ᠠᠯᠮᠠᠲ ᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠠᠯᠮᠠ-ᠠᠲ᠋ᠠ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠠᠯᠮᠠᠲ ᠤ ᠬᠣᠲᠠ
ᠤᠯᠤᠰ ᠤᠨ ᠠᠴᠢ ᠬᠣᠯᠪᠣᠭᠳᠠᠯ ᠲᠠᠢ ᠬᠣᠲᠠ

ᠰᠦᠯᠳᠡ ᠲᠤᠭ

ᠰᠦᠯᠳᠡ ᠲᠡᠮᠳᠡᠭ

ᠠᠯᠮᠠᠲ ᠤ
ᠤᠯᠤᠰ᠂ ᠣᠷᠣᠨ ᠬᠠᠰᠠᠭ ᠬᠠᠰᠠᠭ (БНХасУ)
ᠳᠡᠭᠦᠷᠭᠡ (3) ᠨᠡᠷ᠎ᠡ ᠪᠦᠬᠦᠢ 7 ᠳᠡᠭᠦᠷᠭᠡ ᠲᠡᠢ
ᠭᠠᠵᠠᠷ ᠨᠤᠲᠤᠭ 451 км²
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 851 ᠮ
ᠬᠦᠮᠦᠨ ᠠᠮᠠ 2011 ᠣᠨ ᠳᠤ 1,434,755 ᠬᠦᠮᠦᠨ
ᠨᠢᠭᠲᠠᠴᠠ ᠰᠡᠶᠢᠷᠡᠭ 4139 ᠬᠦᠮᠦᠨ/км²
ᠠᠷᠠᠳ ᠲᠦᠮᠡᠨ 51.1% - ᠬᠠᠰᠠᠭ᠂ 33.0% - ᠣᠷᠣᠰ
5.7% - ᠤᠶᠢᠭᠤᠷ᠂ 10.2% - ᠪᠤᠰᠤᠳ
ᠨᠤᠲᠤᠭ ᠤᠨ ᠣᠯᠠᠨ ᠠᠯᠮᠠᠲᠤ ᠶᠢᠨ ᠬᠢᠨ
1854 ᠣᠨ ᠣᠷᠣᠰ ᠤᠳ ᠬᠡᠷᠡᠮ ᠳᠦ ᠰᠠᠭᠤᠷᠢᠨ ᠡᠭᠦᠰᠬᠡᠭᠰᠡᠨ
ᠡᠬᠢᠨ ᠳᠦ ᠪᠡᠨ ᠣᠷᠣᠰ ᠢᠶᠠᠷ ᠸᠧᠷᠨᠢ ᠭᠡᠵᠦ ᠪᠠᠶᠢᠪᠠ
1921 ᠣᠨ ᠣᠷᠣᠰ ᠢᠶᠠᠷ ᠠᠯᠮᠠ-ᠠᠲ᠋ᠠ ᠭᠡᠬᠦ ᠪᠣᠯᠤᠭᠰᠠᠨ
1927-1998 ᠣᠨ ᠬᠠᠰᠠᠭ ᠣᠷᠣᠨ ᠤ ᠨᠡᠶᠢᠰᠯᠡᠯ
1991 ᠣᠨ ᠬᠠᠰᠠᠭ ᠠᠯᠮᠠᠲ ᠤ ᠨᠡᠷ᠎ᠡ ᠦᠨ᠎ᠡ ᠳᠦ ᠤᠷᠤᠪᠠ
ᠴᠠᠭ ᠤᠨ ᠪᠥᠰᠡ ᠠᠯᠮᠠᠲᠤ ᠶᠢᠨ ᠴᠠᠭ (ГЦ+6)
ᠮᠠᠰᠢᠨ ᠤ ᠳ᠋ᠣᠭᠠᠷ ᠎ᠠ
ᠴᠠᠬᠢᠮ ᠭᠠᠵᠠᠷ almaty.kz (ᠬᠠᠰᠠᠭ ᠢᠶᠠᠷ)

ᠠᠯᠮᠠᠲ ᠤ (ᠬᠠᠰᠠᠭ ᠶᠢᠡᠷ ᠠᠯᠮᠠᠲ ᠤ, ᠳᠠᠭᠤᠳᠠᠯᠭ᠎ᠠ ᠨᠢ [ᠠᠯᠮ᠎ᠠ ᠪᠠᠨ ᠲᠡ], ᠡᠭᠦᠨ ᠡᠴᠡ ᠠᠯᠮᠠᠲᠠ, ᠪᠠᠯᠠᠷᠬᠠᠢ ᠡᠭᠡᠰᠢᠭ ᠢ ᠭᠡᠭᠡᠵᠦ ᠠᠯᠮᠠᠲᠤ ᠭᠡᠵᠦ ᠪᠣᠯᠬᠤ᠂ ᠳᠤᠮᠳᠠᠳᠤ ᠵᠠᠭᠤᠨ ᠤ ᠦᠶᠡᠰ ᠲᠦᠷᠦᠭ ᠮᠣᠩᠭᠣᠯᠴᠤᠳ ᠠᠯᠢᠮ᠎ᠠ ᠤᠷᠭᠤᠳᠠᠭ ᠡᠨᠡ ᠭᠠᠵᠠᠷ ᠢ ᠡᠶᠢᠨ ᠨᠡᠷᠡᠶᠢᠳᠴᠡᠢ᠃ ᠲᠡᠭᠡᠬᠦ ᠳᠦ ᠪᠡᠨ ᠪᠦᠷ «ᠠᠯᠢᠮᠠᠲᠤ» (ᠠᠯᠢᠮ᠎ᠠ ᠲᠤ) ᠭᠡᠳᠡᠭ ᠮᠣᠩᠭᠣᠯ ᠢᠵᠠᠭᠤᠷ ᠲᠠᠢ ᠭᠡᠬᠦ ᠰᠤᠳᠤᠯᠭ᠎ᠠ ᠪᠠᠶᠢᠨ᠎ᠠ᠃[1] ᠡᠭᠦᠨ ᠡᠴᠡ ᠮᠣᠩᠭᠣᠯ ᠢᠶᠠᠷ ᠠᠯᠢᠮ᠎ᠠ ᠳᠤ ᠡᠰᠡᠪᠡᠯ ᠠᠯᠢᠮ᠎ᠠ ᠲᠠᠢ ᠭᠡᠬᠦ᠂ ᠮᠥᠨ ᠵᠥᠪᠯᠡᠯᠲᠦ ᠶᠢᠨ ᠦᠶᠡᠰ ᠣᠷᠣᠰ ᠢᠶᠠᠷ ᠲᠣᠭᠲᠠᠭᠰᠠᠨ ᠠᠯᠮᠠ-ᠠᠲ᠋ᠠ ᠭᠡᠳᠡᠭ ᠢ ᠳᠠᠭᠠᠨ ᠶᠠᠷᠢᠵᠤ ᠪᠢᠴᠢᠵᠦ ᠪᠠᠶᠢᠭᠰᠠᠨ ᠵᠠᠩᠰᠢᠯ ᠣᠳᠣ ᠴᠤ ᠪᠦᠷᠢᠨ ᠬᠣᠴᠣᠷᠤᠭᠳᠠᠭ᠎ᠠ ᠦᠭᠡᠢ ᠪᠠᠶᠢᠨ᠎ᠠ) — ᠬᠠᠰᠠᠭᠰᠲ᠋ᠠᠨᠢ ᠲᠡᠷᠢᠭᠦᠨ ᠶᠡᠬᠡ ᠬᠣᠲᠠ. ᠤᠯᠤᠰ ᠲᠤ ᠪᠠᠨ «ᠡᠮᠦᠨᠡᠲᠦ ᠨᠡᠶᠢᠰᠯᠡᠯ» ᠭᠡᠵᠦ ᠡᠷᠭᠦᠭᠳᠡᠳᠡᠭ᠃ ᠠᠯᠮᠠᠲ ᠤ 1929 ᠍ ᠡᠴᠡ 1997 ᠣᠨ ᠬᠦᠷᠲᠡᠯ᠎ᠡ ᠬᠠᠰᠠᠭ ᠤᠨ ᠨᠡᠶᠢᠰᠯᠡᠯ ᠪᠠᠶᠢᠭᠰᠠᠨ᠃ 1997 ᠣᠨ ᠳᠤ ᠨᠡᠶᠢᠰᠯᠡᠯ ᠨᠢ ᠠᠰᠲᠠᠨ᠎ᠠ ᠳᠤ ᠰᠢᠯᠵᠢᠭᠰᠡᠨ ᠴᠤ ᠤᠯᠤᠰ ᠤᠨ ᠢᠶᠠᠨ ᠬᠤᠳᠠᠯᠳᠤᠭ᠎ᠠ ᠠᠷᠠᠯᠵᠢᠶ᠎ᠠᠰᠤᠶᠤᠯ ᠍ ᠤᠨ ᠲᠥᠪ ᠬᠡᠪ ᠢᠶᠡᠷ ᠦᠯᠡᠳᠡᠵᠡᠢ᠃ ᠠᠯᠮᠠᠲ ᠤ ᠬᠣᠲᠠ ᠶᠢᠨ ᠬᠦᠮᠦᠨ ᠠᠮᠠ 1989 ᠣᠨ ᠳᠤ 1.07 ᠰᠠᠶ᠋ᠢ᠂ 1999 ᠣᠨ ᠳᠤ 1.13 ᠰᠠᠶ᠎ᠠ ᠪᠠᠷ ᠲᠣᠭᠠᠯᠠᠭᠳᠠᠵᠤ ᠪᠠᠶᠢᠪᠠ᠃[2] 2010 ᠣᠨ ᠢᠶᠠᠷ ᠲᠠᠰᠤᠯᠤᠨ ᠦᠵᠡᠪᠡᠯ 1.42 ᠰᠠᠶ᠎ᠠ ᠬᠦᠮᠦᠨ ᠣᠷᠣᠰᠢᠨ ᠰᠠᠭᠤᠳᠠᠭ ᠭᠡᠬᠦ ᠲᠣᠭᠠᠴᠠᠭ᠎ᠠ ᠪᠤᠢ᠃ ᠬᠡᠷᠪᠡ ᠪᠦᠷᠢᠳᠬᠡᠯᠭᠦᠶᠢᠴᠦᠳ ᠢ (ᠠᠵᠢᠯᠯᠠᠵᠤ ᠬᠥᠳᠡᠯᠮᠦᠷᠢᠯᠡᠬᠦ ᠪᠡᠷ ᠢᠷᠡᠭᠰᠡᠨ) ᠪᠠᠭᠲᠠᠭᠠᠪᠠᠯ 2 ᠰᠠᠶ᠎ᠠ ᠳᠤ ᠳᠥᠬᠦᠨ᠎ᠡ᠃ 2010 ᠣᠨ ᠤ ᠲᠣᠭ᠎ᠠ ᠪᠦᠷᠢᠳᠬᠡᠯ ᠢᠶᠡᠷ ᠣᠷᠣᠰᠢᠨ ᠰᠠᠭᠤᠭᠴᠢᠳ ᠤᠨ 51.06% - ᠬᠠᠰᠠᠭ᠂ 33.02% - ᠣᠷᠣᠰ᠂ 5.73% - ᠤᠶᠢᠭᠤᠷ᠂ ᠦᠯᠦ ᠳᠦ ᠬᠢ 10% ᠭᠠᠷᠤᠨ ᠪᠣᠯᠬᠣᠷ ᠪᠤᠰᠤᠳ ᠶᠠᠰᠤ ᠦᠨᠳᠦᠰᠦ ᠳᠦ ᠬᠦᠮᠦᠨ ᠭᠡᠵᠦ ᠮᠡᠳᠡᠭᠳᠡᠵᠦ ᠪᠠᠶᠢᠨ᠎ᠠ᠃[3]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠲᠠ ᠶᠢᠨ ᠵᠡᠭᠦᠨ ᠤᠷᠢᠳᠤ ᠵᠠᠬ᠎ᠠ ᠶᠢᠨ «ᠬᠥᠬᠡ ᠳᠣᠪᠣ» (ᠬᠠᠰᠠᠭ ᠶᠢᠡᠷ ᠺᠺᠲ᠋ᠪᠧ) ᠍ ᠨᠣᠣᠰᠣ ᠬᠠᠷᠠᠭᠳᠠᠬᠤ ᠬᠣᠲᠠ ᠶᠢᠨ ᠦᠵᠡᠮᠵᠢ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠢᠮᠲᠠ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠮᠣᠩᠭᠣᠯᠢᠰᠺᠧ ᠲᠣᠫᠣᠨᠢᠮ ᠤ ᠸ ᠬᠠᠰᠠᠭᠰᠲ᠋ᠠᠨᠧ (ᠭ᠃ᠺ᠃ᠺᠣᠨᠺᠠᠰᠫᠠᠸ 1956). ᠡᠭᠦᠨ ᠳᠦ ᠠᠯᠮᠠᠲ ᠤ - «ᠠᠯᠢᠮ᠎ᠠ ᠳᠤ»᠂ ᠱᠠᠪᠠᠷᠲ᠋ ᠍ ᠤ - «ᠰᠢᠪᠠᠷ ᠲᠤ»᠂ ᠤᠯᠡᠰᠲ᠋ ᠍ ᠤ - «ᠤᠯᠢᠶᠠᠰᠤ ᠳᠤ» ᠭᠡᠬᠦ ᠵᠡᠷᠭᠡ ᠪᠡᠷ ᠳᠤᠷᠠᠳᠤᠭᠳᠠᠵᠠᠢ᠃ ᠬᠠᠰᠠᠭ ᠬᠡᠯᠡ ᠪᠡᠷ ᠬᠠᠷᠢᠨ ᠠᠯᠢᠮ᠎ᠠ ᠲᠠᠢ, ᠠᠯᠢᠮ᠎ᠠ ᠳᠤ ᠍ ᠢ «ᠠᠯᠮᠠ ᠤᠺ» ᠭᠡᠳᠡᠭ ᠶᠤᠮ ᠪᠠᠶᠢᠨ᠎ᠠ᠃
  2. ᠣ ᠨᠧᠺᠣᠲᠤᠷ ᠤ ᠬᠢ ᠢᠲ᠋ᠣᠠᠬᠤ ᠫᠧᠷᠧᠫᠢᠰᠢ ᠨᠠᠰᠧᠯᠧᠨᠢᠶ᠎ᠠ ᠬᠠᠰᠠᠭᠰᠲ᠋ᠠᠨ᠎ᠠ (About some results of the Kazakhstan population census) (ᠣᠷᠣᠰ ᠬᠡᠯᠡ)
  3. ᠠ/Bull_Hsany2010.rar ᠨᠠᠼᠢᠣᠨᠠᠯᠢᠨᠢ ᠰᠣᠰᠲ᠋ᠠᠪ ᠨᠠᠰᠧᠯᠧᠨᠢᠶ᠎ᠠ ᠷᠧᠰᠫᠦᠪᠯᠢᠺᠢ ᠬᠠᠰᠠᠭᠰᠲ᠋ᠠᠨ
http://wiki.uhaan.com/index.php?title=ᠠᠯᠮᠠᠲ ᠤ&oldid=405093》 ᠍  ᠡᠴᠡ ᠠᠪᠤᠭᠰᠠᠨ

ᠪᠢᠴᠢᠭᠡᠰᠦ