ᠠᠯᠢᠮ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠢᠮ᠎ᠠ
ᠠᠯᠢᠮ᠎ᠠ ᠶᠢᠨ ᠮᠣᠳᠣᠨ ᠤ ᠨᠠᠪᠴᠢ᠂ ᠴᠡᠴᠡᠭ᠂ ᠦᠷ᠎ᠡ ᠵᠢᠮᠢᠰ (Malus domestica)
ᠠᠯᠢᠮ᠎ᠠ ᠶᠢᠨ ᠮᠣᠳᠣᠨ ᠤ ᠨᠠᠪᠴᠢ᠂ ᠴᠡᠴᠡᠭ᠂ ᠦᠷ᠎ᠡ ᠵᠢᠮᠢᠰ (Malus domestica)
ᠪᠢᠣᠯᠣᠭᠢ ᠶᠢᠨ ᠠᠩᠭᠢᠯᠠᠯ
ᠠᠶᠢᠮᠠᠭ: ᠤᠷᠭᠤᠮᠠᠯ
Division: ᠴᠡᠴᠡᠭᠲᠦ ᠤᠷᠭᠤᠮᠠᠯ
ᠠᠩᠭᠢ: ᠬᠣᠣᠰ ᠴᠡᠴᠡᠭᠲᠦ ᠤᠷᠭᠤᠮᠠᠯ
ᠪᠠᠭ: ᠰᠠᠷᠨᠠᠢ
ᠣᠪᠤᠭ: ᠰᠠᠷᠠᠨᠠᠢ ᠶᠢᠨ ᠬᠢᠨ
ᠳᠡᠳ᠋ ᠣᠪᠤᠭ: ᠠᠯᠢᠮ᠎ᠠ ᠶᠢᠨ ᠬᠢᠨ
ᠪᠦᠯᠢ: ᠠᠯᠢᠮ᠎ᠠ
ᠲᠥᠷᠥᠯ: ᠠᠯᠢᠮ᠎ᠠ
ᠵᠦᠢᠯ: M. domestica
ᠯᠠᠲ᠋ᠢᠨ ᠨᠡᠷ᠎ᠡ
Malus domestica
ᠪᠣᠷᠺᠬᠠᠦ᠋ᠽᠧᠨ
ᠬᠠᠳᠠᠮᠠᠯ
ᠮᠣᠩᠭᠣᠯ ᠦᠰᠦᠭ ᠢᠶᠡᠷ Alim-a.PNG
ᠪᠤᠷᠢᠶᠠᠳ ᠺᠢᠷᠢᠯ ᠢᠶᠡᠷ ᠠᠯᠢᠮ᠎ᠠ
ᠮᠣᠩᠭᠣᠯ ᠺᠢᠷᠢᠯ ᠢᠶᠡᠷ ᠠᠯᠢᠮ᠎ᠠ
ᠬᠠᠯᠢᠮᠠᠭ ᠺᠢᠷᠢᠯ ᠢᠶᠡᠷ ᠠᠯᠮᠨ

ᠠᠯᠢᠮ᠎ᠠ ᠨᠢ ᠵᠢᠮᠢᠰᠨᠢᠭᠢ ᠨᠢᠭᠡ ᠲᠥᠷᠥᠯ ᠶᠤᠮ᠃ ᠠᠯᠢᠮᠠᠨ ᠤ ᠮᠣᠳᠣᠨ ᠳᠤ ᠤᠷᠭᠤᠬᠤ ᠪᠥᠭᠡᠳ ᠪᠣᠯᠪᠠᠰᠤᠷᠠᠵᠤ ᠭᠦᠢᠴᠡᠭᠰᠡᠨ ᠠᠯᠢᠮ᠎ᠠ ᠤᠯᠠᠭᠠᠨ᠂ ᠨᠣᠭᠣᠭᠠᠨ᠂ ᠰᠢᠷ᠎ᠠ᠂ ᠪᠣᠷᠣ ᠭᠡᠬᠦ ᠮᠡᠲᠦ ᠥᠩᠭᠡᠲᠡᠢ ᠪᠠᠶᠢᠨ᠎ᠠ᠃ ᠪᠥᠮᠪᠥᠯᠢᠭ ᠬᠡᠯᠪᠡᠷᠢ ᠲᠡᠢ ᠪᠠ ᠳᠤᠮᠳᠠᠴᠢ ᠪᠠᠷ 5-9 ᠰᠠᠨᠲ᠋ᠢᠮᠧᠲ᠋ᠷ ᠭᠣᠣᠯᠴᠢ ᠲᠠᠢ᠃ ᠬᠦᠮᠦᠨ ᠲᠥᠷᠥᠯᠬᠢᠲᠡᠨ ᠠᠩᠬ᠎ᠠ ᠠᠯᠢᠮ᠎ᠠ ᠶᠢ ᠲᠥᠪ ᠠᠽᠢᠶ᠎ᠠ ᠳᠤ ᠲᠠᠷᠢᠵᠤ ᠡᠬᠢᠯᠡᠵᠡᠢ᠃ ᠠᠯᠢᠮᠠᠨ ᠤ ᠮᠣᠳᠣ ᠨᠢ ᠵᠢᠵᠢᠭᠪᠲᠤᠷ 3-12 ᠮ ᠥᠨᠳᠥᠷ ᠲᠡᠢ᠂ ᠨᠠᠮᠤᠷ ᠪᠣᠯᠬᠤ ᠳᠤ ᠨᠠᠪᠴᠢ ᠪᠠᠨ ᠭᠥᠪᠢᠬᠦ ᠪᠠ ᠥᠳᠬᠡᠨ ᠰᠠᠭᠯᠠᠭᠠᠷ ᠮᠥᠴᠢᠷ ᠲᠡᠢ᠃ ᠶᠠᠭᠠᠨᠳᠠᠭᠤ ᠲᠤᠶᠠᠭ᠎ᠠ ᠲᠠᠢ᠂ 5 ᠳᠡᠯᠪᠢ ᠲᠡᠢ᠂ 2.5-3.5 ᠰᠠᠨᠲ᠋ᠢᠮᠧᠲ᠋ᠷ ᠭᠣᠣᠯᠴᠢ ᠲᠠᠢ ᠴᠠᠭᠠᠨ ᠥᠩᠭᠡ ᠶᠢᠨ ᠴᠡᠴᠡᠭ ᠢᠶᠡᠷ ᠴᠡᠴᠡᠭᠯᠡᠳᠡᠭ᠃ 2005 ᠣᠨ ᠤ ᠪᠠᠶᠢᠳᠠᠯ ᠢᠶᠠᠷ ᠳᠡᠯᠡᠬᠡᠢ ᠶᠢᠨ ᠬᠡᠮᠵᠢᠶᠡᠨ ᠳᠦ 55 ᠰᠠᠶ᠎ᠠ ᠲᠣᠨ ᠠᠯᠢᠮᠠᠨ ᠤ ᠤᠷᠭᠤᠴᠠ ᠠᠪᠤᠭᠰᠠᠨ ᠪᠠᠶᠢᠨ᠎ᠠ᠃ ᠡᠭᠦᠨ ᠡᠴᠡ 35% ᠍ ᠶᠢ ᠨᠢ ᠬᠢᠲᠠᠳ ᠤᠯᠤᠰ᠂ 7.5% ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠳᠦ ᠲᠠᠷᠢᠵᠤ ᠤᠷᠭᠤᠭᠤᠯᠤᠭᠰᠠᠨ᠃ ᠮᠥᠨ ᠲᠦᠷᠺᠹᠷᠠᠨᠼᠢᠢᠲ᠋ᠠᠯᠢᠢᠷᠡᠨ ᠵᠡᠷᠭᠡ ᠤᠯᠤᠰ ᠤᠳ ᠠᠯᠢᠮᠠᠨ ᠤ ᠡᠺᠰᠫᠣᠷᠲ ᠍ ᠤᠨ ᠬᠡᠮᠵᠢᠶ᠎ᠡ ᠪᠡᠷ ᠳᠡᠭᠡᠭᠦᠷ ᠪᠠᠶᠢᠷᠢᠨ ᠳᠤ ᠣᠷᠣᠳᠠᠭ᠃

http://wiki.uhaan.com/index.php?title=ᠠᠯᠢᠮ᠎ᠠ&oldid=431567》 ᠍  ᠡᠴᠡ ᠠᠪᠤᠭᠰᠠᠨ

ᠪᠢᠴᠢᠭᠡᠰᠦ