠤ ᠡᠬᠢᠨ ᠦ ᠭᠤᠷᠪᠠᠨ ᠰᠠᠷ᠎ᠠ ᠶᠢᠨ ᠪᠠᠶᠢᠳᠠᠯ ᠢᠶᠠᠷ 1780 ᠠᠮᠠ᠃ᠳ᠋ᠣᠯᠯᠠᠷ ᠤᠨ ᠬᠠᠩᠰᠢ ᠲᠠᠢ ᠪᠠᠶᠢᠭᠰᠠᠨ ᠴᠤ ᠰᠠᠩᠬᠦᠦ ᠶᠢᠨ ᠰᠤᠳᠤᠯᠭᠠᠨ ᠤ ᠪᠠᠶᠢᠭᠤᠯᠤᠯᠭ᠎ᠠ ᠨᠤᠭᠤᠳ ᠡᠨᠡ ᠣᠨ ᠳᠤ ᠠᠯᠲᠠ ᠦᠨ᠎ᠡ ᠶᠢᠨ ᠳᠡᠭᠡᠳᠦ ᠬᠡᠮᠵᠢᠶᠡᠨ ᠳᠦ ᠪᠡᠨ ᠣᠴᠢᠨ᠎ᠠ ᠭᠡᠵᠦ ᠲᠠᠭᠠᠮᠠᠭᠯᠠᠵᠤ ᠪᠠᠶᠢᠭ᠎ᠠ ᠠᠵᠢ᠃ ᠬᠡᠳᠦᠢ ᠪᠡᠷ ᠰᠠᠩᠬᠦᠦ ᠶᠢᠨ ᠰᠤᠳᠤᠯᠭᠠᠨ ᠤ ᠪᠠᠶᠢᠭᠤᠯᠤᠯᠭ᠎ᠠ ᠨᠤᠭᠤᠳ ᠠᠯᠲᠠᠨ ᠤ ᠦᠨ᠎ᠡ ᠶᠢ ᠢᠷᠡᠬᠦ ᠣᠨ ᠳᠤ ᠨᠡᠯᠢᠶᠡᠳ ᠥᠨᠳᠥᠷ ᠪᠠᠶᠢᠬᠤ ᠪᠠᠷ ᠲᠠᠭᠠᠮᠠᠭᠯᠠᠵᠤ ᠪᠠᠶᠢᠭᠰᠠᠨ ᠴᠤ ᠬᠢᠲᠠᠳ ᠤᠨ ᠡᠳ᠋ ᠍ ᠦᠨ ᠵᠠᠰᠠᠭ ᠤᠨ ᠥᠰᠦᠯᠲᠡ ᠶᠢᠨ ᠤᠳᠠᠭᠠᠰᠢᠷᠠᠯ ᠪᠣᠯᠤᠨ ᠢᠨᠳᠥᠶᠢᠨᠧᠽᠢ᠂ ᠡᠨᠡᠳᠬᠡᠭ ᠵᠡᠷᠭᠡ ᠤᠯᠤᠰ ᠤᠳ ᠤᠨ ᠠᠯᠲᠠ᠂ ᠮᠥᠩᠭᠥᠨ ᠦ ᠬᠤᠳᠠᠯᠳᠤᠨ ᠠᠪᠤᠯᠲᠠ ᠪᠠᠭᠤᠷᠠᠭᠰᠠᠨ ᠵᠡᠷᠭᠡ ᠰᠢᠯᠲᠠᠭᠠᠨᠤᠳᠲᠢ ᠬᠣᠯᠪᠣᠨ ᠦᠨ᠎ᠡ ᠶᠢᠨ ᠬᠡᠯᠪᠡᠯᠵᠡᠯ ᠢ ᠲᠠᠶᠢᠯᠪᠤᠷᠢᠯᠠᠵᠤ ᠪᠠᠶᠢᠭ᠎ᠠ᠃ ᠭᠡᠰᠡᠨ ᠬᠡᠳᠦᠢ ᠴᠤ ᠠᠯᠲᠠᠨ ᠤ ᠠᠭᠤᠷᠬᠠᠢ ᠳᠤ ᠣᠯᠪᠤᠷᠢᠯᠠᠯᠲᠠ ᠶᠠᠪᠤᠭᠤᠯᠳᠠᠭ ᠲᠣᠮᠣᠬᠠᠨ ᠺᠣᠮᠫᠠᠨᠢ ᠨᠤᠭᠤᠳ ᠤᠨ 80 ᠭᠠᠷᠤᠢ ᠬᠤᠪᠢ ᠨᠢ ᠢᠷᠡᠬᠦ ᠣᠨ ᠳᠤ ᠠᠯᠲᠠᠨ ᠤ ᠦᠨ᠎ᠡ 2000 ᠠᠮᠠ᠃ᠳ᠋ᠣᠯᠯᠠᠷ ᠦᠨᠴᠢ ᠤᠨ ᠬᠠᠩᠰᠢ ᠲᠠᠢ ᠪᠠᠶᠢᠨ᠎ᠠ ᠭᠡᠵᠦ ᠦᠵᠡᠵᠦ ᠪᠠᠶᠢᠭ᠎ᠠ ᠶᠢ ᠰᠤᠳᠤᠯᠭ᠎ᠠ ᠪᠠᠷ ᠲᠣᠭᠲᠠᠭᠠᠭᠰᠠᠨ ᠪᠠᠶᠢᠨ᠎ᠠ᠃ ᠣᠯᠠᠨ ᠤᠯᠤᠰ ᠤᠨ ᠠᠯᠲᠠᠨ ᠤ ᠦᠨ᠎ᠡ ᠰᠤᠳᠤᠯᠤᠭᠠᠴᠢ ᠳᠡᠶᠢᠯᠦᠩᠬᠢ ᠡᠷᠳᠡᠮᠲᠦ ᠶᠢᠨ ᠦᠵᠡᠵᠦ ᠪᠠᠶᠢᠭ᠎ᠠ ᠪᠠᠷ ᠠᠯᠲᠠᠨ ᠤ ᠦᠨ᠎ᠡ ᠨᠢ '2013 ᠣᠨ ᠳᠤ 1900$ - 2200 $' ᠬᠠᠷᠢᠨ 2015 ᠣᠨ ᠭᠡᠬᠦ ᠳᠦ 3300$ ᠬᠦᠷᠡᠨ᠎ᠡ ᠭᠡᠵᠦ ᠦᠵᠡᠵᠦ ᠪᠠᠶᠢᠭ᠎ᠠ ᠪᠣᠯ , ᠬᠠᠷᠢᠨ ᠵᠠᠷᠢᠮ ᠰᠤᠳᠤᠯᠤᠭᠠᠴᠢᠳ ᠤᠨ ᠦᠵᠡᠵᠦ ᠪᠠᠶᠢᠭ᠎ᠠ ᠪᠠᠷ ᠠᠯᠲᠠᠨ ᠤ ᠦᠨ᠎ᠡ 2013 ᠣᠨ ᠳᠤ 1850$ – 1950 $ ᠬᠣᠭᠣᠷᠣᠨᠳᠣ ᠬᠡᠯᠪᠡᠯᠵᠡᠨ᠎ᠡ ᠭᠡᠵᠦ ᠦᠵᠡᠵᠦ ᠪᠠᠶᠢᠭ᠎ᠠ ᠠᠵᠢ , ᠭᠡᠪᠡᠴᠦ ᠳᠡᠯᠡᠬᠡᠢ ᠶᠢᠨ ᠪᠠᠩᠬᠢ ᠶᠢᠨ ᠭᠠᠷᠭᠠᠭᠰᠠᠨ ᠤᠷᠢᠳᠴᠢᠯᠠᠭᠰᠠᠨ ᠮᠡᠳᠡᠭᠡᠯᠡᠯ ᠢᠶᠡᠷ ᠪᠣᠯ ᠠᠯᠲᠠᠨ ᠤ ᠦᠨ᠎ᠡ 2013 - 2015 ᠣᠨ ᠤ ᠬᠣᠭᠣᠷᠣᠨᠳᠣ ᠥᠰᠴᠦ ᠪᠠᠶᠢᠭᠠᠳ 2016 ᠣᠨ ᠠᠴᠠ ᠪᠠᠭᠤᠷᠠᠬᠤ ᠬᠠᠨᠳᠤᠯᠭ᠎ᠠ ᠲᠠᠢ ᠪᠠᠶᠢᠭ᠎ᠠ ᠭᠡᠰᠡᠨ ᠮᠡᠳᠡᠭᠡ ᠶᠢ ᠭᠠᠷᠭᠠᠭᠰᠠᠨ ᠪᠠᠶᠢᠨ᠎ᠠ᠃

http://wiki.uhaan.com/index.php?title=ᠠᠯᠲᠠ&oldid=443873》 ᠍  ᠡᠴᠡ ᠠᠪᠤᠭᠰᠠᠨ

ᠪᠢᠴᠢᠭᠡᠰᠦ