ᠠᠯᠠᠱᠠ ᠠᠶᠢᠮᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠠᠱᠠ ᠠᠶᠢᠮᠠᠭ
ᠠᠶᠢᠮᠠᠭ
ᠠᠯᠠᠱᠠ ᠠᠭᠤᠯᠠᠨ ᠢᠶᠠᠨ ᠪᠠᠶᠢᠭ᠎ᠠ ᠠᠯᠠᠱᠠ ᠪᠠᠷᠠᠭᠤᠨ ᠬᠡᠶᠢᠳ
ᠥᠪᠥᠷ ᠮᠣᠩᠭᠣᠯ ᠣᠷᠣᠨ ᠳᠠᠬᠢ ᠠᠯᠠᠱᠠ ᠠᠶᠢᠮᠠᠭ
ᠤᠯᠤᠰ ᠣᠷᠣᠨ Flag of the People's Republic of China.svg ᠬᠢᠲᠠᠳ
ᠮᠤᠵᠢ᠂ ᠣᠷᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠠᠶᠢᠮᠠᠭ᠂ ᠲᠣᠭᠣᠷᠢᠭ ᠠᠯᠠᠱᠠ ᠠᠶᠢᠮᠠᠭ
ᠬᠣᠰᠢᠭᠤ᠂ ᠰᠢᠶᠠᠨ (3) ᠨᠡᠷ᠎ᠡ ᠪᠦᠬᠦᠢ 3 ᠬᠣᠰᠢᠭᠤ
ᠭᠠᠵᠠᠷ ᠨᠤᠲᠤᠭ 267,574 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 231,334 ᠬᠦᠮᠦᠨ
ᠨᠢᠭᠲᠠᠴᠠ ᠰᠡᠶᠢᠷᠡᠭ 0.86 ᠬᠦᠮᠦᠨ/km²
ᠠᠷᠠᠳ ᠲᠦᠮᠡᠨ 71.8% - ᠬᠢᠲᠠᠳ᠂ 22.7% - ᠮᠣᠩᠭᠣᠯ
ᠨᠤᠲᠤᠭ ᠤᠨ ᠣᠯᠠᠨ ᠠᠯᠠᠱᠠᠭ᠎ᠠ ᠶᠢᠨ ᠬᠢᠨ᠂ ᠠᠯᠠᠱᠠ ᠤ ᠬᠢᠨ
ᠴᠠᠭ ᠤᠨ ᠪᠥᠰᠡ ᠴᠤᠨᠴᠢᠩ ᠦᠨ ᠴᠠᠭ (ГЦ+8)
ᠤᠲᠠᠰᠤᠨ ᠳ᠋ᠣᠭᠠᠷ +86 483
ᠰᠢᠤᠳᠠᠨ ᠳᠤᠭᠠᠷ 750300
ᠮᠠᠰᠢᠨ ᠤ ᠳ᠋ᠣᠭᠠᠷ 蒙M
ᠴᠠᠬᠢᠮ ᠭᠠᠵᠠᠷ als.gov.cn (ᠬᠢᠲᠠᠳ ᠢᠶᠠᠷ)

ᠠᠯᠠᠱᠠ ᠠᠶᠢᠮᠠᠭ (ᠬᠢᠲᠠᠳ ᠢᠶᠠᠷ 阿拉善盟 Ālāshàn Méng) — ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠍ ᠤ ᠠᠶᠢᠮᠠᠭ. ᠵᠠᠰᠠᠭ ᠤᠨ ᠭᠠᠵᠠᠷ ᠨᠢ ᠪᠠᠶᠠᠨᠬᠣᠲᠠ ᠪᠠᠯᠭᠠᠰᠤᠨ ᠳᠤ ᠪᠠᠶᠢᠷᠢᠯᠠᠳᠠᠭ᠃

ᠨᠤᠲᠤᠭ ᠳᠡᠪᠢᠰᠬᠡᠷ - 267,574 ᠺᠦᠸᠠᠳ᠋ ᠺᠢᠯᠣᠮᠧᠲ᠋ᠷ᠂ ᠬᠦᠮᠦᠨ ᠠᠮᠠ ᠶᠢᠨ ᠲᠣᠭ᠎ᠠ - 196,279 (2000 ᠣᠨ ᠤ ᠲᠣᠭᠠᠯᠠᠯᠭ᠎ᠠ).

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠠᠱᠠ ᠠᠶᠢᠮᠠᠭ 267.574 ᠺᠦᠸᠠᠳ᠋ ᠺᠢᠯᠣᠮᠧᠲ᠋ᠷ ᠲᠠᠯᠠᠪᠠᠢ ᠲᠠᠢ ᠪᠠᠷ ᠢᠶᠠᠨ ᠥᠪᠥᠷ ᠮᠣᠩᠭᠣᠯ ᠳᠤ ᠬᠠᠮᠤᠭ ᠤᠨ ᠲᠣᠮᠣ ᠵᠠᠰᠠᠭ ᠵᠠᠬᠢᠷᠭᠠᠨ ᠤ ᠨᠢᠭᠡᠴᠡ ᠶᠤᠮ᠃ ᠶᠡᠬᠡᠩᠬᠢ ᠨᠤᠲᠤᠭ ᠨᠢ ᠭᠣᠪᠢ᠂ ᠴᠥᠯ ᠪᠠᠶᠢᠳᠠᠭ᠃ ᠡᠨᠳᠡ ᠲᠩᠷᠢᠪᠠᠳᠠᠢ ᠶᠢᠨ ᠵᠢᠷᠠᠨᠣᠯᠠᠭᠠᠨᠪᠣᠬ᠎ᠠ ᠵᠡᠷᠭᠡ ᠡᠯᠡᠰᠦᠨ ᠴᠥᠯ ᠪᠠᠶᠢᠵᠤ᠂ ᠨᠤᠲᠤᠭ ᠤᠨ ᠤᠮᠠᠷᠠᠳᠤ ᠬᠡᠰᠡᠭ ᠭᠣᠪᠢ ᠶᠢᠨ ᠡᠮᠦᠨᠡᠲᠦ ᠬᠡᠰᠡᠭ ᠪᠣᠯᠳᠠᠭ᠃ ᠠᠶᠢᠮᠠᠭ ᠤᠨ ᠪᠠᠷᠠᠭᠤᠨ ᠬᠡᠰᠡᠭ ᠢᠶᠡᠷ ᠪᠠᠶᠢᠬᠤ ᠡᠵᠡᠨ᠎ᠡ ᠭᠣᠣᠯᠭᠠᠰᠢᠭᠤᠨ ᠨᠠᠭᠤᠷᠰᠣᠪ ᠨᠠᠭᠤᠷ ᠵᠡᠷᠭᠡ ᠶᠢ ᠣᠨᠴᠠᠯᠠᠵᠤ ᠪᠣᠯᠤᠨ᠎ᠠ᠃ ᠠᠶᠢᠮᠠᠭ ᠤᠨ ᠵᠡᠭᠦᠨ ᠪᠣᠯᠤᠨ ᠡᠮᠦᠨᠡᠲᠦ ᠲᠠᠯ᠎ᠠ ᠪᠠᠷ ᠠᠯᠠᠱᠠ ᠠᠭᠤᠯᠠ ᠮᠡᠲᠦ ᠶᠢᠨ ᠠᠭᠣᠯᠠᠰ ᠲᠠᠢ᠃

ᠠᠯᠠᠱᠠ ᠠᠶᠢᠮᠠᠭ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠣᠲᠠ ᠨᠤᠭᠤᠳ ᠲᠠᠢ ᠵᠡᠭᠦᠨ ᠲᠠᠯ᠎ᠠ ᠪᠠᠷ ᠢᠶᠠᠨ᠂ ᠭᠠᠨᠰᠤ ᠮᠤᠵᠢᠲᠠᠢ ᠪᠠᠷᠠᠭᠤᠨ ᠢᠶᠠᠷ ᠢᠶᠠᠨ᠂ ᠨᠢᠩᠱᠢᠶᠠ - ᠬᠣᠲᠣᠩ ᠤᠨ ᠥᠪᠡᠷᠲᠡᠭᠡᠨ ᠵᠠᠰᠠᠬᠤ ᠣᠷᠣᠨ ᠍ ᠲᠡᠢ ᠪᠠᠷᠠᠭᠤᠨ ᠤᠷᠢᠳᠤ ᠲᠠᠯ᠎ᠠ ᠪᠠᠷ ᠢᠶᠠᠨ ᠬᠠᠶᠠᠭ᠎ᠠ ᠵᠠᠯᠭᠠᠳᠠᠭ ᠪᠣᠯ ᠬᠣᠶᠢᠳᠤ ᠲᠠᠯ᠎ᠠ ᠪᠠᠷ ᠢᠶᠠᠨ ᠮᠣᠩᠭᠣᠯ ᠤᠯᠤᠰ ᠲᠠᠢ (ᠡᠮᠦᠨᠡᠭᠣᠪᠢ᠂ ᠪᠠᠶᠠᠨᠬᠣᠩᠭᠣᠷ᠂ ᠭᠣᠪᠢ-ᠠᠯᠲᠠᠢ) ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠢ ᠲᠥᠯᠦᠭᠡᠯᠡᠵᠦ ᠬᠢᠯᠢᠯᠡᠳᠡᠭ᠃

ᠡᠷᠦᠳᠡᠰᠦ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠠᠱᠠ ᠳᠤ 86 ᠲᠥᠷᠥᠯ ᠦᠨ (ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠦ ᠣᠯᠳᠠᠭᠰᠠᠨ ᠡᠷᠦᠳᠡᠰᠦ ᠶᠢᠨ 71.67% ᠍ ᠲᠠᠢ ᠲᠡᠩᠴᠡᠬᠦ) 416 ᠣᠷᠳᠣ ᠭᠠᠵᠠᠷ ᠢ ᠨ ᠡᠴᠡᠢ᠃ ᠡᠭᠦᠨ ᠡᠴᠡ 40 ᠲᠥᠷᠥᠯ ᠢ ᠣᠳᠣ ᠪᠠᠷ ᠣᠯᠪᠤᠷᠢᠯᠠᠵᠤ᠂ ᠳᠠᠬᠢᠨ 14 ᠨᠢ ᠬᠡᠷᠡᠭᠯᠡᠬᠦ ᠪᠣᠯᠤᠮᠵᠢ ᠲᠠᠢ ᠶᠢ ᠰᠤᠳᠤᠯᠤᠨ ᠪᠡᠯᠡᠳᠬᠡᠵᠦ ᠪᠠᠶᠢᠭ᠎ᠠ᠃[1]

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ ᠬᠤᠪᠢᠶᠠᠷᠢ (ᠬᠦᠰᠦᠨᠦᠭᠲᠦ ᠶᠢᠨ ᠳ᠋ᠤᠭᠠᠷ ᠢᠶᠠᠷ)

ᠠᠯᠠᠱᠠ ᠠᠶᠢᠮᠠᠭ ᠳᠣᠲᠣᠷ᠎ᠠ ᠪᠠᠨ 3 ᠬᠣᠰᠢᠭᠤ ᠬᠤᠪᠢᠶᠠᠭᠳᠠᠳᠠᠭ᠃

# ᠮᠣᠩᠭᠣᠯ ᠨᠡᠷᠡᠶᠢᠳᠦᠯ (ᠺᠢᠷᠢᠯ ᠢᠶᠡᠷ) ᠮᠣᠩᠭᠣᠯ ᠨᠡᠷᠡᠶᠢᠳᠦᠯ (ᠮᠣᠩᠭᠣᠯ ᠢᠶᠠᠷ) ᠬᠢᠲᠠᠳ ᠨᠡᠷᠡᠶᠢᠳᠦᠯ (ᠬᠠᠨᠵᠠ ᠪᠠᠷ) ᠬᠦᠮᠦᠨ ᠠᠮᠠ (2004) ᠨᠤᠲᠤᠭ ᠳᠡᠪᠢᠰᠬᠡᠷ (км²) ᠨᠢᠭᠲᠠᠰᠢᠯ (ᠬᠦᠮᠦᠨ/км²) ᠵᠠᠰᠠᠭ
ᠵᠠᠬᠢᠷᠭᠠᠨ ᠤ
ᠲᠥᠪ
1 ᠠᠯᠠᠱᠠ ᠵᠡᠭᠦᠨ ᠬᠣᠰᠢᠭᠤ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
阿拉善左旗 140,000 80,412 2 ᠪᠠᠶᠠᠨᠬᠣᠲ
2 ᠠᠯᠠᠱᠠ ᠪᠠᠷᠠᠭᠤᠨ ᠬᠣᠰᠢᠭᠤ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
阿拉善右旗 20,000 72,556 <1 ᠡᠬᠢᠨᠬᠤᠳᠳᠤᠭ
3 ᠡᠵᠡᠨ᠎ᠡ ᠬᠣᠰᠢᠭᠤ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
额济纳旗 20,000 114,606 <1 ᠳᠠᠯᠠᠶᠢᠬᠡᠪᠡ

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2000 ᠣᠨ ᠳᠤ ᠲᠤᠰ ᠠᠶᠢᠮᠠᠭ ᠲᠤ 196,279 ᠬᠦᠮᠦᠨ ᠣᠷᠣᠰᠢᠨ ᠰᠠᠭᠤᠳᠠᠭ ᠭᠡᠵᠦ ᠪᠦᠷᠢᠳᠬᠡᠭᠳᠡᠵᠡᠢ᠃ ᠡᠭᠦᠨ ᠡᠴᠡ ᠦᠵᠡᠪᠡᠯ ᠥᠪᠥᠷ ᠮᠣᠩᠭᠣᠯ ᠤᠨ ᠬᠠᠮᠤᠭ ᠤᠨ ᠴᠥᠭᠡᠨ ᠬᠦᠮᠦᠨ ᠠᠮᠠ ᠲᠠᠢ ᠬᠣᠶᠠᠳᠤᠭᠠᠷ ᠲᠦᠪᠰᠢᠨ ᠦ ᠨᠢᠭᠡᠴᠡ (ᠠᠶᠢᠮᠠᠭ ᠡᠰᠡᠪᠡᠯ ᠲᠣᠭᠣᠷᠢᠭ ᠤᠨ ᠡᠩ ᠲᠡᠢ ᠬᠣᠲᠠ) ᠶᠤᠮ᠃ ᠣᠯᠠᠩᠬᠢ ᠨᠢ ᠬᠢᠲᠠᠳ ᠦᠨᠳᠦᠰᠦᠲᠡᠨ᠂ ᠴᠥᠭᠡᠩᠬᠢ  44,630 (22.74%) ᠨᠢ ᠮᠣᠩᠭᠣᠯ ᠦᠨᠳᠦᠰᠦᠲᠡᠨ ᠪᠠᠶᠢᠳᠠᠭ ᠠᠵᠢ᠃ ᠠᠯᠠᠱᠠ ᠵᠡᠭᠦᠨ᠂ ᠪᠠᠷᠠᠭᠤᠨ ᠬᠣᠰᠢᠭᠤᠨ ᠳᠤ ᠬᠣᠱᠤᠳ ᠶᠠᠰᠤᠲᠠᠨ᠂ ᠡᠵᠡᠨ᠎ᠡ ᠬᠣᠰᠢᠭᠤᠨ ᠳᠤ ᠲᠣᠷᠭᠤᠳ ᠶᠠᠰᠤᠲᠠᠨ ᠮᠣᠩᠭᠣᠯᠴᠤᠳ ᠤᠨ ᠴᠥᠮ᠎ᠡ ᠨᠢ ᠪᠣᠯᠳᠠᠭ᠃

ᠠᠷᠠᠳ ᠲᠦᠮᠡᠨ ᠬᠦᠮᠦᠨ ᠦ ᠲᠣᠭ᠎ᠠ ᠡᠵᠡᠯᠡᠬᠦ ᠬᠤᠪᠢ
ᠬᠢᠲᠠᠳ ᠦᠨᠳᠦᠰᠦᠲᠡᠨ 140,900 71,79 %
ᠮᠣᠩᠭᠣᠯ ᠦᠨᠳᠦᠰᠦᠲᠡᠨ 44,630 22,74 %
ᠬᠣᠲᠠᠨ 9,331 4,75 %
ᠮᠠᠨᠵᠤ 952 0,49 %
ᠲᠥᠪᠡᠳ 146 0,07 %
ᠴᠠᠭᠠᠨ ᠮᠣᠩᠭᠣᠯ (ᠮᠣᠩᠭᠣᠷ) 68 0,03 %
ᠳᠠᠭᠤᠷ 67 0,03 %
ᠪᠤᠰᠤᠳ 185 0,09 %

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Baidu ᠨᠡᠪᠲᠡᠷᠬᠡᠢ ᠲᠣᠯᠢ ᠰᠦᠯᠵᠢᠶ᠎ᠡ - ᠠᠯᠠᠱᠠ ᠠᠶᠢᠮᠠᠭ (ᠬᠢᠲᠠᠳ ᠬᠡᠯᠡ ᠪᠡᠷ)

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ